ᠰᠠᠷ᠎ᠠ ᠰᠢᠨ᠎ᠡ ᠵᠢᠨ ᠪᠤᠱᠤᠭᠠᠨ ᠲᠡᠭᠡᠷ᠎ᠡ ᠰᠢᠨ᠎ᠡ ᠠᠮᠢ ᠨᠠᠰᠤ ᠵᠢ ᠲᠤᠰᠤᠭᠰᠠᠨ ᠡᠩᠭᠡ ᠵᠢᠨ ᠡᠯᠴᠢ
2022-02-12 20:16:11
ᠵᠣᠬᠢᠶᠠᠭ᠍ᠴᠢ᠄
ᠰᠢᠨᠡᠪᠢᠯᠢᠭ
ᠣᠩᠱᠢᠭ᠍ᠰᠠᠨ ᠣᠳᠠᠭ᠎ᠠ᠄
★★★☆☆

ᠠᠮᠠᠪᠴᠢ ᠵᠡᠬᠦᠵᠦ᠂ ᠴᠠᠭᠠᠨ ᠡᠮᠴᠢ ᠵᠢᠨ ᠬᠤᠪᠴᠠᠰᠤᠨ ᠲᠡᠭᠡᠷ᠎ᠡ ᠪᠡᠨ  ᠨᠠᠮ ᠤ᠋ᠨ ᠰᠦᠯᠳᠡ ᠬᠢᠯᠠᠯᠵᠠᠭᠤᠯᠤᠬᠰᠠᠨ ᠵᠠᠯᠠᠭᠤᠬᠠᠨ ᠡᠮᠡᠭᠳᠡᠢ ᠡᠮᠴᠢ ᠡᠮᠨᠡᠯᠬᠡ ᠵᠢᠨ ᠬᠤᠷᠢᠶᠠᠨ ᠤ᠋ ᠭᠤᠳᠤᠮᠵᠢ ᠪᠡᠷ ᠶᠠᠭᠠᠷᠠᠤᠬᠠᠨ ᠠᠯᠬᠤᠯᠠᠨ᠎ᠠ᠃ 1 ᠰᠠᠷ᠎ᠠ ᠵᠢᠨ 31 ᠤ᠋ ᠤᠷᠤᠢ ᠵᠢᠨ 9 ᠴᠠᠬ ᠲᠦ᠍᠂ ᠤᠯᠠᠭᠠᠠᠬᠠᠳᠠ ᠲᠡᠭᠡᠳᠦ ᠰᠤᠷᠭᠠᠭᠤᠯᠢ ᠵᠢᠨ ᠬᠠᠷᠢᠶᠠᠳᠤ ᠡᠮᠨᠡᠯᠬᠡ ᠵᠢᠨ ᠬᠤᠷᠢᠶ᠎ᠠ ᠵᠢᠨ ᠬᠦᠩᠬᠡᠵᠢᠬᠦᠯᠬᠦ ᠰᠠᠯᠠᠭ᠎ᠠ ᠵᠢᠨ ᠲᠡᠳ᠋ ᠡᠷᠬᠢᠯᠡᠭᠴᠢ ᠡᠮᠴᠢ ᠤᠷᠢᠬᠠᠨ ᠬᠦᠩᠬᠡᠵᠢᠬᠦ ᠪᠡᠷ ᠪᠠᠢᠭ᠎ᠠ ᠵᠢᠷᠮᠦᠰᠦᠨ ᠪᠦᠰᠡᠬᠦᠢ ᠵᠢ ᠬᠦᠯᠢᠶᠡᠵᠦ ᠠᠪᠤᠪᠠ᠃ ᠤᠷᠢᠬᠠᠨ ᠰᠤᠪᠢᠯᠠᠬᠴᠢᠳ ᠲᠠᠢ ᠪᠠᠨ ᠬᠠᠮᠵᠢᠯᠴᠠᠨ ᠬᠦᠯᠦᠰᠦ ᠴᠢᠬᠠᠷᠠᠭᠤᠯᠤᠨ  ᠤᠷᠤᠢ ᠵᠢᠨ 11 ᠴᠠᠬ ᠤ᠋ᠨ ᠦᠶ᠎ᠡ ᠪᠠᠷ ᠰᠢᠨ᠎ᠡ ᠨᠢᠭᠡᠨ ᠠᠮᠢ ᠨᠠᠰᠤ ᠵᠢ ᠲᠤᠰᠤᠨ ᠠᠪᠤᠯ᠎ᠠ᠃  ᠬᠡᠴᠢᠨᠡᠨ ᠦᠯᠵᠡᠢ ᠪᠡᠯᠭᠡ ᠲᠠᠢ ᠠᠵᠢ ! ᠲᠡᠷᠡ ᠨᠢ ᠡᠷᠡᠬᠦᠯ ᠴᠢᠬᠢᠷᠠᠭ ᠬᠦᠭᠡᠷᠦᠬᠦᠨ ᠪᠤᠨᠳᠤᠭᠤᠷ ᠬᠦᠦ ᠪᠠᠢᠵᠠᠢ᠃

ᠡᠨᠡ ᠤᠷᠤᠢ ᠬᠡᠳᠦᠢᠪᠡᠷ ᠪᠢᠳᠡᠬᠦᠨ ᠤ᠋ ᠤᠷᠤᠢ ᠪᠤᠯᠪᠠᠴᠤ ᠬᠦᠩᠬᠡᠵᠢᠬᠦᠯᠬᠦ ᠰᠠᠯᠠᠭᠠᠨ ᠳ᠋ᠤ 14 ᠵᠢᠯ ᠠᠵᠢᠯᠯᠠᠬᠰᠠᠨ ᠤᠷᠢᠬᠠᠨ ᠳ᠋ᠤ ᠠᠪᠴᠤ ᠬᠡᠯᠡᠪᠡᠯ ᠡᠩ᠎ᠤᠨ ᠡᠳᠦᠷ ᠡᠴᠡ ᠢᠯᠭᠠᠭ᠎ᠠ ᠦᠭᠡᠢ᠃  ᠤᠤᠯ ᠨᠢ  ᠲᠡᠷᠡ ᠠᠵᠢᠯ ᠤ᠋ᠨ ᠪᠠᠢᠷᠢ ᠲᠡᠭᠡᠷ᠎ᠡ ᠪᠡᠨ ᠤᠯᠠᠨᠳᠠ ᠪᠢᠳᠡᠬᠦᠯᠡᠵᠦ ᠰᠢᠨᠡᠯᠡᠵᠦ ᠪᠠᠢᠬᠰᠠᠨ᠃ ᠬᠡᠪᠡᠴᠦ ᠵᠠᠷᠢᠮ ᠤᠴᠢᠷ ᠰᠢᠯᠳᠠᠭᠠᠨ ᠡᠴᠨ ᠪᠤᠯᠵᠤ  ᠤᠢᠷ᠎ᠠ ᠵᠢᠨ 3  ᠵᠢᠯ  ᠴᠠᠭᠠᠨ ᠰᠠᠷ᠎ᠠ ᠪᠡᠷ ᠰᠦᠨᠢ ᠵᠢᠨ ᠡᠬᠡᠯᠵᠢ ᠳ᠋ᠤ ᠵᠢᠵᠢᠬᠦᠷᠯᠡᠭᠰᠡᠨ ᠦᠬᠡᠢ᠃ ᠡᠨᠡ ᠵᠢᠯ  ᠲᠡᠷᠡ ᠬᠠᠮᠳᠤ ᠠᠵᠢᠯᠯᠠᠬᠰᠠᠳ ᠵᠢᠡᠨ ᠰᠠᠨᠠᠭ᠎ᠠ ᠠᠮᠤᠷ ᠰᠢᠨᠡᠯᠡᠬᠦᠯᠬᠦ ᠵᠢᠨ ᠲᠦᠯᠦᠬᠡ ᠰᠠᠨᠠᠭᠠᠴᠢᠯᠠᠭ᠎ᠠ ᠡᠴᠡ ᠪᠠᠨ ᠰᠦᠨᠢ ᠵᠢᠨ ᠡᠬᠡᠯᠵᠢ ᠵᠢᠨ ᠠᠵᠢᠯ ᠢ᠋ ᠲᠠᠭᠠᠭᠠᠵᠤ ᠠᠪᠤᠭᠰᠠᠨ ᠨᠢ ᠡᠨᠡ ᠪᠠᠢᠵᠠᠢ᠃

ᠤᠷᠢᠬᠠᠨ᠂  ᠪᠢᠳᠡᠬᠦᠨ ᠤ᠋ ᠡᠳᠦᠷ ᠤ᠋ᠨ ᠦᠳᠡ ᠵᠢᠨ ᠬᠤᠢᠨᠠᠬᠢ 1 ᠴᠠᠬ ᠡᠴᠨ ᠲᠠᠷᠠᠭ᠎ᠠ ᠡᠳᠦᠷ ᠤ᠋ᠨ 8 ᠴᠠᠬ ᠪᠤᠯᠳᠠᠯ᠎ᠠ ᠬᠤᠷᠢ ᠰᠢᠬᠠᠮ  ᠴᠠᠭ ᠠᠵᠢᠯᠯᠠᠭᠠᠳ ᠮᠠᠰᠢ ᠶᠠᠳᠠᠷᠠᠵᠤ  ᠲᠤᠢᠯᠳᠠᠭᠰᠠᠨ ᠴᠦ᠍᠂ ᠬᠠᠮᠳᠤ ᠠᠵᠢᠯᠯᠠᠬᠰᠠᠳ ᠵᠢᠡᠨ ᠰᠡᠳᠬᠢᠯ ᠠᠮᠤᠷ ᠰᠢᠨᠡᠯᠡᠬᠦᠯᠦᠭᠰᠡᠨ ᠳ᠋ᠡᠬᠡᠨ ᠪᠠᠶᠠᠷᠳᠠᠢᠬᠠᠨ ᠪᠠᠢᠯ᠎ᠠ᠃ ᠤᠷᠢᠬᠠᠨ ᠎ᠤ  ᠨᠦᠬᠦᠷ ᠨᠢ ᠪᠠᠰᠠ ᠪᠢᠳᠡᠬᠦᠨ ᠤ᠋ ᠤᠷᠤᠢ ᠰᠦᠨᠢ ᠵᠢᠨ ᠡᠬᠡᠯᠵᠢ ᠳ᠋ᠤ ᠭᠠᠷᠳᠠᠭ ᠪᠤᠯᠬᠤᠷ 2 ᠬᠡᠦᠬᠡᠳ ᠲᠡᠭᠡᠨ ᠪᠠᠷ᠎ᠠ ᠪᠤᠯᠵᠤ ᠴᠢᠳᠠᠭᠰᠠᠨ ᠦᠭᠡᠢ ᠳ᠋ᠡᠭᠡᠨ ᠤᠰᠤᠯᠳᠠᠭᠰᠠᠨ ᠰᠢᠭ᠋ ᠰᠠᠨᠠᠭᠳᠠᠪᠠ᠂ ᠪᠠᠰᠠ ᠠᠪᠤ ᠡᠵᠢ ᠠᠬᠠᠮᠠᠳ ᠨᠠᠰᠤᠳᠠᠳ ᠲᠠᠢ ᠪᠠᠨ ᠬᠠᠮᠳᠤ ᠪᠡᠷ ᠰᠢᠨᠡᠯᠡᠵᠦ ᠴᠢᠳᠠᠬᠰᠠᠨ ᠦᠬᠡᠢ ᠳ᠋ᠡᠬᠡᠨ ᠵᠢᠭᠠᠬᠠᠨ ᠰᠡᠳᠬᠢᠯ ᠲᠤᠮᠳᠠᠭᠤᠷ  ᠪᠠᠢᠯ᠎ᠠ᠃ ᠬᠡᠪᠡᠴᠦ᠂  ᠦᠯᠵᠡᠢ ᠪᠡᠯᠭᠡᠳᠦ ᠪᠢᠳᠡᠬᠦᠨ ᠤ᠋ ᠰᠦᠨᠢ ᠵᠢ ᠠᠵᠢᠯ ᠤ᠋ᠨ ᠪᠠᠢᠷᠢ ᠲᠡᠭᠡᠷ᠎ᠡ ᠪᠡᠨ ᠠᠮᠤᠷ ᠮᠡᠨᠳᠦᠬᠡᠨ ᠦᠩᠬᠡᠷᠡᠬᠦᠯᠵᠦ᠂ ᠬᠦᠨᠳᠦ ᠡᠪᠡᠳᠴᠢᠳᠡᠨ ᠦᠬᠡᠢ᠂ ᠡᠪᠡᠳᠴᠢᠨ ᠵᠤᠪᠠᠯᠠᠩᠳᠠᠨ ᠦᠭᠡᠢ᠂ ᠠᠯᠢᠪᠠ ᠪᠦᠬᠦᠨ ᠤᠷᠤᠬᠰᠢᠳᠠᠢ ᠪᠤᠯᠤᠬᠰᠠᠨ ᠲᠤᠯᠠ ᠰᠡᠳᠬᠢᠯ ᠬᠠᠩᠬᠤᠯᠤᠭᠤᠨ ᠪᠠᠢᠪᠠ᠃

ᠤᠷᠢᠬᠠᠨ 2016 ᠤᠨ ᠡᠴᠨ 2018 ᠤᠨ ᠪᠤᠯᠳᠠᠯ᠎ᠠ ᠰᠢᠯᠢᠳᠡᠭ ᠡᠮᠴᠢ ᠵᠢᠨ ᠢᠷᠠᠭᠤ ᠠᠯᠳᠠᠷ ᠢ᠋ ᠬᠦᠷᠳᠡᠵᠦ᠂ ᠤᠯᠠᠨ ᠤᠯᠤᠰ ᠤ᠋ᠨ ᠨᠡᠢᠳᠡ ᠵᠢᠨ ᠠᠰᠠᠷᠠᠮᠵᠢ ᠵᠢᠨ ᠱᠠᠩᠨᠠᠯ ᠵᠢᠡᠷ ᠡᠩᠬᠡᠷ ᠵᠢᠡᠨ ᠮᠢᠯᠢᠶᠠᠯᠭᠠᠵᠤ  ᠪᠠᠢᠪᠠ᠃

ᠣᠷᠴᠢᠭᠤᠯᠤᠭ᠍ᠴᠢ᠄
ᠨᠠᠢᠷᠠᠭᠤᠯᠤᠭ᠍ᠴᠢ᠄ ᠪᠣᠣ ᠮᠧᠢ ᠷᠥᠩ
ᠲᠤᠮᠳᠠᠳᠤ ᠤᠯᠤᠰ᠎ᠤᠨ ᠮᠤᠩᠭᠤᠯ ᠬᠡᠯᠡᠡ᠎ᠤ ᠰᠤᠨᠢᠠ ᠮᠠᠳᠡᠭᠡ᠎ᠶ᠋ᠢᠨ ᠰᠦᠯᠵᠢᠶ᠎ᠠ
ᠢᠷᠡᠯᠲᠡ᠄
ᠬᠤᠪᠢᠶᠠᠯᠴᠠᠬᠤ᠄
ᠬᠠᠮᠢᠶ᠎ᠡ ᠪᠦᠬᠦᠢ ᠰᠣᠨᠢᠨ

2008-2025 © ᠳᠤᠮᠳᠠᠳᠤ ᠤᠯᠤᠰ᠎ᠤᠨ ᠮᠤᠩᠭᠤᠯ ᠬᠡᠯᠡᠨ᠎ᠤ ᠰᠤᠨᠢᠨ ᠮᠡᠳᠡᠭᠡᠨ᠎ᠤ ᠰᠦᠯᠵᠢᠶ᠎ᠡ ᠦᠮᠴᠢᠯᠡᠯ᠎ᠤᠨ ᠡᠷᠬᠡ᠎ᠲᠠᠢ

ᠵᠤᠬᠢᠶᠠᠭᠴᠢ᠎ᠶᠢᠨ ᠡᠷᠬᠡ ᠬᠠᠤᠯᠢ᠎ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ᠎ᠪᠠᠷ ᠬᠠᠭᠤᠯᠪᠤᠷᠢᠯᠠᠬᠤ᠎ᠶᠢ ᠬᠠᠲᠠᠭᠤ ᠬᠤᠷᠢᠭᠯᠠᠨ᠎ᠠ

ᠬᠠᠷᠢᠯᠴᠠᠬᠤ ᠤᠲᠠᠰᠤ᠄0471-6635435

ᠢᠮᠧᠯ᠄mgyxww@163.com   蒙ICP备10000005号