ᠲᠦᠮᠡᠨ ᠡᠷᠦᠬᠡ ᠵᠢ ᠲᠠᠢᠪᠤᠩ ᠰᠢᠨᠡᠯᠡᠭᠦᠯᠬᠦ ᠵᠢᠨ ᠲᠦᠯᠦᠭᠡ
2022-02-13 20:38:47
ᠵᠣᠬᠢᠶᠠᠭ᠍ᠴᠢ᠄
ᠰᠤᠷᠭᠤᠭ
ᠣᠩᠱᠢᠭ᠍ᠰᠠᠨ ᠣᠳᠠᠭ᠎ᠠ᠄
★★★☆☆

ᠬᠠᠷ᠎ᠠ ᠪᠠᠷᠰ ᠵᠢᠯ᠎ᠤᠨ ᠴᠠᠭᠠᠨ ᠰᠠᠷ᠎ᠠ᠎ᠵᠢᠨ ᠪᠠᠶᠠᠷ ᠪᠠ ᠪᠡᠭᠡᠵᠢᠨᠭ᠎ᠤᠨ ᠡᠪᠦᠯ᠎ᠤᠨ ᠤᠯᠠᠷᠢᠯ᠎ᠤᠨ ᠤᠯᠢᠮᠫᠢᠺ᠎ᠤᠨ ᠲᠠᠮᠢᠷ᠎ᠤᠨ ᠴᠤᠭᠯᠠᠭᠠᠨ᠎ᠤ ᠬᠤᠭᠤᠴᠠᠭᠠᠨ᠎ᠳᠤ ᠨᠡᠢᠭᠡᠮ᠎ᠤᠨ ᠶᠡᠬᠡ ᠲᠠᠯ᠎ᠠ᠎ᠵᠢᠨ ᠲᠤᠭᠲᠠᠭᠤᠨ ᠪᠠᠢᠳᠠᠯ᠎ᠢ ᠦᠨᠡᠨ ᠬᠦ᠌ ᠪᠠᠲᠤᠯᠠᠨ᠂ ᠤᠯᠠᠨ ᠲᠦᠮᠡᠨ᠎ᠳᠤ ᠠᠮᠤᠷ ᠲᠦᠪᠰᠢᠨ᠂ ᠰᠠᠭᠠᠳ ᠦᠭᠡᠢ᠂ ᠡᠮᠬᠢ ᠵᠢᠷᠦᠮ ᠲᠠᠢ ᠵᠠᠮ ᠬᠠᠷᠢᠯᠴᠠᠭᠠᠨ᠎ᠤ ᠤᠷᠴᠢᠨ ᠨᠦᠬᠦᠴᠡᠯ᠎ᠢ ᠪᠤᠢ ᠪᠤᠯᠭᠠᠬᠤ᠎ᠵᠢᠨ ᠲᠦᠯᠦᠭᠡ᠂ ᠲᠦᠨᠭᠯᠢᠶᠤᠤ ᠬᠤᠲᠠ᠎ᠵᠢᠨ ᠵᠠᠷᠤᠳ ᠬᠤᠰᠢᠭᠤᠨ᠎ᠤ ᠲᠤᠳᠤᠭᠠᠳᠤ ᠵᠢ ᠬᠠᠮᠠᠭᠠᠯᠠᠬᠤ ᠲᠤᠪᠴᠢᠶ᠎ᠠ᠎ᠵᠢᠨ ᠬᠢᠨ ᠪᠦᠬᠦ ᠠᠵᠢᠯᠲᠠᠨ᠎ᠵᠢᠡᠨ ᠵᠤᠬᠢᠶᠠᠨ ᠪᠠᠢᠭᠤᠯᠵᠤ᠂《ᠯᠦᠪᠸᠢ᠎ᠵᠢᠨ ᠡᠮᠦᠨ᠎ᠡ》 ᠰᠦᠢᠳᠭᠡᠯ ᠬᠤᠷᠢᠶᠠᠬᠤ ᠦᠷᠲᠡᠭᠡᠨ᠎ᠳᠤ ᠲᠦᠷ ᠴᠠᠭ᠎ᠤᠨ ᠪᠠᠢᠴᠠᠭᠠᠬᠤ ᠴᠡᠭ ᠭᠠᠷᠭᠠᠨ᠂ ᠲᠡᠷᠭᠡ᠂ ᠬᠦᠮᠦᠨ᠂ ᠪᠤᠳᠠᠰ᠎ᠢ ᠪᠠᠢᠴᠠᠭᠠᠬᠤ ᠠᠵᠢᠯᠯᠠᠭ᠎ᠠ ᠦᠷᠨᠢᠭᠦᠯᠪᠡ᠃

ᠵᠠᠷᠤᠳ ᠬᠤᠰᠢᠭᠤᠨ᠎ᠤ ᠬᠠᠷᠢᠶᠠᠨ᠎ᠳᠤ ᠪᠠᠢᠭ᠎ᠠ《304》ᠤᠯᠤᠰ᠎ᠤᠨ ᠵᠠᠮ᠂《306》ᠮᠤᠵᠢ᠎ᠵᠢᠨ ᠵᠠᠮ᠂ 《G2511》ᠲᠦᠷᠭᠡᠨ᠎ᠤ ᠵᠠᠰᠠᠮᠠᠯ ᠵᠠᠮ ᠨᠢ ᠶᠠᠭ ᠰᠠᠢᠬᠠᠨ ᠵᠡᠷᠭᠡᠯᠡᠳᠡᠭᠡ ᠬᠡᠳᠦᠨ ᠮᠤᠵᠢ ᠬᠤᠲᠠ᠎ᠵᠢᠨ ᠡᠷᠬᠡᠪᠰᠢ ᠦᠨᠭᠭᠡᠷᠡᠬᠦ ᠭᠤᠤᠯ ᠵᠠᠮ ᠱᠤᠭᠤᠮ ᠪᠠᠢᠵᠤ᠂ ᠴᠠᠭᠠᠨ ᠰᠠᠷ᠎ᠠ᠎ᠵᠢᠨ ᠬᠤᠭᠤᠴᠠᠭ᠎ᠠ ᠪᠡᠷ ᠨᠠᠭᠠᠰᠢ ᠴᠠᠭᠠᠰᠢ ᠶᠠᠪᠤᠵᠤ ᠰᠠᠭᠤᠬᠤ ᠲᠡᠷᠭᠡ ᠬᠦᠰᠭᠡ ᠨᠡᠩ ᠤᠯᠠᠨ ᠪᠠᠢᠳᠠᠭ ᠡᠴᠡ 《ᠯᠦᠪᠸᠢ᠎ᠵᠢᠨ ᠡᠮᠦᠨ᠎ᠡ》ᠦᠷᠲᠡᠭᠡ ᠲᠦᠢᠯ᠎ᠤᠨ ᠶᠠᠭᠠᠷᠠᠤ ᠪᠠᠢᠳᠠᠯ᠎ᠳᠤ ᠤᠷᠤᠯ᠎ᠠ᠃

ᠤᠢᠯᠠᠭᠠᠭᠰᠠᠨ ᠎ᠵᠢᠡᠷ᠂ ᠵᠠᠷᠤᠳ ᠬᠤᠰᠢᠭᠤᠨ᠎ᠤ ᠲᠤᠳᠤᠭᠠᠳᠤ ᠵᠢ ᠬᠠᠮᠠᠭᠠᠯᠠᠬᠤ ᠲᠤᠪᠴᠢᠶ᠎ᠠ᠎ᠵᠢᠨ ᠬᠢᠨ ᠵᠠᠮ ᠬᠠᠷᠢᠯᠴᠠᠭᠠᠨ᠎ᠤ ᠴᠠᠭᠳᠠᠭᠠᠨ᠎ᠤ ᠠᠩᠬᠢ᠂ ᠤᠨᠴᠠ ᠴᠠᠭᠳᠠᠭ᠎ᠠ᠎ᠵᠢᠨ ᠠᠩᠬᠢ᠂ ᠠᠮᠤᠷ ᠲᠦᠪᠰᠢᠨ᠎ᠢ ᠬᠠᠮᠠᠭᠠᠯᠠᠬᠤ ᠠᠩᠬᠢ ᠲᠤᠬᠢᠷᠠᠭᠤᠯᠵᠤ᠂ ᠬᠤᠷᠢᠨ ᠳᠦᠷᠪᠡᠨ ᠴᠠᠭ᠎ᠵᠢᠡᠷ ᠵᠢᠵᠢᠭᠦᠷᠯᠡᠵᠦ᠂ ᠲᠡᠷᠭᠡ ᠪᠤᠯᠭᠠᠨ᠎ᠢ ᠡᠮᠬᠢ ᠵᠢᠷᠦᠮ ᠲᠠᠢ ᠳᠠᠷᠠᠭᠠᠯᠠᠨ ᠪᠠᠢᠴᠠᠭᠠᠵᠤ᠂ ᠦᠨᠭᠭᠡᠷᠡᠬᠦ ᠬᠦᠮᠦᠨ ᠪᠤᠯᠭᠠᠨ᠎ᠢ ᠳᠠᠨᠭᠰᠠᠯᠠᠵᠤ᠂ ᠶᠢᠰᠦᠨ᠎ᠤ ᠬᠦᠢᠲᠡᠨ᠎ᠢ ᠬᠠᠢᠬᠤᠷᠤᠯ ᠦᠭᠡᠢ ᠦᠩᠭᠡ ᠭᠡᠷᠡᠯᠲᠦ ᠡᠭᠦᠷᠭᠡ ᠪᠠᠨ ᠪᠡᠶᠡᠯᠡᠭᠦᠯᠵᠦ ᠶᠠᠭᠠᠷᠠᠨ᠎ᠠ᠃ ᠲᠤᠰ ᠤᠳᠠᠭ᠎ᠠ᠎ᠵᠢᠨ ᠪᠠᠢᠴᠠᠭᠠᠯᠲᠠ᠎ᠵᠢᠨ ᠭᠤᠤᠯ ᠡᠭᠦᠷᠭᠡ ᠠᠵᠢᠯ ᠨᠢ ᠭᠡᠪᠡᠯ ᠬᠠᠤᠯᠢ ᠪᠤᠰᠤ᠎ᠪᠡᠷ ᠴᠠᠭᠠᠵᠠᠯᠠᠵᠤ ᠪᠠᠢᠭ᠎ᠠ ᠪᠤᠳᠠᠰ᠂ ᠠᠮᠠᠷᠬᠠᠨ ᠳᠡᠯᠪᠡᠷᠡᠬᠦ ᠪᠤᠶᠤ ᠨᠤᠴᠤᠬᠤ ᠠᠶᠤᠯᠲᠤ ᠪᠤᠳᠠᠰ᠎ᠢ ᠲᠡᠭᠡᠭᠡᠪᠦᠷᠢᠯᠡᠭᠰᠡᠨ ᠲᠡᠷᠭᠡ ᠬᠦᠰᠭᠡ᠎ᠵᠢ ᠪᠠᠢᠴᠠᠭᠠᠬᠤ᠂ ᠰᠦᠯᠵᠢᠶᠡᠨ ᠳᠡᠭᠡᠷᠡᠬᠢ ᠤᠷᠭᠤᠳᠠᠯ ᠬᠡᠷᠡᠭᠳᠡᠨ᠂ ᠶᠠᠯ᠎ᠠ᠎ᠬᠢᠭᠰᠡᠨ ᠰᠡᠵᠢᠭᠲᠡᠨ᠎ᠢ ᠪᠠᠢᠴᠠᠭᠠᠨ ᠪᠠᠷᠢᠪᠴᠢᠯᠠᠬᠤ᠂ ᠦᠨᠡᠮᠯᠡᠯ ᠦᠭᠡᠢ ᠪᠡᠷ ᠲᠡᠷᠭᠡ ᠵᠢᠯᠤᠭᠤᠳᠬᠤ ᠪᠠ ᠵᠠᠮ ᠬᠠᠷᠢᠯᠴᠠᠭᠠᠨ᠎ᠤ ᠳᠦᠷᠢᠮ᠎ᠢ ᠵᠦᠷᠢᠴᠡᠭᠰᠡᠨ ᠠᠵᠢᠯᠯᠠᠭ᠎ᠠ᠎ᠢ ᠪᠠᠢᠴᠠᠭᠠᠬᠤ ᠵᠡᠷᠭᠡ ᠠᠯᠢ ᠤᠯᠠᠨ ᠠᠵᠢᠯ᠎ᠢ ᠬᠠᠮᠤᠷᠴᠤ᠂ ᠬᠦᠮᠦᠨ ᠪᠦᠷᠢ᠎ᠵᠢᠨ ᠪᠡᠶ᠎ᠡ᠎ᠵᠢᠨ ᠦᠨᠡᠮᠯᠡᠯ᠎ᠢ ᠨᠢ ᠳᠠᠩᠰᠠᠯᠠᠵᠤ᠂ ᠡᠷᠡᠭᠦᠯ ᠮᠡᠨᠳᠦ᠎ᠵᠢᠨ ᠺᠤᠳ᠋᠂ ᠠᠶᠠᠯᠠᠯ᠎ᠤᠨ ᠺᠤᠳ᠋᠎ᠢ ᠨᠢ ᠪᠠᠢᠴᠠᠭᠠᠨ ᠦᠵᠡᠵᠤ᠂ ᠠᠰᠠᠭᠤᠳᠠᠯ ᠲᠠᠢ ᠬᠦᠮᠦᠨ ᠪᠠ ᠲᠡᠷᠭᠡ ᠬᠦᠰᠭᠡ᠎ᠵᠢ ᠴᠠᠭ ᠲᠤᠬᠠᠢ᠎ᠳᠤᠨᠢ ᠳᠡᠭᠡᠭᠰᠢ ᠮᠡᠳᠡᠭᠦᠯᠦᠨ ᠰᠢᠢᠳᠪᠦᠷᠢᠯᠡᠵᠦ ᠪᠠᠢᠨ᠎ᠠ᠃

ᠰᠠᠷ᠎ᠠ ᠰᠢᠨ᠎ᠡ᠎ᠵᠢᠨ ᠪᠠᠶᠠᠷ᠎ᠵᠢᠡᠷ᠂ ᠬᠤᠲᠠ ᠬᠦᠳᠡᠭᠡ᠎ᠵᠢᠨ ᠬᠦᠮᠦᠰ ᠲᠤᠬᠢᠯᠢᠭ ᠮᠠᠰᠢᠨ᠎ᠳᠤ᠎ᠪᠠᠨ ᠲᠠᠭᠠᠲᠠᠢ ᠰᠠᠭᠠᠲᠠᠨ᠂᠎ᠠᠢᠯ ᠰᠠᠭᠠᠬᠠᠯᠲᠠ᠎ᠪᠠᠨ ᠲᠤᠭᠤᠷᠢᠵᠤ᠂ ᠰᠠᠲᠤᠨ ᠲᠦᠷᠦᠯ᠎ᠵᠢᠡᠨ ᠡᠷᠬᠢᠵᠦ᠂ ᠭᠡᠷ ᠬᠤᠲᠠᠯᠠᠭᠠᠷ᠎ᠵᠢᠡᠨ ᠴᠤᠭᠯᠠᠷᠠᠨ ᠨᠠᠢᠷᠠᠯᠳᠤᠵᠤ ᠪᠠᠶᠠᠷᠯᠠᠯᠳᠤᠨ ᠪᠠᠢᠬᠤ᠎ᠳᠤ᠂ ᠵᠠᠷᠤᠳ ᠬᠤᠰᠢᠭᠤᠨ᠎ᠤ ᠲᠤᠳᠤᠭᠠᠳᠤ ᠵᠢ ᠬᠠᠮᠠᠭᠠᠯᠠᠬᠤ ᠲᠤᠪᠴᠢᠶ᠎ᠠ᠎ᠵᠢᠨ ᠴᠠᠭᠳᠠᠭ᠎ᠠ ᠨᠠᠷ ᠬᠠᠷᠢᠨ ᠠᠵᠢᠯ᠎ᠤᠨ ᠪᠠᠢᠷᠢ ᠪᠠᠨ ᠪᠠᠲᠤ ᠰᠠᠬᠢᠵᠤ ᠪᠠᠴᠢᠮ ᠶᠠᠭᠠᠷᠠᠤ ᠡᠭᠦᠷᠭᠡ ᠪᠡᠨ ᠭᠦᠢᠴᠡᠳᠭᠡᠵᠦ᠂ ᠠᠷᠠᠳ ᠤᠯᠠᠨ᠎ᠤ ᠠᠮᠤᠷ ᠲᠦᠪᠰᠢᠨ᠎ᠢ ᠪᠦᠬᠦ ᠬᠦᠴᠦᠨ᠎ᠵᠢᠡᠷ᠎ᠵᠢᠡᠨ ᠪᠠᠲᠤᠯᠠᠵᠤ ᠪᠠᠢᠭ᠎ᠠ ᠨᠢ ᠮᠠᠭᠲᠠᠭᠤᠰᠢᠲᠠᠢ᠃

ᠣᠷᠴᠢᠭᠤᠯᠤᠭ᠍ᠴᠢ᠄
ᠨᠠᠢᠷᠠᠭᠤᠯᠤᠭ᠍ᠴᠢ᠄ ᠰᠤᠶᠤᠯᠲᠦ
ᠲᠤᠮᠳᠠᠳᠤ ᠤᠯᠤᠰ᠎ᠤᠨ ᠮᠤᠩᠭᠤᠯ ᠬᠡᠯᠡᠡ᠎ᠤ ᠰᠤᠨᠢᠠ ᠮᠠᠳᠡᠭᠡ᠎ᠶ᠋ᠢᠨ ᠰᠦᠯᠵᠢᠶ᠎ᠠ
ᠢᠷᠡᠯᠲᠡ᠄
ᠬᠤᠪᠢᠶᠠᠯᠴᠠᠬᠤ᠄
ᠬᠠᠮᠢᠶ᠎ᠡ ᠪᠦᠬᠦᠢ ᠰᠣᠨᠢᠨ

2008-2025 © ᠳᠤᠮᠳᠠᠳᠤ ᠤᠯᠤᠰ᠎ᠤᠨ ᠮᠤᠩᠭᠤᠯ ᠬᠡᠯᠡᠨ᠎ᠤ ᠰᠤᠨᠢᠨ ᠮᠡᠳᠡᠭᠡᠨ᠎ᠤ ᠰᠦᠯᠵᠢᠶ᠎ᠡ ᠦᠮᠴᠢᠯᠡᠯ᠎ᠤᠨ ᠡᠷᠬᠡ᠎ᠲᠠᠢ

ᠵᠤᠬᠢᠶᠠᠭᠴᠢ᠎ᠶᠢᠨ ᠡᠷᠬᠡ ᠬᠠᠤᠯᠢ᠎ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ᠎ᠪᠠᠷ ᠬᠠᠭᠤᠯᠪᠤᠷᠢᠯᠠᠬᠤ᠎ᠶᠢ ᠬᠠᠲᠠᠭᠤ ᠬᠤᠷᠢᠭᠯᠠᠨ᠎ᠠ

ᠬᠠᠷᠢᠯᠴᠠᠬᠤ ᠤᠲᠠᠰᠤ᠄0471-6635435

ᠢᠮᠧᠯ᠄mgyxww@163.com   蒙ICP备10000005号