ᠲᠦᠷᠪᠡᠨ ᠦᠶ᠎ᠡ ᠪᠡᠷ ᠵᠢᠡᠨ ᠰᠢᠨᠡᠯᠡᠭᠰᠡᠨ ᠵᠤᠯ ᠵᠢᠷᠭᠠᠯᠳᠤ ᠴᠠᠭᠠᠨ ᠰᠠᠷ᠎ᠠ
2022-02-15 09:38:25
ᠵᠣᠬᠢᠶᠠᠭ᠍ᠴᠢ᠄
ᠲᠡᠬᠦᠰᠪᠢᠯᠢᠭ
ᠣᠩᠱᠢᠭ᠍ᠰᠠᠨ ᠣᠳᠠᠭ᠎ᠠ᠄
★★★☆☆

ᠴᠠᠭᠠᠨ ᠰᠠᠷ᠎ᠠ ᠎ᠶᠢᠨ ᠰᠢᠨ᠎ᠡ ᠎ᠶᠢᠨ ᠲᠠᠪᠤᠨ ᠎ᠳᠤ᠂ ᠰᠤᠷᠪᠤᠯᠵᠢᠯᠠᠭᠴᠢ ᠪᠠᠶᠠᠨᠨᠠᠭᠤᠷ ᠬᠣᠲᠠ᠎ᠶᠢᠨ ᠤᠷᠠᠳ᠎ᠤᠨ ᠡᠮᠦᠨᠡᠲᠦ ᠬᠣᠰᠢᠭᠤᠨ᠎ᠤ ᠡᠷᠳᠡᠨᠢᠪᠤᠯᠠᠭ ᠰᠤᠮᠤ᠎ᠶᠢᠨ ᠪᠠᠶᠠᠨ᠌ᠡᠦ᠋ᠨᠳᠦᠷ ᠭᠠᠴᠠᠭᠠᠨ᠎ᠤ ᠰᠠᠷᠠᠨᠭᠡᠷᠡᠯ ᠨᠠᠰᠤᠳᠠᠨ᠎ᠤ᠎ᠳᠤ ᠬᠦᠷᠴᠦ᠂ ᠳᠥᠷᠪᠡᠨ ᠦᠶ᠎ᠡ ᠪᠡᠷ ᠵᠢᠡᠨ ᠬᠥᠷ ᠬᠥᠭᠵᠢᠶᠡᠨ ᠲᠠᠢ᠎ᠰᠢᠨᠡᠯᠡᠭᠰᠡᠨ ᠲᠣᠮᠣ ᠬᠡᠷ ᠪᠦᠯᠢ᠎ᠶᠢᠨ ᠰᠠᠷ᠎ᠠ ᠰᠢᠨ᠎ᠡ᠎ᠶᠢᠨ ᠵᠤᠯᠭᠠᠯᠳᠠ ᠎ᠶᠢ ᠰᠤᠨᠢᠷᠬᠠᠪᠠ᠃

ᠰᠠᠷᠠᠨᠭᠡᠷᠡᠯ ᠨᠠᠰᠤᠳᠠᠨ ᠡᠨᠡ ᠵᠢᠯ 83 ᠨᠠᠰᠤᠲᠠᠢ᠂ 9 ᠬᠡᠦᠬᠡᠳ᠎ᠲᠡᠶ᠂ ᠬᠡᠳᠤ ᠬᠡᠳᠤᠠ ᠤᠮᠪᠤᠯᠤ᠂ ᠵᠢᠭᠡ ᠤᠮᠪᠤᠯᠤ ᠨᠢ ᠠᠢᠯ ᠭᠡᠷ ᠪᠤᠯᠤᠭᠠᠳ ᠤᠯᠠᠨ ᠵᠢᠯ ᠪᠤᠯᠵᠤ᠂ ᠵᠢᠴᠢ ᠣᠮᠪᠣᠯᠣ ᠵᠢᠠ ᠬᠢᠨᠢ ᠬᠠᠮᠤᠭ᠎ᠤᠨ ᠶᠡᠬᠡ ᠨᠢ ᠠᠷᠪᠠᠨ ᠭᠡᠳᠦᠨ ᠨᠠᠰᠤᠲᠠᠢ᠂ ᠨᠢᠭᠡ ᠭᠡᠷ᠎ᠦᠨ ᠶᠡᠬᠡ ᠪᠠᠭ᠎ᠠ ᠲᠦᠴᠢ ᠭᠠᠷᠤᠢ ᠠᠮᠠ ᠪᠦᠯᠢ᠎ᠲᠠᠶ᠃

ᠰᠠᠷᠠᠨᠭᠡᠷᠡᠯ ᠨᠠᠰᠤᠳᠠᠨ ᠲᠠᠪᠤᠳᠤᠭᠠᠷ ᠦᠬᠢᠨ ᠲᠤᠶᠠᠭ᠎ᠠ ᠲᠠᠢ ᠪᠠᠨ ᠴᠤᠭ ᠠᠮᠢᠳᠤᠷᠠᠵᠤ ᠪᠠᠢᠨ᠎ᠠ᠂

《ᠡᠵᠢ ᠬᠠᠮᠢᠭ᠎ᠠ ᠪᠠᠢᠪᠠᠯ ᠭᠡᠷ ᠲᠡᠨᠳᠠ ᠪᠠᠢᠨ᠎ᠠ ᠭᠡᠵᠦ ᠬᠡᠦᠭᠡᠳ᠎ᠤᠳ ᠮᠠᠨᠢ ᠶᠠᠷᠢᠨ᠎ᠠ᠃ ᠴᠠᠭᠠᠨ ᠰᠠᠷ᠎ᠠ ᠪᠤᠯᠤᠭᠰᠠᠭᠠᠷ ᠬᠡᠦᠬᠡᠳ᠎ᠤᠳ ᠮᠢᠨᠢ ᠪᠦᠭᠦᠳᠡᠭᠡᠷ᠎ᠢᠶᠡᠨ ᠦᠷ᠎ᠡ ᠬᠡᠦᠬᠡᠳ᠎ᠢᠶᠡᠨ ᠳᠠᠭᠠᠭᠤᠯᠤᠨ ᠢᠷᠡᠵᠥ ᠨᠠᠳᠠ ᠲᠡᠢ ᠰᠢᠨ᠎ᠡ᠎ᠶᠢᠨ ᠵᠣᠯᠭᠠᠯᠲᠠ ᠬᠢᠵᠦ᠂ ᠪᠦᠬᠦ ᠭᠡᠷ ᠎ᠢᠶᠡᠷ᠎ᠢᠶᠡᠨ ᠬᠠᠮᠲᠤ ᠬᠣᠭᠣᠯᠠ ᠢᠳᠡᠵᠦ᠂ ᠬᠦᠭᠵᠢᠶᠡᠨ ᠨᠠᠷᠬᠢᠶᠠᠨ ᠲᠠᠢ ᠰᠢᠨᠠᠯᠠᠳᠡᠭ ᠰᠢᠤ》 ᠭᠡᠮᠡᠨ ᠰᠠᠷᠠᠨᠭᠡᠷᠡᠯ ᠨᠠᠰᠤᠳᠠᠨ ᠪᠠᠶᠠᠷᠲᠠᠢ ᠶᠠᠷᠢᠨ᠎ᠠ᠃

ᠰᠠᠷᠠᠨᠭᠡᠷᠡᠯ ᠨᠠᠰᠤᠲᠠᠨ ᠨᠠᠰᠤ ᠠᠬᠢᠭᠰᠠᠨ ᠪᠣᠯᠪᠠᠴᠤ ᠬᠠᠷᠠᠭ᠎ᠠ ᠰᠤᠨᠤᠷ ᠰᠠᠢᠲᠠᠢ᠂ ᠭᠠᠭᠴᠠ ᠬᠦᠯ ᠡᠪᠡᠳᠬᠦ ᠠᠷᠬᠠᠭ ᠲᠠᠢ᠃ ᠦᠬᠢᠨ ᠲᠠᠢ ᠪᠠᠨ ᠬᠤᠶᠠᠭᠤᠯᠠ ᠭᠡᠳᠦᠨ ᠵᠠᠭᠤᠨ ᠬᠣᠨᠢ ᠢᠮᠠᠭ᠎ᠠ ᠮᠠᠯᠵᠢᠵᠥ᠂ ᠰᠠᠢᠬᠠᠨ ᠤᠨᠳᠤᠷᠤᠵᠦ ᠪᠠᠢᠨ᠎ᠠ᠃

《ᠡᠵᠢ᠎ᠶᠢᠨ ᠪᠡᠶ᠎ᠡ ᠮᠠᠰᠢ ᠰᠠᠢᠨ᠂ ᠬᠤᠷᠠᠭ᠎ᠠ ᠢᠰᠢᠬᠡ ᠠᠷᠠᠴᠢᠯᠠᠵᠥ ᠲᠡᠵᠢᠭᠡᠬᠦ᠎ᠳᠤ ᠬᠦᠷᠳᠡᠯ᠎ᠡ ᠶᠡᠭᠡ ᠲᠤᠰᠠ ᠳᠡᠮ ᠪᠤᠯᠳᠠᠭ᠂ ᠵᠢᠯ ᠳ᠋ᠠᠭᠡᠡ ᠰᠢᠨ᠎ᠡ᠎ᠶᠢᠨ ᠨᠢᠭᠡᠨ᠎ᠡᠴᠡ ᠰᠢᠨ᠎ᠡ᠎ᠶᠢᠨ ᠭᠤᠷᠪᠠᠨ ᠬᠦᠷᠲᠡᠯ᠎ᠠ 3 ᠡᠳᠦᠷ ᠯᠠ ᠠᠮᠠᠷᠠᠨ᠎ᠠ᠃ ᠴᠠᠭᠠᠨ ᠰᠠᠷ᠎ᠠ᠎ᠡᠴᠡ ᠡᠮᠦᠨ᠎ᠡ ᠭᠠᠷᠤᠭᠰᠠᠨ ᠬᠤᠷᠠᠭ᠎ᠠ ᠢᠰᠢᠬᠡ᠎ᠶᠢ ᠰᠠᠷ᠎ᠠ ᠭᠠᠷᠤᠢ ᠲᠡᠵᠢᠭᠡᠵᠥ ᠪᠤᠷᠳᠤᠪᠡᠯ 1000 ᠲᠥᠭᠥᠷᠢᠭ ᠬᠦᠷᠦᠨ᠎ᠡ》 ᠭᠡᠳ ᠲᠤᠶᠠᠭ᠎ᠠ ᠶᠠᠷᠢᠭᠠᠳ ᠢᠨᠢᠶᠡᠮᠰᠦᠭᠯᠡᠨ᠎ᠡ᠃

ᠦᠳᠡ᠎ᠶᠢᠨ 12 ᠴᠠᠭ᠎ᠲᠤ᠂ ᠰᠠᠷᠠᠨᠭᠡᠷᠡᠯ ᠨᠠᠰᠤᠳᠠᠨ ᠬᠤᠷᠠᠭ᠎ᠠ ᠢᠰᠢᠭᠡ ᠪᠠᠨ ᠤᠰᠤᠯᠠᠵᠥ ᠡᠪᠡᠰᠤᠯᠡᠴᠢᠬᠡᠬᠡᠳ ᠭᠡᠷ᠎ᠲᠡᠭᠡᠨ ᠤᠷᠤᠬᠤ᠎ᠳᠤ᠂《ᠡᠯᠦᠨᠴᠡ ᠡᠮᠡᠭᠡ ᠮᠢᠨᠢ ᠠᠵᠢᠯ᠎ᠠᠴᠠ᠎ᠪᠠᠨ ᠪᠠᠭᠤᠯ᠎ᠠ》ᠭᠡᠵᠦ ᠲᠠᠪᠤᠠ ᠨᠠᠰᠤᠲᠠᠢ ᠪᠢᠴᠢᠬᠠᠨ ᠵᠢᠴᠢ ᠤᠮᠪᠤᠯᠤ ᠨᠢ ᠱᠣᠭᠯᠡᠨ᠎ᠡ᠃

《ᠡᠵᠢ ᠡ᠂ ᠰᠠᠢᠨ ᠰᠢᠨᠡᠯᠡᠪᠠᠤ! ᠲᠠ ᠤᠳᠤ ᠭᠡᠷ᠎ᠲᠡᠭᠡᠨ ᠠᠮᠠᠷᠠᠵᠤ ᠰᠠᠭᠤᠬᠤ ᠦᠭᠡᠢ ᠶᠠᠭᠠᠬᠢᠭᠠᠳ ᠪᠠᠰᠠ ᠮᠠᠯ᠎ᠤᠨ ᠬᠠᠰᠢᠶ᠎ᠠ ᠤᠷᠤᠭᠤ ᠭᠦᠶᠦᠭᠡᠳ ᠪᠠᠢᠨ᠎ᠠ ᠪᠤᠢ》ᠭᠡᠳ ᠭᠠᠳᠠᠨ᠎ᠠ ᠣᠷᠣᠨ᠎ᠳᠤ ᠠᠮᠢᠳᠤᠷᠠᠵᠥ ᠪᠠᠢᠭ᠎ᠠ ᠶᠡᠬᠡ ᠦᠬᠢᠨ ᠪᠤᠯᠤᠨ ᠲᠦᠷᠪᠡᠳᠦᠭᠡᠷ ᠥᠬᠢᠨ ᠨᠢ ᠡᠵᠢ ᠲᠡᠢ ᠪᠠᠠ ᠮᠠᠠᠳᠤᠴᠢᠯᠠᠠ ᠵᠤᠯᠭᠠᠬᠤ ᠵᠢᠠ ᠵᠡᠷᠬᠡ ᠪᠠᠷ ᠡᠵᠢ ᠪᠠᠨ ᠬᠠᠯᠠᠮᠵᠢᠯᠠᠨ᠎ᠠ᠃

《ᠬᠡᠦᠭᠡᠳ᠎ᠤᠳ ᠮᠢᠨᠢ ᠪᠦᠭᠦᠳᠡᠭᠡᠷ᠎ᠢᠶᠡᠨ ᠰᠠᠢᠨ ᠰᠢᠨᠡᠯᠡᠪᠡᠤ ? ᠡᠵᠢ ᠨᠢ ᠵᠦᠭᠡᠷ ᠰᠠᠭᠤᠵᠤ ᠴᠢᠳᠠᠬᠤ ᠦᠭᠡᠢ ᠰᠢᠤ》ᠭᠡᠵᠦ ᠰᠠᠷᠠᠨᠭᠡᠷᠡᠯ ᠨᠠᠰᠤᠲᠠᠨ ᠬᠡᠯᠡᠨ᠎ᠡ᠃

ᠡᠨᠡ ᠦᠶ᠎ᠡ᠎ᠳᠦ ᠭᠠᠯ ᠲᠣᠭᠣᠭᠠᠨ᠎ᠤ ᠦᠷᠦᠭᠡᠨ᠎ᠳᠤ ᠶᠠᠭᠠᠷᠠᠵᠤ ᠪᠠᠢᠭᠰᠠᠨ ᠲᠤᠶᠠᠭ᠎ᠠ᠄ 《ᠬᠤᠨᠢ ᠢᠮᠠᠭ᠎ᠠ ᠪᠤᠯ ᠡᠵᠢ ᠵᠢᠠ ᠮᠢᠨᠢ ᠠᠮᠢᠠ ᠡᠷᠳᠡᠨᠢ ᠰᠢᠤ》 ᠭᠡᠵᠦ ᠢᠨᠢᠶᠡᠮᠰᠦᠭᠯᠡᠨ ᠶᠠᠷᠢᠨ᠎ᠠ᠃

《ᠬᠣᠨᠢ ᠢᠮᠠᠭ᠎ᠠ ᠪᠠᠨ ᠰᠠᠢᠬᠠᠠ ᠠᠷᠠᠴᠢᠯᠠᠵᠥ ᠲᠤᠳᠤᠮᠳᠠᠬᠤ ᠦᠬᠡᠢ ᠪᠤᠯ ᠶᠠᠭᠤ ᠪᠠᠠ ᠢᠳᠡᠵᠦ ᠶᠠᠭᠤ ᠪᠠᠠ ᠤᠤᠭᠤᠬᠤ ᠪᠤᠢ? ᠥᠨᠥ ᠵᠢᠯ ᠶᠠᠭᠤ ᠬᠡᠯᠡᠭᠰᠡᠨ᠎ᠴᠦ ᠢᠰᠢᠭᠡ ᠬᠤᠷᠠᠭ᠎ᠠ᠎ᠪᠡᠨ ᠡᠷᠲᠡ ᠬᠤᠳᠠᠯᠳᠤᠬᠤ ᠦᠭᠡᠢ᠂ ᠵᠢᠯ ᠪᠦᠷᠢ ᠲᠠᠪᠤ ᠵᠢᠷᠭᠤᠭᠠᠨ ᠮᠢᠨᠭᠭᠠᠨ ᠲᠥᠭᠥᠷᠢᠭ ᠬᠣᠬᠢᠷᠠᠨ᠎ᠠ》 ᠭᠡᠳ ᠨᠠᠰᠤᠲᠠᠨ ᠰᠤᠷᠭᠠᠯ ᠬᠠᠢᠷᠠᠯᠠᠨ᠎ᠠ᠃

《ᠪᠢ ᠲᠠᠨ᠎ᠢ ᠶᠠᠳᠠᠷᠠᠬᠤ᠎ᠠᠴᠠ ᠠᠶᠤᠵᠤ ᠪᠠᠢᠭ᠎ᠠ ᠪᠢᠰᠢ ᠦᠦ!》

《〈ᠬᠥᠮᠦᠨ ᠥᠲᠡᠯᠪᠡᠯ ᠶᠠᠰᠤ ᠬᠠᠲᠠᠭᠤᠷᠠᠨ᠎ᠠ᠂ ᠠᠵᠢᠯᠯᠠᠬᠤ ᠲᠤᠲᠤᠮ ᠡᠷᠴᠢ ᠬᠦᠴᠦᠨ᠎ᠲᠡᠶ〉 ᠪᠤᠯᠤᠨ᠎ᠠ ᠰᠢᠤ》ᠬᠡᠰᠠᠠ ᠰᠠᠷᠠᠨᠭᠡᠷᠡᠯ ᠨᠠᠰᠤᠲᠠᠨ ᠬᠢᠬᠡᠳ ᠦᠬᠢᠨ ᠤ᠋ ᠬᠢᠨᠢ ᠶᠠᠷᠢᠯᠴᠠᠭ᠎ᠠ ᠣᠯᠠᠨ᠎ᠢ ᠢᠨᠢᠶᠡᠯᠭᠡᠪᠡ᠃

《ᠡᠯᠦᠨᠴᠡ ᠡᠮᠡᠭᠡ ᠮᠢᠨᠢ ᠰᠠᠢᠨ ᠰᠢᠨᠡᠯᠡᠪᠡᠦ᠂ ᠲᠠᠨ᠎ᠤ ᠤᠷᠲᠤ ᠨᠠᠰᠤᠯᠠᠵᠤ ᠤᠳᠠᠭᠠᠨ ᠵᠢᠷᠭᠠᠬᠤ᠎ᠶᠢ ᠬᠦᠰᠠᠠ ᠵᠦᠨᠭᠨᠡᠶ᠎ᠠ》 ᠭᠡᠵᠦ ᠬᠡᠳᠦᠨ ᠪᠢᠴᠢᠬᠠᠨ ᠠᠮᠢᠲᠠᠨ ᠬᠠᠨᠵᠤᠠ ᠲᠡᠬᠡᠷ᠎ᠠ ᠵᠤᠭᠰᠤᠠ ᠲᠣᠯᠣᠭᠠᠶ ᠪᠦᠬᠦᠢᠠ ᠮᠥᠷᠭᠥᠨ ᠰᠢᠨ᠎ᠡ᠎ᠶᠢᠨ ᠵᠣᠯᠭᠠᠯᠲᠠ ᠬᠢᠨ᠎ᠡ᠃

《ᠮᠢᠨᠤ ᠬᠡᠳᠦᠨ ᠴᠤᠪᠤᠭᠤ ᠠᠮᠢᠲᠠᠨ᠂ ᠡᠯᠦᠨᠴᠡ ᠡᠮᠡᠭᠡ ᠨᠢ ᠲᠠ᠎ᠨᠠᠷ᠎ᠲᠤ ᠡᠷᠲᠡ ᠡᠴᠡ ᠤᠯᠠᠭᠠᠨ ᠪᠠᠬᠯᠠᠭ᠎ᠠ ᠪᠡᠯᠡᠳᠬᠡᠭᠰᠡᠨ ᠰᠢᠤ᠂ ᠲᠠ᠎ᠨᠠᠷ᠎ᠤᠨ ᠰᠠᠢ᠌ᠨ ᠰᠤᠷᠤᠯᠴᠠᠵᠤ ᠡᠳᠦᠷ᠎ᠡᠴᠡ ᠡᠳᠦᠷ ᠳᠠᠪᠰᠢᠬᠤ᠎ᠶᠢ ᠢᠷᠥᠭᠡᠶ᠎ᠡ!》 ᠭᠡᠵᠦ ᠰᠠᠷᠠᠨᠭᠡᠷᠡᠯ ᠨᠠᠰᠤᠲᠠᠨ ᠦᠷ᠎ᠡ ᠬᠤᠢᠴᠢᠰ ᠵᠢᠠᠠ ᠬᠠᠷᠠᠭᠠᠳ ᠴᠢᠷᠠᠢ ᠲᠦᠭᠦᠷᠡᠩ ᠪᠠᠶᠠᠷ᠎ᠤᠨ ᠮᠦᠰᠢᠶᠡᠯ ᠲᠤᠳᠤᠷᠠᠭᠤᠯᠤᠠ ᠡᠩᠭᠦᠷᠡᠢᠯᠡᠭᠰᠡᠬᠡᠷ ᠰᠢᠨ᠎ᠠ ᠵᠢᠠ ᠪᠡᠯᠡᠭ ᠵᠢᠠᠠ ᠭᠠᠷᠳᠠᠭᠤᠯᠤᠨ᠎ᠡ᠃

ᠤᠳᠠᠵᠥ ᠲᠦᠳᠡᠯ ᠦᠬᠡᠢ ᠰᠢᠷᠡᠬᠡ ᠲᠦᠬᠦᠷᠡᠩ ᠬᠠᠯᠠᠭᠤᠠ ᠬᠦᠢᠲᠡᠨ ᠵᠠᠭᠤᠰᠢ ᠭᠠᠷᠴᠤ ᠰᠠᠷᠠᠨᠭᠡᠷᠡᠯ ᠨᠠᠰᠤᠲᠠᠨ ᠭᠤᠤᠯ ᠰᠠᠭᠤᠳᠠᠯ᠎ᠳᠤ ᠰᠠᠭᠠᠲᠠᠵᠤ᠂ ᠬᠤᠨᠳᠠᠭ᠎ᠠ᠎ᠲᠠᠶ ᠠᠷᠢᠬᠢ᠎ᠪᠠᠨ ᠡᠷᠭᠦᠨ᠄《ᠮᠠᠨ᠎ᠤ ᠠᠮᠢᠳᠤᠷᠠᠯ ᠤᠯᠠᠮ᠎ᠠᠴᠠ ᠤᠯᠠᠮ ᠰᠠᠢᠵᠢᠷᠠᠬᠤ᠎ᠶᠢ ᠢᠷᠤᠬᠡᠡ ᠵᠥᠩᠨᠡᠶ᠎ᠡ! ᠬᠡᠵᠢᠶ᠎ᠠ ᠡᠬᠦᠷᠢᠳᠠ ᠡᠵᠢ᠎ᠨᠢ ᠲᠠ᠎ᠨᠠᠷ᠎ᠤᠨ ᠵᠢᠠᠠ ᠪᠠᠲᠤ ᠴᠢᠩᠭ᠎ᠠ ᠥᠮᠥᠭ ᠲᠦᠰᠢᠭ ᠰᠢᠤ》 ᠭᠡᠵᠦ ᠢᠷᠦᠬᠡᠠ ᠲᠤᠭᠤᠢ ᠰᠢᠷᠡᠬᠡ ᠪᠠᠠ ᠲᠤᠭᠤᠷᠢᠠ ᠰᠠᠭᠤᠵᠥ ᠰᠢᠨ᠎ᠠ ᠵᠢᠠ ᠬᠤᠭᠤᠯᠠ ᠪᠠᠠ ᠢᠳᠡᠵᠥ ᠳᠥᠷᠪᠡᠨ ᠦᠶ᠎ᠡ ᠪᠡᠷ᠎ᠢᠶᠡᠨ ᠠᠵᠠ ᠵᠢᠷᠭᠠᠯ ᠳ᠋ᠤ ᠱᠤᠨᠭᠪᠠᠨ᠎ᠠ᠃

ᠣᠷᠴᠢᠭᠤᠯᠤᠭ᠍ᠴᠢ᠄
ᠨᠠᠢᠷᠠᠭᠤᠯᠤᠭ᠍ᠴᠢ᠄ ᠰᠤᠶᠤᠯᠲᠦ
ᠲᠤᠮᠳᠠᠳᠤ ᠤᠯᠤᠰ᠎ᠤᠨ ᠮᠤᠩᠭᠤᠯ ᠬᠡᠯᠡᠡ᠎ᠤ ᠰᠤᠨᠢᠠ ᠮᠠᠳᠡᠭᠡ᠎ᠶ᠋ᠢᠨ ᠰᠦᠯᠵᠢᠶ᠎ᠠ
ᠢᠷᠡᠯᠲᠡ᠄
ᠬᠤᠪᠢᠶᠠᠯᠴᠠᠬᠤ᠄
ᠬᠠᠮᠢᠶ᠎ᠡ ᠪᠦᠬᠦᠢ ᠰᠣᠨᠢᠨ

2008-2025 © ᠳᠤᠮᠳᠠᠳᠤ ᠤᠯᠤᠰ᠎ᠤᠨ ᠮᠤᠩᠭᠤᠯ ᠬᠡᠯᠡᠨ᠎ᠤ ᠰᠤᠨᠢᠨ ᠮᠡᠳᠡᠭᠡᠨ᠎ᠤ ᠰᠦᠯᠵᠢᠶ᠎ᠡ ᠦᠮᠴᠢᠯᠡᠯ᠎ᠤᠨ ᠡᠷᠬᠡ᠎ᠲᠠᠢ

ᠵᠤᠬᠢᠶᠠᠭᠴᠢ᠎ᠶᠢᠨ ᠡᠷᠬᠡ ᠬᠠᠤᠯᠢ᠎ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ᠎ᠪᠠᠷ ᠬᠠᠭᠤᠯᠪᠤᠷᠢᠯᠠᠬᠤ᠎ᠶᠢ ᠬᠠᠲᠠᠭᠤ ᠬᠤᠷᠢᠭᠯᠠᠨ᠎ᠠ

ᠬᠠᠷᠢᠯᠴᠠᠬᠤ ᠤᠲᠠᠰᠤ᠄0471-6635435

ᠢᠮᠧᠯ᠄mgyxww@163.com   蒙ICP备10000005号