3 ᠰᠠᠷ᠎ᠠ ᠵᠢᠨ 26 ᠤ᠋ ᠡᠳᠦᠷ ᠡᠴᠡ 4 ᠰᠠᠷ᠎ᠠ ᠵᠢᠨ 20 ᠤ᠋ ᠡᠳᠦᠷ ᠪᠤᠯᠳᠠᠯ᠎ᠠ᠂
ᠲᠦᠪ ᠤ᠋ᠨ ᠠᠮᠢ ᠠᠬᠤᠢ ᠤᠷᠴᠢᠨ ᠲᠤᠭᠤᠷᠢᠨ ᠤ᠋ ᠬᠠᠮᠠᠭᠠᠯᠠᠯᠳᠠ ᠵᠢᠨ ᠭᠤᠷᠪᠠᠳᠤᠭᠠᠷ ᠱᠠᠯᠠᠪᠳᠠᠭᠤᠯᠤᠨ ᠪᠠᠢᠴᠠᠭᠠᠬᠤ
ᠲᠤᠭᠤᠢᠯᠠᠩ (ᠳᠤᠷᠤᠬᠰᠢ 《 ᠲᠦᠪ ᠤ᠋ᠨ ᠱᠠᠯᠠᠪᠳᠠᠭᠤᠯᠤᠨ
ᠪᠠᠢᠴᠠᠭᠠᠬᠤ ᠲᠤᠭᠤᠢᠯᠠᠩ》 ᠭᠡᠵᠤ ᠲᠦᠭᠦᠮᠴᠢᠯᠡᠪᠡ) ᠡᠴᠡ ᠮᠠᠨ ᠤ᠋ ᠤᠷᠤᠨ
ᠳ᠋ᠦ 26 ᠪᠦᠯᠦᠭ ᠨᠡᠢᠳᠡ 2190 ᠬᠤᠪᠢ ᠢᠯᠡᠴᠢᠯᠡᠨ ᠮᠡᠳᠡᠭᠦᠯᠦᠭᠰᠡᠨ
ᠬᠡᠷᠡᠭ ᠢ᠋ ᠰᠢᠢᠳᠪᠦᠷᠢᠯᠡᠭᠦᠯᠬᠦ ᠪᠡᠷ ᠲᠤᠰᠢᠶᠠᠵᠠᠢ ᠃ ᠲᠦᠪ ᠤ᠋ᠨ ᠱᠠᠯᠠᠪᠳᠠᠭᠤᠯᠤᠨ ᠪᠠᠢᠴᠠᠭᠠᠬᠤ ᠲᠤᠭᠤᠢᠯᠠᠩ
ᠤ᠋ᠨ ᠠᠵᠢᠯ ᠤ᠋ᠨ ᠱᠠᠭᠠᠷᠳᠠᠯᠭ᠎ᠠ ᠶᠤᠰᠤᠭᠠᠷ᠂ ᠤᠳᠤᠬᠠᠨ ᠳ᠋ᠦ ᠪᠥᠬᠥ᠌ ᠣᠷᠣᠨ ᠢ᠋ᠶ᠋ᠡᠷ ᠢ᠋ᠶ᠋ᠡᠨ ᠠᠷᠪᠠᠨ ᠨᠠᠢ᠍ᠮᠠᠳᠤᠭᠠᠷ
ᠪᠦᠯᠦᠭ ᠤ᠋ᠨ 101 ᠬᠤᠪᠢ ᠵᠠᠬᠢᠳᠠᠯ ᠰᠤᠷᠪᠤᠯᠵᠢᠯᠠᠯ
ᠤ᠋ᠨ ᠬᠡᠷᠡᠭ ᠢ᠋ ᠪᠠᠢᠴᠠᠭᠠᠨ ᠱᠢᠶ᠋ᠳᠪᠦᠷᠢᠯᠡᠵᠤ ᠪᠤᠢ ᠃ ᠡᠭᠦᠨ ᠳ᠋ᠤ᠂ 26 ᠬᠤᠪᠢ ᠵᠢ ᠨᠢ ᠨᠢᠭᠡᠨᠲᠡ ᠱᠢᠶ᠋ᠳᠪᠦᠷᠢᠯᠡᠨ ᠳᠠᠭᠤᠰᠭᠠᠵᠤ᠂
47 ᠬᠤᠪᠢ ᠵᠢ ᠨᠢ ᠱᠠᠲᠤᠴᠢ
ᠴᠢᠨᠠᠷᠲᠠᠶ ᠪᠡᠷ ᠱᠢᠶ᠋ᠳᠪᠦᠷᠢᠯᠡᠨ ᠳᠠᠭᠤᠰᠬᠠᠵᠤ᠂ 28 ᠬᠤᠪᠢ ᠵᠢ ᠨᠢ ᠬᠠᠷᠠᠬᠠᠨ ᠱᠢᠶ᠋ᠳᠪᠦᠷᠢᠯᠡᠵᠤ ᠪᠠᠷᠠᠭᠠᠳᠤᠢ᠂
21 ᠵᠢ ᠨᠢ ᠵᠠᠷᠯᠢᠭ᠍ᠳᠠᠨ
ᠴᠡᠭ᠌ᠴᠡᠯᠡᠨ ᠰᠠᠢᠵᠢᠷᠠᠭᠤᠯᠵᠤ᠂ 1 ᠵᠢ ᠨᠢ ᠬᠡᠷᠡᠭ ᠪᠣᠯᠭᠠᠨ ᠳᠡᠩᠰᠡᠯᠡᠨ ᠱᠢᠢᠳᠭᠡᠵᠦ᠍᠂ ᠵᠤᠭᠤᠰᠵᠢᠡᠷ ᠲᠤᠷᠭᠠᠭᠰᠠᠨ ᠮᠦᠡᠭᠬᠦᠨ ᠤ ᠲᠤᠭ᠎ᠠ ᠨᠢ 0.20876 ᠲᠦᠮᠡᠨ ᠲᠥᠭᠥᠷᠢᠭ ᠪᠠᠢᠵᠤ᠂
1 ᠬᠡᠷᠡᠭ ᠢ᠋ ᠬᠡᠷᠡᠭ
ᠪᠣᠯᠭᠠᠨ ᠳᠡᠩᠰᠡᠯᠡᠵᠦ ᠲᠠᠩᠨᠠᠨ ᠪᠠᠢᠴᠠᠭᠠᠪᠠ᠃
4 ᠰᠠᠷ᠎ᠠ ᠶ᠋ᠢᠨ 20 ᠤ᠋ ᠡᠳᠦᠷ ᠪᠤᠯᠲᠠᠯ᠎ᠠ᠂
ᠪᠦᠬᠦ ᠤᠷᠤᠨ ᠢ᠋ᠶ᠋ᠡᠷ ᠢ᠋ᠶ᠋ᠡᠨ 1—18 ᠳ᠋ᠤᠭᠠᠷ ᠪᠦᠯᠦᠭ ᠤ᠋ᠨ 1440 ᠬᠤᠪᠢ ᠵᠠᠬᠢᠳᠠᠯ ᠰᠤᠷᠪᠤᠯᠵᠢᠯᠠᠯ ᠤ᠋ᠨ ᠬᠡᠷᠡᠭ ᠢ᠋ ᠪᠠᠢᠴᠠᠭᠠᠨ ᠱᠢᠶ᠋ᠳᠪᠦᠷᠢᠯᠡᠵᠤ ᠪᠤᠢ
᠃ ᠡᠭᠦᠨ ᠳ᠋ᠤ᠂ 519 ᠬᠤᠪᠢ ᠵᠢ ᠨᠢ ᠨᠢᠭᠡᠨᠲᠡ
ᠱᠢᠶ᠋ᠳᠪᠦᠷᠢᠯᠡᠨ ᠳᠠᠭᠤᠰᠭᠠᠵᠤ᠂ 546 ᠬᠤᠪᠢ ᠵᠢ ᠨᠢ ᠱᠠᠲᠤᠴᠢ ᠴᠢᠨᠠᠷᠲᠠᠶ ᠪᠡᠷ ᠱᠢᠶ᠋ᠳᠪᠦᠷᠢᠯᠡᠨ ᠳᠠᠭᠤᠰᠭᠠᠵᠤ᠂ 375 ᠬᠤᠪᠢ ᠵᠢ ᠨᠢ ᠬᠠᠷᠠᠬᠠᠨ
ᠱᠢᠶ᠋ᠳᠪᠦᠷᠢᠯᠡᠵᠦ ᠪᠠᠷᠠᠭᠠᠳᠤᠢ᠂ 612 ᠵᠢ ᠨᠢ ᠵᠠᠷᠯᠢᠭ᠍ᠳᠠᠵᠦ ᠴᠡᠭ᠌ᠴᠡᠯᠡᠨ ᠰᠠᠢᠵᠢᠷᠠᠭᠤᠯᠵᠤ᠂ 81 ᠵᠢ ᠨᠢ ᠬᠡᠷᠡᠭ ᠪᠣᠯᠭᠠᠨ
ᠳᠡᠩᠰᠡᠯᠡᠨ ᠱᠢᠢᠳᠭᠡᠵᠦ᠍᠂ ᠵᠤᠭᠤᠰᠵᠢᠡᠷ ᠲᠤᠷᠭᠠᠭᠰᠠᠨ
ᠮᠦᠡᠭᠬᠦᠨᠤ ᠲᠤᠭ᠎ᠠ ᠨᠢ 529.5598
ᠲᠦᠮᠡᠨ ᠲᠥᠭᠥᠷᠢᠭ ᠪᠠᠢᠵᠤ᠂
32 ᠬᠡᠷᠡᠭ ᠢ᠋ ᠬᠡᠷᠡᠭ
ᠪᠣᠯᠭᠠᠨ ᠳᠡᠩᠰᠡᠯᠡᠵᠦ ᠲᠠᠩᠨᠠᠨ ᠪᠠᠢᠴᠠᠭᠠᠵᠤ᠂ 11 ᠬᠦᠮᠦᠨ ᠢ᠋ ᠡᠷᠡᠭᠦᠦ ᠶ᠋ᠢᠨ ᠬᠡᠷᠡᠭ ᠢ᠋ᠶ᠋ᠡᠷ ᠲᠦᠷ ᠬᠤᠷᠢᠵᠤ᠂
66 ᠬᠥᠮᠦᠨ ᠲᠡᠶ ᠪᠣᠯᠵᠣᠨ
ᠶᠠᠷᠢᠯᠴᠠᠵᠤ᠂ 58 ᠬᠥᠮᠦᠨ ᠡᠴᠡ ᠬᠠᠷᠢᠭᠤᠴᠠᠯᠭ᠎ᠠ
ᠨᠡᠬᠡᠮᠵᠢᠯᠡᠪᠡ ᠃
ᠲᠥᠪ
ᠤ᠋ᠨ ᠱᠠᠯᠠᠪᠳᠠᠭᠤᠯᠤᠨ ᠪᠠᠢᠴᠠᠭᠠᠬᠤ ᠳᠤᠭᠤᠢᠯᠠᠩ ᠤ᠋ᠨ ᠱᠠᠯᠠᠪᠳᠠᠭᠤᠯᠤᠨ ᠪᠠᠢᠴᠠᠭᠠᠬᠤ ᠶ᠋ᠢᠨ ᠳᠠᠭᠠᠤ ᠬᠠᠯᠠᠨ
ᠰᠠᠢᠵᠢᠷᠠᠭᠤᠯᠬᠤ ᠠᠵᠢᠯ ᠤ᠋ᠨ ᠱᠠᠭᠠᠷᠳᠠᠯᠭ᠎ᠠ ᠶᠣᠰᠣᠭᠠᠷ᠂ ᠬᠠᠮᠢᠶ᠎ᠠ ᠪᠦᠬᠦᠢ ᠬᠡᠷᠡᠭ ᠢ᠋ ᠪᠠᠢᠴᠠᠭᠠᠨ ᠱᠢᠢᠳᠪᠦᠷᠢᠯᠡᠵᠦ᠍
ᠴᠡᠭ᠌ᠴᠡᠯᠡᠵᠦ ᠰᠠᠢᠵᠢᠷᠠᠭᠤᠯᠬᠤ ᠠᠵᠢᠯ ᠢ᠋ ᠦᠷᠭᠦᠯᠵᠢᠯᠡᠨ ᠠᠬᠢᠭᠤᠯᠵᠤ ᠪᠠᠢᠨ᠎ᠠ ᠃
ᠠᠷᠪᠠᠨ
ᠨᠡᠶ᠋ᠮᠠᠲᠤᠭᠠᠷ ᠪᠦᠯᠦᠭ ᠤ᠋ᠨ ᠪᠦᠬᠦ ᠬᠡᠷᠡᠭ ᠢ᠋ ᠭᠦᠢᠴᠡᠳᠭᠡᠭᠰᠡᠨ ᠪᠠᠢᠳᠠᠯ ᠢ᠋ ᠤᠢᠯᠠᠭᠠᠶᠠ ᠬᠡᠪᠡᠯ ᠬᠤᠶᠠᠷ
ᠬᠡᠮᠵᠢᠯᠳᠤ ᠺᠤᠳ᠋ ᠢ᠋ ᠰᠢᠷᠪᠢᠬᠡᠷᠡᠢ᠃
