ᠠᠵᠢᠯ᠎ᠤᠨ ᠪᠠᠢᠷᠢ ᠲᠡᠬᠡᠷ᠎ᠠ ᠪᠡᠨ ᠱᠢᠨᠡᠯᠡᠭ᠌ᠰᠡᠨ ᠰᠡᠩᠬᠡ ᠡᠮᠴᠢ
2022-02-14 10:27:17
ᠵᠣᠬᠢᠶᠠᠭ᠍ᠴᠢ᠄
ᠡᠷᠳᠡᠨᠢᠵᠢᠷᠭᠠᠯ ᠪᠠᠶᠠᠨᠳᠠᠯᠠᠢ ᠣᠷᠴᠢᠯᠠᠩ
ᠣᠩᠱᠢᠭ᠍ᠰᠠᠨ ᠣᠳᠠᠭ᠎ᠠ᠄
★★★☆☆

ᠰᠤᠷᠪᠤᠯᠵᠢᠯᠠᠭ᠍ᠴᠢ ᠴᠠᠭᠠᠨ ᠰᠠᠷ᠎ᠠ᠎ᠶ᠋ᠢᠨ ᠱᠢᠨ᠎ᠠ ᠵᠢᠠ ᠲᠠᠪᠣᠨ ᠳ᠋ᠤ᠂ ᠦᠤᠱᠢᠨ ᠬᠤᠱᠢᠭᠤᠨ᠎ᠤ ᠮᠤᠩᠭᠤᠯ ᠡᠮᠨᠡᠯᠭᠡ᠎ᠶ᠋ᠢᠨ ᠶᠡᠷᠦᠩᠭᠡᠢᠯᠡᠭ᠌ᠰᠡᠨ ᠡᠮᠨᠡᠯᠭᠡ᠎ᠶ᠋ᠢᠨ ᠬᠤᠷᠢᠶᠠᠨ᠎ᠳᠤ ᠬᠦᠷᠬᠦ᠌᠎ᠳᠤ᠂ ᠡᠮᠴᠢ ᠰᠡᠩᠭᠡ ᠡᠩ᠎ᠦᠨ ᠡᠳᠣᠷ᠎ᠲᠡᠢ ᠪᠡᠨ ᠠᠳᠠᠯᠢ ᠠᠵᠢᠯ᠎ᠤᠨ ᠪᠠᠢᠷᠢ ᠲᠡᠬᠡᠷ᠎ᠠ  ᠪᠠᠨ ᠶᠠᠭᠠᠷᠠᠯᠲᠠᠢ  ᠠᠵᠢᠯᠯᠠᠵᠣ  ᠪᠠᠢ᠌ᠯ᠎ᠠ᠃

ᠲᠡᠷᠡ ᠰᠣᠷᠪᠣᠯᠵᠢᠯᠠᠬ᠍ᠴᠢ ᠳ᠋ᠥ᠄ 《ᠮᠠᠨ᠎ᠦ ᠡᠮᠨᠡᠯᠬᠡ ᠵᠢᠠ ᠬᠣᠷᠢᠶ᠎ᠠ ᠵᠢᠯ ᠴᠠᠭᠠᠨ ᠰᠠᠷ᠎ᠠ᠂ ᠠᠮᠠᠷᠠᠯᠳᠠ ᠵᠢᠠ ᠬᠣᠭᠣᠴᠠᠭᠠᠨ ᠳ᠋ᠤ ᠶᠠᠷᠣ ᠴᠢᠯᠥᠬᠡ ᠲᠠᠯᠪᠢᠳᠠᠬ ᠥᠬᠡᠢ᠂ ᠬᠣᠷᠢᠶᠠᠨ᠎ᠡᠴᠨ ᠵᠢᠵᠢᠬᠥᠷ ᠡᠮᠴᠢ ᠰᠣᠪᠢᠯᠠᠬ᠍ᠴᠢ ᠳᠣᠬᠢᠷᠠᠭᠣᠯᠳᠠᠬ᠂ ᠪᠢ ᠡᠨᠡ ᠵᠢᠯ᠎ᠦᠨ ᠴᠠᠭᠠᠨ ᠰᠠᠷ᠎ᠠ ᠵᠢᠠ ᠠᠮᠠᠷᠠᠯᠳᠠ ᠵᠢᠠ ᠬᠣᠭᠣᠴᠠᠭᠠᠠ᠎ᠳᠦ ᠵᠢᠵᠢᠬᠦᠷᠯᠡᠵᠠᠢ᠃ ᠡᠢ᠌ᠮᠣ ᠪᠠᠢ᠌ᠳᠠᠯ ᠨᠠᠳᠠᠳᠣ ᠰᠣᠨᠢᠨ ᠶᠠᠭᠣᠮ᠎ᠠ ᠪᠢᠰᠢ ᠵᠥᠩᠳᠡᠭᠡᠨ ᠳᠣᠬᠢᠶᠠᠯᠳᠣᠳᠠᠬ᠃ ᠪᠢᠲᠡᠠ ᠱᠢᠭ ᠡᠮᠴᠢ ᠬᠥᠮᠥᠨ ᠠᠮᠠᠷᠠᠯᠲᠠ᠎ᠶ᠋ᠢᠨ ᠡᠲᠦᠷ ᠴᠤ᠌ ᠪᠤᠯᠤᠭ᠂ ᠠᠵᠢᠯᠯᠠᠵᠦ᠍ ᠪᠠᠢᠭ᠎ᠠ ᠡᠲᠦᠷ ᠴᠤ᠌ ᠪᠤᠯᠤᠬ᠂ ᠡᠭᠦᠷᠭᠡ ᠬᠠᠷᠢᠭᠤᠴᠠᠯᠭ᠎ᠠ ᠪᠡᠨ ᠪᠠᠳᠣ ᠴᠡᠬᠡᠵᠢᠯᠡᠵᠣ᠂ ᠡᠪᠡᠳᠴᠢᠳᠠᠨ ᠪᠥᠬᠥᠨ᠎ᠳ᠋ᠥ᠍ ᠬᠢᠨᠠᠮᠠᠭᠠᠢ ᠥᠢᠯᠡᠴᠢᠯᠡᠵᠣ ᠶᠠᠪᠣᠬᠣ ᠨᠢ ᠶᠠᠭᠣᠨ᠎ᠡᠴᠨ ᠴᠤ᠌ ᠴᠢᠬᠣᠯᠠ᠂ ᠡᠢᠮᠦ᠍᠎ᠠᠴᠠ ᠵᠢᠯ ᠴᠠᠭᠠᠨ ᠰᠠᠷ᠎ᠠ ᠠᠵᠢᠯ᠎ᠤᠨ ᠪᠠᠢᠷᠢ ᠲᠡᠬᠡᠷ᠎ᠠ ᠪᠠᠨ ᠱᠢᠨᠡᠯᠡᠬᠦ᠌᠎ᠳᠤ ᠡᠷᠡᠭᠡᠯᠵᠡᠵᠦ᠍ ᠲᠠᠲᠠᠭᠠᠯᠵᠠᠬᠤ ᠶᠠᠭᠤᠮ᠎ᠠ ᠠᠯᠠᠭ᠎ᠠ》 ᠭᠡᠵᠦ᠍ ᠢᠨᠢᠶᠡᠲᠦ ᠲᠤᠲᠤᠷᠠᠭᠤᠯᠤᠨ ᠶᠠᠷᠢᠨ᠎ᠠ᠃

ᠡᠮᠴᠢ ᠰᠡᠩᠭᠡ 2003 ᠤᠨ᠎ᠳᠤ ᠦᠪᠦᠷ ᠮᠤᠩᠭᠤᠯ᠎ᠤᠨ ᠦᠨᠲᠦᠰᠦᠲᠠᠨ᠎ᠤ ᠶᠡᠭᠡ ᠰᠤᠷᠭᠠᠭᠤᠯᠢ᠎ᠶ᠋ᠢᠨ ᠠᠨᠠᠭᠠᠬᠤ ᠤᠬᠠᠭᠠᠨ᠎ᠤ ᠳᠣᠰᠭᠠᠢ ᠮᠡᠷᠭᠡᠵᠢᠯ᠎ᠠᠴᠠ ᠲᠡᠭᠦᠰᠴᠤ᠌᠂ 2004 ᠤᠨ᠎ᠳᠤ᠂ ᠦᠤᠱᠢᠨ ᠬᠤᠱᠢᠭᠤᠨ᠎ᠤ ᠮᠤᠩᠭᠤᠯ ᠡᠮᠨᠡᠯᠭᠡ᠎ᠶ᠋ᠢᠨ ᠶᠡᠷᠦᠩᠭᠡᠢᠯᠡᠭ᠌ᠰᠡᠨ ᠡᠮᠨᠡᠯᠭᠡ᠎ᠶ᠋ᠢᠨ ᠬᠤᠷᠢᠶᠠᠨ᠎ᠳᠤ ᠠᠵᠢᠯᠯᠠᠵᠡᠢ᠃ ᠲᠡᠷᠡ ᠠᠵᠢᠯ ᠤ᠋ᠠ ᠪᠠᠢᠷᠢ ᠳ᠋ᠤ ᠭᠠᠷᠤᠭᠰᠠᠠ ᠡᠨᠡ ᠠᠷᠪᠠᠭᠠᠳ ᠵᠢᠯ᠎ᠦᠨ ᠡᠮᠴᠢᠯᠡᠬᠡᠨ᠎ᠦ ᠬᠣᠭᠣᠴᠠᠭᠠᠨ᠎ᠳ᠋ᠥ᠂ ᠡᠪᠡᠳᠴᠢᠳᠡᠨ᠎ᠢ ᠥᠪᠡᠷ᠎ᠦᠨ ᠳᠥᠷᠥᠯ ᠰᠡᠳᠣᠨ᠎ᠶ᠋ᠢᠡᠨ ᠱᠢᠬ ᠰᠠᠨᠠᠵᠣ ᠶᠠᠪᠣᠬ᠍ᠰᠠᠨ᠎ᠡᠴᠨ ᠤᠯᠠᠨ ᠲᠦᠮᠡᠨ᠎ᠤ ᠰᠡᠳᠭᠢᠯ ᠵᠢᠷᠦᠬᠡᠨ᠎ᠳᠤ ᠬᠦᠨ ᠬᠠᠲᠠᠩᠱᠢᠭᠰᠠᠨ ᠱᠢᠯᠢᠲᠡᠭ ᠡᠮᠴᠢ ᠪᠣᠯᠵᠣ᠂ ᠣᠷᠢᠳ ᠬᠣᠵᠢᠳ ᠤᠷᠤᠨ᠂ ᠬᠤᠲᠠ᠂ ᠬᠤᠱᠢᠭᠤᠨ᠎ᠤ ᠲᠡᠰ᠎ᠤᠨ ᠱᠢᠯᠢᠲᠡᠭ ᠡᠮᠴᠢ᠎ᠶ᠋ᠢᠨ ᠱᠠᠩᠨᠠᠯ ᠬᠦᠬᠢᠬᠦᠯᠦᠯ᠎ᠢ ᠤᠯᠠᠨ ᠤᠲᠠᠭ᠎ᠠ ᠲᠤᠰᠴᠤ ᠪᠢᠯᠡ᠃

ᠬᠣᠱᠢᠭᠣᠨ ᠳᠥᠪ ᠭᠠᠯᠠᠭᠣᠳᠣ ᠪᠠᠯᠭᠠᠰᠣ᠎ᠵᠢᠨ ᠰᠠᠭᠤᠭᠠᠯᠢ ᠠᠷᠠᠳ ᠮᠦᠷᠡᠨ ᠴᠠᠭᠠᠨ ᠰᠠᠷ᠎ᠠ᠎ᠶ᠋ᠢᠨ ᠠᠮᠠᠷᠠᠯᠲᠠ᠎ᠶ᠋ᠢᠨ ᠬᠤᠭᠤᠴᠠᠭᠠᠨ᠎ᠳᠤ᠂ ᠬᠦᠨᠲᠤ ᠲᠠᠭ᠍ᠰᠢᠭᠤᠷ᠎ᠲᠤ ᠨᠠᠷᠪᠡᠭ᠌ᠲᠡᠵᠦ᠍᠂ ᠰᠡᠩᠭᠡ ᠡᠮᠴᠢ᠎ᠪᠠᠷ ᠡᠮᠴᠢᠯᠡᠬᠦᠯᠬᠦ᠌᠎ᠪᠠᠷ ᠢᠷᠡᠭ᠌ᠰᠡᠨ ᠪᠠᠢᠯ᠎ᠠ᠃ 《ᠪᠢ ᠴᠠᠭᠠᠨ ᠰᠠᠷ᠎ᠠ᠎ᠶ᠋ᠢᠨ ᠱᠢᠨ᠎ᠡ᠎ᠶ᠋ᠢᠨ ᠬᠤᠶᠠᠷ᠎ᠲᠤ ᠬᠦᠨᠲᠤ ᠬᠠᠨᠢᠶᠠᠲᠤ᠎ᠳᠤ ᠨᠡᠷᠪᠡᠭ᠌ᠳᠡᠬᠡᠳ ᠰᠡᠩᠭᠡ ᠡᠮᠴᠢ᠎ᠶ᠋ᠢ ᠡᠷᠢᠵᠣ ᠢᠷᠡᠬᠡᠳ ᠪᠠᠢ᠌ᠴᠠᠭᠠᠯᠭᠠᠬ᠍ᠰᠠᠨ᠎ᠦ ᠲᠠᠷᠠᠭ᠎ᠠ ᠵᠡᠭᠦᠤ ᠲᠠᠷᠢᠭᠣᠯᠵᠣ᠂ ᠡᠮ ᠠᠪᠴᠥ᠍ ᠣᠣᠭᠣᠭᠠᠳ ᠣᠳᠣ ᠶᠡᠬᠡ ᠰᠠᠢ᠌ᠵᠢᠷᠠᠯ᠎ᠠ᠂ ᠥᠨᠣᠳᠣᠷ ᠲᠠᠬᠢᠨ ᠪᠠᠢ᠌ᠴᠠᠭᠠᠯᠭᠠᠬᠣ ᠪᠡᠷ ᠢᠷᠡᠭ᠌ᠰᠡᠨ ᠶᠣᠮ᠃ ᠮᠠᠨ᠎ᠦ ᠬᠤᠱᠢᠭᠤᠨ᠎ᠤ ᠮᠤᠩᠭᠤᠯ ᠡᠮᠨᠡᠯᠭᠡ᠎ᠶ᠋ᠢᠨ ᠶᠡᠷᠦᠩᠭᠡᠢᠯᠡᠭ᠌ᠰᠡᠨ ᠡᠮᠨᠡᠯᠭᠡ᠎ᠶ᠋ᠢᠨ ᠬᠤᠷᠢᠶ᠎ᠠ ᠵᠢᠠ ᠡᠮᠴᠢ ᠰᠣᠪᠢᠯᠠᠬ᠍ᠴᠢ ᠪᠦᠷ ᠡᠮᠴᠢᠯᠡᠬᠥ᠌ ᠣᠪᠣᠷ ᠨᠢ ᠰᠠᠢ᠌ᠨ᠂ ᠥᠢᠯᠡᠴᠢᠯᠡᠬᠥ᠌ ᠣᠪᠣᠷ ᠨᠢ ᠰᠠᠢ᠌ᠨ ᠱᠢᠥ !》 ᠬᠡᠵᠣ ᠮᠥᠷᠡᠨ ᠪᠠᠶᠠᠷᠳᠠᠢᠬᠠᠠ ᠶᠠᠷᠢᠨ᠎ᠠ᠃

ᠣᠷᠴᠢᠭᠤᠯᠤᠭ᠍ᠴᠢ᠄
ᠨᠠᠢᠷᠠᠭᠤᠯᠤᠭ᠍ᠴᠢ᠄ ᠤᠶᠤᠨᠲᠠᠨ᠎ᠠ
ᠲᠤᠮᠳᠠᠳᠤ ᠤᠯᠤᠰ᠎ᠤᠨ ᠮᠤᠩᠭᠤᠯ ᠬᠡᠯᠡᠡ᠎ᠤ ᠰᠤᠨᠢᠠ ᠮᠠᠳᠡᠭᠡ᠎ᠶ᠋ᠢᠨ ᠰᠦᠯᠵᠢᠶ᠎ᠠ
ᠢᠷᠡᠯᠲᠡ᠄
ᠬᠤᠪᠢᠶᠠᠯᠴᠠᠬᠤ᠄
ᠬᠠᠮᠢᠶ᠎ᠡ ᠪᠦᠬᠦᠢ ᠰᠣᠨᠢᠨ

2008-2025 © ᠳᠤᠮᠳᠠᠳᠤ ᠤᠯᠤᠰ᠎ᠤᠨ ᠮᠤᠩᠭᠤᠯ ᠬᠡᠯᠡᠨ᠎ᠤ ᠰᠤᠨᠢᠨ ᠮᠡᠳᠡᠭᠡᠨ᠎ᠤ ᠰᠦᠯᠵᠢᠶ᠎ᠡ ᠦᠮᠴᠢᠯᠡᠯ᠎ᠤᠨ ᠡᠷᠬᠡ᠎ᠲᠠᠢ

ᠵᠤᠬᠢᠶᠠᠭᠴᠢ᠎ᠶᠢᠨ ᠡᠷᠬᠡ ᠬᠠᠤᠯᠢ᠎ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ᠎ᠪᠠᠷ ᠬᠠᠭᠤᠯᠪᠤᠷᠢᠯᠠᠬᠤ᠎ᠶᠢ ᠬᠠᠲᠠᠭᠤ ᠬᠤᠷᠢᠭᠯᠠᠨ᠎ᠠ

ᠬᠠᠷᠢᠯᠴᠠᠬᠤ ᠤᠲᠠᠰᠤ᠄0471-6635435

ᠢᠮᠧᠯ᠄mgyxww@163.com   蒙ICP备10000005号