ᠬᠦᠷᠦᠰᠦᠲᠦ ᠳᠡᠯᠡᠬᠡᠢ ᠬᠠᠪᠤᠷ᠎ᠤᠨ ᠠᠭᠤᠷ ᠪᠢᠯᠬᠠᠵᠤ
ᠬᠦᠷ ᠴᠠᠰᠤᠨ ᠬᠠᠶᠠᠯᠠᠬᠤ᠎ᠶ᠋ᠢᠨ ᠳᠠᠭᠠᠤ ᠬᠠᠢᠯᠤᠨ᠎ᠠ
《ᠬᠤᠷ᠎ᠠ ᠤᠰᠤ 》 ᠡᠬᠡ ᠭᠠᠵᠠᠷ ᠰᠠᠭᠠᠲᠠᠬᠤ᠎ᠳᠤ
ᠬᠦᠬᠡᠬᠤᠲᠡᠨᠠ ᠭᠡᠨᠡᠳᠲᠡ ᠬᠢᠵᠢᠭ ᠳᠡᠯᠭᠡᠷᠡᠯ᠎ᠡ
ᠬᠦᠬᠡ ᠤᠭ᠍ᠲᠠᠷᠭᠤᠢ᠎ᠳᠤ ᠬᠤᠷᠤᠮᠬᠠᠨ ᠵᠠᠭᠤᠷ᠎ᠠ
ᠬᠦᠪᠰᠦᠭᠡᠷ ᠡᠭᠦᠯᠡ ᠨᠡᠲᠦᠢᠨ ᠪᠦᠷᠭᠦᠯᠡ
ᠬᠦᠭᠡᠮᠲᠦᠭ ᠰᠦᠷᠯᠢᠭ ᠳᠠᠯᠠᠨ ᠬᠠᠷ᠎ᠠ
ᠬᠦᠳᠡᠩ ᠮᠠᠨᠠᠨ ᠤᠨᠢᠶᠠᠷᠲᠤᠨ ᠲᠠᠲᠠᠯ᠎ᠠ
ᠬᠠᠲᠠᠭᠤ ᠰᠦᠷᠡᠬᠡᠢ ᠠᠶᠤᠯ ᠲᠦᠭ᠌ᠰᠢᠭᠦᠷᠢ
ᠬᠠᠮᠤᠭ ᠠᠷᠠᠳ᠎ᠢ ᠠᠶᠤᠯᠭᠠᠨ ᠰᠦᠷᠳᠡᠭᠦᠯᠦᠯᠡ
ᠬᠠᠯᠳᠠᠪᠤᠷᠢᠲᠤ ᠬᠢᠵᠢᠭ᠎ᠲᠤ ᠨᠡᠷᠪᠡᠭ᠌ᠳᠡᠭ᠌ᠰᠡᠳ
ᠬᠡᠲᠦᠬᠡᠨ ᠡᠳᠦᠷ᠎ᠲᠤ ᠵᠠᠭᠤ ᠲᠠᠪᠠᠯ᠎ᠠ
ᠠᠷᠠᠳ ᠲᠦᠮᠡᠨ᠎ᠤ ᠠᠮᠢ ᠨᠠᠰᠤ
ᠠᠯᠢᠪᠠ ᠪᠦᠬᠦᠨ᠎ᠠᠴᠠ ᠡᠷᠬᠢᠮ
ᠠᠶᠤᠯᠲᠤ ᠬᠢᠵᠢᠭ᠎ᠢ ᠤᠰᠠᠳᠭᠠᠬᠤ᠎ᠨᠢ
ᠡᠷᠬᠢᠮ ᠳᠡᠭᠡᠲᠦ ᠬᠠᠷᠢᠭᠤᠴᠠᠯᠭ᠎ᠠ
ᠨᠠᠮ ᠵᠠᠰᠠᠭ᠎ᠠᠴᠠ ᠤᠳᠤᠷᠢᠳᠤᠯᠭ᠎ᠠ᠎ᠪᠠᠨ ᠴᠢᠩᠭᠠᠳᠭᠠᠨ
ᠨᠡᠢᠭᠡᠮ ᠨᠡᠢᠲᠡ᠎ᠪᠠᠷ᠎ᠢᠶᠠᠨ ᠬᠢᠵᠢᠭ᠎ᠲᠠᠢ ᠲᠡᠮᠡᠴᠡᠨ᠎ᠡ
ᠡᠪ ᠬᠠᠮᠲᠤ ᠨᠠᠮ᠎ᠤᠨ ᠭᠡᠱᠢᠭᠦᠨ ᠭᠠᠪᠱᠢᠭᠠᠢᠯᠠᠨ
ᠡᠯ᠎ᠡ ᠱᠠᠲᠤᠨ᠎ᠤ ᠺᠠᠳ᠋ᠷ ᠢᠳᠡᠪᠬᠢᠯᠡᠨ ᠤᠷᠤᠯᠴᠠᠨ᠎ᠠ
ᠪᠦᠭᠡᠮᠨᠡᠷᠡᠨ ᠰᠠᠭᠤᠭ᠍ᠰᠠᠨ ᠲᠤᠭᠤᠷᠢᠭ ᠪᠤᠯᠭᠠᠨ᠎ᠤ
ᠪᠦᠭᠦᠳᠡ ᠰᠠᠭᠤᠭᠠᠯᠢ ᠠᠷᠠᠳ ᠨᠢᠭᠡᠪᠦᠷᠢ᠎ᠳᠤ
ᠪᠦᠭᠡᠮ ᠬᠦᠴᠢᠯ᠎ᠤᠨ ᠪᠠᠢᠴᠠᠭᠠᠯᠲᠠ ᠬᠢᠯ᠎ᠡ
ᠪᠠᠴᠢᠮ ᠬᠠᠯᠳᠠᠪᠤᠷᠢᠯᠠᠭ᠍ᠰᠠᠳᠢ ᠡᠷᠢᠨ ᠲᠤᠳᠤᠯᠠᠯᠠ
ᠦᠪᠦᠷ ᠮᠤᠩᠭᠤᠯ᠎ᠤᠨ ᠡᠯ᠎ᠡ ᠭᠠᠵᠠᠷ᠎ᠠᠴᠠ
ᠡᠮᠴᠢ ᠰᠤᠪᠢᠯᠠᠭ᠍ᠴᠢᠳ ᠬᠦᠬᠡᠬᠤᠲᠡ᠎ᠳᠤ ᠬᠤᠷᠠᠨ᠎ᠠ
ᠦᠷᠡᠭ᠌ᠳᠡᠯ ᠰᠦᠢᠲᠦᠯᠢ ᠦᠯᠦ᠍ ᠬᠠᠢᠬᠤᠷᠤᠨ
ᠡᠪᠡᠳᠴᠢᠲᠡᠨ᠎ᠢ ᠠᠪᠤᠷᠠᠨ ᠡᠷᠡᠯᠬᠡᠭ᠌ᠯᠡᠨ ᠲᠡᠮᠡᠴᠡᠨ᠎ᠡ
ᠰᠠᠭᠤᠭᠠᠯᠢ ᠪᠠᠭ᠎ᠠ ᠲᠤᠭᠤᠷᠢᠭ ᠪᠤᠯᠭᠠᠨ᠎ᠳᠤ
ᠰᠠᠢᠨ ᠳᠤᠷ᠎ᠠ᠎ᠶ᠋ᠢᠨ ᠦᠢᠯᠡᠴᠢᠯᠡᠭ᠌ᠴᠢ ᠮᠤᠩᠭᠠᠨᠢᠨ᠎ᠠ
ᠰᠦᠷᠡᠬᠡᠢ ᠦᠷᠪᠢᠰᠦᠯ᠎ᠢ ᠰᠦᠨᠦᠭᠡᠬᠦ᠌ᠪᠠᠷ
ᠰᠦᠨᠢ ᠡᠳᠦᠷ ᠦᠭᠡᠢ ᠰᠡᠷᠭᠡᠢᠯᠡᠨ ᠶᠠᠭᠠᠷᠠᠨ᠎ᠠ
ᠠᠢᠮᠠᠭ ᠬᠤᠲᠠ ᠬᠤᠱᠢᠭᠤ ᠱᠢᠶᠠᠨ᠎ᠤ ᠬᠢᠨᠢ
ᠤᠨᠴᠠ ᠭᠠᠷᠤᠯᠲᠠ᠎ᠪᠠᠷ᠎ᠢᠶᠠᠨ ᠳᠤᠰᠠᠯᠠᠨ ᠳᠡᠮᠵᠢᠨ᠎ᠡ
ᠤᠯᠤᠰ ᠬᠤᠪᠢ᠎ᠶ᠋ᠢᠨ ᠠᠵᠤ ᠠᠬᠤᠢᠯᠠᠯᠲᠠᠳ
ᠡᠳ᠋ ᠮᠦᠩᠭᠦ᠌ ᠲᠠᠸᠠᠷ᠎ᠢᠶᠠᠨ ᠬᠠᠨᠳᠢᠪᠯᠠᠨ᠎ᠠ
ᠪᠠᠷᠠᠭ᠎ᠠ ᠲᠡᠭᠡᠭᠡᠪᠦᠷᠢᠯᠡᠭ᠌ᠰᠡᠨ ᠲᠡᠷᠭᠡᠨᠤᠭᠦᠳ
ᠪᠠᠷᠲᠠᠭ᠎ᠠ ᠳᠠᠪᠠᠨ ᠬᠦᠬᠡᠬᠤᠲᠡ᠎ᠶ᠋ᠢ ᠴᠢᠭ᠌ᠯᠡᠨᠡ
ᠪᠠᠴᠢᠮ ᠬᠡᠷᠡᠭ᠌ᠰᠡᠬᠦ᠌ ᠡᠳ᠋ ᠪᠤᠳᠠᠰ᠎ᠢ
ᠪᠠᠭᠠᠬᠠᠨ ᠴᠤ᠌ ᠰᠠᠭᠠᠲᠠᠯ ᠦᠭᠡᠢ ᠬᠦᠷᠭᠡᠵᠦ ᠦᠭ᠌ᠭᠦᠨ᠎ᠡ
ᠲᠦᠮᠡᠨ ᠤᠯᠠᠨ ᠬᠦᠴᠦ᠍ ᠬᠠᠮᠲᠤᠷᠠᠨ
ᠲᠦᠢᠳᠭᠡᠷ ᠲᠢᠳᠢᠮᠯᠢᠭᠢ ᠰᠡᠷᠭᠡᠢᠯᠡᠶᠡ
ᠲᠦᠢᠪᠡᠭᠡᠵᠦ᠍ ᠦᠢᠮᠡᠭᠦᠯᠳᠡᠭ ᠬᠢᠵᠢᠭ᠎ᠤᠨ ᠬᠤᠤᠷ᠎ᠢ
ᠲᠤᠢᠯᠪᠤᠷᠢᠲᠠᠢ ᠠᠷᠢᠯᠭᠠᠨ ᠤᠰᠠᠳᠭᠠᠶᠠ
ᠰᠠᠮᠠᠭᠤᠨ ᠸᠢᠷᠦ᠋ᠰ ᠤᠳᠠᠯ ᠦᠭᠡᠢ ᠳᠠᠷᠤᠩᠭᠤᠢᠯᠠᠭ᠍ᠳᠠᠨ
ᠰᠠᠷᠠᠭᠤᠯ ᠭᠡᠭᠡᠨ ᠲᠤᠶᠠᠭ᠎ᠠ ᠯᠠᠪᠲᠠᠢ ᠰᠠᠴᠤᠷᠠᠬᠤ ᠶᠤᠮ
ᠰᠡᠳᠭᠢᠯ ᠨᠢᠭᠡᠲᠦᠨ ᠬᠦᠬᠡᠬᠤᠲᠡ᠎ᠪᠠᠨ ᠬᠠᠮᠠᠭᠠᠯᠠᠵᠤ
ᠰᠠᠶ᠎ᠠ ᠲᠦᠮᠡᠨ᠎ᠢᠶᠠᠨ ᠠᠮᠤᠭᠤᠯᠠᠩ ᠵᠢᠷᠭᠠᠭᠤᠯᠤᠶ᠎ᠠ
ᠬᠦᠬᠡᠬᠤᠲᠡ ᠮᠢᠨᠢ ᠂ ᠴᠢᠷᠮᠠᠢ ᠴᠢᠷᠮᠠᠢ!
ᠬᠤᠷᠤᠢ! ᠬᠤᠷᠤᠢ ! ᠬᠤᠷᠤᠢ!