ᠰᠢᠨ᠎ᠡ ᠤᠨ ᠤ᠋ ᠮᠠᠯᠵᠢᠯ᠎ᠤᠨ ᠰᠢᠨ᠎ᠡ ᠲᠦᠯᠦᠪᠯᠡᠭᠡ
2022-02-16 09:29:49
ᠵᠣᠬᠢᠶᠠᠭ᠍ᠴᠢ᠄
​ᠪᠢᠯᠢᠭᠪᠡᠭᠠᠳᠤᠷ
ᠣᠩᠱᠢᠭ᠍ᠰᠠᠨ ᠣᠳᠠᠭ᠎ᠠ᠄
★★★☆☆

ᠴᠠᠭᠠᠨ ᠰᠠᠷ᠎ᠠ᠎ᠠᠴᠠ ᠡᠮᠦᠨᠡᠬᠡᠨ᠂ ᠠᠪᠠᠭ᠎ᠠ ᠬᠣᠱᠢᠭᠤᠨ᠎ᠤ ᠨᠠᠷᠠᠨᠪᠤᠯᠠᠭ ᠰᠤᠮᠤᠨ᠎ᠤ ᠠᠮᠤᠭᠤᠯᠠᠡᠭ ᠭᠠᠴᠠᠭᠠᠨ᠎ᠤ ᠮᠠᠯᠴᠢᠨ ᠯᠢᠦ ᠯᠢᠨ ᠰᠢᠦ ᠭᠠᠳᠠᠷ ᠣᠷᠣᠨ᠎ᠠᠴᠠ 130 ᠠᠡᠭᠭᠸᠰ ᠬᠠᠷ᠎ᠠ ᠦᠬᠡᠷ ᠬᠤᠳᠠᠯᠳᠤᠨ ᠠᠪᠤᠭᠰᠠᠨ ᠴᠢᠮᠡᠭᠡ ᠵᠢᠭᠦᠷ ᠤᠷᠭᠤᠭᠰᠠᠨ ᠰᠢᠭ᠋ ᠲᠠᠷᠬᠠᠯ᠎ᠠ᠃

《ᠬᠠᠷᠠᠭᠠᠴᠢ᠂ ᠡᠨᠡ ᠲᠤᠭᠤᠯ᠎ᠤᠳ ᠦᠨᠡᠭᠡᠷ ᠭᠦᠭᠡᠷᠦᠬᠦᠨ ᠰᠢᠦ》!

《ᠠᠡᠭᠭᠸᠰ ᠬᠠᠷ᠎ᠠ ᠵᠢᠨ ᠬᠡᠯᠡ ᠨᠢ ᠬᠦᠷᠳᠡᠯ᠎ᠠ ᠬᠠᠷ᠎ᠠ ᠥᠩᠭᠡ᠎ᠲᠡᠶ ᠪᠠᠢᠭ᠍ᠰᠠᠨ ᠶᠤᠮ᠎ᠤᠤ᠂ ᠬᠠ ᠬᠠ》᠁

ᠴᠠᠭᠠᠨ ᠰᠠᠷ᠎ᠠ᠎ᠶ᠋ᠢᠨ ᠬᠤᠭᠤᠴᠠᠭᠠᠨ᠎ᠳᠤ᠂ ᠯᠢᠦ ᠯᠢᠨ ᠰᠢᠦ᠎ᠶ᠋ᠢᠨ ᠳ᠋ᠤ ᠱᠢᠨ᠎ᠡ᠎ᠶ᠋ᠢᠨ ᠵᠣᠯᠭᠠᠯᠲᠠ ᠬᠢᠬᠦ᠌᠎ᠪᠡᠷ ᠢᠷᠡᠭ᠌ᠰᠡᠨ ᠬᠥᠷᠰᠢ ᠵᠡᠷᠭᠡᠯᠡᠳᠡᠭᠡ᠎ᠶ᠋ᠢᠨ ᠨᠠᠢᠵᠠ᠎ᠨᠠᠷ ᠨᠢ ᠴᠥᠮ ᠲᠡᠭᠦᠨ᠎ᠦ ᠠᠡᠭᠭᠸᠰ ᠬᠠᠷ᠎ᠠ ᠵᠢᠨ ᠲᠤᠬᠠᠢ ᠵᠤᠭᠤᠭ ᠲᠡᠯᠭᠡᠵᠡᠭᠡᠨ᠂ ᠡᠭᠦᠨ᠎ᠢ ᠠᠰᠠᠭᠤᠨ ᠲᠡᠭᠦᠨ᠎ᠢ ᠰᠤᠷᠠᠨ᠎ᠠ᠃

《ᠠᠡᠭᠭᠸᠰ ᠬᠠᠷ᠎ᠠ ᠮᠠᠨ᠎ᠤ ᠡᠨᠳᠡᠬᠢ᠎ᠶ᠋ᠢᠨ ᠠᠭᠤᠷ ᠠᠮᠢᠰᠭᠤᠯ᠎ᠳᠤ ᠵᠤᠬᠢᠴᠠᠬᠤ ᠳ᠋ᠠᠭᠠᠨ ᠰᠠᠢᠨ ᠪᠤᠯᠬᠤᠷ ᠲᠠᠷᠭᠤ ᠠᠪᠬᠤ᠎ᠨᠢ ᠴᠤ᠌ ᠬᠤᠷᠳᠤᠨ᠂ ᠵᠠᠬ᠎ᠠ ᠵᠢᠨ ᠦᠨ᠎ᠡ ᠪᠡᠷ ᠪᠤᠳᠤᠪᠠᠯ᠂ ᠢᠯᠡᠭᠦᠦ 2000 ᠡᠴᠡ 3000 ᠲᠥᠭᠥᠷᠢᠭ᠎ᠦᠨ ᠦᠨ᠎ᠡ ᠲᠠᠭᠠᠭᠠᠨ᠎ᠠ》 ᠭᠡᠵᠦ ᠮᠠᠯᠴᠢᠨ ᠯᠢᠦ ᠯᠢᠨ ᠱᠢᠸ᠋ ᠲᠠᠨᠢᠯᠴᠠᠭᠤᠯᠪᠠ᠃

ᠡᠨᠡ ᠵᠢᠯ 41 ᠨᠠᠰᠤᠲᠠᠢ ᠯᠢᠦ ᠯᠢᠨ ᠱᠢᠸ᠋ ᠪᠣᠯ ᠲᠤᠬᠠᠢ᠎ᠶ᠋ᠢᠨ ᠭᠠᠵᠠᠷ᠎ᠤᠨ ᠵᠢᠠᠠ ᠮᠠᠯᠵᠢᠯ᠎ᠤᠨ ᠲᠤᠮᠤ ᠡᠷᠦᠭᠡ ᠪᠦᠭᠡᠳ ᠪᠠᠰᠠ ᠴᠦ᠍ ᠪᠠᠶᠠᠵᠢᠯ᠎ᠤᠨ ᠲᠠᠭᠠᠭᠤᠯᠤᠬ᠍ᠴᠢ ᠵᠢᠨ ᠨᠢᠭᠡ ᠶᠤᠮ᠃ ᠦᠡᠭᠭᠡᠷᠡᠭᠰᠡᠨ᠎ᠳᠦ ᠯᠢᠦ ᠯᠢᠨ ᠱᠢᠤ ᠴᠤ᠌  ᠮᠠᠯ᠎ᠤᠨ ᠲᠣᠭ᠎ᠠ ᠲᠣᠯᠣᠭᠠᠢ ᠵᠢ ᠦᠷᠦᠭᠡᠰᠤᠯ ᠵᠢᠠᠷ ᠬᠥᠭᠡᠭᠡᠴᠡᠯᠳᠦᠵᠦ᠍ ᠪᠠᠢᠵᠠᠢ᠃

ᠲᠡᠷᠡ᠄《ᠪᠢᠳᠡᠨ᠎ᠤ ᠪᠤᠳᠤᠯ ᠳ᠋ᠤ ᠬᠡᠨ᠎ᠤ ᠬᠢᠨᠢ ᠮᠠᠯ ᠤᠨᠤᠭ᠎ᠠ ᠠᠷᠪᠢᠨ ᠪᠤᠯ ᠬᠡᠨ ᠨᠢ ᠪᠤᠰᠤᠳ ᠡᠴᠡ ᠢᠯᠡᠭᠦᠦ ᠮᠡᠳᠤ ᠪᠤᠳᠤᠳᠠᠭ ᠪᠠᠢᠯ᠎ᠠ᠃ ᠲᠡᠷᠡ ᠮᠦᠷᠳᠡᠭᠡᠨ ᠨᠠᠮᠤᠷ ᠮᠠᠯ᠎ᠤᠨ ᠵᠠᠷᠤᠴᠠᠭᠤᠯᠤᠯᠳᠠ ᠵᠢᠨ ᠴᠠᠭ ᠲᠤ᠌ ᠮᠠᠯ ᠵᠢᠠᠨ ᠬᠤᠳᠠᠯᠳᠤᠬᠤ ᠡᠴᠡ ᠰᠡᠳᠬᠢᠯ ᠲᠦᠪᠳᠡᠬᠦ ᠦᠬᠡᠢ ᠬᠦᠮᠦᠨ ᠵᠠᠬ᠎ᠠ ᠡᠴᠡ ᠪᠠᠠ ᠤᠯᠠᠨ ᠪᠠᠢᠭᠰᠠᠨ᠂ 2016 ᠣᠨ᠎ᠳᠤ ᠮᠠᠨ᠎ᠤ ᠬᠣᠨᠢ 2000 ᠵᠢ ᠲᠡᠪᠠᠵᠥ᠂ ᠦᠬᠡᠷ ᠴᠦ᠍ 300 ᠭᠠᠷᠤᠶ ᠪᠤᠯᠤᠭᠰᠠᠨ》 ᠭᠡᠵᠥ ᠪᠠᠢᠯ᠎ᠠ᠃

ᠡᠢᠮᠦᠷᠬᠦᠦ ᠮᠠᠯᠵᠢᠯ ᠤ᠋ᠠ ᠬᠡᠪᠴᠢᠶ᠎ᠡ ᠱᠢᠯᠢ᠎ᠶ᠋ᠢᠨ ᠭᠣᠣᠯ ᠠᠢᠮᠠᠭ᠎ᠤᠨ ᠬᠡᠪᠴᠢᠶᠡᠨ ᠳ᠋ᠤ ᠴᠤ᠌ ᠲᠡᠭᠡᠭᠦᠷ ᠤᠷᠤᠬᠤ  ᠲᠣᠮᠣ ᠡᠷᠦᠬᠡ᠎ᠳᠦ ᠲᠣᠭᠠᠴᠠᠭ᠍ᠳᠠᠨ᠎ᠠ᠃ ᠭᠡᠪᠡᠴᠦ᠍ ᠮᠠᠯ᠎ᠤᠨ ᠲᠤᠭ᠎ᠠ ᠲᠤᠯᠤᠭᠠᠢ ᠵᠢᠨ ᠤᠯᠠᠰᠢᠷᠠᠬᠤ ᠵᠢ ᠲᠡᠭᠠᠯᠳᠤᠠ ᠪᠠᠰᠠ ᠨᠢᠭᠡ ᠪᠦᠯᠦᠭ ᠲᠦᠪᠡᠭᠳᠡᠢ ᠠᠰᠠᠭᠤᠳᠠᠯ᠎ᠤᠳ ᠢᠯᠡᠷᠡᠪᠠ᠃ ᠯᠢᠦ ᠯᠢᠨ ᠰᠢᠤ ᠵᠢᠨ ᠵᠢᠯ ᠪᠤᠯᠭᠠᠨ ᠬᠤᠨᠢᠴᠢᠨ ᠦᠭᠡᠷᠴᠢᠨ ᠠᠢᠯ ᠬᠦᠯᠦᠰᠦᠯᠡᠵᠦ᠂ ᠠᠯᠢ ᠴᠤ᠌ ᠵᠢᠯ ᠭᠡᠳ ᠬᠦᠯᠦᠰᠤᠨ᠎ᠤ ᠵᠠᠷᠤᠳᠠᠯ ᠳ᠋ᠤ 20 ᠭᠠᠷᠤᠢ ᠲᠦᠮᠡᠨ ᠲᠦᠭᠦᠷᠢᠭ ᠵᠠᠷᠤᠴᠠᠭᠤᠯᠳᠠᠭ ᠪᠤᠯᠪᠠ᠃ ᠪᠠᠰᠠ ᠪᠡᠯᠴᠢᠭᠡᠷ ᠨᠡᠮᠡᠨ ᠲᠦᠷᠢᠶᠡᠰᠦᠯᠡᠬᠦ ᠪᠠ ᠡᠪᠡᠰᠤ ᠪᠤᠷᠳᠤᠭᠠᠨ᠎ᠤ ᠵᠠᠷᠤᠳᠠᠯ ᠳ᠋ᠤ 60 ᠭᠠᠷᠤᠢ ᠲᠦᠮᠡᠨ ᠲᠦᠭᠦᠷᠢᠭ ᠵᠠᠷᠤᠴᠠᠭᠤᠯᠤᠨ᠎ᠠ᠃ ᠨᠠᠮᠤᠷ᠎ᠤᠨ ᠰᠡᠭᠦᠯᠴᠢ ᠪᠡᠷ ᠮᠠᠯ᠎ᠤᠨ ᠭᠠᠷᠭᠠᠯᠲᠠ ᠪᠡᠨ ᠳᠠᠭᠤᠰᠭᠠᠭᠠᠳ᠂ ᠵᠢᠯ᠎ᠤᠨ ᠤᠷᠤᠯᠭ᠎ᠠ ᠵᠠᠷᠤᠯᠭ᠎ᠠ ᠪᠡᠨ ᠳ᠋ᠦᠡᠭᠨᠡᠬᠦ ᠳ᠋ᠤ ᠴᠡᠪᠡᠷ ᠤᠷᠤᠯᠭ᠎ᠠ ᠨᠢ ᠲᠡᠢᠮᠦ ᠰᠡᠳᠬᠢᠯ ᠬᠠᠨᠤᠮᠵᠢᠳᠠᠢ ᠪᠢᠰᠢ᠃ ᠡᠢᠮᠤ ᠪᠠᠢᠳᠠᠯ ᠲᠤᠤᠷ᠎ᠠ ᠯᠢᠦ ᠯᠢᠨ ᠰᠢᠤ ᠠᠵᠤ ᠠᠬᠤᠶ᠎ᠶ᠋ᠢᠨ ᠲᠠᠩᠰᠠ ᠪᠤᠯᠤᠨ ᠡᠳᠦᠷ ᠢᠷᠡᠬᠦᠶ᠎ᠡ ᠮᠠᠭᠤᠳᠠᠵᠤ ᠪᠠᠢᠭ᠎ᠠ ᠪᠡᠯᠴᠢᠭᠡᠷ᠎ᠦᠨ ᠠᠮᠢ ᠠᠬᠤᠶ᠎ᠶ᠋ᠢᠨ ᠨᠠᠷᠢᠨ ᠲᠠᠩᠰᠠ ᠵᠢ ᠲᠤᠡᠭᠭᠠᠨ ᠪᠤᠳᠤᠭᠠᠳ ᠮᠠᠯᠵᠢᠯ᠎ᠤᠨ ᠪᠦᠲᠦᠴᠡ ᠳ᠋ᠠᠬᠡᠡ ᠦᠭᠡᠷᠡᠴᠢᠯᠡᠯᠳᠡ ᠬᠢᠬᠦ ᠪᠡᠷ ᠵᠤᠷᠢᠭ ᠰᠢᠭᠤᠳᠴᠠᠢ᠃ 2017 ᠤᠨ ᠡᠴᠡ ᠲᠡᠷᠠ ᠮᠠᠯ᠎ᠤᠨ ᠵᠠᠷᠤᠴᠠᠭᠤᠯᠤᠯᠳᠠ ᠪᠡᠨ ᠲᠦᠷᠭᠡᠳᠭᠡᠨ 2021 ᠣᠨ ᠎ᠳᠤ ᠬᠣᠨᠢ ᠪᠠᠠ 400 ᠪᠤᠯᠭᠠᠨ ᠴᠦᠭᠡᠳᠭᠡᠵᠦ᠂ ᠦᠬᠡᠷ ᠵᠢᠠᠠ 200 ᠭᠠᠷᠤᠶ ᠪᠤᠯᠭᠠᠬᠰᠠᠠ ᠵᠢᠡᠷ ᠨᠤᠲᠤᠭ ᠪᠡᠯᠴᠢᠭᠡᠷ᠎ᠤᠨ ᠠᠮᠢ ᠠᠬᠤᠢ ᠮᠡᠳᠡᠭᠳᠡᠮ᠎ᠡ ᠰᠠᠢᠵᠢᠷᠠᠵᠤ᠂ ᠮᠠᠯ᠎ᠤᠨ ᠵᠠᠷᠤᠴᠠᠭᠤᠯᠤᠯᠳᠠ ᠪᠡᠨ ᠦᠷᠭᠡᠳᠭᠡᠭᠰᠡᠨ ᠵᠢᠠᠷ ᠰᠠᠭᠤᠷᠢ ᠲᠦᠬᠦᠭᠡᠷᠦᠮᠵᠢ ᠵᠢᠨ ᠪᠦᠲᠦᠭᠡᠨ ᠪᠠᠢᠭᠤᠯᠤᠯᠳᠠ ᠴᠢᠡᠭᠭᠠᠷᠠᠵᠤ᠂ ᠰᠦᠷᠦᠭ᠎ᠤᠨ ᠪᠦᠲᠦᠴᠡ᠂ ᠡᠭᠦᠯᠳᠡᠷ ᠰᠤᠯᠢᠬᠤ ᠪᠡᠯᠡ ᠮᠦᠡᠭᠭᠦᠨ᠎ᠤ ᠬᠠᠳᠠᠭᠠᠯᠠᠮᠵᠢ ᠲᠠᠢ ᠪᠤᠯᠵᠠᠢ᠃

《ᠡᠨᠡ ᠬᠡᠳᠦᠨ ᠵᠢᠯ ᠨᠤᠲᠤᠭ ᠪᠡᠯᠴᠢᠭᠡᠷ ᠵᠢᠠᠠ ᠠᠮᠠᠷᠠᠭᠤᠯᠬᠤ ᠵᠢᠨ ᠵᠡᠷᠭᠡ ᠪᠡᠷ ᠮᠠᠯᠵᠢᠯ᠎ᠤᠨ ᠠᠰᠠᠭᠤᠳᠠᠯ᠎ᠢ ᠪᠣᠳᠣᠯᠬᠢᠯᠠᠵᠥ ᠠᠡᠭᠭᠸᠰ ᠡᠭᠦᠯᠳᠡᠷ᠎ᠤᠨ ᠦᠬᠡᠷ  ᠮᠠᠯᠵᠢᠬᠤ ᠲᠦᠯᠦᠪᠯᠡᠭᠡ ᠭᠠᠷᠭᠠᠭᠰᠠᠨ》ᠭᠡᠵᠦ᠍ ᠯᠢᠦ ᠯᠢᠨ ᠱᠢᠸ᠋ ᠶᠠᠷᠢᠨ᠎ᠠ᠃

ᠲᠡᠷᠡ ᠨᠢᠭᠡᠯᠡ ᠲᠡᠭᠡᠷ᠎ᠡ 180 ᠲᠦᠮᠡᠨ ᠲᠦᠭᠦᠷᠢᠭ᠎ᠤᠨ ᠪᠡᠯᠡ ᠮᠦᠩᠭᠦ ᠵᠠᠷᠤᠴᠠᠭᠤᠯᠤᠨ᠂ ᠵᠡᠭᠦᠨ ᠦᠵᠦᠮᠦᠴᠢᠨ ᠬᠣᠱᠢᠭᠤᠨ᠎ᠤ ᠠᠡᠭᠭᠸᠰ ᠦᠬᠡᠷ ᠮᠠᠯᠵᠢᠬᠤ ᠰᠠᠭᠤᠷᠢᠨ ᠡᠴᠡ ᠤᠷᠢᠳ ᠬᠣᠵᠢᠳ 60 ᠬᠢᠵᠠᠭᠠᠯᠠᠡᠭ ᠦᠨᠢᠶ᠎ᠡ ᠪᠠ 70 ᠲᠤᠭᠤᠯ ᠬᠤᠳᠠᠯᠳᠤᠨ ᠠᠪᠴᠠᠢ᠃

《 ᠠᠡᠭᠭᠸᠰ ᠡᠭᠦᠯᠳᠡᠷ᠎ᠤᠨ ᠦᠭᠡᠷ ᠬᠦᠢᠳᠡᠨ ᠳ᠋ᠤ ᠦᠯᠴᠢᠷ ᠲᠡᠰᠪᠦᠷᠢᠳᠡᠢ ᠪᠦᠭᠡᠳ ᠡᠪᠡᠳᠴᠢᠨ ᠭᠡᠮ᠎ᠢ ᠡᠰᠡᠷᠭᠦᠴᠡᠬᠦ ᠳ᠋ᠡᠭᠡᠨ ᠲᠠᠪᠠᠭᠤ᠂ ᠲᠡᠷᠡ ᠮᠦᠷᠳᠡᠭᠡᠨ ᠠᠵᠤ ᠠᠬᠤᠢ ᠵᠢᠨ ᠦᠷ᠎ᠡ ᠠᠰᠢᠬ ᠴᠤ᠌ ᠬᠠᠷᠢᠴᠠᠡᠭᠭᠤᠢ ᠰᠠᠢᠨ᠂ ᠡᠨᠡ ᠵᠢᠯ᠎ᠦᠨ ᠭᠠᠷᠭᠠᠯᠲᠠ᠎ᠶ᠋ᠢᠨ ᠪᠠᠢᠳᠠᠯ ᠬᠢᠭᠡᠳ ᠠᠰᠢᠬ ᠤᠷᠤᠯᠭ᠎ᠠ ᠵᠢᠨ ᠪᠠᠢᠳᠠᠯ ᠵᠢᠡᠷ ᠪᠤᠯ  ᠢᠷᠡᠬᠦ᠌ ᠵᠢᠯ᠎ᠡᠴᠡ ᠬᠣᠨᠢ ᠢᠮᠠᠭ᠎ᠠ ᠬᠢᠭᠡᠳ ᠪᠤᠰᠤᠳ ᠡᠭᠦᠯᠳᠡᠷ᠎ᠤᠨ ᠦᠬᠡᠷ᠎ᠦᠨ ᠲᠣᠭ᠎ᠠ ᠵᠢ ᠲᠤᠢᠯᠪᠤᠷᠢᠲᠠᠶ ᠪᠠᠭᠠᠰᠭᠠᠵᠤ᠂ ᠲᠤᠰᠭᠠᠢᠵᠢᠭ᠍ᠰᠠᠨ᠂ ᠬᠡᠪᠴᠢᠶᠡᠵᠢᠭ᠌ᠰᠡᠨ᠂ ᠨᠠᠷᠠᠲᠤ ᠲᠡᠮᠳᠡᠭ᠌᠎ᠢ ᠡᠭᠦᠳᠬᠦ ᠮᠠᠯᠵᠢᠯ ᠤ᠋ᠠ ᠵᠠᠮ᠎ᠢᠶᠠᠷ ᠵᠠᠮᠨᠠᠨ᠎ᠠ》 ᠭᠡᠵᠦ ᠬᠠᠷᠠᠯᠳᠠ ᠲᠦᠯᠦᠪᠯᠡᠬᠡ ᠪᠠᠠ ᠨᠢᠭᠤᠯᠳᠠ ᠦᠬᠡᠢ ᠶᠠᠷᠢᠵᠤ ᠪᠢᠯᠡ᠃

ᠣᠷᠴᠢᠭᠤᠯᠤᠭ᠍ᠴᠢ᠄
ᠨᠠᠢᠷᠠᠭᠤᠯᠤᠭ᠍ᠴᠢ᠄ ᠤᠶᠤᠨᠲᠠᠨ᠎ᠠ
ᠲᠤᠮᠳᠠᠳᠤ ᠤᠯᠤᠰ᠎ᠤᠨ ᠮᠤᠩᠭᠤᠯ ᠬᠡᠯᠡᠡ᠎ᠤ ᠰᠤᠨᠢᠠ ᠮᠠᠳᠡᠭᠡ᠎ᠶ᠋ᠢᠨ ᠰᠦᠯᠵᠢᠶ᠎ᠠ
ᠢᠷᠡᠯᠲᠡ᠄
ᠬᠤᠪᠢᠶᠠᠯᠴᠠᠬᠤ᠄
ᠬᠠᠮᠢᠶ᠎ᠡ ᠪᠦᠬᠦᠢ ᠰᠣᠨᠢᠨ

2008-2025 © ᠳᠤᠮᠳᠠᠳᠤ ᠤᠯᠤᠰ᠎ᠤᠨ ᠮᠤᠩᠭᠤᠯ ᠬᠡᠯᠡᠨ᠎ᠤ ᠰᠤᠨᠢᠨ ᠮᠡᠳᠡᠭᠡᠨ᠎ᠤ ᠰᠦᠯᠵᠢᠶ᠎ᠡ ᠦᠮᠴᠢᠯᠡᠯ᠎ᠤᠨ ᠡᠷᠬᠡ᠎ᠲᠠᠢ

ᠵᠤᠬᠢᠶᠠᠭᠴᠢ᠎ᠶᠢᠨ ᠡᠷᠬᠡ ᠬᠠᠤᠯᠢ᠎ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ᠎ᠪᠠᠷ ᠬᠠᠭᠤᠯᠪᠤᠷᠢᠯᠠᠬᠤ᠎ᠶᠢ ᠬᠠᠲᠠᠭᠤ ᠬᠤᠷᠢᠭᠯᠠᠨ᠎ᠠ

ᠬᠠᠷᠢᠯᠴᠠᠬᠤ ᠤᠲᠠᠰᠤ᠄0471-6635435

ᠢᠮᠧᠯ᠄mgyxww@163.com   蒙ICP备10000005号