《ᠨᠠᠮ᠎ᠤᠨ ᠪᠦᠬᠦ᠌ ᠲᠠᠯ᠎ᠠ᠎ᠶ᠋ᠢᠨ ᠤᠳᠤᠷᠢᠳᠤᠯᠭ᠎ᠠ᠎ᠶ᠋ᠢ ᠪᠠᠷᠢᠮᠲᠠᠯᠠᠬᠤ ᠪᠤᠯ ᠲᠤᠮᠳᠠᠳᠤ ᠤᠯᠤᠰ᠎ᠤᠨ ᠤᠨᠴᠠᠯᠢᠭ ᠲᠠᠢ ᠨᠡᠢᠭᠡᠮ ᠵᠢᠷᠦᠮ᠎ᠢ ᠪᠠᠷᠢᠮᠳᠠᠯᠠᠨ ᠬᠦᠭᠵᠢᠬᠦᠯᠬᠦ ᠵᠢᠨ ᠵᠠᠢᠯᠠᠰᠢ ᠦᠭᠡᠢ ᠵᠠᠮᠨᠠᠬᠤ ᠵᠠᠮ ᠮᠦᠨ》 ᠭᠡᠵᠦ ᠶᠡᠷᠦᠩᠭᠡᠢ ᠱᠦᠵᠢ ᠰᠢ ᠵᠢᠨ ᠫᠢᠩ ᠠᠷᠪᠠᠨ ᠭᠤᠷᠪᠠᠳᠤᠭᠠᠷ ᠬᠤᠭᠤᠴᠠᠭᠠᠨ᠎ᠤ ᠪᠦᠬᠦ ᠤᠯᠤᠰ᠎ᠤᠨ ᠠᠷᠠᠳ᠎ᠤᠨ ᠲᠦᠯᠦᠭᠡᠯᠡᠭᠴᠢᠳ᠎ᠤᠨ ᠶᠡᠬᠡ ᠬᠤᠷᠠᠯ᠎ᠤᠨ ᠲᠠᠪᠤᠳᠤᠭᠠᠷ ᠬᠤᠷᠠᠯ᠎ᠤᠨ ᠦᠪᠦᠷ ᠮᠤᠩᠭᠤᠯ᠎ᠤᠨ ᠲᠦᠯᠦᠭᠡᠯᠡᠭᠴᠢᠳ᠎ᠤᠨ ᠪᠦᠯᠬᠦᠮ᠎ᠤᠨ ᠬᠢᠨᠠᠨ ᠵᠦᠪᠯᠡᠬᠦ ᠳ᠋ᠤ ᠤᠷᠤᠯᠴᠠᠵᠤ᠂ ᠰᠢᠨ᠎ᠡ ᠴᠠᠭ ᠦᠶ᠎ᠡ ᠵᠢᠨ ᠨᠠᠮ ᠪᠤᠯᠤᠨ ᠠᠷᠠᠳ ᠲᠦᠮᠡᠨ᠎ᠤ ᠡᠷᠡᠮᠡᠬᠡᠢᠯᠡᠨ ᠤᠷᠤᠭᠰᠢᠯᠠᠭᠰᠠᠨ ᠦᠩᠭᠡᠷᠡᠯᠲᠡ ᠵᠢ ᠡᠷᠭᠢᠴᠡᠭᠦᠯᠦᠨ ᠳ᠋ᠦᠩᠨᠡᠬᠦ ᠳ᠋ᠡᠭᠡᠨ ᠵᠢᠭᠠᠵᠤ ᠭᠠᠷᠭᠠᠭᠰᠠᠨ ᠪᠠᠢᠳᠠᠭ᠃
ᠨᠠᠮ᠎ᠤᠨ ᠤᠳᠤᠷᠢᠳᠤᠯᠭ᠎ᠠ ᠲᠤᠤᠷ᠎ᠠ᠂ ᠮᠠᠨ᠎ᠤ ᠤᠯᠤᠰ ᠲᠤᠮᠳᠠᠳᠤ ᠤᠯᠤᠰ᠎ᠤᠨ ᠤᠨᠴᠠᠯᠢᠭ ᠲᠠᠢ ᠨᠡᠢᠭᠡᠮ ᠵᠢᠷᠤᠮ᠎ᠤᠨ ᠦᠨᠳᠦᠰᠦᠳᠡᠨ᠎ᠤ ᠠᠰᠠᠭᠤᠳᠠᠯ᠎ᠢ ᠰᠢᠢᠳᠪᠦᠷᠢᠯᠡᠬᠦ ᠴᠤ ᠰᠢᠨ᠎ᠡ ᠵᠠᠮ᠎ᠢ ᠨᠡᠭᠡᠭᠡᠵᠦ᠂ ᠦᠨᠳᠦᠰᠦᠳᠡᠨ ᠨᠤᠬᠦᠳ ᠡᠷᠭᠡ ᠲᠡᠭᠰᠢ᠂ ᠪᠦᠯᠬᠦᠮᠳᠡᠯ ᠲᠠᠢ᠂ ᠬᠠᠷᠢᠯᠴᠠᠨ ᠬᠠᠪᠰᠤᠷᠤᠯᠴᠠᠬᠤ ᠦᠨᠳᠦᠰᠦᠳᠡᠨ᠎ᠤ ᠬᠠᠷᠢᠴᠠᠭ᠎ᠠ ᠵᠢ ᠲᠠᠰᠤᠷᠠᠯᠳᠠ ᠦᠭᠡᠢ ᠪᠡᠬᠢᠵᠢᠬᠦᠯᠵᠦ᠂ ᠦᠨᠳᠦᠰᠦᠳᠡᠨ ᠨᠤᠬᠦᠳ᠎ᠤᠨ ᠰᠤᠯᠢᠯᠴᠠᠭ᠎ᠠ ᠶᠠᠪᠤᠯᠴᠠᠭ᠎ᠠ ᠠᠭᠤᠰᠤᠯᠴᠠᠯ᠎ᠢ ᠲᠠᠰᠤᠷᠠᠯᠳᠠ ᠦᠭᠡᠢ ᠬᠦᠨᠵᠡᠭᠡᠢᠷᠡᠬᠦᠯᠵᠦ᠂ ᠦᠨᠳᠦᠰᠦᠳᠡᠨ ᠨᠤᠬᠦᠳ ᠲᠤᠮᠳᠠᠳᠤ ᠵᠢᠨ ᠦᠨᠳᠦᠰᠦᠳᠡᠨ᠎ᠤ ᠲᠤᠮᠤ ᠬᠡᠷ ᠪᠦᠯᠢ ᠳ᠋ᠤ ᠬᠠᠮᠳᠤ ᠪᠡᠷ ᠪᠦᠯᠬᠦᠮᠳᠡᠨ ᠲᠡᠮᠡᠴᠡᠵᠦ ᠬᠠᠮᠳᠤ ᠪᠡᠷ ᠪᠠᠶᠠᠵᠢᠨ ᠴᠢᠨᠡᠭᠡᠯᠢᠭᠵᠢᠬᠦ ᠵᠤᠯ ᠵᠢᠷᠭᠠᠯᠳᠤ ᠪᠠᠢᠳᠠᠯ᠎ᠢ ᠪᠤᠢ ᠪᠤᠯᠭᠠᠭᠰᠠᠨ ᠪᠠᠢᠨ᠎ᠠ᠃ ᠦᠪᠦᠷ ᠮᠤᠩᠭᠤᠯ᠎ᠤᠨ ᠦᠪᠡᠷᠳᠡᠭᠡᠨ ᠵᠠᠰᠠᠬᠤ ᠤᠷᠤᠨ ᠪᠤᠯ ᠨᠠᠮ᠎ᠤᠨ ᠤᠳᠤᠷᠢᠳᠤᠯᠭ᠎ᠠ ᠲᠤᠤᠷ᠎ᠠ ᠪᠠᠢᠭᠤᠯᠤᠭᠳᠠᠭᠰᠠᠨ ᠮᠠᠨ᠎ᠤ ᠤᠯᠤᠰ᠎ᠤᠨ ᠠᠩᠬᠠᠳᠠᠭᠴᠢ ᠦᠨᠳᠦᠰᠦᠳᠡᠨ᠎ᠤ ᠦᠪᠡᠷᠳᠡᠭᠡᠨ ᠵᠠᠰᠬᠠᠤ ᠤᠷᠤᠨ ᠪᠤᠯᠤᠨ᠎ᠠ᠃ 70 ᠭᠠᠷᠤᠢ ᠵᠢᠯ᠎ᠦᠨ ᠲᠤᠷᠰᠢᠬᠢ ᠦᠪᠦᠷ ᠮᠤᠩᠭᠤᠯ᠎ᠤᠨ ᠴᠡᠴᠡᠭᠯᠡᠯ ᠬᠦᠭᠵᠢᠯ᠂ ᠦᠨᠳᠦᠰᠦᠳᠡᠨ ᠨᠤᠬᠦᠳ᠎ᠤᠨ ᠪᠦᠯᠬᠦᠮᠳᠡᠯ ᠨᠢᠭᠳᠠᠷᠠᠯ᠂ ᠠᠷᠠᠳ ᠤᠯᠠᠨ᠎ᠤ ᠵᠤᠯ ᠵᠢᠷᠭᠠᠯᠳᠤ ᠠᠮᠢᠳᠤᠷᠠᠯ ᠨᠢ ᠨᠠᠮ᠎ᠤᠨ ᠤᠳᠤᠷᠢᠳᠤᠯᠭ᠎ᠠ ᠪᠣᠯ ᠦᠨᠳᠦᠰᠦᠲᠡᠨ᠎ᠦ ᠠᠵᠢᠯ᠎ᠤᠨ ᠠᠮᠵᠢᠯᠲᠠ ᠤᠯᠬᠤ᠎ᠶ᠋ᠢᠨ ᠦᠨᠳᠦᠰᠦᠨ ᠪᠠᠲᠤᠯᠠᠭ᠎ᠠ ᠮᠥᠨ᠂ ᠪᠠᠰᠠ ᠴᠤ᠌ ᠦᠨᠳᠦᠰᠦᠲᠡᠨ᠎ᠨᠦᠭᠦᠳ᠎ᠦᠨ ᠶᠡᠬᠡ ᠪᠦᠯᠬᠦᠮᠳᠡᠯ ᠶᠡᠭᠡ ᠲᠠᠪᠰᠢᠯᠳᠠ ᠶᠡᠭᠡ ᠬᠦᠭᠵᠢᠯ᠎ᠦᠨ ᠦᠨᠳᠦᠰᠦᠨ ᠪᠠᠲᠤᠯᠠᠭ᠎ᠠ ᠮᠥᠨ ᠭᠡᠳᠡᠭ᠎ᠢ ᠪᠠᠳᠤ ᠬᠡᠷᠡᠴᠢᠯᠡᠪᠡ᠃
ᠨᠠᠮ᠎ᠤᠨ ᠤᠳᠤᠷᠢᠳᠤᠯᠭ᠎ᠠ ᠳᠤᠤᠷ᠎ᠠ᠂ ᠲᠤᠮᠳᠠᠳᠤ ᠤᠯᠤᠰ᠎ᠤᠨ ᠤᠨᠴᠠᠯᠢᠭ ᠲᠠᠢ ᠨᠡᠢᠭᠡᠮ ᠵᠢᠷᠦᠮ ᠰᠢᠨ᠎ᠡ ᠴᠠᠭ ᠦᠶ᠎ᠡ ᠳ᠋ᠤ ᠤᠷᠤᠵᠤ᠂ ᠳᠤᠮᠳᠠᠳᠤ ᠵᠢᠨ ᠦᠨᠳᠦᠰᠦᠲᠡᠨ ᠨᠤᠭᠦᠳ᠎ᠤᠨ ᠠᠷᠡᠳ ᠲᠦᠮᠡᠨ ᠳᠤᠮᠳᠠᠳᠤ ᠵᠢᠨ ᠦᠨᠳᠦᠰᠦᠲᠡᠨ᠎ᠤ ᠠᠭᠤᠤ ᠶᠡᠬᠡ ᠰᠡᠷᠭᠦᠨ ᠮᠠᠨᠳᠤᠯᠲᠠ ᠵᠢ ᠪᠡᠶᠡᠯᠡᠭᠦᠯᠬᠦ ᠰᠢᠨ᠎ᠡ ᠠᠶᠠᠨ ᠳ᠋ᠠᠭᠠᠨ ᠢᠲᠡᠭᠡᠯ ᠲᠡᠭᠦᠯᠳᠡᠷ ᠮᠤᠷᠳᠠᠯ᠎ᠠ᠃ ᠳᠡᠯᠡᠬᠡᠢ ᠨᠡᠢᠭᠡᠮ᠎ᠤᠨ ᠬᠤᠪᠢᠰᠤᠯᠲᠠ ᠶᠡᠬᠡᠲᠡᠢ ᠴᠠᠭ ᠦᠶ᠎ᠡ ᠳ᠋ᠦ᠂ ᠳᠤᠮᠳᠠᠳᠤ ᠵᠢᠨ ᠦᠨᠳᠦᠰᠦᠲᠡᠨ᠎ᠤ ᠠᠭᠤᠤ ᠶᠡᠬᠡ ᠰᠡᠷᠭᠦᠨ ᠮᠠᠨᠳᠤᠯᠲᠠ ᠵᠢ ᠪᠡᠶᠡᠯᠡᠭᠦᠯᠬᠦ ᠳ᠋ᠤ᠂ ᠳᠤᠮᠳᠠᠳᠤ ᠵᠢᠨ ᠦᠨᠳᠦᠰᠦᠲᠡᠨ ᠨᠤᠭᠦᠳ᠎ᠤᠨ ᠶᠡᠬᠡ ᠪᠦᠯᠬᠦᠮᠳᠡᠯ᠂ ᠶᠡᠭᠡ ᠨᠢᠭᠳᠠᠷᠠᠯ᠂ ᠶᠡᠭᠡ ᠲᠤᠭᠳᠠᠭᠤᠨ᠎ᠢ ᠨᠡᠩ ᠢᠯᠡᠬᠦᠦ ᠱᠠᠭᠠᠷᠳᠠᠨ᠎ᠠ᠃ ᠦᠪᠦᠷ ᠮᠤᠩᠭᠤᠯ ᠤᠨ ᠺᠠᠳ᠋ᠷ ᠤᠯᠠᠨ ᠲᠦᠮᠡᠨ ᠨᠡᠩ ᠰᠠᠨᠠᠭᠠᠴᠢᠯᠠᠭ᠎ᠠ ᠡᠴᠡ ᠪᠠᠨ ᠨᠠᠮ᠎ᠤᠨ ᠪᠦᠬᠦ ᠲᠠᠯ᠎ᠠ ᠵᠢᠨ ᠤᠳᠤᠷᠢᠳᠤᠯᠭ᠎ᠠ ᠵᠢ ᠡᠷᠡᠰ ᠭᠤᠢᠪᠢᠰᠢ ᠦᠭᠡᠢ ᠪᠠᠷᠢᠮᠳᠠᠯᠠᠵᠤ᠂ ᠡᠷᠭᠡ ᠲᠡᠭᠰᠢ᠂ ᠪᠦᠯᠬᠦᠮᠳᠡᠯ ᠲᠠᠢ᠂ ᠬᠠᠷᠢᠯᠴᠠᠨ ᠬᠠᠪᠰᠤᠷᠤᠯᠴᠠᠬᠤ ᠦᠨᠳᠦᠰᠦᠲᠡᠨ᠎ᠤ ᠬᠠᠷᠢᠴᠠᠭ᠎ᠠ ᠵᠢ ᠲᠠᠰᠤᠷᠠᠯᠲᠠ ᠦᠭᠡᠢ ᠪᠡᠬᠢᠵᠢᠭᠦᠯᠦᠨ ᠬᠦᠭᠵᠢᠬᠦᠯᠵᠦ᠂ ᠦᠨᠳᠦᠰᠦᠳᠡᠨ᠎ᠤ ᠪᠦᠯᠬᠦᠮᠳᠡᠯ ᠲᠠᠪᠰᠢᠯᠳᠠ ᠵᠢᠨ ᠢᠷᠠᠭᠤ ᠠᠯᠳᠠᠷᠳᠤ ᠤᠯᠠᠮᠵᠢᠯᠠᠯ ᠵᠢᠡᠨ ᠦᠷᠬᠦᠯᠵᠢᠯᠡᠨ ᠪᠠᠳᠠᠷᠠᠭᠤᠯᠪᠠᠯ ᠵᠤᠬᠢᠨ᠎ᠠ᠃ ᠦᠪᠦᠷ ᠮᠤᠩᠭᠤᠯ᠎ᠤᠨ ᠺᠠᠳ᠋ᠷ ᠤᠯᠠᠨ ᠲᠦᠮᠡᠨ ᠨᠡᠩ ᠰᠠᠨᠠᠭᠠᠴᠢᠯᠠᠭ᠎ᠠ ᠡᠴᠡ ᠪᠠᠨ ᠬᠢᠯᠢ ᠬᠢᠵᠠᠭᠠᠷ᠎ᠤᠨ ᠠᠮᠤᠷ ᠲᠣᠭ᠍ᠲᠠᠭᠤᠨ᠎ᠢ ᠬᠠᠮᠠᠭᠠᠯᠠᠬᠤ ᠴᠢᠬᠤᠯᠠ ᠶᠡᠬᠡ ᠤᠯᠤᠰ ᠲᠥᠷᠥ᠎ᠶ᠋ᠢᠨ ᠡᠭᠦᠷᠭᠡ ᠵᠢ ᠡᠬᠦᠷᠭᠡᠯᠡᠵᠦ᠂ 《ᠬᠣᠶᠠᠷ᠎ᠢ ᠲᠤᠭᠲᠠᠭᠠᠭᠰᠠᠨ》 ᠢ᠋ ᠦᠨᠡᠨᠴᠢ ᠱᠢᠳᠤᠷᠭᠤ᠎ᠪᠠᠷ ᠬᠦᠷᠢᠶᠡᠯᠡᠵᠦ᠂ 《ᠬᠣᠶᠠᠷ᠎ᠢ ᠬᠠᠮᠠᠭᠠᠯᠠᠬᠤ》 ᠵᠢ ᠡᠷᠡᠰ ᠪᠡᠶᠡᠯᠡᠭᠦᠯᠵᠦ᠂ ᠶᠡᠷᠦᠩᠬᠡᠢ ᠱᠦᠵᠢ ᠰᠢ ᠵᠢᠨ ᠫᠢᠩ ᠪᠤᠯᠤᠨ ᠨᠠᠮ᠎ᠤᠨ ᠲᠦᠪ ᠬᠤᠷᠢᠶ᠎ᠠ ᠵᠢᠨ ᠦᠨᠳᠦᠰᠦᠲᠡᠨ᠎ᠦ ᠠᠵᠢᠯ᠎ᠢ ᠴᠢᠩᠭᠠᠳᠭᠠᠨ ᠰᠠᠢᠵᠢᠷᠠᠭᠤᠯᠬᠤ ᠲᠤᠬᠠᠢ ᠴᠢᠬᠤᠯᠠ ᠦᠵᠡᠯ ᠰᠠᠨᠠᠭ᠎ᠠ᠎ᠶ᠋ᠢ ᠪᠦᠬᠦ᠌ ᠲᠠᠯ᠎ᠠ᠎ᠪᠠᠷ ᠲᠤᠭᠤᠱᠢᠯᠠᠭᠤᠯᠵᠤ᠂ ᠳᠤᠮᠳᠠᠳᠤ᠎ᠶ᠋ᠢᠨ ᠦᠨᠳᠦᠰᠦᠲᠡᠨ᠎ᠦ ᠬᠠᠮᠲᠤ᠎ᠶ᠋ᠢᠨ ᠴᠣᠭ᠍ᠴᠠ᠎ᠶ᠋ᠢᠨ ᠤᠬᠠᠮᠰᠠᠷ᠎ᠢ ᠪᠠᠲᠤ ᠴᠣᠭ᠍ᠴᠠᠯᠠᠬᠤ ᠡᠨᠡ ᠬᠦ᠌ ᠭᠤᠤᠯ ᠱᠢᠵᠢᠮ᠎ᠦᠨ ᠲᠣᠭᠣᠷᠢᠨ᠎ᠳᠤ ᠪᠦᠯᠬᠦᠮᠳᠡᠨ ᠲᠡᠮᠡᠴᠡᠬᠦ᠌ ᠬᠦᠴᠦᠷᠬᠡᠭ ᠶᠡᠬᠡ ᠨᠢᠭ᠍ᠲᠠᠷᠠᠯ᠎ᠤᠨ ᠬᠦᠴᠦᠨ ᠪᠠ ᠬᠥᠭ᠌ᠵᠢᠯᠲᠡ᠎ᠶ᠋ᠢᠨ ᠢᠲᠡᠭᠡᠯ ᠵᠣᠷᠢᠭ᠎ᠢ ᠦᠨᠡᠨ ᠬᠦ᠌ ᠪᠠᠲᠤᠯᠠᠵᠤ᠂ ᠪᠦᠯᠬᠦᠮᠳᠡᠨ ᠳᠠᠪᠰᠢᠭᠰᠠᠨ ᠰᠠᠢᠨ ᠰᠠᠢᠬᠠᠨ ᠲᠦᠷᠰᠤ ᠪᠠᠢᠳᠠᠯ ᠵᠢᠡᠷ ᠨᠠᠮ᠎ᠤᠨ ᠦᠨᠳᠦᠰᠦᠲᠡᠨ᠎ᠤ ᠠᠵᠢᠯ᠎ᠤᠨ ᠴᠢᠨᠠᠷ ᠰᠠᠢᠳᠠᠢ ᠬᠦᠭᠵᠢᠯᠳᠡ ᠵᠢ ᠠᠬᠢᠭᠤᠯᠤᠶ᠎ᠠ!