ᠡᠵᠡᠨ᠎ᠠ ᠬᠤᠰᠢᠭᠤᠨᠤ ᠪᠠᠶᠠᠨᠲᠤᠤᠷᠠᠢ ᠰᠤᠮᠤᠨᠤ ᠵᠢᠷᠭᠠᠯᠠᠩᠲᠤ ᠭᠠᠴᠠᠭᠠᠨᠤ ᠮᠠᠯᠴᠢᠨ ᠪᠠᠲᠤᠮᠦ᠋ᠩᠬᠡᠶᠢᠨ ᠬᠢᠨ ᠰᠠᠷ᠎ᠠ ᠰᠢᠨ᠎ᠠ ᠪᠡᠷ ᠤᠨᠴᠠᠭᠠᠢ ᠶᠠᠭᠠᠷᠠᠤ ᠪᠠᠢᠯ᠎ᠠ᠃ ᠲᠡᠳᠡᠨᠤ ᠬᠢ ᠰᠢᠨᠠᠶᠢᠨ ᠭᠡᠢᠴᠢᠨ ᠢᠶᠡᠨ ᠳᠠᠢᠯᠠᠬᠤᠶᠢᠨ ᠵᠡᠷᠭᠡᠴᠡᠭᠡ ᠪᠠᠷ ᠲᠦᠯᠢᠶᠡᠨ ᠲᠤᠰᠤᠭᠠᠳ ᠶᠠᠭᠠᠷᠠᠨ᠎ᠠ᠃ ᠡᠨᠡ ᠵᠢᠯ ᠡᠳᠡᠨᠤ ᠬᠢ ᠤᠨᠴᠠᠭᠠᠢ ᠨᠢᠭᠡ ᠲᠦᠯ ᠲᠤᠰᠴᠤ ᠪᠠᠢᠭ᠎ᠠ ᠰᠠᠨ᠃
— ᠮᠠᠨᠤ ᠬᠢ ᠡᠨᠡ ᠵᠢᠯ ᠳᠦᠷᠪᠡᠨ ᠡᠪᠡᠷ ᠲᠠᠢ ᠬᠤᠨᠢᠨᠤ ᠬᠤᠷᠠᠭ᠎ᠠ ᠪᠠᠨ ᠲᠤᠰᠴᠤ ᠪᠤᠢ᠃ ᠤᠯᠠᠭᠠᠨ ᠬᠦᠷᠡᠩ ᠦᠩᠭᠡ ᠲᠠᠢ ᠬᠤᠷᠠᠭ᠎ᠠ ᠪᠤᠯ ᠳᠦᠷᠪᠡᠨ ᠡᠪᠡᠷ ᠲᠠᠢ ᠬᠤᠨᠢᠨᠤ ᠬᠤᠷᠠᠭ᠎ᠠ ᠪᠤᠯᠤᠨ᠎ᠠ ᠭᠡᠵᠦ ᠪᠠᠲᠤᠮᠦ᠋ᠩᠬᠡ ᠰᠠᠶᠢᠬᠠᠨ ᠭᠠᠷᠤᠭᠰᠠᠨ ᠬᠤᠷᠠᠭ᠎ᠠ ᠪᠠᠨ ᠦᠬᠦᠭᠡᠷᠳᠦᠨᠠ᠃
ᠪᠠᠲᠤᠮᠦ᠋ᠩᠬᠡᠶᠢᠨ ᠬᠢᠨ ᠨᠢᠳᠦᠨᠤᠨ ᠵᠢᠯ ᠡᠴᠡ ᠡᠬᠢᠯᠡᠨ ᠳᠦᠷᠪᠡᠨ ᠡᠪᠡᠷ ᠲᠠᠢ ᠬᠤᠨᠢ ᠮᠠᠯᠵᠢᠵᠡᠢ᠃ ᠳᠦᠷᠪᠡᠨ ᠡᠪᠡᠷ ᠲᠠᠢ ᠬᠤᠨᠢ ᠵᠢ ᠤᠯᠠᠭᠠᠨ ᠬᠤᠨᠢ ᠭᠡᠳᠡᠭ᠃ ᠤᠭᠠᠯᠵᠠ ᠪᠠ ᠳᠦᠪᠡᠳ ᠬᠤᠨᠢ ᠡᠴᠡ ᠡᠷᠯᠢᠰᠡᠵᠢᠭᠦᠯᠦᠭᠰᠡᠨ ᠬᠤᠨᠢᠨᠤ ᠡᠭᠦᠯᠳᠡᠷ ᠪᠤᠯᠤᠨ᠎ᠠ᠃ ᠤᠯᠠᠭᠠᠨ ᠬᠤᠨᠢᠨᠤ ᠪᠡᠶ᠎ᠠ ᠨᠢ ᠦᠨᠳᠦᠷ ᠲᠤᠮᠤ ᠪᠦᠭᠡᠳ ᠲᠠᠷᠭᠤ ᠰᠠᠢᠳᠠᠢ᠂ ᠦᠬᠡᠬᠦ ᠲᠤᠰᠤᠨᠤ ᠴᠢᠨᠠᠷ ᠨᠢ ᠰᠠᠢᠨ᠂ ᠬᠦᠢᠲᠡᠨᠳ᠋ᠤ ᠲᠡᠰᠪᠦᠷᠢᠳᠡᠢ ᠬᠤᠨᠢ ᠪᠤᠯᠤᠨ᠎ᠠ᠃
— ᠮᠠᠨᠤ ᠬᠢ ᠡᠨᠡ ᠵᠢᠯ ᠳᠠᠯ᠎ᠠ ᠭᠠᠷᠤᠢ ᠲᠦᠯ ᠲᠤᠰᠤᠨ᠎ᠠ᠃ ᠬᠤᠷᠢᠭᠠᠳ ᠨᠢ ᠳᠦᠷᠪᠡᠨ ᠡᠪᠡᠷ ᠲᠠᠢ ᠬᠤᠨᠢᠨᠤ ᠬᠤᠷᠠᠭ᠎ᠠ ᠪᠤᠯᠤᠨ᠎ᠠ᠃ ᠤᠯᠠᠭᠠᠨ ᠬᠤᠨᠢ ᠪᠦᠷ ᠢᠬᠡᠷᠡᠯᠡᠳᠡᠭ ᠪᠦᠭᠡᠳ ᠬᠤᠷᠠᠭᠠᠨᠤ ᠪᠤᠢᠵᠢᠯᠳᠠ ᠲᠦᠷᠭᠡᠨ᠂ ᠲᠠᠷᠭᠤ ᠰᠠᠢᠳᠠᠢ᠂ ᠰᠡᠬᠦᠯ ᠨᠢ ᠵᠢᠵᠢᠭ᠂ ᠶᠠᠭ ᠤᠭᠠᠯᠵᠠᠶᠢᠨ ᠤᠳᠤᠮᠢᠶᠡᠨ ᠳᠠᠭᠤᠷᠢᠶᠠᠭᠰᠠᠨ᠃ ᠡᠷ᠎ᠠ ᠬᠤᠷᠠᠭ᠎ᠠ ᠨᠢ ᠳᠦᠷᠪᠡᠨ ᠡᠪᠡᠷ ᠲᠠᠢ ᠪᠠᠢᠳᠠᠭ᠃ ᠮᠠᠨᠤ ᠨᠤᠲᠤᠭᠤᠨ ᠬᠤᠨᠢ ᠵᠢ ᠪᠤᠳᠤᠪᠠᠯ ᠢᠯᠡᠬᠦᠦ 500 ᠲᠦᠭᠦᠷᠢᠭᠤᠨ ᠠᠰᠢᠭ ᠤᠯᠳᠠᠭ᠃ ᠮᠠᠨᠤ ᠬᠢ ᠠᠯᠲᠠᠨ ᠨᠠᠮᠤᠷᠤᠨ ᠲᠤᠤᠷᠠᠢᠶᠢᠨ ᠨᠠᠢᠷᠢᠶᠡᠷ ᠵᠢᠭᠤᠯᠴᠢᠯᠠᠭᠴᠢ ᠲᠤᠰᠳᠠᠭ᠃ ᠵᠢᠭᠤᠯᠴᠢᠯᠠᠭᠰᠠᠳ ᠳᠦᠷᠪᠡᠨ ᠡᠪᠡᠷ ᠲᠠᠢ ᠬᠤᠨᠢ ᠵᠢ ᠶᠡᠬᠡ ᠱᠤᠬᠤᠭᠠᠷᠬᠠᠵᠦ ᠰᠡᠭᠦᠳᠡᠷ ᠲᠠᠳᠠᠭᠠᠳ ᠶᠠᠪᠤᠳᠠᠭ ᠭᠡᠵᠦ ᠪᠠᠲᠤᠮᠦ᠋ᠩᠬᠡ ᠶᠠᠷᠢᠨ᠎ᠠ᠃
《ᠤᠷᠤᠯᠳᠤᠯᠭ᠎ᠠ ᠰᠠᠢᠲᠤ ᠤᠷᠤᠢᠳᠤ ᠭᠠᠷᠤᠨ᠎ᠠ》ᠭᠡᠳᠡᠭ᠃ ᠪᠠᠲᠤᠮᠦ᠋ᠩᠬᠡ ᠴᠸ᠋ ᠮᠠᠯ ᠰᠦᠷᠦᠭᠤᠨ ᠲᠤᠭ᠎ᠠ ᠵᠢ ᠪᠢᠰᠢ᠂ ᠡᠭᠦᠯᠳᠡᠷᠢ ᠡᠷᠢᠯᠬᠢᠯᠡᠵᠦ ᠤᠷᠤᠯᠭ᠎ᠠ ᠪᠠᠨ ᠨᠡᠮᠡᠭᠳᠡᠬᠦᠯᠬᠦ ᠵᠢ ᠵᠤᠷᠢᠳᠠᠭ ᠬᠠᠰᠢᠷ ᠮᠠᠯᠴᠢᠨ ᠰᠠᠨ᠃ ᠲᠡᠳᠡᠨᠤ ᠰᠦᠷᠦᠭ ᠲᠸ᠋ ᠰᠢᠨᠵᠢᠶᠠᠩᠤᠨ ᠨᠠᠷᠢᠨ ᠨᠤᠤᠰᠤᠲᠤ ᠬᠤᠨᠢ᠂ ᠤᠯᠠᠭᠠᠨ ᠬᠤᠨᠢ᠂ ᠦᠵᠦᠮᠦᠴᠢᠨ ᠬᠤᠨᠢ ᠲᠠᠢ ᠪᠦᠭᠡᠳ ᠤᠷᠲᠤ ᠴᠢᠬᠢᠲᠤ ᠢᠮᠠᠭ᠎ᠠ ᠪᠤᠢ᠃
— ᠮᠠᠨᠤ ᠬᠢ ᠳᠡᠭᠡᠷ᠎ᠠ ᠵᠠᠭᠤᠨᠤ ᠶᠡᠷᠡᠭᠡᠳ ᠤᠨ ᠡᠴᠡ ᠦᠵᠦᠮᠦᠴᠢᠨ ᠬᠤᠨᠢ ᠮᠠᠯᠵᠢᠵᠦ ᠡᠬᠢᠯᠡᠭᠰᠡᠨ᠂ ᠳᠠᠷᠠᠭ᠎ᠠ ᠨᠢ ᠰᠢᠨᠵᠢᠶᠠᠩ ᠤᠨ ᠨᠠᠷᠢᠨ ᠨᠤᠤᠰᠤᠲᠤ ᠬᠤᠨᠢ ᠮᠠᠯᠵᠢᠭᠰᠠᠨ᠂ ᠤᠳᠤᠬᠠᠨᠳᠤ ᠪᠠᠨ ᠭᠤᠤᠯᠳᠠᠭᠤ ᠤᠯᠠᠭᠠᠨ ᠬᠤᠨᠢ ᠮᠠᠯᠵᠢᠵᠦ ᠪᠤᠢ᠃ ᠤᠷᠲᠤ ᠴᠢᠬᠢᠲᠤ ᠢᠮᠠᠭ᠎ᠠ ᠵᠢ ᠪᠠᠰᠠ ᠨᠢᠳᠦᠨᠤᠨ ᠡᠴᠡ ᠬᠠᠷᠢᠭᠤᠯᠤᠭᠰᠠᠨ᠃ ᠤᠷᠲᠤ ᠴᠢᠬᠢᠲᠤ ᠢᠮᠠᠭ᠎ᠠ ᠰᠦ ᠰᠠᠢᠲᠠᠢ᠂ ᠲᠠᠷᠭᠤ ᠰᠠᠢᠳᠠᠢ᠂ ᠢᠬᠡᠷ᠎ᠠ ᠲᠦᠯᠯᠡᠳᠡᠭ ᠪᠤᠯᠬᠤᠷ ᠦᠰᠬᠦ ᠨᠢ ᠬᠤᠷᠳᠤᠨ᠃ ᠨᠤᠲᠤᠭᠤᠨ ᠢᠮᠠᠭ᠎ᠠ ᠵᠢ ᠪᠤᠳᠤᠪᠠᠯ ᠮᠢᠬᠠᠨᠤ ᠭᠠᠷᠤᠯᠳᠠ 30 ᠵᠢᠩ ᠢᠯᠡᠬᠦᠦ ᠪᠤᠯᠬᠤᠷ ᠤᠷᠤᠯᠭ᠎ᠠ ᠴᠸ᠋ ᠰᠠᠢᠨ ᠪᠠᠢᠳᠠᠭ᠂ ᠡᠨᠡ ᠵᠢᠯ ᠡᠴᠡ ᠪᠠᠰᠠ ᠬᠤᠨᠢᠨ ᠲᠡᠮᠡᠭᠡ ᠮᠠᠯᠵᠢᠬᠤ ᠰᠠᠨᠠᠭ᠎ᠠ ᠲᠠᠢ ᠭᠡᠵᠦ ᠪᠠᠲᠤᠮᠦ᠋ᠩᠬᠡ ᠮᠠᠯᠢᠶᠡᠨ ᠡᠪᠡᠰᠦᠯᠡᠨᠠ᠃
ᠳᠦᠷᠪᠡᠨ ᠡᠪᠡᠷ ᠲᠠᠢ ᠬᠤᠨᠢ᠂ ᠳᠦᠷᠪᠡᠨ ᠡᠭᠦᠯᠳᠡᠷᠤᠨ ᠰᠦᠷᠦᠭ ᠲᠠᠢ ᠪᠠᠲᠤᠮᠦ᠋ᠩᠬᠡᠶᠢᠨ ᠬᠤᠳᠠᠨ ᠡᠴᠡ ᠬᠠᠪᠤᠷ ᠴᠠᠭᠤᠨ ᠠᠮᠢᠵᠢᠷᠠᠯ ᠤᠶᠠᠩᠭᠠᠷᠠᠨ᠎ᠠ᠃