ᠤᠶᠠᠩᠭ᠎ᠠ ᠳᠠᠭᠤᠤ ᠪᠡᠷ ᠨᠠᠷᠬᠢᠬᠰᠠᠨ ᠦᠯᠵᠡᠢᠲᠦ ᠴᠠᠭᠠᠨ ᠰᠠᠷ᠎ᠠ
2022-02-13 20:41:26
ᠵᠣᠬᠢᠶᠠᠭ᠍ᠴᠢ᠄
ᠤᠶᠤᠨᠲᠠᠨ᠎ᠠ
ᠣᠩᠱᠢᠭ᠍ᠰᠠᠨ ᠣᠳᠠᠭ᠎ᠠ᠄
★★★☆☆

ᠪᠢᠯᠢᠭ᠎ᠤᠨ ᠤᠯᠠᠷᠢᠯ᠎ᠤᠨ ᠴᠠᠭᠠᠨ ᠰᠠᠷ᠎ᠠ ᠵᠢᠨ ᠰᠢᠨ᠎ᠠ ᠵᠢᠨ ᠬᠤᠶᠠᠷ᠎ᠤᠨ ᠡᠳᠦᠷ᠂ ᠬᠥᠳᠡᠭᠡ ᠵᠢᠨ ᠴᠡᠪᠡᠷ ᠠᠭᠠᠷ᠎ᠢ ᠠᠮᠢᠰᠬᠤᠯᠯᠠᠵᠤ᠂ ᠲᠤᠰᠬᠤᠨ᠎ᠤ ᠵᠦᠷᠢᠭ ᠵᠠᠮ᠎ᠢᠶᠡᠷ ᠠᠯᠬᠤᠯᠠᠨ ᠨᠤᠲᠤᠭ ᠤᠰᠤᠨ᠎ᠤ ᠪᠠᠨ ᠬᠥᠭᠵᠢᠯᠲᠡ ᠬᠤᠪᠢᠷᠠᠯᠲᠠ᠂ ᠬᠦᠮᠦᠨ ᠠᠷᠠᠳ᠎ᠤᠨ ᠮᠢᠨᠢ ᠴᠢᠷᠠᠢ ᠳ᠋ᠤ ᠲᠤᠳᠤᠷᠠᠬᠰᠠᠨ ᠪᠠᠶᠠᠷ ᠵᠢᠷᠭᠠᠯ᠎ᠢ ᠬᠠᠷᠠᠨ ᠬᠠᠷᠠᠨ ᠶᠠᠪᠤᠬᠤ ᠳ᠋ᠤ ᠰᠡᠳᠭᠢᠯ ᠨᠢᠬᠡᠯᠡ ᠲᠥᠭᠥᠷᠡᠨᠭ ᠪᠠᠢᠯ᠎ᠠ᠃ ᠡᠨᠡ ᠦᠶ᠎ᠠ ᠳ᠋ᠤ ᠳᠡᠷᠲᠡᠭᠡ ᠬᠤᠯᠠ᠎ᠡᠴᠡ ᠰᠤᠨᠤᠰᠳᠠᠬᠤ ᠬᠤᠭᠤᠷ᠎ᠤᠨ ᠢᠷᠠᠭᠤ ᠡᠭᠡᠰᠢᠭ᠎ᠬᠦᠳᠡᠬᠡ ᠵᠢᠨ ᠨᠠᠮ ᠵᠢᠮ᠎ᠢ ᠡᠪᠳᠡᠨ ᠰᠤᠨᠤᠰᠳᠠᠯ᠎ᠠ᠃《ᠬᠠᠮᠢᠭᠠᠬᠢ ᠬᠦᠮᠦᠰ ᠢᠷᠡᠵᠤ ᠬᠤᠭᠤᠷ ᠬᠦᠭᠯᠡᠬᠦᠯᠦᠨ ᠠᠶ᠎ᠠ ᠲᠠᠭᠤᠤ ᠬᠠᠩᠬᠢᠨᠠᠭᠤᠯᠤᠨ᠎ᠠ ᠪᠤᠢ?》ᠬᠡᠬᠦ ᠰᠤᠨᠢᠭᠤᠴᠢ ᠰᠡᠳᠭᠢᠯ ᠳ᠋ᠡᠬᠡᠨ ᠬᠦᠳᠦᠯᠦᠭᠳᠡᠨ ᠬᠤᠭᠤᠷ᠎ᠤᠨ ᠠᠶ᠎ᠠ ᠵᠢ ᠲᠠᠭᠠᠵᠤ ᠶᠠᠪᠤᠪᠠᠯ ᠭᠠᠴᠠᠭᠠᠨ᠎ᠤ ᠠᠷᠠᠳ᠎ᠤᠨ ᠤᠷᠠᠯᠢᠬᠴᠢᠳ᠎ᠤᠨ ᠪᠦᠯᠬᠦᠮ ᠲᠠᠷᠢᠶᠠᠴᠢᠨ ᠠᠢᠯ ᠳ᠋ᠤ ᠴᠤᠬᠯᠠᠷᠠᠨ ᠦᠯᠵᠡᠢᠲᠦ ᠴᠠᠭᠠᠨ ᠰᠠᠷ᠎ᠠ᠎ᠪᠠᠨ ᠪᠡᠯᠭᠡᠯᠡᠨ ᠲᠤᠬᠯᠠᠯᠳᠠ ᠭᠠᠷᠭᠠᠵᠤ ᠪᠠᠢᠭ᠎ᠠ ᠨᠢ ᠡᠨᠡ ᠪᠠᠢᠵᠠᠢ᠃

ᠲᠦᠨᠭᠯᠢᠶᠤᠤ ᠬᠤᠲᠠ᠎ᠶᠢᠨ ᠬᠦᠷᠢᠶ᠎ᠡ ᠬᠤᠰᠢᠭᠤᠨ᠎ᠤ ᠡᠯᠡᠰᠦᠨ ᠪᠠᠯᠭᠠᠰᠤᠨ᠎ᠤ ᠴᠠᠭᠠᠨᠴᠢᠯᠠᠭᠤ ᠭᠠᠴᠠᠭ᠎ᠠ᠂ ᠮᠢᠨᠦ ᠲᠦᠷᠦᠭᠰᠡᠨ ᠨᠤᠳᠤᠭ ᠶᠤᠮ᠃ ᠠᠷᠠᠳ᠎ᠤᠨ ᠤᠷᠠᠯᠢᠬ ᠲᠠᠭᠠᠨ ᠪᠠᠬᠠᠳᠠᠢ ᠮᠠᠨ᠎ᠤ ᠭᠠᠴᠠᠭᠠᠨ᠎ᠤ ᠰᠠᠭᠤᠭᠠᠯᠢ ᠠᠷᠠᠳ ᠪᠦᠬᠡᠲᠡᠬᠦᠰ ᠵᠡᠷᠭᠡ ᠤᠳᠬ᠎ᠠ ᠤᠷᠠᠯᠢᠭ ᠲᠤ᠌ ᠠᠪᠢᠶᠠᠰ ᠲᠠᠢ ᠬᠡᠳᠦᠨ ᠬᠦᠮᠦᠨ ᠬᠠᠮᠳᠤ ᠵᠢᠨ ᠲᠤᠷ᠎ᠠ ᠪᠠᠬ᠎ᠠ ᠪᠡᠷ᠎ᠢᠶᠡᠨ ᠪᠤᠳᠤᠯ ᠰᠠᠨᠠᠭ᠎ᠠ ᠨᠠᠢᠯᠠᠵᠤ《ᠰᠡᠳᠬᠢᠯ ᠵᠢᠷᠤᠭᠡᠨ᠎ᠤ ᠬᠤᠯᠪᠤᠭ᠎ᠠ》ᠬᠡᠬᠦ ᠵᠢᠷᠬᠢᠶ᠎ᠠ ᠠᠷᠠᠳ᠎ᠤᠨ ᠤᠷᠠᠯᠢᠬᠴᠢᠳ᠎ᠤᠨ ᠪᠦᠯᠬᠦᠮ᠎ᠢ ᠪᠠᠢᠭᠤᠯᠵᠤ ᠪᠢᠯᠠ᠃ ᠲᠠᠭᠤᠯᠠᠬᠤ᠂ ᠬᠤᠭᠤᠷᠳᠠᠬᠤ᠂ ᠬᠦᠭᠵᠢᠮᠳᠠᠬᠦ᠂ ᠪᠦᠵᠢᠭᠯᠡᠬᠦ ᠁ ᠲᠡᠳᠡ ᠨᠡᠷ ᠴᠦᠮ ᠦᠪᠡᠷ ᠦᠪᠡᠷ᠎ᠤᠨ᠎ᠢᠶᠡᠨ ᠤᠨᠴᠠᠭᠠᠢ ᠤᠷᠠᠯᠢᠭ᠎ᠤᠨ ᠠᠪᠢᠶᠠᠰ ᠲᠠᠢ᠂ ᠪᠠᠶᠠᠷ ᠳᠤᠷᠠᠰᠬᠠᠯ᠎ᠤᠨ ᠡᠳᠦᠷ ᠪᠤᠶᠤ ᠠᠵᠢᠯ᠎ᠤᠨ ᠴᠢᠯᠦᠭᠡᠨ᠎ᠤ ᠴᠠᠭ᠎ᠢᠶᠡᠨ ᠠᠰᠢᠭᠯᠠᠨ᠂ ᠪᠥᠯᠬᠥᠮ᠎ᠤᠨ ᠵᠤᠬᠢᠶᠠᠨ ᠪᠠᠢᠭᠤᠯᠤᠭᠴᠢ᠎ᠶᠢᠨ ᠳᠠᠭᠠᠭᠤᠯᠭ᠎ᠠ ᠳᠤᠤᠷ᠎ᠠ ᠲᠤᠬᠳᠠᠬᠰᠠᠨ ᠭᠠᠵᠠᠷ ᠪᠤᠯᠵᠤᠨ ᠴᠤᠭᠯᠠᠷᠠᠵᠦ᠂ ᠤᠷ᠎ᠠ ᠠᠪᠢᠶᠠᠰ᠎ᠢᠶᠡᠨ ᠪᠠᠳᠠᠷᠠᠭᠤᠯᠤᠨ ᠮᠠᠯᠴᠢᠨ ᠲᠠᠷᠢᠶᠠᠴᠢᠨ ᠳ᠋ᠤ ᠲᠤᠬᠯᠠᠯᠳᠠ ᠭᠠᠷᠭᠠᠵᠤ ᠦᠭᠬᠦᠨ ᠬᠥᠳᠡᠭᠡ ᠲᠤᠰᠬᠤᠨ ᠎ᠤ ᠠᠷᠠᠳ ᠤᠯᠠᠨ᠎ᠤ ᠰᠤᠶᠤᠯ᠎ᠤᠨ ᠠᠮᠢᠳᠤᠷᠠᠯ᠎ᠢ ᠨᠢ ᠪᠠᠶᠠᠯᠢᠭᠵᠢᠭᠤᠯᠤᠨ᠂ ᠰᠠᠢᠨ ᠰᠠᠢᠬᠠᠨ ᠠᠮᠢᠳᠤᠷᠠᠯ᠎ᠤᠨ ᠲᠦᠯᠦᠬᠡ ᠲᠠᠮᠠᠴᠠᠬᠦ ᠤᠷᠮ᠎ᠠ ᠵᠤᠷᠢᠭ᠎ᠢ ᠨᠢ ᠬᠦᠭᠵᠢᠬᠡᠵᠤ ᠪᠠᠢᠳᠠᠭ᠃

《ᠤᠢᠷ᠎ᠠ ᠵᠢᠨ ᠠᠷᠪᠠᠭᠠᠳ ᠵᠢᠯ ᠳ᠋ᠤ ᠬᠥᠳᠡᠭᠡ ᠨᠤᠳᠤᠭ ᠮᠢᠨᠢ ᠬᠤᠪᠢᠷᠠᠯᠳᠠ ᠶᠡᠬᠡᠳᠠᠢ᠂ ᠠᠷᠠᠳ ᠤᠯᠠᠨ᠎ᠤ ᠦᠢᠯᠡᠳᠪᠦᠷᠢᠯᠡᠯ ᠠᠮᠢᠳᠦᠷᠠᠯ᠎ᠤᠨ ᠨᠦᠬᠦᠴᠡᠯ ᠤᠷᠢᠳ ᠡᠮᠦᠨ᠎ᠡ ᠪᠠᠢᠭ᠎ᠠ ᠦᠬᠡᠢ ᠰᠠᠢᠵᠢᠷᠠᠵᠤ᠂ ᠮᠠᠯᠵᠢᠵᠤ ᠲᠠᠷᠢᠶᠠᠯᠠᠬᠤ ᠠᠵᠢᠯ᠎ᠤᠨ ᠤᠯᠠᠩᠬᠢ ᠵᠢ ᠨᠢ ᠮᠠᠰᠢᠨ ᠮᠧᠬᠠᠨᠢᠭ ᠎ᠢᠶᠡᠷ ᠬᠦᠢᠴᠡᠳᠬᠡᠬᠦ ᠪᠤᠯᠤᠬᠰᠠᠨ᠎ᠢᠶᠡᠷ ᠠᠵᠢᠯ᠎ᠤᠨ ᠰᠤᠯᠠ ᠰᠡᠯᠡᠭᠦᠦ ᠴᠠᠭ ᠨᠡᠩ ᠤᠯᠠᠰᠢᠷᠠᠵᠤ ᠤᠶᠤᠨ᠎ᠤ ᠠᠮᠢᠳᠦᠷᠠᠯ᠎ᠤᠨ ᠬᠡᠷᠡᠭᠴᠡᠬᠡ ᠵᠢ ᠶᠠᠪᠤᠬᠤ ᠲᠤᠳᠤᠮ ᠱᠠᠭᠠᠷᠳᠠᠬᠤ ᠪᠤᠯᠤᠭᠰᠠᠨ᠂ ᠮᠠᠨᠤᠰ ᠰᠢᠭ ᠤᠷᠠᠯᠢᠭ᠎ᠤᠨ ᠪᠠᠬᠠᠲᠠᠳ ᠬᠠᠮᠲᠤ ᠨᠡᠢᠯᠡᠨ ᠤᠷ᠎ᠠ ᠠᠪᠢᠶᠠᠰ᠎ᠢᠶᠡᠨ ᠪᠠᠳᠠᠷᠠᠭᠤᠯᠵᠤ ᠦᠪᠡᠷ᠎ᠤᠨ ᠰᠡᠳᠬᠢᠯ ᠰᠠᠨᠠᠭ᠎ᠠ ᠪᠠᠨ ᠪᠠᠶᠠᠰᠬᠠᠬᠤ ᠵᠢᠨ ᠳᠠᠭᠠᠤ ᠦᠯᠵᠡᠢᠳᠤ ᠰᠠᠢᠬᠠᠨ ᠴᠠᠭᠠᠨ ᠰᠠᠷ᠎ᠠ ᠪᠠᠨ ᠤᠶᠠᠩᠭ᠎ᠠ ᠲᠠᠭᠤᠤ ᠲᠠᠢ ᠦᠩᠬᠡᠷᠡᠬᠦᠯᠬᠦ ᠨᠢ ᠮᠠᠰᠢ ᠤᠳᠬ᠎ᠠ ᠠᠭᠤᠯᠭ᠎ᠠ ᠲᠠᠢ ᠰᠠᠨᠠᠭᠳᠠᠬᠤ ᠶᠤᠮ》ᠭᠡᠵᠦ ᠲᠤᠰ ᠠᠷᠠᠳ᠎ᠤᠨ ᠤᠷᠠᠯᠢᠭᠴᠢᠳ᠎ᠤᠨ ᠪᠥᠯᠬᠥᠮ᠎ᠢ ᠵᠤᠬᠢᠶᠠᠨ ᠪᠠᠢᠭᠤᠯᠤᠭᠴᠢ ᠪᠤᠯᠬᠤ ᠪᠦᠬᠡᠲᠡᠭᠦᠰ ᠭᠤᠸᠠᠢ ᠲᠠᠨᠢᠯᠴᠠᠭᠤᠯᠵᠤ ᠪᠠᠢᠯ᠎ᠠ᠃

《ᠪᠢ ᠬᠡᠳᠦᠢᠪᠡᠷ ᠨᠠᠰᠤ ᠠᠬᠢᠭᠰᠠᠨ ᠪᠤᠯᠪᠠᠴᠤ ᠬᠠᠷᠠᠬᠠᠨ ᠪᠠᠭ᠎ᠠ ᠡᠴᠡ ᠪᠠᠨ ᠳᠠᠭᠤᠤ ᠬᠥᠭᠵᠢᠮ᠎ᠳᠤ ᠠᠪᠢᠶᠠᠰ ᠲᠠᠢ ᠪᠤᠯᠬᠤᠷ ᠵᠠᠪᠰᠢᠶᠠᠨ᠎ᠢᠶᠡᠷ ᠡᠨᠡ ᠬᠦ᠌ ᠤᠷᠠᠯᠢᠬᠴᠢᠳ᠎ᠤᠨ ᠪᠦᠯᠬᠦᠮ᠎ᠤᠨ ᠨᠢᠬᠡ ᠬᠡᠰᠢᠬᠦᠨ ᠪᠤᠯᠤᠬᠰᠠᠨ᠎ᠳᠠᠭᠠᠨ ᠮᠠᠰᠢ ᠪᠠᠶᠠᠷ ᠲᠠᠢ ᠪᠠᠢᠨ᠎ᠠ ᠂〈ᠠᠮᠢᠲᠤ ᠶᠠᠪᠤᠪᠠᠯ ᠠᠯᠲᠠᠨ ᠠᠶᠠᠭᠠᠨ᠎ᠡᠴᠡ ᠤᠰᠤ ᠤᠤᠭᠤᠨ᠎ᠠ〉 ᠭᠡᠳᠡᠭ᠃ ᠡᠨᠡ ᠰᠠᠢᠬᠠᠨ ᠴᠠᠭ ᠦᠶ᠎ᠠ ᠳ᠋ᠤ ᠲᠤᠬᠢᠶᠠᠵᠤ᠂ ᠬᠢᠵᠠᠭᠠᠯᠠᠰᠢ ᠦᠬᠡᠢ ᠪᠠᠶᠠᠷ ᠵᠢᠷᠭᠠᠯ ᠲᠠᠢ ᠠᠮᠢᠳᠦᠷᠠᠵᠤ ᠶᠠᠪᠤᠨ᠎ᠠ ᠭᠡᠵᠦ ᠰᠠᠨᠠᠭ᠎ᠠ ᠵᠡᠭᠦᠳᠦᠨ᠎ᠳᠤ᠎ᠴᠦ ᠪᠠᠢᠬᠰᠠᠨ ᠦᠭᠡᠢ》ᠭᠡᠵᠦ ᠪᠥᠯᠬᠥᠮ᠎ᠤᠨ ᠬᠡᠰᠢᠬᠥᠨ ᠳᠡᠯᠭᠡᠷ ᠶᠠᠷᠢᠵᠤ ᠪᠢᠯᠠ᠃

ᠣᠷᠴᠢᠭᠤᠯᠤᠭ᠍ᠴᠢ᠄
ᠨᠠᠢᠷᠠᠭᠤᠯᠤᠭ᠍ᠴᠢ᠄ ᠰᠤᠶᠤᠯᠲᠦ
ᠲᠤᠮᠳᠠᠳᠤ ᠤᠯᠤᠰ᠎ᠤᠨ ᠮᠤᠩᠭᠤᠯ ᠬᠡᠯᠡᠡ᠎ᠤ ᠰᠤᠨᠢᠠ ᠮᠠᠳᠡᠭᠡ᠎ᠶ᠋ᠢᠨ ᠰᠦᠯᠵᠢᠶ᠎ᠠ
ᠢᠷᠡᠯᠲᠡ᠄
ᠬᠤᠪᠢᠶᠠᠯᠴᠠᠬᠤ᠄
ᠬᠠᠮᠢᠶ᠎ᠡ ᠪᠦᠬᠦᠢ ᠰᠣᠨᠢᠨ

2008-2025 © ᠳᠤᠮᠳᠠᠳᠤ ᠤᠯᠤᠰ᠎ᠤᠨ ᠮᠤᠩᠭᠤᠯ ᠬᠡᠯᠡᠨ᠎ᠤ ᠰᠤᠨᠢᠨ ᠮᠡᠳᠡᠭᠡᠨ᠎ᠤ ᠰᠦᠯᠵᠢᠶ᠎ᠡ ᠦᠮᠴᠢᠯᠡᠯ᠎ᠤᠨ ᠡᠷᠬᠡ᠎ᠲᠠᠢ

ᠵᠤᠬᠢᠶᠠᠭᠴᠢ᠎ᠶᠢᠨ ᠡᠷᠬᠡ ᠬᠠᠤᠯᠢ᠎ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ᠎ᠪᠠᠷ ᠬᠠᠭᠤᠯᠪᠤᠷᠢᠯᠠᠬᠤ᠎ᠶᠢ ᠬᠠᠲᠠᠭᠤ ᠬᠤᠷᠢᠭᠯᠠᠨ᠎ᠠ

ᠬᠠᠷᠢᠯᠴᠠᠬᠤ ᠤᠲᠠᠰᠤ᠄0471-6635435

ᠢᠮᠧᠯ᠄mgyxww@163.com   蒙ICP备10000005号