ᠦᠪᠦᠷ ᠮᠤᠩᠭᠤᠯᠤᠨ ᠰᠢᠯᠢ ᠵᠢᠨ ᠭᠤᠤᠯ ᠠᠢᠮᠠᠭᠤᠨ ᠪᠠᠶᠠᠨ᠌ᠠᠠᠭᠤᠯᠠ ᠡᠴᠡ ᠯᠢᠶᠤᠤᠨᠢᠩ ᠮᠤᠵᠢ ᠵᠢᠨ ᠹᠦᠰᠢᠨ ᠬᠤᠳᠠ ᠵᠢᠨ ᠰᠢᠨ ᠴᠢᠦ ᠬᠦᠷᠬᠦ ᠪᠠ ᠰᠢᠨ ᠲᠡᠮᠦᠷ ᠵᠠᠮ ᠪᠤᠯ ᠯᠢᠶᠤᠤᠨᠢᠩ ᠮᠤᠵᠢ ᠵᠢᠨ ᠪᠠᠷᠠᠭᠤᠨ ᠬᠡᠰᠡᠭ ᠪᠤᠯᠤᠨ ᠮᠠᠨ ᠤ᠋ ᠤᠷᠤᠨ ᠤ᠋ ᠵᠡᠬᠦᠨ ᠬᠡᠰᠡᠭ ᠢ᠋ ᠬᠤᠯᠪᠤᠬᠰᠠᠨ ᠴᠢᠬᠤᠯᠠ ᠲᠡᠮᠦᠷ ᠵᠠᠮ ᠪᠤᠯᠬᠤ ᠶᠤᠮ᠃ ᠪᠠ ᠰᠢᠨ ᠲᠡᠮᠦᠷ ᠵᠠᠮ ᠮᠠᠨ ᠤ᠋ ᠤᠷᠤᠨ ᠤ᠋ ᠵᠡᠬᠦᠨ ᠬᠡᠰᠡᠭ ᠤ᠋ᠨ ᠡᠯᠪᠡᠭ ᠪᠠᠶᠠᠯᠢᠬ ᠨᠡᠬᠦᠷᠡᠰᠦᠨ ᠤ᠋ ᠡᠬᠢ ᠪᠠᠶᠠᠯᠢᠬ ᠢ᠋ ᠨᠡᠬᠡᠬᠡᠨ ᠠᠰᠢᠬᠯᠠᠬᠤ ᠳ᠋ᠤ ᠴᠢᠬᠤᠯᠠ ᠦᠢᠯᠡᠳᠦᠯ ᠦᠵᠡᠬᠦᠯᠵᠦ ᠪᠠᠢᠳᠠᠭ᠃ ᠲᠦᠬᠦᠷᠡᠩ ᠨᠡᠬᠦᠷᠡᠰᠦ ᠠᠴᠢᠬᠰᠠᠨ ᠭᠠᠯᠳᠤ ᠲᠡᠷᠬᠡ ᠡᠳᠦᠷ ᠰᠦᠨᠢ ᠢᠯᠭᠠᠯ ᠦᠬᠡᠢ ᠤᠭᠤᠬᠢᠯᠠᠨ ᠲᠠᠪᠬᠢᠵᠦ᠂ ᠨᠡᠬᠦᠷᠡᠰᠦ ᠵᠢ ᠬᠡᠷᠡᠭᠴᠡᠬᠡ ᠲᠠᠢ ᠭᠠᠵᠠᠷ ᠪᠤᠯᠭᠠᠨ ᠳ᠋ᠤ ᠬᠦᠷᠬᠡᠵᠦ ᠦᠭᠬᠦᠨ᠎ᠡ᠃ ᠤᠨᠴᠠᠭᠠᠢᠯᠠᠨ ᠡᠪᠦᠯ ᠤ᠋ᠨ ᠤᠯᠠᠷᠢᠯ ᠳ᠋ᠤ ᠨᠡᠬᠦᠷᠡᠰᠦ ᠬᠡᠷᠡᠭᠯᠡᠬᠦ ᠬᠡᠮᠵᠢᠶ᠎ᠡ ᠢᠯᠡᠷᠬᠡᠢ ᠨᠡᠮᠡᠭᠳᠡᠬᠦ ᠪᠤᠯᠬᠤᠷ ᠨᠡᠬᠦᠷᠡᠰᠦ ᠠᠴᠢᠬᠰᠠᠨ ᠭᠠᠯᠳᠤ ᠲᠡᠷᠬᠡ ᠨᠠᠭᠠᠰᠢ ᠴᠠᠭᠠᠰᠢ ᠵᠦᠷᠢᠯᠳᠦᠨ ᠲᠡᠮᠦᠷ ᠵᠠᠮ ᠤ᠋ᠨ ᠠᠵᠢᠯᠳᠠᠳ ᠤᠨᠠᠬᠰᠠᠨ ᠮᠠᠯᠠᠭᠠᠢ ᠪᠡᠨ ᠠᠪᠬᠤ ᠵᠠᠪ ᠦᠬᠡᠢ ᠶᠠᠭᠠᠷᠠᠳᠠᠬ᠃

ᠪᠢᠳᠡᠬᠦᠨᠤ ᠤᠷᠤᠢ ᠬᠡᠷ ᠪᠤᠯᠭᠠᠨ ᠡᠴᠨ ᠳ᠋ᠸᠩ ᠤ᠋ᠨ ᠬᠡᠷᠡᠯ ᠲᠤᠸᠠᠯᠡᠨ ᠬᠡᠷᠡᠯᠳᠦᠵᠦ᠂ ᠠᠢᠯ ᠡᠷᠦᠬᠡ ᠪᠦᠬᠦᠨ ᠪᠠᠶᠠᠷ ᠪᠠᠶᠠᠰᠬᠤᠯᠠᠩᠳᠠᠢ ᠪᠢᠳᠡᠬᠦᠯᠡᠨᠡ᠃ ᠤᠷᠤᠢ ᠵᠢᠨ 6 ᠴᠠᠬ ᠲᠦ᠍᠂ ᠦᠰᠦ ᠲᠠᠢ ᠮᠠᠯᠠᠭᠠᠢ ᠡᠮᠦᠰᠴᠦ᠂ ᠬᠦᠬᠡ ᠦᠩᠬᠡᠳᠡᠢ ᠠᠵᠢᠯ ᠤ᠋ᠨ ᠬᠤᠪᠴᠠᠰᠤ ᠬᠡᠳᠦᠷᠦᠭᠰᠡᠨ ᠪᠠ ᠰᠢᠨ ᠲᠡᠮᠦᠷ ᠵᠠᠮ ᠤ᠋ᠨ ᠲᠡᠷᠬᠡ ᠲᠤᠬᠢᠷᠠᠭᠤᠯᠤᠬᠴᠢ ᠠᠵᠢᠯᠳᠠᠨ ᠠᠯᠳᠠᠠᠰᠦ᠋ᠮᠪᠦᠷ ᠠᠶᠤᠯ ᠦᠬᠡᠢ ᠪᠦᠰᠡ ᠪᠡᠨ ᠪᠦᠰᠡᠯᠡᠵᠦ᠂ ᠭᠠᠯᠳᠤ ᠲᠡᠷᠬᠡᠨ ᠳ᠋ᠤ ᠬᠡᠷᠡᠭᠯᠡᠬᠦ ᠪᠡᠯᠡᠳᠬᠡᠯ ᠬᠡᠷᠡᠭᠰᠡᠯ ᠵᠢᠡᠨ ᠠᠪᠤᠭᠠᠳ ᠳ᠋ᠠᠪᠠᠨ ᠪᠠᠯᠭᠠᠰᠤᠨ ᠡᠴᠨ ᠤᠢᠷᠠᠯᠴᠠᠭᠠᠬᠢ ᠲᠡᠷᠡᠰᠦ ᠦᠷᠳᠡᠬᠡᠨ ᠳ᠋ᠤ ᠬᠦᠷᠴᠦ ᠰᠦᠨᠢ ᠵᠢᠨ ᠡᠬᠡᠯᠵᠢ ᠵᠢᠨ ᠠᠵᠢᠯ ᠳ᠋ᠠᠭᠠᠨ ᠭᠠᠷᠪᠠ᠃ ᠲᠡᠮᠡᠢ ᠤᠳᠠᠯ ᠦᠬᠡᠢ ᠭᠠᠯᠳᠤ ᠲᠡᠷᠬᠡ ᠢᠷᠡᠬᠦ ᠲᠤᠬᠢᠶ᠎ᠠ ᠢᠯᠡᠷᠡᠵᠦ᠂ ᠠᠯᠳᠠᠠᠰᠦ᠋ᠮᠪᠦᠷ ᠪᠡᠯᠡᠳᠬᠡᠯ ᠬᠡᠷᠡᠭᠰᠡᠯ ᠵᠢᠡᠨ ᠠᠪᠴᠤ ᠲᠡᠮᠦᠷ ᠵᠠᠮ ᠲᠡᠭᠡᠷ᠎ᠡ ᠭᠠᠷᠴᠤ᠂ ᠭᠠᠯᠳᠤ ᠲᠡᠷᠬᠡ ᠢᠷᠡᠬᠦ ᠵᠢ ᠬᠦᠯᠢᠶᠡᠨ᠎ᠡ᠃ ᠠᠯᠳᠠᠠᠰᠦ᠋ᠮᠪᠦᠷ ᠬᠤᠭᠤᠰᠤᠨ ᠸᠠᠭᠤᠨ ᠴᠢᠷᠴᠦ ᠢᠷᠡᠭᠰᠡᠨ ᠪᠤᠬ᠎ᠠ ᠲᠡᠷᠬᠡ ᠵᠢ ᠰᠠᠯᠭᠠᠵᠤ ᠠᠪᠤᠭᠠᠳ ᠨᠡᠬᠦᠷᠡᠰᠦ ᠠᠴᠢᠬᠰᠠᠨ ᠸᠠᠭᠤᠨ ᠲᠠᠢ ᠬᠤᠯᠪᠤᠯᠠ᠃
ᠠᠯᠳᠠᠠᠰᠦ᠋ᠮᠪᠦᠷ ᠪᠢᠳᠡᠬᠦᠨ ᠤ᠋ ᠰᠦᠨᠢ ᠬᠡᠷ ᠤ᠋ᠨ ᠬᠦᠮᠦᠰ ᠲᠠᠢ ᠪᠡᠨ ᠬᠠᠮᠳᠤ ᠪᠢᠳᠡᠬᠦᠯᠡᠵᠦ ᠨᠠᠷᠬᠢᠵᠤ ᠴᠢᠳᠠᠬᠰᠠᠨ ᠦᠬᠡᠢ ᠴᠦ᠍ ᠬᠡᠰᠡᠨ᠂ ᠬᠠᠮᠳᠤ ᠠᠵᠢᠯᠯᠠᠬᠰᠠᠳ ᠲᠠᠢ ᠪᠡᠨ ᠬᠠᠮᠳᠤ ᠬᠦᠭᠵᠢᠯᠳᠦᠵᠦ ᠨᠠᠷᠬᠢᠬᠰᠠᠨ ᠳ᠋ᠠᠭᠠᠨ ᠪᠠᠶᠠᠷᠳᠠᠢᠬᠠᠨ ᠪᠠᠢᠯ᠎ᠠ᠃ ᠠᠯᠳᠠᠠᠰᠦ᠋ᠮᠪᠦᠷ ᠲᠠᠷᠠᠭ᠎ᠠ ᠡᠳᠤᠷ ᠤᠨ ᠬᠢᠨᠢ ᠦᠷᠯᠦᠬᠡ ᠵᠢᠨ 8 ᠴᠠᠬ ᠪᠤᠯᠳᠠᠯ᠎ᠠ ᠠᠵᠢᠯᠯᠠᠵᠤ᠂ ᠠᠷᠠᠳ ᠤᠯᠠᠨ ᠢ᠋ ᠬᠠᠯᠠᠭᠤᠨ ᠪᠦᠯᠢᠶᠡᠬᠡᠨ ᠰᠢᠨᠡᠯᠡᠬᠦᠯᠬᠦ ᠳ᠋ᠤ ᠦᠪᠡᠷᠤᠨ ᠬᠡᠰᠡᠨ ᠬᠦᠴᠦᠨ ᠵᠢᠡᠨ ᠡᠷᠬᠦᠪᠡ᠃ ᠠᠯᠳᠠᠠᠰᠦ᠋ᠮᠪᠦᠷ ᠴᠠᠭᠠᠨ ᠰᠠᠷ᠎ᠠ ᠵᠢᠨ ᠬᠤᠭᠤᠴᠠᠭᠠᠨ ᠳ᠋ᠤ ᠠᠵᠢᠯ ᠤ᠋ᠨ ᠪᠠᠢᠷᠢ ᠪᠡᠨ ᠪᠠᠳᠤ ᠰᠠᠬᠢᠵᠤ᠂ ᠪᠢᠳᠡᠬᠦᠨ ᠪᠤᠯᠤᠨ ᠰᠢᠨ᠎ᠡ ᠵᠢᠨ ᠭᠤᠷᠪᠠᠨ ᠤ᠋ ᠰᠦᠨᠢ ᠰᠦᠨᠢ ᠵᠢᠨ ᠡᠬᠡᠯᠵᠢ ᠳ᠋ᠤ ᠠᠵᠢᠯᠯᠠᠪᠠ᠃
ᠡᠨᠡ ᠵᠢᠯ ᠭᠤᠴᠢ ᠦᠩᠬᠡᠷᠡᠵᠦ ᠪᠠᠢᠭ᠎ᠠ ᠠᠯᠳᠠᠠᠰᠦ᠋ᠮᠪᠦᠷ ᠪᠠ ᠰᠢᠨ ᠲᠡᠮᠦᠷ ᠵᠠᠮ ᠳ᠋ᠤ 3 ᠵᠢᠯ ᠠᠵᠢᠯᠯᠠᠵᠤ᠂ ᠤᠳᠤ ᠪᠤᠯᠳᠠᠯ᠎ᠠ 2 ᠵᠢᠯ ᠲᠠᠷᠠᠭᠠᠯᠠᠨ ᠠᠵᠢᠯ ᠤ᠋ᠨ ᠪᠠᠢᠷᠢᠨ ᠲᠡᠭᠡᠷ᠎ᠡ ᠪᠡᠨ ᠰᠢᠨᠡᠯᠡᠪᠡ᠃ 《ᠮᠠᠨ ᠤ᠋ ᠪᠠᠢᠭᠤᠯᠭ᠎ᠠ ᠴᠠᠭᠠᠨ ᠰᠠᠷ᠎ᠠ ᠳ᠋ᠤ ᠠᠮᠠᠷᠠᠳᠠᠬ ᠦᠬᠡᠢ᠂ ᠮᠠᠨᠠᠢᠬᠢᠨ 30 ᠡᠳᠦᠷ ᠠᠵᠢᠯᠯᠠᠪᠠᠯ 10 ᠡᠳᠦᠷ ᠠᠮᠠᠷᠠᠳᠠᠬ᠂ ᠠᠵᠢᠯ ᠤ᠋ᠨ ᠰᠢᠨᠵᠢ ᠴᠢᠨᠠᠷ ᠡᠴᠨ ᠪᠤᠯᠵᠤ᠂ ᠦᠷᠬᠦᠯᠵᠢ ᠠᠵᠢᠯ ᠤ᠋ᠨ ᠪᠠᠢᠷᠢᠨ ᠲᠡᠭᠡᠷ᠎ᠡ ᠪᠡᠨ ᠰᠢᠨᠡᠯᠡᠭᠡᠳ ᠲᠠᠰᠴᠢᠬᠠᠵᠠᠢ᠃ ᠬᠡᠳᠦᠢᠪᠡᠷ ᠲᠦᠷᠦᠯ ᠰᠠᠳᠤᠨ ᠨᠠᠢᠵᠠ ᠨᠦᠬᠦᠳ ᠲᠠᠢ ᠪᠡᠨ ᠬᠠᠮᠳᠤ ᠴᠠᠭᠠᠯᠠᠵᠤ ᠴᠢᠳᠠᠬᠰᠡᠠ ᠦᠬᠡᠢ ᠴᠦ᠍᠂ ᠬᠠᠮᠳᠤ ᠠᠵᠢᠯᠯᠠᠬᠰᠠᠳ ᠲᠠᠢ ᠪᠡᠨ ᠴᠤᠭ ᠠᠵᠢᠯ ᠤ᠋ᠨ ᠪᠠᠢᠷᠢ ᠪᠡᠨ ᠰᠠᠬᠢᠵᠤ᠂ ᠡᠬᠦᠷᠬᠡ ᠬᠠᠷᠢᠭᠤᠴᠠᠯᠭ᠎ᠠ ᠪᠡᠨ ᠪᠡᠶᠡᠯᠡᠬᠦᠯᠦᠭᠰᠡᠨ ᠳ᠋ᠡᠬᠡᠨ ᠪᠠᠶᠠᠷᠳᠠᠢ ᠪᠠᠢᠨ᠎ᠠ》 ᠬᠡᠵᠦ ᠠᠯᠳᠠᠠᠰᠦ᠋ᠮᠪᠦᠷ ᠶᠠᠷᠢᠨ᠎ᠠ᠃