4 ᠰᠠᠷ᠎ᠠ ᠶ᠋ᠢᠨ 18 ᠤ᠋ ᠡᠳᠦᠷ᠂ ᠲᠥᠪ ᠤ᠋ᠨ ᠠᠮᠢ ᠠᠬᠤᠶ ᠣᠷᠴᠢᠨ ᠲᠣᠭᠣᠷᠢᠨ ᠤ᠋ ᠬᠠᠮᠠᠭᠠᠯᠠᠯᠲᠠ ᠶ᠋ᠢᠨ ᠭᠤᠷᠪᠠᠳᠤᠭᠠᠷ ᠱᠠᠯᠠᠪᠳᠠᠭᠤᠯᠤᠨ ᠪᠠᠢᠴᠠᠭᠠᠬᠤ ᠳᠤᠭᠤᠢᠯᠠᠩ ᠤ᠋ᠨ ᠬᠢᠨ ᠥᠪᠥᠷ ᠮᠣᠩᠭᠣᠯ ᠤ᠋ᠨ ᠥᠪᠡᠷᠲᠡᠭᠡᠨ ᠵᠠᠰᠠᠬᠤ ᠣᠷᠣᠨ ᠳ᠋ᠤ ᠬᠤᠷᠢᠨ ᠲᠦᠷᠪᠡᠳᠦᠭᠡᠷ ᠪᠦᠯᠦᠭ ᠤ᠋ᠨ ᠣᠷᠴᠢᠨ ᠲᠣᠭᠣᠷᠢᠨ ᠤ᠋ ᠬᠦᠷᠢᠶᠡᠨ ᠳ᠋ᠤ ᠬᠣᠯᠪᠣᠭ᠍ᠳᠠᠭ᠍ᠰᠠᠨ 100 ᠬᠤᠪᠢ ᠤᠯᠠᠨ ᠲᠦᠮᠡᠨ ᠤ᠋ ᠢᠯᠡᠴᠢᠯᠡᠨ ᠮᠡᠳᠡᠭᠦᠯᠦᠭ᠌ᠰᠡᠨ ᠬᠡᠷᠡᠭ ᠢ᠋ ᠰᠢᠢᠳᠪᠤᠷᠢᠯᠡᠬᠦᠯᠬᠦ ᠪᠡᠷ ᠲᠤᠰᠢᠶᠠᠵᠠᠢ ᠃
ᠲᠣᠭ᠎ᠠ ᠬᠡᠮᠵᠢᠶ᠎ᠡ ᠪᠡᠷ ᠨᠢ ᠵᠢᠭ᠍ᠰᠠᠭᠠᠪᠠᠯ ᠂ ᠬᠦᠯᠦᠨ ᠪᠤᠢᠷ ᠬᠤᠳᠠ ᠵᠢᠨ 20 ᠬᠤᠪᠢ᠂ ᠬᠦᠬᠡᠬᠤᠲᠠ ᠪᠠ ᠤᠷᠳᠤᠰ ᠬᠤᠲᠠ ᠶ᠋ᠢᠨ ᠲᠤᠰ ᠪᠦᠷᠢ 18 ᠬᠤᠪᠢ᠂ ᠤᠯᠠᠭᠠᠨᠬᠠᠳᠠ ᠬᠤᠲᠠ ᠵᠢᠨ 17 ᠬᠤᠪᠢ᠂ ᠪᠤᠭᠤᠳᠤ ᠬᠤᠲᠠ ᠵᠢᠨ 9 ᠬᠤᠪᠢ᠂ ᠬᠢᠨᠭᠭᠠᠨ ᠠᠢᠮᠠᠭ ᠪᠠ ᠲᠦᠨᠭᠯᠢᠶᠤᠤ ᠬᠤᠲᠠ ᠶ᠋ᠢᠨ ᠲᠤᠰ ᠪᠦᠷᠢ 5 ᠬᠤᠪᠢ᠂ ᠰᠢᠯᠢ ᠶ᠋ᠢᠨ ᠭᠤᠤᠯ ᠠᠢᠮᠠᠭ ᠪᠠ ᠤᠯᠠᠭᠠᠨᠴᠠᠪ ᠬᠤᠲᠠ ᠵᠢᠨ ᠲᠤᠰ ᠪᠦᠷᠢ 3 ᠬᠤᠪᠢ᠂ ᠪᠠᠶᠠᠨᠨᠠᠭᠤᠷ ᠬᠤᠳᠠ ᠵᠢᠨ 2 ᠬᠤᠪᠢ ᠪᠤᠢ ᠃ ᠪᠣᠬᠢᠷᠲᠤᠯ ᠤ᠋ᠨ ᠲᠥᠷᠥᠯ ᠢ᠋ᠶ᠋ᠡᠷ ᠨᠢ ᠬᠤᠪᠢᠶᠠᠪᠠᠯ (ᠬᠡᠰᠡᠭ ᠬᠡᠷᠡᠭ ᠨᠢ ᠣᠯᠠᠨ ᠲᠥᠷᠥᠯ ᠤ᠋ᠨ ᠪᠣᠬᠢᠷᠲᠤᠯ ᠳ᠋ᠤ ᠬᠣᠯᠪᠣᠭ᠍ᠳᠠᠨᠠ)᠂ ᠠᠮᠢ ᠠᠬᠤᠶ ᠵᠢ ᠡᠪᠳᠡᠭ᠌ᠰᠡᠨ ᠬᠡᠷᠡᠭ 54 ᠬᠤᠪᠢ᠂ ᠠᠭᠠᠷ ᠮᠠᠨᠳᠠᠯ ᠢ᠋ ᠪᠣᠬᠢᠷᠲᠤᠭᠤᠯᠤᠬᠰᠠᠨ ᠬᠡᠷᠡᠭ 23 ᠬᠤᠪᠢ ᠂ ᠤᠰᠤᠨ ᠤ᠋ ᠪᠣᠬᠢᠷᠲᠤᠯ ᠤ᠋ᠨ ᠬᠡᠷᠡᠭ 15 ᠬᠤᠪᠢ ᠂ ᠬᠥᠷᠥᠰᠥ᠍ ᠱᠢᠷᠣᠶ ᠶ᠋ᠢᠨ ᠪᠣᠬᠢᠷᠲᠤᠯ ᠤ᠋ᠨ ᠬᠡᠷᠡᠭ 13 ᠬᠤᠪᠢ ᠂ ᠱᠤᠤᠬᠢᠶᠠᠨ ᠤ᠋ ᠪᠣᠬᠢᠷᠲᠤᠯ ᠤ᠋ᠨ ᠬᠡᠷᠡᠭ 9 ᠬᠤᠪᠢ ᠂ ᠰᠠᠴᠤᠷᠠᠭᠤᠨ ᠪᠤᠬᠢᠷᠳᠤᠯᠤᠨ ᠬᠡᠷᠡᠭ 2 ᠬᠤᠪᠢ᠂ ᠪᠤᠰᠤᠳ ᠪᠣᠬᠢᠷᠲᠤᠯ ᠤ᠋ᠨ ᠬᠡᠷᠡᠭ 7 ᠬᠤᠪᠢ ᠪᠤᠢ ᠃
ᠳᠡᠭᠡᠷᠡᠬᠢ ᠬᠡᠷᠡᠭ ᠢ᠋ ᠴᠥᠮ ᠬᠣᠯᠪᠣᠭ᠍ᠳᠠᠯ ᠪᠦᠬᠦᠢ ᠠᠢᠮᠠᠭ ᠬᠣᠲᠠ ᠪᠣᠯᠤᠨ ᠥᠪᠡᠷᠲᠡᠭᠡᠨ ᠵᠠᠰᠠᠬᠤ ᠣᠷᠣᠨ ᠤ᠋ ᠬᠠᠮᠢᠶ᠎ᠠ ᠪᠦᠬᠦᠢ ᠰᠠᠯᠠᠭ᠎ᠠ ᠮᠥᠴᠢᠷ ᠲᠦ᠍ ᠱᠢᠯᠵᠢᠭᠦᠯᠦᠨ ᠱᠢᠶ᠋ᠳᠪᠦᠷᠢᠯᠡᠭᠦᠯᠵᠦ ᠪᠠᠢᠨ᠎ᠠ ᠃
2008-2025 © ᠳᠤᠮᠳᠠᠳᠤ ᠤᠯᠤᠰᠤᠨ ᠮᠤᠩᠭᠤᠯ ᠬᠡᠯᠡᠨᠤ ᠰᠤᠨᠢᠨ ᠮᠡᠳᠡᠭᠡᠨᠤ ᠰᠦᠯᠵᠢᠶ᠎ᠡ ᠦᠮᠴᠢᠯᠡᠯ᠎ᠤᠨ ᠡᠷᠬᠡ᠎ᠲᠠᠢ
ᠵᠤᠬᠢᠶᠠᠭᠴᠢ᠎ᠶᠢᠨ ᠡᠷᠬᠡ ᠬᠠᠤᠯᠢ᠎ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ᠎ᠪᠠᠷ ᠬᠠᠭᠤᠯᠪᠤᠷᠢᠯᠠᠬᠤ᠎ᠶᠢ ᠬᠠᠲᠠᠭᠤ ᠬᠤᠷᠢᠭᠯᠠᠨ᠎ᠠ
ᠬᠠᠷᠢᠯᠴᠠᠬᠤ ᠤᠲᠠᠰᠤ᠄0471-6635435
ᠢᠮᠧᠯ᠄mgyxww@163.com 蒙ICP备10000005号