4
ᠰᠠᠷ᠎ᠠ
ᠶ᠋ᠢᠨ 21 ᠤ᠋
ᠡᠳᠦᠷ᠂ ᠪᠠᠶᠠᠨᠨᠠᠭᠤᠷ ᠬᠣᠲᠠ ᠶ᠋ᠢᠨ ᠯᠢᠨᠾᠧ ᠲᠣᠭᠣᠷᠢᠭ᠎ᠤᠨ ᠵᠢᠨᠴᠤᠸᠠᠨ ᠨᠡᠢᠭᠡᠮ ᠲᠣᠭᠣᠷᠢᠭ᠎ᠤᠨ ᠡᠷᠡᠭᠦᠯ
ᠬᠠᠮᠠᠭᠠᠯᠠᠯ᠎ᠤᠨ ᠦᠶ᠋ᠯᠡᠴᠢᠯᠡᠭᠡᠨ᠎ᠤ ᠲᠥᠪ ᠤᠨ ᠬᠣᠢᠲᠤ ᠲᠠᠯ᠎ᠠ ᠵᠢᠨ ᠡᠭᠦᠳᠡᠨ ᠡᠮᠨᠡᠯᠭᠡ ᠶ᠋ᠢᠨ ᠠᠰᠠᠷ᠎ᠤᠨ ᠲᠢᠩᠬᠢᠮ᠎ᠤᠨ ᠬᠣᠢᠲᠤ ᠲᠠᠯ᠎ᠠ᠎ᠳᠤ ᠱᠢᠨ᠎ᠡ ᠪᠡᠷ ᠪᠠᠢᠭᠤᠯᠤᠭ᠍ᠰᠠᠨ ᠡᠮ ᠴᠢᠨᠠᠬᠤ ᠲᠠᠰᠤᠭ᠎ᠲᠤ᠂
ᠡᠮ ᠴᠢᠨᠠᠬᠤ ᠠᠵᠢᠯᠲᠠᠨ ᠴᠢᠨᠠᠭ᠍ᠰᠠᠨ ᠡᠮᠢᠶᠡᠨ ᠪᠤᠭᠤᠳᠠᠯᠯᠠᠵᠦ᠍ ᠶᠠᠭᠠᠷᠠᠨ᠎ᠠ᠃ 《ᠥᠭᠡᠷᠡᠴᠢᠯᠡᠨ ᠪᠠᠢᠭᠤᠯᠤᠭᠰᠠᠨ ᠤ ᠳᠠᠷᠠᠭ᠎ᠠ ᠡᠮ ᠦᠨ ᠮᠠᠭᠤᠬᠠᠶ ᠦᠨᠦᠷ ᠠᠷᠢᠯᠵᠦ᠂ ᠪᠢᠳᠡ ᠡᠮ ᠠᠪᠬᠤ ᠳᠤ ᠴᠤ᠌ ᠲᠥᠬᠥᠮ ᠪᠣᠯᠵᠣ᠂ ᠣᠯᠠᠨ ᠢᠶᠠᠷ
ᠢᠶᠠᠨ ᠴᠥᠮ ᠮᠠᠰᠢ ᠬᠠᠨᠤᠮᠵᠢᠲᠠᠶ ᠪᠠᠢᠨ᠎ᠠ》 ᠭᠡᠵᠤ
ᠡᠮ ᠠᠪᠬᠤ ᠪᠠᠷ ᠬᠦᠯᠢᠶᠡᠵᠦ᠍ ᠪᠠᠢᠭ᠎ᠠ ᠯᠢ ᠠᠪᠤᠭᠠᠢ ᠬᠡᠯᠡᠪᠡ᠃ 4 ᠰᠠᠷ᠎ᠠ᠎ᠶ᠋ᠢᠨ ᠡᠬᠢ ᠪᠡᠷ᠂ ᠯᠢᠨᠾᠧ ᠲᠣᠭᠣᠷᠢᠭ ᠲᠥᠪ᠎ᠤᠨ ᠠᠮᠢ
ᠠᠬᠤᠶ ᠣᠷᠴᠢᠨ ᠲᠣᠭᠣᠷᠢᠨ᠎ᠤ ᠬᠠᠮᠠᠭᠠᠯᠠᠯᠲᠠ ᠶ᠋ᠢᠨ ᠱᠠᠯᠠᠪᠳᠠᠭᠤᠯᠤᠨ ᠪᠠᠢᠴᠠᠭᠠᠬᠤ ᠳᠤᠭᠤᠢᠯᠠᠩ᠎ᠤᠨ
ᠪᠠᠶᠠᠨᠨᠠᠭᠤᠷ ᠬᠣᠲᠠ ᠳ᠋ᠡᠬᠢ ᠵᠣᠬᠢᠴᠠᠭᠤᠯᠤᠨ ᠪᠠᠲᠤᠯᠠᠬᠤ ᠠᠵᠢᠯ᠎ᠤᠨ ᠤᠳᠤᠷᠢᠳᠭᠤ ᠳᠤᠭᠤᠢᠯᠠᠩ᠎ᠤᠨ ᠮᠡᠳᠡᠭ᠌ᠳᠡᠯ᠎ᠢ ᠣᠯᠵᠤ᠂ ᠯᠢᠨᠾᠧ ᠲᠣᠭᠣᠷᠢᠭ᠎ᠤᠨ ᠵᠢᠨᠴᠤᠸᠠᠨ ᠨᠡᠢᠭᠡᠮ ᠲᠣᠭᠣᠷᠢᠭ᠎ᠤᠨ ᠡᠮᠨᠡᠯᠭᠡ ᠶ᠋ᠢᠨ ᠬᠣᠷᠢᠶ᠎ᠠ
ᠰᠠᠭᠤᠭᠠᠯᠢ ᠠᠷᠠᠳ ᠤ᠋ᠨ ᠲᠣᠭᠣᠷᠢᠭ᠎ᠤᠨ ᠳᠣᠲᠣᠷᠠᠬᠢ ᠨᠢᠭᠡᠨ ᠲᠡᠷᠭᠡᠨ ᠬᠥᠮᠥᠷᠭᠡ᠎ᠳᠤ ᠬᠢᠲᠠᠳ ᠡᠮ ᠴᠢᠨᠠᠳᠠᠭ ᠡᠴᠡ ᠪᠠᠢᠩᠭᠤ ᠮᠠᠭᠤᠬᠠᠢ ᠦᠨᠦᠷ
ᠭᠠᠷᠴᠤ᠂ ᠰᠠᠭᠤᠭᠠᠯᠢ ᠠᠷᠠᠳ᠎ᠦᠨ ᠠᠮᠢᠳᠤᠷᠠᠯ᠎ᠢ ᠨᠦᠯᠦᠭᠡᠯᠡᠵᠦ᠍ ᠪᠠᠢᠨ᠎ᠠ ᠭᠡᠵᠦ᠍ ᠤᠯᠠᠨ
ᠲᠦᠮᠡᠨ ᠢᠯᠡᠴᠢᠯᠡᠨ ᠮᠡᠳᠡᠭᠦᠯᠵᠡᠢ᠃
ᠣᠯᠠᠨ ᠲᠦᠮᠡᠨ ᠤ ᠲᠤᠰᠭᠠᠭ᠍ᠰᠠᠨ ᠪᠠᠢᠳᠠᠯ ᠢ
ᠮᠡᠳᠡᠭ᠌ᠰᠡᠨ ᠦ ᠳᠠᠷᠠᠭ᠎ᠠ᠂ ᠯᠢᠨᠾᠧ ᠲᠣᠭᠣᠷᠢᠭ ᠤᠨ ᠨᠠᠮ ᠤᠨ ᠬᠣᠷᠢᠶ᠎ᠠ᠂ ᠵᠠᠰᠠᠭ᠎ᠤᠨ ᠣᠷᠳᠣᠨ ᠳᠡᠭᠡᠳᠦ
ᠬᠡᠮᠵᠢᠶ᠎ᠡ᠎ᠪᠡᠷ ᠴᠢᠬᠤᠯᠠᠴᠢᠯᠠᠨ᠂ ᠬᠤᠪᠢᠳᠠᠨ ᠬᠠᠮᠢᠶᠠᠷᠴᠤ᠌ ᠪᠠᠢᠭ᠎ᠠ ᠳᠡᠳ᠋ ᠲᠣᠭᠣᠷᠢᠭ᠎ᠤᠨ ᠳᠠᠷᠤᠭ᠎ᠠ ᠵᠢᠨ ᠲᠠᠭᠠᠭᠤᠯᠤᠬᠰᠠᠨ ᠬᠡᠷᠡᠭ ᠱᠢᠶ᠋ᠳᠪᠦᠷᠢᠯᠡᠬᠦ ᠲᠤᠰᠭᠠᠶ
ᠠᠩᠭᠢ ᠶ᠋ᠢ ᠪᠠᠢᠭᠤᠯᠵᠤ᠂ ᠲᠡᠷᠡ ᠳᠠᠷᠤᠶ ᠳ᠋ᠤᠨᠢ ᠲᠤᠬᠠᠶ ᠶ᠋ᠢᠨ ᠲᠠᠯᠠᠪᠤᠷ᠎ᠲᠤ ᠬᠢᠨᠠᠨ ᠪᠠᠢᠴᠠᠭᠠᠵᠤ᠂ ᠲᠣᠰ
ᠡᠷᠡᠭᠦᠯ ᠬᠠᠮᠠᠭᠠᠯᠠᠯ᠎ᠤᠨ ᠦᠶ᠋ᠯᠡᠴᠢᠯᠡᠭᠡᠨ ᠤ ᠲᠥᠪ
ᠤ᠋ᠨ ᠭᠡᠷ ᠪᠠᠢᠰᠢᠩ ᠨᠢ ᠢᠪᠴᠤᠤ ᠡᠴᠡ ᠪᠣᠯᠵᠣ᠂ ᠬᠠᠵᠠᠭᠤ ᠶ᠋ᠢᠨ ᠰᠠᠭᠤᠭᠠᠯᠢ ᠠᠷᠠᠳ ᠤ᠋ᠨ ᠲᠣᠭᠣᠷᠢᠭ᠎ᠤᠨ
ᠠᠰᠠᠷ ᠳᠤᠤᠷᠠᠬᠢ ᠨᠢᠭᠡᠨ ᠲᠡᠷᠭᠡᠨ ᠬᠥᠮᠥᠷᠭᠡ ᠶ᠋ᠢ ᠬᠤᠳᠠᠯᠳᠤᠨ ᠠᠪᠴᠤ᠌ ᠡᠮ ᠴᠢᠨᠠᠬᠤ ᠬᠡᠷ ᠪᠣᠯᠭᠠᠵᠠᠢ᠂
ᠬᠡᠳᠦᠢᠪᠡᠷ ᠠᠭᠠᠷ ᠴᠡᠪᠡᠷᠱᠢᠭᠦᠯᠬᠦ ᠲᠥᠬᠥᠭᠡᠷᠦᠮᠵᠢ ᠳᠣᠭᠢᠷᠠᠭᠤᠯᠵᠤ᠂ ᠡᠭᠦᠳᠡ ᠴᠣᠩᠬᠣ ᠪᠠᠨ ᠬᠠᠭᠠᠳᠠᠭ
ᠪᠤᠯᠪᠠᠴᠤ ᠲᠡᠷᠭᠡᠨ ᠬᠥᠮᠥᠷᠭᠡ ᠵᠢᠨ ᠬᠠᠵᠠᠭᠤ ᠪᠡᠷ ᠥᠩᠭᠡᠷᠡᠬᠦ ᠣᠯᠠᠨ ᠲᠦᠮᠡᠨ ᠮᠥᠨ ᠯᠡ ᠡᠮ ᠴᠢᠨᠠᠬᠤ
ᠮᠠᠭᠤᠬᠠᠢ ᠦᠨᠦᠷ᠎ᠢ ᠣᠯᠵᠤ ᠦᠨᠦᠷᠳᠦᠳᠡᠭ ᠪᠠᠢᠨ᠎ᠠ᠃ ᠪᠠᠢᠳᠠᠯ᠎ᠢ ᠤᠢᠯᠠᠭᠠᠭᠰᠠᠨ᠎ᠤ ᠳᠠᠷᠠᠭ᠎ᠠ᠂ ᠪᠠᠷᠢᠨ
ᠬᠡᠷᠡᠭ᠌ᠵᠢᠭᠦᠯᠵᠦ᠍ ᠪᠠᠷᠢᠨ ᠥᠭᠡᠷᠡᠴᠢᠯᠡᠬᠦ ᠱᠠᠭᠠᠷᠳᠠᠯᠭ᠎ᠠ ᠶ᠋ᠢ ᠬᠡᠷᠡᠭ᠌ᠵᠢᠬᠦᠯᠦᠭ᠌ᠰᠡᠨ ᠪᠠᠢᠨ᠎ᠠ᠃ ᠵᠢᠨᠴᠤᠸᠠᠨ
ᠨᠡᠢᠭᠡᠮ ᠲᠣᠭᠣᠷᠢᠭ᠎ᠤᠨ ᠡᠷᠡᠭᠦᠯ ᠬᠠᠮᠠᠭᠠᠯᠠᠯ᠎ᠤᠨ ᠦᠢᠯᠡᠴᠢᠯᠡᠭᠡᠨ᠎ᠤ ᠲᠥᠪ ᠳᠠᠷᠤᠢᠬᠠᠨ ᠬᠥᠳᠡᠯᠦᠯᠴᠡᠵᠦ᠍᠂
ᠲᠡᠷᠭᠡᠨ ᠬᠦᠮᠦᠷᠭᠡ ᠳ᠋ᠡᠬᠢ ᠡᠮ ᠴᠢᠨᠠᠬᠤ ᠲᠠᠰᠤᠭ ᠢᠶᠠᠨ ᠬᠡᠷᠡᠭᠯᠡᠬᠦ ᠪᠠᠨ ᠵᠤᠭᠰᠤᠬᠤ ᠵᠢᠨ ᠬᠠᠮᠲᠤ ᠡᠮ
ᠴᠢᠨᠠᠬᠤ ᠲᠠᠰᠤᠭ᠎ᠢ ᠨᠡᠢᠭᠡᠮ ᠲᠣᠭᠣᠷᠢᠭ᠎ᠤᠨ ᠡᠷᠡᠭᠦᠯ ᠬᠠᠮᠠᠭᠠᠯᠠᠯ᠎ᠤᠨ ᠦᠢᠯᠡᠴᠢᠯᠡᠭᠡᠨ ᠤ ᠲᠥᠪ᠎ᠤᠨ
ᠳᠤᠳᠤᠷ᠎ᠠ ᠨᠡᠭᠦᠯᠭᠡᠵᠦ᠍᠂ ᠬᠠᠮᠤᠭ᠎ᠤᠨ ᠲᠦᠷᠭᠡᠨ ᠬᠤᠷᠳᠤᠴᠠ ᠪᠠᠷ ᠡᠮ ᠴᠢᠨᠠᠬᠤ ᠱᠢᠨ᠎ᠡ ᠲᠠᠰᠤᠭ᠎ᠢ ᠥᠭᠡᠷᠡᠴᠢᠯᠡᠨ ᠪᠠᠢᠭᠤᠯᠵᠤ ᠠᠱᠢᠭ᠍ᠯᠠᠯᠲᠠ᠎ᠳᠦ
ᠣᠷᠣᠭᠤᠯᠪᠠ᠃ 《ᠬᠠᠭᠤᠴᠢᠨ ᠭᠠᠵᠠᠷ ᠡᠴᠡ ᠪᠠᠨ ᠱᠢᠨ᠎ᠡ ᠭᠠᠵᠠᠷ ᠲᠤ᠌ ᠨᠡᠭᠦᠵᠦ᠍ ᠣᠷᠣᠬᠰᠠᠨ ᠪᠦᠬᠡᠳ ᠪᠢᠳᠡ ᠪᠠᠰᠠ ᠡᠮ ᠴᠢᠨᠠᠬᠤ ᠭᠤᠷᠪᠠᠨ ᠮᠠᠱᠢᠨ᠎ᠤ ᠪᠠᠨ ᠳᠡᠭᠡᠷ᠎ᠡ
ᠲᠠᠯ᠎ᠠ᠎ᠳᠤ ᠨᠢ ᠲᠠᠢᠪᠤᠩ ᠴᠠᠬᠢᠯᠭᠠᠨ ᠮᠠᠶᠢᠭ᠎ᠤᠨ ᠲᠣᠰᠣ ᠤᠳᠤᠭ᠎ᠠ ᠵᠢ ᠴᠡᠪᠡᠷᠱᠢᠭᠦᠯᠬᠦ ᠮᠠᠱᠢᠨ
ᠤᠭ᠍ᠰᠠᠷᠠᠵᠤ᠂ ᠦᠨᠦᠷ᠎ᠤᠨ ᠲᠠᠷᠬᠠᠯᠲᠠ ᠵᠢ ᠬᠤᠷᠢᠭᠯᠠᠵᠤ᠂ ᠰᠠᠭᠤᠭᠠᠯᠢ ᠠᠷᠠᠳ᠎ᠤᠨ ᠬᠡᠪ᠎ᠤᠨ ᠠᠮᠢᠳᠤᠷᠠᠯ ᠢ
ᠲᠠᠬᠢᠨ ᠨᠥᠯᠥᠭᠡᠯᠡᠬᠦ ᠥᠬᠡᠶ ᠪᠣᠯᠪᠠ》 ᠭᠡᠵᠦ᠍ ᠲᠤᠰ ᠨᠡᠢᠭᠡᠮ ᠲᠣᠭᠣᠷᠢᠭ ᠤᠨᠡᠷᠡᠭᠦᠯ ᠬᠠᠮᠠᠭᠠᠯᠠᠯ᠎ᠦᠨ
ᠦᠢᠯᠡᠴᠢᠯᠡᠭᠡᠨ᠎ᠦ ᠲᠥᠪ᠎ᠤᠨ ᠠᠯᠪᠠᠨ ᠭᠡᠷ᠎ᠤᠨ ᠡᠷᠬᠢᠯᠡᠭ᠌ᠴᠢ ᠹᠠᠨ ᠷᠦ᠋ ᠯᠦᠨ ᠬᠡᠯᠡᠪᠡ᠃ ᠥᠭᠡᠷᠡᠴᠢᠯᠡᠨ
ᠪᠠᠢᠭᠤᠯᠤᠭ᠍ᠰᠠᠨ᠎ᠤ ᠳᠠᠷᠠᠭᠠᠬᠢ ᠡᠮ ᠴᠢᠨᠠᠬᠤ ᠲᠠᠰᠤᠭ ᠨᠢ ᠡᠮ ᠠᠪᠬᠤ ᠲᠠᠰᠤᠭ ᠤ᠋ᠨ ᠡᠰᠡᠷᠭᠦ᠌ ᠲᠠᠯ᠎ᠠ ᠳᠤ
ᠪᠠᠢᠷᠢᠯᠠᠵᠤ᠂ ᠡᠮ ᠴᠢᠨᠠᠬᠤ ᠶᠠᠪᠤᠴᠠ ᠶ᠋ᠢ ᠨᠠᠩ ᠵᠦᠶ ᠵᠣᠬᠢᠰᠲᠠᠶ ᠪᠣᠯᠭᠠᠭ᠍ᠰᠠᠨ ᠮᠥᠷᠲᠡᠭᠡᠨ ᠪᠠᠰᠠ ᠡᠮ
ᠠᠪᠬᠤ᠎ᠳᠤ ᠴᠤ᠌ ᠲᠥᠬᠥᠮ ᠪᠣᠯᠭᠠᠭ᠍ᠰᠠᠨ ᠡᠴᠡ ᠰᠠᠭᠤᠭᠠᠯᠢ ᠠᠷᠠᠳ᠎ᠤᠨ ᠮᠠᠭ᠍ᠲᠠᠭᠠᠯ ᠰᠠᠢᠱᠢᠶᠠᠯ᠎ᠢ ᠣᠯᠵᠠᠶ᠃ ᠡᠭᠦᠨ᠎ᠤ
ᠬᠠᠮᠲᠤ᠂ ᠯᠢᠨᠾᠧ ᠲᠣᠭᠣᠷᠢᠭ ᠪᠠᠰᠠ ᠬᠠᠷᠢᠶ᠎ᠠ ᠲᠣᠭᠣᠷᠢᠭ᠎ᠤᠨ ᠬᠣᠶᠠᠳᠤᠭᠠᠷ ᠳᠡᠰ᠎ᠤᠨ 3
ᠡᠮᠨᠡᠯᠭᠡ ᠶ᠋ᠢᠨ ᠬᠣᠷᠢᠶ᠎ᠠ᠂ ᠨᠢᠭᠡᠳᠦᠭᠡᠷ ᠳᠡᠰ᠎ᠤᠨ 27
ᠡᠮᠴᠢᠯᠡᠭᠡᠨ᠎ᠤ ᠪᠠᠢᠭᠤᠯᠤᠮᠵᠢ᠂ ᠠᠷᠠᠳ᠎ᠤᠨ ᠡᠵᠡᠩᠨᠡᠯᠲᠡ ᠶ᠋ᠢᠨ 28
ᠡᠮᠨᠡᠯᠭᠡ ᠶ᠋ᠢᠨ ᠬᠣᠷᠢᠶ᠎ᠠ ᠪᠣᠯᠤᠨ 153 ᠬᠤᠪᠢ
ᠶ᠋ᠢᠨ ᠬᠢᠲᠠᠳ ᠡᠮᠨᠡᠯᠭᠡ ᠶ᠋ᠢᠨ ᠭᠠᠵᠠᠷ ᠲᠤ ᠪᠦᠬᠦ ᠲᠠᠯ᠎ᠠ ᠶ᠋ᠢᠨ ᠪᠠᠢᠴᠠᠭᠠᠯᠲᠠ ᠬᠢᠵᠦ᠍᠂ ᠣᠷᠣᠱᠢᠵᠤ
ᠪᠠᠢᠭ᠎ᠠ ᠡᠢᠮᠦᠷᠬᠦᠦ ᠠᠰᠠᠭᠤᠳᠠᠯ᠎ᠳᠤ ᠪᠠᠷᠢᠨ ᠬᠡᠷᠡᠭ᠌ᠵᠢᠭᠦᠯᠵᠦ᠍ ᠪᠠᠷᠢᠨ ᠦᠭᠡᠷᠡᠴᠢᠯᠡᠬᠦ᠌ ᠱᠠᠭᠠᠷᠳᠠᠯᠭ᠎ᠠ ᠪᠠᠭᠤᠯᠭᠠᠵᠠᠢ᠃
2008-2025 © ᠳᠤᠮᠳᠠᠳᠤ ᠤᠯᠤᠰ᠎ᠤᠨ ᠮᠤᠩᠭᠤᠯ ᠬᠡᠯᠡᠨ᠎ᠤ ᠰᠤᠨᠢᠨ ᠮᠡᠳᠡᠭᠡᠨ᠎ᠤ ᠰᠦᠯᠵᠢᠶ᠎ᠡ ᠦᠮᠴᠢᠯᠡᠯ᠎ᠤᠨ ᠡᠷᠬᠡ᠎ᠲᠠᠢ
ᠵᠤᠬᠢᠶᠠᠭᠴᠢ᠎ᠶᠢᠨ ᠡᠷᠬᠡ ᠬᠠᠤᠯᠢ᠎ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ᠎ᠪᠠᠷ ᠬᠠᠭᠤᠯᠪᠤᠷᠢᠯᠠᠬᠤ᠎ᠶᠢ ᠬᠠᠲᠠᠭᠤ ᠬᠤᠷᠢᠭᠯᠠᠨ᠎ᠠ
ᠬᠠᠷᠢᠯᠴᠠᠬᠤ ᠤᠲᠠᠰᠤ᠄0471-6635435
ᠢᠮᠧᠯ᠄mgyxww@163.com 蒙ICP备10000005号