ᠱᠢᠨ᠎ᠡ᠎ᠶ᠋ᠢᠨ ᠲᠦᠯ ᠲᠤᠰᠤᠭ᠍ᠰᠠᠨ ᠦᠯᠢᠭᠡᠷ
2022-02-14 10:23:56
ᠵᠣᠬᠢᠶᠠᠭ᠍ᠴᠢ᠄
​ᠴᠤᠯᠮᠤᠨ
ᠣᠩᠱᠢᠭ᠍ᠰᠠᠨ ᠣᠳᠠᠭ᠎ᠠ᠄
★★★☆☆

ᠴᠠᠭᠠᠨ ᠰᠠᠷ᠎ᠠ᠎ᠪᠠᠷ ᠲᠦᠯ᠎ᠤᠨ ᠳᠠᠭᠤᠨ᠎ᠲᠠᠢ ᠱᠢᠨᠡᠯᠡᠬᠦ᠌ ᠭᠡᠵᠦ᠍ ᠵᠢᠷᠭᠠᠯ ᠰᠠᠨ᠃ ᠡᠨᠡ ᠵᠢᠯ ᠮᠠᠨ᠎ᠤ ᠲᠦᠯ ᠲᠤᠰᠭᠤ ᠠᠵᠢᠯ ᠴᠠᠭᠠᠨ ᠰᠠᠷ᠎ᠠ᠎ᠶ᠋ᠢᠨ ᠡᠮᠦᠨᠡᠭᠡᠨ ᠡᠬᠢᠯᠡᠭ᠌ᠰᠡᠨ ᠪᠢᠯᠡ᠃ ᠡᠨᠡ ᠵᠢᠯ᠂ ᠪᠢ ᠲᠦᠯ ᠲᠤᠰᠭᠤ ᠪᠤᠯᠤᠭ᠍ᠰᠠᠨ᠎ᠳᠠᠭᠠᠨ ᠶᠡᠭᠡ ᠪᠠᠶᠠᠷᠯᠠᠵᠦ᠍᠂ ᠪᠡᠯᠭᠡᠱᠢᠶᠡᠵᠦ᠍ ᠪᠠᠢᠭ᠍ᠰᠠᠨ᠎ᠢᠶᠠᠨ ᠶᠠᠭᠤᠨ ᠨᠢᠭᠤᠬᠤ ᠪᠤᠢ ᠳ᠋ᠠ᠃ ᠬᠤᠳᠠ ᠭᠠᠵᠠᠷ ᠠᠵᠢᠯᠯᠠᠵᠤ ᠪᠠᠢᠭ᠍ᠰᠠᠨ ᠨᠠᠳᠠ᠎ᠳᠤ ᠬᠦᠳᠡᠭᠡ᠎ᠳᠡᠭᠡᠨ ᠲᠦᠯ ᠲᠤᠰᠭᠤ ᠭᠡᠭ᠌ᠴᠢ ᠤᠯᠳᠠᠰᠢ ᠦᠬᠡᠢ ᠵᠠᠪᠱᠢᠶᠠᠨ ᠪᠤᠯᠤᠨ᠎ᠠ᠃

ᠱᠢᠨ᠎ᠠ᠎ᠶ᠋ᠢᠨ ᠨᠢᠭᠡᠨ᠎ᠤ ᠨᠠᠷᠠᠨ ᠰᠠᠢᠬᠠᠨ ᠪᠦᠬᠦᠨ᠎ᠢ ᠢᠪᠡᠭᠡᠨ ᠠᠯᠲᠠᠨ ᠰᠠᠴᠣᠷᠠᠭ᠎ᠢᠶᠠᠨ ᠰᠠᠴᠣᠷᠠᠭᠤᠯᠤᠨ᠎ᠠ᠃《ᠱᠢᠨ᠎ᠡ᠎ᠶ᠋ᠢᠨ ᠨᠢᠭᠡᠨ᠎ᠳᠤ ᠲᠦᠯ ᠭᠠᠷᠪᠠᠯ ᠰᠦᠷᠦᠭ ᠵᠤᠵᠠᠭᠠᠷᠠᠬᠤ᠎ᠶ᠋ᠢᠨ ᠪᠡᠯᠭᠡ》ᠬᠡᠬᠦ᠌ ᠪᠤᠭᠤᠷᠤᠯᠴᠤᠳ᠎ᠤᠨ ᠦᠭᠡ ᠴᠢᠬᠢᠨ᠎ᠳᠤ ᠮᠢᠨᠢ ᠲᠠᠭᠠᠳᠠᠢ᠃ ᠬᠤᠳᠠ᠎ᠪᠠᠨ ᠡᠷᠬᠢᠬᠦ᠌᠎ᠳᠤ ᠭᠤᠷᠪᠠᠨ ᠢᠮᠠᠭ᠎ᠠ ᠢᠱᠢᠭᠡᠯᠡᠭ᠌ᠰᠡᠨ ᠪᠠᠢᠯ᠎ᠠ᠃ ᠬᠦᠯ ᠭᠠᠵᠠᠷ ᠬᠦᠷᠬᠦ᠌ ᠦᠬᠡᠢ ᠪᠠᠶᠠᠷᠯᠠᠵᠦ᠍ ᠨᠠᠢ᠍ᠮᠠᠨ ᠨᠠᠰᠤᠳᠠᠢ ᠪᠠᠯᠴᠢᠷ ᠱᠢᠭ᠋ ᠯᠡ ᠪᠤᠯᠤᠭ᠍ᠰᠠᠨ ᠳ᠋ᠠ᠃ ᠴᠢᠨᠳᠠᠭᠠᠨ ᠴᠠᠭᠠᠨ ᠢᠱᠢᠭᠡ ᠮᠢᠨᠢ 《ᠰᠠᠢᠨ ᠱᠢᠨᠡᠯᠡᠪᠡᠤ》 ᠭᠡᠰᠡᠨ ᠱᠢᠭ ᠯᠡ ᠴᠢᠩᠬᠢᠨᠠᠲᠠᠯ᠎ᠠ ᠮᠠᠢᠯᠠᠭᠠᠳ ᠵᠤᠭ᠍ᠰᠤᠨ᠎ᠠ᠃ ᠭᠡᠳᠡᠰᠦ᠎ᠨᠢ ᠪᠤᠮᠪᠠᠢᠭᠠᠳ ᠡᠬᠡ᠎ᠪᠠᠨ ᠬᠦᠭᠦᠭ᠌ᠰᠡᠨ᠎ᠨᠢ ᠢᠯᠡᠳᠳᠡ᠃ ᠤᠷᠴᠢᠮ᠎ᠤᠨ ᠬᠡᠳᠦᠨ ᠵᠢᠯ ᠪᠡᠯᠴᠢᠭᠡᠷ ᠤᠰᠤ ᠰᠡᠷᠭᠦᠵᠦ ᠮᠠᠯ ᠰᠦᠷᠦᠭ ᠴᠤ᠌ ᠳᠠᠷᠭᠤ ᠬᠦᠴᠦ᠍᠎ᠲᠠᠢ ᠪᠤᠯᠤᠭ᠍ᠰᠠᠨ ᠶᠤᠮ᠃ ᠡᠨᠡ ᠵᠢᠯ᠎ᠤᠨ ᠮᠠᠯ ᠰᠦ ᠰᠠᠢᠲᠠᠢ ᠲᠦᠯᠯᠡᠭ᠌ᠰᠡᠨ ᠪᠤᠯᠬᠤᠷ ᠲᠥᠯ᠎ᠤᠨ ᠬᠢᠨᠢ ᠪᠤᠢᠵᠢᠬᠤ᠎ᠨᠢ ᠴᠤ᠌ ᠲᠦᠷᠭᠡᠨ ᠪᠠᠢᠯ᠎ᠠ᠃

ᠦᠳᠡ᠎ᠶ᠋ᠢᠨ ᠦᠶ᠎ᠡ᠎ᠪᠠᠷ᠂ ᠮᠠᠯ ᠡᠷᠬᠢᠬᠦ᠌ ᠭᠡᠳ ᠮᠤᠲ᠋ᠤᠷ ᠤᠨᠤᠨ ᠪᠡᠯᠴᠢᠭᠡᠷ ᠵᠦᠭ ᠶᠠᠪᠤᠯ᠎ᠠ᠃ ᠨᠢᠭᠡ ᠪᠦᠲᠦᠬᠦᠨ ᠰᠤᠬᠠᠢ ᠡᠷᠬᠢᠲᠡᠯ᠎ᠠ ᠴᠢᠬᠢᠨ᠎ᠳᠤ ᠢᠱᠢᠭᠡ ᠮᠠᠢᠯᠠᠬᠤ ᠳᠠᠭᠤᠨ ᠰᠤᠨᠤᠰᠳᠠᠨ᠎ᠠ᠃ ᠢᠮᠠᠭ᠎ᠠ ᠢᠱᠢᠭᠡᠯᠡᠭ᠌ᠰᠡᠨ ᠶᠤᠮ ᠪᠤᠯᠪᠠᠤ ᠭᠡᠳ ᠮᠤᠲ᠋ᠤᠷ᠎ᠢᠶᠠᠨ ᠤᠨᠲᠠᠷᠠᠭᠠᠭᠠᠳ ᠰᠠᠢᠨ ᠴᠢᠩᠨᠠᠭ᠍ᠰᠠᠨ ᠴᠢᠨᠢ ᠤᠢᠷᠠᠬᠠᠨ ᠨᠢᠭᠡ ᠢᠱᠢᠭᠡ ᠮᠠᠢᠯᠠᠵᠦ᠍ ᠪᠠᠢᠯ᠎ᠠ᠃ ᠨᠢᠭᠡ ᠢᠮᠠᠭ᠎ᠠ ᠬᠦᠳᠡᠭᠡ ᠢᠱᠢᠭᠡᠯᠡᠭ᠌ᠰᠡᠨ ᠪᠠᠢᠵᠡᠢ᠃ ᠬᠦᠳᠡᠭᠡ᠎ᠠᠴᠠ ᠢᠱᠢᠭᠡ ᠤᠯᠤᠭ᠍ᠰᠠᠨ ᠪᠢ ᠴᠤ᠌ ᠤᠬᠠᠭᠠᠨ ᠦᠬᠡᠢ ᠪᠠᠶᠠᠷᠯᠠᠵᠦ᠍᠂ ᠢᠱᠢᠭᠡ᠎ᠪᠠᠨ ᠲᠡᠪᠡᠷᠢᠭᠡᠳ ᠭᠡᠷ ᠵᠦᠭ᠎ᠢᠶᠠᠨ ᠨᠢᠰᠭᠡᠯ᠎ᠠ᠃ ᠮᠠᠨ᠎ᠤ ᠬᠦᠳᠡᠭᠡ᠎ᠪᠠᠷ 《ᠤᠯᠠᠭᠠᠨ ᠳᠡᠪᠡᠯᠲᠤ》 ᠤᠯᠠᠨ ᠪᠤᠯᠬᠤᠷ ᠠᠮᠠᠨ᠎ᠳᠤᠨᠢ ᠬᠡᠱᠢᠭ ᠪᠤᠯᠭᠠᠭᠰᠠᠨ ᠦᠬᠡᠢ᠎ᠳᠡᠭᠡᠨ ᠤᠯᠵᠠᠭᠤᠷᠬᠠᠪᠠ᠃ ᠤᠷᠤᠢ ᠢᠱᠢᠭᠡ ᠲᠠᠯᠪᠢᠬᠤ ᠪᠤᠯᠬᠤ᠎ᠳᠤ ᠨᠦᠬᠦᠭᠡ ᠢᠮᠠᠭ᠎ᠠ ᠪᠠᠰᠠ ᠢᠷᠡᠭᠡ ᠦᠬᠡᠢ ᠪᠡᠢᠵᠡᠢ᠃ ᠳᠡᠬᠦᠦ᠍᠎ᠲᠠᠢ᠎ᠪᠠᠨ ᠬᠤᠶᠠᠭᠤᠯᠠ᠎ᠪᠠᠨ ᠢᠱᠢᠭᠡᠯᠡᠭ᠌ᠰᠡᠨ ᠭᠠᠵᠠᠷ᠎ᠨᠢ ᠤᠴᠢᠬᠤ᠎ᠳᠤ ᠨᠦᠬᠦᠭᠡ ᠢᠮᠠᠭ᠎ᠠ ᠢᠱᠢᠭᠡᠯᠡᠭ᠌ᠰᠡᠨ ᠭᠠᠵᠠᠷ᠎ᠢᠶᠠᠨ ᠰᠠᠬᠢᠨ ᠬᠡᠪᠳᠡᠵᠦ ᠢᠱᠢᠭᠡ᠎ᠪᠠᠨ ᠬᠦᠯᠢᠶᠡᠨ᠎ᠡ᠃ ᠠᠮᠢᠲᠠᠨ᠎ᠤ ᠡᠬᠡ ᠭᠡᠳᠡᠭ ᠡᠢᠮᠦ᠍ ᠯᠡ ᠮᠤᠨᠳᠠᠭ ᠶᠤᠮ ᠡ᠃ ᠢᠱᠢᠭᠡ᠎ᠪᠠᠨ ᠲᠠᠯᠪᠢᠵᠦ᠍ ᠪᠠᠷᠠᠭᠠᠳ ᠡᠪᠡᠰᠦᠨ ᠬᠠᠱᠢᠶᠠᠨ᠎ᠳᠤ᠎ᠪᠠᠨ ᠢᠯᠭᠠᠵᠦ᠍ ᠲᠠᠯᠪᠢᠭᠰᠠᠨ ᠭᠡᠬᠡᠯ᠎ᠲᠠᠢ ᠢᠮᠠᠭ᠎ᠠ᠎ᠪᠠᠨ ᠳᠠᠭᠤᠵᠦ᠍ ᠢᠷᠡᠬᠦ᠌᠎ᠳᠤ᠂ ᠨᠢᠭᠡ ᠢᠮᠠᠭ᠎ᠠ ᠢᠱᠢᠭᠡᠯᠡᠬᠦ᠌ ᠭᠡᠳ᠎ᠬᠡᠪᠳᠡᠵᠦ᠍᠎ᠪᠠᠢᠪᠠ᠃᠎ᠴᠠᠭ᠎ᠤᠨ᠎ᠳᠠᠷᠠᠭ᠎ᠠ ᠳᠠᠬᠢᠨ ᠤᠴᠢᠬᠤ᠎ᠳᠤ ᠪᠠᠰᠠ ᠯᠡ ᠬᠡᠪᠲᠡᠵᠦ᠍ ᠪᠠᠢᠪᠠ᠃ ᠪᠠᠷᠤᠭ ᠭᠡᠭᠡᠯ᠎ᠨᠢ ᠡᠪᠭᠦᠢᠳᠡᠭ᠌ᠰᠡᠨ ᠪᠠᠢᠬ᠎ᠠ ᠭᠡᠳ ᠨᠤᠲᠤᠭ᠎ᠤᠨ ᠠᠷᠭ᠎ᠠ᠎ᠪᠠᠷ ᠬᠡᠳᠦ ᠬᠦᠯᠪᠡᠷᠢᠬᠦᠯᠵᠦ᠍ ᠲᠠᠯᠪᠢᠯ᠎ᠠ᠃ ᠴᠠᠭ᠎ᠤᠨ ᠳᠠᠷᠠᠭ᠎ᠠ ᠳᠠᠬᠢᠨ ᠤᠴᠢᠬᠤ᠎ᠳᠤ ᠪᠠᠰᠠ ᠯᠡ ᠬᠡᠪᠲᠡᠵᠦ᠍ ᠪᠠᠢᠭ᠍ᠰᠠᠨ ᠪᠤᠯᠬᠤᠷ ᠮᠦᠨ ᠯᠡ ᠬᠦᠯᠪᠡᠷᠢᠬᠦᠯᠵᠦ᠍ ᠲᠠᠯᠪᠢᠪᠠ᠃ ᠰᠦᠨᠢ᠎ᠶ᠋ᠢᠨ ᠠᠷᠪᠠᠨ ᠴᠠᠭ᠎ᠤᠨ ᠪᠠᠷᠤᠭ᠎ᠢᠶᠠᠷ᠂ ᠪᠠᠰᠠ ᠨᠢᠭᠡ ᠤᠴᠢᠬᠤ᠎ᠳᠤ ᠭᠤᠷᠪᠠᠨ ᠬᠦᠯ ᠴᠤᠬᠤᠢᠵᠦ᠍ ᠭᠠᠷᠤᠭ᠍ᠰᠠᠨ ᠬᠠᠷᠠᠭ᠍ᠳᠠᠨ᠎ᠠ᠃ ᠭᠡᠭᠡᠯ᠎ᠨᠢ ᠡᠪᠭᠦᠢᠳᠡᠵᠦ᠍ ᠢᠱᠢᠭᠡ᠎ᠨᠢ ᠪᠦᠳᠡᠴᠢᠭᠡᠵᠡᠢ ᠭᠡᠳ ᠰᠠᠨᠳᠤᠷᠤᠭ᠍ᠰᠠᠨ᠎ᠳᠡᠭᠡᠨ ᠡᠮᠦᠨ᠎ᠠ ᠬᠤᠶᠠᠷ ᠬᠦᠯ᠎ᠢ᠎ᠨᠢ ᠤᠯᠵᠦ᠍ ᠠᠪᠤᠭᠠᠳ ᠱᠢᠭᠤᠳ ᠯᠡ ᠲᠠᠲᠠᠭᠠᠳ ᠭᠠᠷᠭᠠᠪᠠ᠃ ᠢᠱᠢᠭᠡᠨ᠎ᠤ ᠬᠦᠵᠦᠬᠦᠦ᠍᠎ᠨᠢ ᠮᠤᠷᠤᠢᠭᠠᠳ ᠯᠡ ᠭᠠᠷᠤᠭ᠍ᠰᠠᠨ᠃ ᠨᠦᠬᠦᠭᠡ ᠢᠱᠢᠭᠡ ᠠᠮᠢᠰᠭᠤᠭ᠎ᠠ ᠦᠬᠡᠢ᠂ ᠵᠦᠪᠬᠡᠨ ᠵᠢᠷᠦᠭᠡ᠎ᠨᠢ ᠯᠡ ᠦᠯᠦ᠍ ᠮᠡᠳᠡᠭ ᠴᠤᠬᠢᠯᠠᠵᠤ ᠪᠠᠢᠪᠠ᠃ 《ᠭᠡᠳᠡᠰᠦᠨ᠎ᠳᠡᠭᠡᠨ ᠪᠦᠲᠡᠭ᠌ᠰᠡᠨ ᠢᠱᠢᠭᠡᠨ᠎ᠤ ᠴᠢᠬᠢ᠎ᠶ᠋ᠢ᠎ᠨᠢ ᠦᠯᠢᠶᠡᠳᠡᠭ ᠶᠤᠮ ᠡ》ᠬᠡᠵᠦ᠍ ᠪᠤᠷᠬᠠᠨ ᠪᠤᠭᠤᠷᠤᠯ᠎ᠤᠨ ᠦᠭᠡ᠎ᠶ᠋ᠢ ᠰᠠᠨᠠᠭᠠᠳ ᠴᠢᠬᠢ ᠵᠢ ᠨᠢ ᠦᠯᠢᠶᠡᠭ᠌ᠰᠡᠨ ᠴᠢᠨᠢ ᠠᠮᠢᠰᠭᠤᠬᠤ ᠱᠢᠭ᠋ ᠪᠤᠯᠤᠯ᠎ᠠ᠃ ᠭᠡᠪᠡᠴᠦ᠍ ᠦᠬᠦᠭ᠌ᠰᠡᠨ ᠭᠡᠮᠡᠷ ᠯᠡ ᠪᠠᠢᠪᠠ᠃ ᠬᠤᠪᠴᠠᠰᠤᠨ᠎ᠳᠤ ᠤᠷᠢᠶᠠᠭᠠᠳ ᠲᠤᠯᠠᠭᠠᠨ ᠭᠡᠷ᠎ᠲᠤ ᠤᠷᠤᠭᠤᠯᠵᠦ᠍ ᠲᠠᠯᠪᠢᠭᠠᠳ ᠬᠠᠷᠠᠵᠦ᠍ ᠵᠤᠭ᠍ᠰᠤᠯ᠎ᠠ᠃ ᠠᠷᠪᠠᠭᠠᠳ ᠮᠢᠨᠦ᠋ᠲ ᠎ᠤᠨ ᠲᠠᠷᠠᠭ᠎ᠠ ᠢᠱᠢᠭᠡ ᠨᠢᠳᠦ᠍᠎ᠪᠠᠨ ᠨᠡᠭᠡᠭᠡᠳ ᠮᠠᠢᠯᠠᠵᠦ᠍ ᠡᠬᠢᠯᠡᠭ᠌ᠰᠡᠨ ᠮᠦᠷᠳᠡᠭᠡᠨ ᠬᠦᠯ᠎ᠢᠶᠠᠨ ᠬᠦᠳᠡᠯᠭᠡᠵᠦ᠍  ᠭᠠᠷᠬᠤ᠎ᠳᠤ ᠠᠮᠠ᠎ᠪᠠᠷ ᠭᠠᠷᠬᠤ ᠱᠢᠬᠠᠭ᠍ᠰᠠᠨ ᠵᠢᠷᠦᠭᠡ ᠮᠢᠨᠢ ᠵᠢᠭᠠᠬᠠᠨ ᠨᠠᠮᠵᠢᠷᠠᠯ᠎ᠠ᠃ ᠬᠡᠰᠡᠭ ᠪᠠᠢᠰᠭᠢᠭᠡᠳ ᠳᠠᠬᠢᠨ ᠬᠤᠳᠠ ᠡᠷᠬᠢᠬᠦ᠌᠎ᠳᠤ ᠨᠦᠬᠦᠭᠡ ᠢᠮᠠᠭ᠎ᠠ ᠪᠠᠰᠠ ᠨᠢᠭᠡ ᠢᠱᠢᠭᠡ ᠢᠱᠢᠭᠡᠯᠡᠴᠢᠬᠡᠭ᠌ᠰᠡᠨ ᠬᠡᠪᠲᠡᠵᠦ᠍ ᠪᠠᠢᠪᠠ᠃ ᠤᠤᠯ᠎ᠨᠢ ᠢᠬᠡᠷ᠎ᠡ ᠢᠱᠢᠭᠡ ᠪᠠᠢᠵᠡᠢ᠃ ᠬᠡᠷᠪᠡ ᠡᠬᠢᠨ᠎ᠤ ᠢᠱᠢᠭᠡ᠎ᠶ᠋ᠢ᠎ᠨᠢ ᠲᠠᠲᠠᠵᠦ᠍ ᠭᠠᠷᠭᠠᠭ᠎ᠠ ᠦᠬᠡᠢ ᠪᠤᠯ ᠢᠬᠡᠷ᠎ᠡ ᠬᠤᠶᠠᠭᠤᠯᠠ᠎ᠪᠠᠨ ᠠᠳᠡᠬᠦ᠌᠎ᠪᠠᠷ ᠪᠠᠷᠠᠬᠤ ᠦᠬᠡᠢ ᠡᠭᠡ᠎ᠨᠢ ᠴᠤ᠌ ᠠᠳᠡᠬᠦ᠌ ᠪᠠᠢᠭ᠍ᠰᠠᠨ᠃ ᠨᠢᠭᠡ ᠯᠡ ᠳᠡᠭᠡᠷ᠎ᠠ ᠭᠤᠷᠪᠠᠨ ᠠᠮᠢ ᠠᠪᠤᠷᠠᠭ᠍ᠰᠨᠨ ᠱᠢᠨ᠎ᠡ᠎ᠶ᠋ᠢᠨ ᠨᠢᠭᠡᠨ᠎ᠤ ᠦᠯᠢᠭᠡᠷ᠎ᠲᠠᠢ ᠰᠦᠨᠢ ᠪᠠᠢᠯ᠎ᠠ᠃

ᠲᠡᠷᠡ ᠵᠢᠯ ᠰᠤᠷᠪᠤᠯᠵᠢᠯᠠᠭ᠎ᠠ᠎ᠪᠠᠷ ᠨᠢᠭᠡ ᠮᠠᠯᠴᠢᠨ ᠠᠢᠯ᠎ᠳᠤ ᠤᠴᠢᠬᠤ᠎ᠳᠤ 《ᠮᠠᠯ ᠪᠤᠯ ᠮᠠᠯᠴᠢᠨ ᠬᠦᠮᠦᠨ᠎ᠤ ᠪᠠᠩᠬᠢ ᠮᠦᠨ》 ᠭᠡᠵᠦ᠍ ᠶᠠᠷᠢᠭ᠍ᠰᠠᠨ ᠦᠬᠡ ᠰᠠᠨᠠᠭᠠᠨ᠎ᠳᠤ ᠤᠷᠤᠵᠦ᠍ ᠢᠷᠡᠯ᠎ᠠ᠃ 《ᠭᠠᠭ᠍ᠴᠨ᠎ᠪᠠᠷ ᠭᠠᠵᠠᠷ ᠳᠦᠭᠦᠷᠭᠡᠨ᠎ᠠ》 ᠭᠡᠵᠦ᠍ ᠮᠠᠯᠴᠢᠨ ᠲᠦᠮᠡᠨ ᠮᠠᠨᠢ ᠭᠠᠭ᠍ᠴᠨ ᠢᠱᠢᠭᠡ᠎ᠶ᠋ᠢ ᠴᠤ᠌ ᠭᠡᠳ ᠮᠠᠯ ᠪᠤᠯᠭᠠᠬᠤ ᠭᠡᠵᠦ᠍ ᠠᠮᠢᠨ᠎ᠠᠴᠠ ᠪᠠᠨ ᠢᠯᠡᠬᠦᠦ ᠬᠠᠢᠷᠠᠯᠠᠳᠠᠭ ᠰᠠᠨ᠃ ᠪᠢ ᠬᠠᠷᠢᠨ ᠰᠠᠨᠳᠤᠷᠴᠤ᠌ ᠪᠠᠯᠢᠳᠠᠬᠤ᠎ᠳᠤ᠎ᠪᠠᠨ ᠢᠱᠢᠭᠡ᠎ᠶ᠋ᠢ ᠲᠠᠲᠠᠵᠦ᠍ ᠭᠠᠷᠭᠠᠭᠠᠳ ᠠᠶᠤᠵᠦ᠍ ᠰᠠᠭᠤᠯ᠎ᠠ᠂ ᠶᠠᠭᠤ ᠨᠢᠭᠡ᠎ᠶ᠋ᠢ ᠴᠤ᠌ ᠤᠬᠠᠭᠠᠷᠠᠵᠦ᠍ ᠠᠪᠤᠯ᠎ᠠ᠂ ᠮᠠᠯᠴᠢᠨ ᠲᠦᠮᠡᠨ᠎ᠤ ᠮᠠᠯ᠎ᠢᠶᠠᠨ ᠬᠠᠢᠷᠠᠯᠠᠬᠤ ᠤᠬᠠᠭᠠᠨ᠎ᠠᠴᠠ ᠦᠪᠯᠡᠵᠦ᠍ ᠠᠪᠬᠤ ᠴᠢᠬᠤᠯᠠᠳᠠᠢ᠎ᠶ᠋ᠢ ᠮᠡᠳᠡᠯ᠎ᠠ᠃ ᠨᠤᠲᠤᠭ᠎ᠤᠨ ᠪᠤᠭᠤᠷᠤᠯᠴᠤᠳ ᠮᠠᠨᠢ ᠭᠡᠭᠡᠯ᠎ᠨᠢ ᠡᠪᠭᠦᠢᠳᠡᠭ᠌ᠰᠡᠨ ᠮᠠᠯ᠎ᠢ ᠬᠡᠳᠦᠭᠡᠨ ᠬᠦᠯᠪᠡᠷᠢᠭᠦᠯᠦᠭᠡᠳ ᠯᠡ ᠲᠦᠯᠯᠡᠬᠦᠯᠵᠦ᠍ ᠴᠢᠳᠠᠳᠠᠭ᠃ ᠪᠢ ᠬᠠᠷᠢᠨ ᠬᠡᠳᠦ ᠤᠳᠠᠭ᠎ᠠ ᠬᠦᠯᠪᠡᠷᠢᠬᠦᠯᠦᠭᠡᠳ ᠴᠢᠳᠠᠭ᠍ᠰᠠᠨ ᠦᠬᠡᠢ᠃ ᠬᠦᠭᠡ ᠲᠡᠭ᠌ᠷᠢ᠎ᠶ᠋ᠢᠨ ᠤᠷᠤᠨ᠎ᠳᠤ ᠶᠠᠪᠤᠭ᠍ᠰᠠᠨ ᠪᠤᠭᠤᠷᠤᠯ᠎ᠠᠴᠠ ᠬᠡᠴᠢᠨᠡᠬᠡᠨ ᠤᠯᠠᠨ ᠵᠦᠢᠯ᠎ᠢ ᠲᠤᠲᠠᠭᠤ ᠰᠤᠷᠤᠭ᠍ᠰᠠᠨ᠎ᠢᠶᠠᠨ ᠮᠡᠳᠡᠵᠦ᠍᠂ ᠲᠡᠷᠳᠡᠭᠡ ᠬᠤᠯᠠ᠎ᠶ᠋ᠢᠨ ᠲᠡᠭ᠌ᠷᠢ᠎ᠳᠤ ᠠᠨᠢᠪᠴᠢᠯᠠᠬᠤ ᠤᠳᠤ᠎ᠶ᠋ᠢ ᠱᠢᠷᠳᠡᠬᠦ᠌᠎ᠠᠴᠠ ᠦᠬᠡᠷ᠎ᠡ ᠠᠷᠭ᠎ᠠ ᠦᠬᠡᠢ᠃ ᠠᠵᠠ ᠪᠤᠯᠵᠦ᠍ ᠢᠬᠡᠷ᠎ᠡ ᠬᠤᠶᠠᠷ ᠮᠠᠨᠢ ᠮᠠᠷᠭᠠᠰᠢ ᠦᠷᠯᠦᠭᠡ᠎ᠨᠢ ᠴᠠᠩᠬᠢᠨᠠᠳᠠᠯ᠎ᠠ ᠮᠠᠢᠯᠠᠵᠦ᠍ ᠬᠦᠦ ᠮᠢᠨᠤ ᠰᠡᠳᠭᠢᠯ᠎ᠢ ᠳᠠᠢᠳᠭᠤᠷᠠᠭᠤᠯᠵᠦ᠍ ᠥᠭ᠌ᠬᠦᠯ᠎ᠠ᠃ ᠡᠨᠡ ᠮᠦᠴᠡ᠎ᠳᠤ ᠪᠢ ᠠᠮᠢ ᠭᠡᠳᠡᠭ ᠬᠡᠴᠢᠨᠡᠬᠡᠨ ᠭᠠᠢᠬᠠᠯᠳᠠᠢ᠂ ᠬᠡᠴᠢᠨᠡᠬᠡᠨ ᠡᠷᠬᠢᠮ ᠨᠠᠨᠳᠢᠨ᠎ᠢ ᠮᠡᠳᠡᠷᠡᠭ᠌ᠰᠡᠨ ᠶᠤᠮ᠃

ᠲᠦᠯ᠎ᠤᠨ ᠳᠠᠭᠤᠨ ᠨᠠᠳᠠ᠎ᠳᠤ ᠤᠬᠠᠭᠠᠷᠠᠯ ᠬᠠᠢᠷᠠᠯᠠᠭ᠍ᠰᠠᠨ ᠲᠠᠷᠨᠢ ᠪᠠᠢᠵᠡᠢ᠃

ᠣᠷᠴᠢᠭᠤᠯᠤᠭ᠍ᠴᠢ᠄
ᠨᠠᠢᠷᠠᠭᠤᠯᠤᠭ᠍ᠴᠢ᠄ ᠤᠶᠤᠨᠲᠠᠨ᠎ᠠ
ᠲᠤᠮᠳᠠᠳᠤ ᠤᠯᠤᠰ᠎ᠤᠨ ᠮᠤᠩᠭᠤᠯ ᠬᠡᠯᠡᠡ᠎ᠤ ᠰᠤᠨᠢᠠ ᠮᠠᠳᠡᠭᠡ᠎ᠶ᠋ᠢᠨ ᠰᠦᠯᠵᠢᠶ᠎ᠠ
ᠢᠷᠡᠯᠲᠡ᠄
ᠬᠤᠪᠢᠶᠠᠯᠴᠠᠬᠤ᠄
ᠬᠠᠮᠢᠶ᠎ᠡ ᠪᠦᠬᠦᠢ ᠰᠣᠨᠢᠨ

2008-2025 © ᠳᠤᠮᠳᠠᠳᠤ ᠤᠯᠤᠰ᠎ᠤᠨ ᠮᠤᠩᠭᠤᠯ ᠬᠡᠯᠡᠨ᠎ᠤ ᠰᠤᠨᠢᠨ ᠮᠡᠳᠡᠭᠡᠨ᠎ᠤ ᠰᠦᠯᠵᠢᠶ᠎ᠡ ᠦᠮᠴᠢᠯᠡᠯ᠎ᠤᠨ ᠡᠷᠬᠡ᠎ᠲᠠᠢ

ᠵᠤᠬᠢᠶᠠᠭᠴᠢ᠎ᠶᠢᠨ ᠡᠷᠬᠡ ᠬᠠᠤᠯᠢ᠎ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ᠎ᠪᠠᠷ ᠬᠠᠭᠤᠯᠪᠤᠷᠢᠯᠠᠬᠤ᠎ᠶᠢ ᠬᠠᠲᠠᠭᠤ ᠬᠤᠷᠢᠭᠯᠠᠨ᠎ᠠ

ᠬᠠᠷᠢᠯᠴᠠᠬᠤ ᠤᠲᠠᠰᠤ᠄0471-6635435

ᠢᠮᠧᠯ᠄mgyxww@163.com   蒙ICP备10000005号