ᠮᠠᠯᠴᠢᠨ ᠠᠢᠯ᠎ᠤᠨ ᠮᠠᠩᠨᠤᠭ ᠬᠠᠪᠤᠷ
2022-02-10 10:19:53
ᠵᠣᠬᠢᠶᠠᠭ᠍ᠴᠢ᠄
ᠨᠠᠨᠳᠢᠨ
ᠣᠩᠱᠢᠭ᠍ᠰᠠᠨ ᠣᠳᠠᠭ᠎ᠠ᠄
★★★☆☆

ᠦᠷᠯᠦᠭᠡ᠎ᠶᠢᠨ ᠨᠠᠷᠠᠨ᠎ᠤ ᠲᠤᠨᠤᠷᠠᠭᠰᠠᠨ ᠲᠤᠶᠠᠭ᠎ᠠ ᠲᠠᠢ ᠬᠠᠮᠳᠤ ᠪᠢᠳᠡ ᠵᠠᠷᠤᠳ ᠬᠤᠰᠢᠭᠤᠨ᠎ᠤ ᠴᠢᠪᠠᠭᠠᠳᠤ ᠪᠠᠯᠭᠠᠰᠤᠨ᠎ᠳᠡᠬᠢ《ᠦᠨᠳᠦᠰᠦᠳᠡᠨ᠎ᠤ ᠪᠦᠯᠬᠦᠮᠳᠡᠯ᠎ᠤᠨ ᠳᠠᠭᠤᠷᠢᠶᠠᠯ᠂ ᠦᠨᠢᠷ ᠠᠮᠢᠳᠤᠷᠠᠯ ᠎ᠤᠨ ᠳᠠᠭᠠᠭᠤᠯᠤᠭᠴᠢ》ᠦᠨᠡᠮᠯᠡᠯ᠎ᠢᠶᠡᠷ ᠡᠩᠭᠡᠷ᠎ᠢᠶᠡᠨ ᠮᠢᠯᠢᠶᠠᠯᠭᠠᠭᠰᠠᠨ ᠸᠠᠩ ᠰᠢ ᠯᠢᠶᠠᠩ᠎ᠤᠨ ᠬᠢᠨ᠎ᠳᠦ ᠬᠦᠷᠦᠯ᠎ᠡ᠃


QQ截图20220210101927.jpg


ᠤᠳᠤᠬᠢᠴᠢᠯᠠᠯᠳᠠ᠎ᠶᠢᠨ ᠬᠡᠷᠡᠭᠰᠡᠯ ᠢᠵᠢ ᠪᠦᠷᠢᠳᠦᠭᠰᠡᠨ 200 ᠳᠡᠭᠰᠢ ᠳᠦᠷᠪᠡᠯᠵᠢᠨ ᠮᠸᠲᠷ᠎ᠤᠨ ᠴᠡᠪᠡᠷ ᠴᠡᠮᠴᠡᠭᠡᠷ ᠭᠡᠷ᠎ᠢ ᠨᠢ ᠳᠤᠭᠤᠷᠢᠭᠠᠳ ᠪᠤᠷᠳᠤᠭ᠎ᠠ ᠳᠠᠷᠤᠰᠢᠭᠤᠯᠬᠤ᠂ ᠵᠦᠭᠡᠭᠡᠵᠦ ᠳᠡᠭᠡᠭᠡᠪᠦᠷᠢᠯᠡᠬᠦ᠂ ᠬᠤᠷᠤᠭ᠎ᠠ ᠬᠠᠰᠢᠶ᠎ᠠ ᠪᠠᠨ ᠴᠡᠪᠡᠷᠯᠡᠬᠦ ᠠᠯᠢ ᠪᠤᠯᠭᠠᠨ᠎ᠳᠦ ᠵᠤᠬᠢᠷᠠᠭᠰᠠᠨ ᠬᠡᠳᠦᠨ ᠵᠦᠢᠯ᠎ᠤᠨ ᠮᠠᠰᠢᠨ ᠲᠤᠨᠤᠭ ᠬᠦᠷᠢᠶ᠎ᠡ ᠳᠦᠭᠦᠷᠡᠩ᠃ ᠬᠠᠷ᠎ᠠ ᠬᠦᠮᠦᠨ ᠸᠠᠩ ᠰᠢ ᠯᠢᠶᠠᠩ ᠨᠢ ᠬᠦᠳᠡᠭᠡ᠎ᠶᠢᠨ ᠪᠤᠷᠤ ᠠᠵᠢᠯ᠎ᠳᠦ ᠬᠠᠰᠢᠷ᠂ ᠦᠬᠡ ᠲᠠᠭᠤᠨ ᠴᠦᠬᠡᠨ ᠲᠠᠢ  ᠪᠤᠯᠪᠠᠴᠤ  ᠪᠦᠰᠡᠭᠦᠢ ᠯᠢᠦ ᠰᠢᠶᠤᠤ ᠬᠤᠢ ᠨᠢ ᠬᠠᠷᠢᠨ ᠶᠠᠷᠢᠶ᠎ᠠ ᠬᠦᠭᠡᠷᠦᠬᠡ ᠲᠠᠢ ᠬᠦᠮᠦᠨ ᠪᠠᠢᠯ᠎ᠠ᠃

— ᠪᠢ ᠴᠤᠯ ᠲᠠᠷᠢᠶᠠᠯᠠᠬᠤ ᠭᠠᠵᠠᠷ ᠡᠴᠡ ᠮᠤᠷᠳᠠᠵᠤ ᠢᠷᠡᠭᠰᠡᠨ ᠪᠤᠯᠬᠤᠷ ᠮᠠᠯ ᠦᠬᠡᠷ ᠠᠷᠠᠴᠢᠯᠠᠬᠤ ᠵᠢ ᠪᠢᠳᠡᠬᠡᠢ ᠬᠡᠯᠡ᠂ ᠤᠢᠷᠠᠳᠤᠬᠤ ᠡᠴᠡ ᠪᠠᠨ᠎ᠴᠤ ᠵᠢᠷᠦᠬᠡᠰᠢᠶᠡᠵᠦ ᠪᠠᠢᠭᠰᠠᠨ ᠰᠢᠤ ᠭᠡᠵᠦ ᠯᠢᠦ ᠰᠢᠶᠤᠤ ᠬᠤᠢ ᠢᠨᠢᠶᠡᠳᠦ ᠠᠯᠳᠠᠨ ᠡᠷᠭᠢᠴᠡᠭᠦᠯᠦᠨ᠎ᠡ᠃ ᠤᠳᠤ ᠪᠤᠯᠬᠤ᠎ᠳᠦ ᠳᠡᠷᠡ ᠪᠡᠷ ᠬᠠᠰᠢᠷ ᠮᠠᠯᠴᠢᠨ ᠪᠤᠯᠤᠭᠰᠠᠨ ᠨᠢ ᠭᠠᠷᠴᠠᠭ᠎ᠠ ᠦᠭᠡᠢ᠂ ᠰᠦᠨᠢ ᠤᠷᠤᠢ ᠤᠨᠳᠠᠵᠤ᠎ᠠᠮᠠᠷᠠᠬᠤ᠎ᠪᠠᠨ᠎ᠤᠮᠠᠷᠳᠠᠵᠤ ᠲᠤᠭᠤᠯ ᠲᠤᠰᠤᠭᠠᠳ ᠪᠤᠵᠢᠭᠢᠨᠠᠨ᠎ᠠ᠃

1999 ᠤᠨ᠎ᠳᠦ ᠸᠠᠩ ᠰᠢ ᠯᠢᠶᠠᠩ᠂ ᠯᠢᠦ ᠰᠢᠶᠤᠤ ᠬᠤᠢ ᠬᠤᠶᠠᠷ ᠠᠢᠯ ᠭᠡᠷ ᠪᠤᠯᠬᠤ᠎ᠳᠦ ᠬᠠᠰᠢᠶᠠᠨ᠎ᠳᠦ ᠪᠠᠨ 7 ᠦᠬᠡᠷ ᠲᠠᠢ ᠪᠠᠢᠭᠰᠠᠨ ᠭᠡᠳᠡᠭ᠃ ᠠᠢᠯ ᠭᠡᠷ ᠪᠤᠯᠤᠭᠰᠠᠨ ᠡᠬᠢᠨ᠎ᠤ ᠵᠢᠯ᠎ᠤᠳ᠎ᠲᠦ ᠲᠡᠳᠡ ᠲᠠᠷᠢᠶᠠᠨ ᠤᠷᠤᠯᠭ᠎ᠠ ᠪᠡᠷ᠎ᠢᠶᠡᠨ ᠬᠤᠨᠢ ᠢᠮᠠᠭ᠎ᠠ ᠪᠠᠨ ᠦᠰᠬᠡᠵᠤ ᠪᠠᠢᠭᠰᠠᠨ ᠡᠴᠡ ᠪᠠᠨ ᠬᠤᠨᠢ ᠢᠮᠠᠭ᠎ᠠ ᠪᠠᠨ ᠴᠡᠭᠴᠡᠯᠡᠵᠦ ᠳᠠᠩ ᠭᠠᠭᠴᠠ ᠨᠤᠳᠤᠭ᠎ᠤᠨ ᠦᠭᠡᠷ ᠳᠡᠵᠢᠭᠡᠪᠡ᠃ ᠭᠡᠪᠡᠴᠦ ᠨᠤᠳᠤᠭ᠎ᠤᠨ ᠦᠬᠡᠷ᠎ᠤᠨ ᠠᠰᠢᠭ ᠬᠤᠨᠵᠢᠪᠤᠷᠢ ᠨᠢ ᠵᠠᠷᠤᠯᠭ᠎ᠠ ᠳ᠋ᠠᠭᠠᠨ ᠬᠦᠷᠬᠦ ᠦᠭᠡᠢ ᠪᠤᠯᠬᠤᠷ ᠰᠢᠮᠸᠨ᠋ᠲᠠᠷ ᠦᠬᠡᠷ ᠤᠷᠤᠭᠤᠯᠤᠨ 2016 ᠤᠨ ᠡᠴᠡ ᠭᠡᠷ ᠪᠦᠯᠢ᠎ᠶᠢᠨ ᠮᠠᠯᠵᠢᠯ᠎ᠤᠨ ᠳᠠᠯᠠᠪᠠᠢ ᠡᠷᠬᠢᠯᠡᠵᠡᠢ᠃

—  ᠮᠠᠨ᠎ᠤ ᠬᠢᠨ ᠤᠳᠤ 378 ᠦᠬᠡᠷ ᠳᠡᠵᠢᠭᠡᠵᠦ ᠪᠠᠢᠨ᠎ᠠ᠂ ᠤᠢᠷ᠎ᠠ ᠳ᠋ᠤ ᠭᠤᠴᠢᠭᠠᠳ ᠲᠤᠭᠤᠯ ᠳᠤᠰᠤᠯ᠎ᠠ᠂ ᠪᠠᠰᠠ ᠨᠡᠯᠢᠶᠡᠳ ᠨᠢ ᠲᠤᠭᠤᠯᠯᠠᠨ᠎ᠠ᠂ ᠰᠦᠨᠢ᠎ᠲᠤᠭᠤᠯᠯᠠᠪᠠᠯ ᠪᠢᠳᠡ ᠴᠢᠨᠢ ᠤᠨᠳᠠᠵᠤ ᠠᠮᠠᠷᠠᠵᠤ ᠴᠢᠳᠠᠬᠤ ᠦᠭᠡᠢ ᠰᠢᠦ᠂ ᠨᠢᠭᠡ ᠰᠦᠨᠢ  ᠵᠦᠪᠬᠡᠨ ᠬᠤᠶᠠᠷ ᠭᠤᠷᠪᠠᠬᠠᠨ ᠴᠠᠭ ᠤᠨᠳᠠᠵᠤ ᠪᠠᠢᠨ᠎ᠠ ᠭᠡᠵᠦ ᠸᠠᠩ ᠰᠢ ᠯᠢᠶᠠᠩ ᠶᠠᠷᠢᠬᠤ᠎ᠳᠦ ᠴᠢᠷᠠᠢ᠎ᠳᠦ ᠨᠢ ᠬᠠᠷᠢᠨ ᠵᠦᠳᠡᠷᠡᠵᠦ ᠲᠤᠢᠯᠳᠠᠭᠰᠠᠨ ᠪᠠᠢᠳᠠᠯ ᠦᠴᠦᠭᠡᠨ ᠴᠸ᠋ ᠬᠠᠷᠠᠭᠳᠠᠬᠤ ᠦᠭᠡᠢ᠃ ᠤᠳᠤ ᠳᠡᠳᠡᠨ᠎ᠤ ᠬᠢᠨ᠎ᠤ  ᠠᠰᠢᠭ ᠤᠷᠤᠯᠭ᠎ᠠ ᠮᠡᠳᠡᠭᠳᠡᠮ᠎ᠡ ᠨᠡᠮᠡᠭᠳᠡᠵᠦ᠂ ᠦᠪᠡᠷ᠎ᠤᠨ ᠬᠢᠨᠢ ᠦᠭᠡ ᠪᠡᠷ ᠬᠡᠯᠡᠪᠡᠯ᠄《ᠤᠨᠳᠠᠬᠤ ᠦᠭᠡᠢ᠎ᠴᠤ ᠬᠡᠰᠡᠨ ᠵᠦᠳᠡᠷᠡᠬᠦ ᠦᠭᠡᠢ ᠪᠤᠯᠤᠭᠰᠠᠨ》 ᠪᠠᠢᠯ᠎ᠠ᠃

2021ᠤᠨ᠎ᠳᠦ ᠳᠡᠳᠡ 150 ᠭᠠᠷᠤᠢ ᠲᠦᠮᠡᠡ ᠲᠦᠬᠦᠷᠢᠭ᠎ᠤᠨ ᠪᠡᠯᠡ ᠮᠦᠩᠬᠦ  ᠵᠠᠷᠤᠴᠠᠭᠤᠯᠤᠨ  3000 ᠳᠡᠭᠰᠢ ᠳᠦᠷᠪᠡᠯᠵᠢᠨ ᠮᠸᠲᠷ ᠳᠠᠯᠠᠪᠠᠢ ᠪᠦᠬᠦᠢ ᠳᠤᠯᠠᠭᠠᠨ ᠳᠤᠬᠢᠯᠢᠭ᠋ ᠫᠸᠩ ᠰᠠᠷᠠᠪᠴᠢ ᠪᠠᠢᠭᠤᠯᠵᠤ᠂ ᠨᠤᠳᠤᠭ᠎ᠤᠨ ᠦᠬᠡᠷ᠂ ᠰᠢᠮᠸᠨ᠋ᠲᠠᠷ ᠵᠡᠷᠭᠡ ᠬᠡᠳᠦᠨ ᠵᠦᠢᠯ᠎ᠤᠨ ᠰᠢᠯᠢᠳᠡᠭ ᠡᠭᠦᠯᠳᠡᠷ᠎ᠤᠨ ᠦᠬᠡᠷ ᠳᠡᠵᠢᠭᠡᠵᠦ ᠴᠢᠨᠡᠭᠡᠯᠢᠭ ᠠᠮᠢᠳᠤᠷᠠᠯ ᠵᠢᠠᠷ ᠵᠢᠠᠨ ᠪᠠᠬᠠᠷᠬᠠᠨ᠎ᠠ᠃

ᠦᠪᠡᠷ᠎ᠤᠨ ᠬᠦᠴᠦ ᠪᠡᠷ᠎ᠢᠶᠡᠨ ᠳᠡᠭᠵᠢᠷᠡᠬᠦ ᠭᠡᠵᠦ ᠵᠢᠷᠭᠠᠯ᠂ ᠵᠦᠳᠡᠵᠦ ᠶᠠᠪᠤᠭᠰᠠᠨ ᠨᠢᠭᠡ ᠵᠢ ᠪᠠᠨ ᠳᠡᠮᠵᠢᠬᠦ ᠭᠡᠵᠦ ᠵᠢᠳᠬᠦᠯ᠃ ᠨᠤᠳᠤᠭ᠎ᠤᠨ ᠤᠤᠭᠠᠯ ᠡᠷᠳᠡᠮᠳᠦ᠎ᠶᠢᠨ ᠬᠢᠨ ᠳᠡᠳᠡᠨ᠎ᠤ ᠬᠢᠨ᠎ᠳᠦ ᠮᠠᠯ ᠦᠬᠡᠷ ᠎ᠢ ᠨᠢ ᠲᠡᠵᠢᠬᠡᠵᠤ ᠠᠷᠠᠴᠢᠯᠠᠬᠤ ᠠᠵᠢᠯ ᠬᠢᠳᠡᠭ᠃ ᠡᠷᠳᠡᠮᠳᠦ ᠎ᠶᠢᠨ ᠬᠢᠨ ᠤᠤᠯ᠎ᠳᠠᠭᠠᠨ ᠨᠤᠳᠤᠭ ᠠᠯᠤᠰᠯᠠᠨ ᠬᠦᠴᠦᠨ᠎ᠤ ᠠᠵᠢᠯ᠎ᠬᠢᠵᠦ ᠠᠵᠢᠯ ᠨᠢ ᠳᠤᠭᠳᠠᠪᠤᠷᠢ ᠦᠭᠡᠢ ᠪᠠᠢᠭᠰᠠᠨ ᠪᠤᠯᠬᠤᠷ ᠤᠷᠤᠯᠭ᠎ᠠ ᠨᠢ᠎ᠴᠤ ᠪᠠᠳᠤᠯᠠᠭ᠎ᠠ ᠦᠭᠡᠢ ᠪᠠᠢᠪᠠ᠃ 2019 ᠤᠨ᠎ᠳᠦ ᠯᠢᠦ ᠰᠢᠶᠤᠤ ᠬᠤᠢ᠎ᠶᠢᠨ ᠰᠠᠨᠠᠭᠠᠴᠢᠯᠠᠭ᠎ᠠ ᠳᠤᠤᠷ᠎ᠠ ᠨᠤᠳᠤᠭ᠎ᠲᠠᠭᠠᠨ ᠦᠯᠡᠳᠡᠵᠦ ᠳᠡᠳᠡᠨ᠎ᠤ ᠎ᠳᠦ ᠠᠵᠢᠯ ᠬᠢᠵᠦ ᠡᠬᠢᠯᠡᠭᠰᠡᠨ ᠡᠴᠡ ᠰᠠᠷ᠎ᠠ ᠪᠤᠯᠭᠠᠨ᠎ᠤ ᠴᠠᠯᠢᠩ ᠨᠢ ᠳᠤᠭᠳᠠᠪᠤᠷᠢᠵᠢᠵᠤ ᠦᠷᠢ ᠰᠢᠷᠢ ᠪᠠᠨ ᠪᠦᠭᠯᠡᠵᠡᠢ᠃

— ᠤᠳᠤ ᠮᠠᠨ᠎ᠤ ᠬᠢ 120 ᠰᠢᠬᠠᠮ ᠬᠤᠨᠢ᠂ ᠬᠤᠷᠢᠭᠠᠳ ᠭᠠᠬᠠᠢ ᠲᠠᠢ᠃ ᠡᠪᠡᠰᠦ ᠪᠡᠯᠴᠢᠭᠡᠷ ᠫᠸᠩ ᠰᠠᠷᠠᠪᠴᠢ ᠵᠢᠨ ᠲᠠᠯ᠎ᠠ ᠪᠡᠷ ᠸᠠᠩ ᠰᠢ ᠯᠢᠶᠠᠩ᠎ᠤᠨ ᠬᠢ ᠡᠴᠡ ᠳᠡᠮᠵᠢᠯᠭᠡ ᠦᠵᠡᠬᠦᠯᠳᠡᠭ ᠪᠤᠯᠬᠤᠷ ᠪᠢᠳᠡ ᠦᠪᠡᠷ᠎ᠢᠶᠡᠨ ᠪᠤᠷᠳᠤᠭ᠎ᠠ ᠤᠷᠤᠭᠤᠯᠤᠭᠰᠠᠭᠠᠷ ᠪᠤᠯᠴᠢᠬᠠᠨ᠎ᠠ ᠭᠡᠵᠦ ᠡᠷᠳᠡᠮᠳᠦ ᠪᠠᠶᠠᠷᠳᠠᠢᠬᠠᠨ ᠶᠠᠷᠢᠨ᠎ᠠ᠃

ᠸᠠᠩ ᠰᠢ ᠯᠢᠶᠠᠩ᠂ ᠬᠦᠷᠰᠢ ᠵᠡᠷᠭᠡᠯᠡᠳᠡᠭᠡ ᠠᠢᠯ᠎ᠤᠨ ᠬᠢᠨ᠎ᠤ ᠮᠠᠯ ᠳ᠋ᠤ ᠦᠨ᠎ᠡ ᠲᠦᠯᠦᠪᠦᠷᠢ ᠦᠭᠡᠢ ᠪᠡᠷ ᠰᠠᠢᠨ ᠡᠭᠦᠯᠳᠡᠷ᠎ᠤᠨ ᠬᠡᠬᠡᠯᠳᠦᠭᠦᠯᠭᠡ ᠬᠢᠵᠦ ᠦᠭᠬᠦ ᠪᠤᠶᠤ ᠡᠮ ᠲᠠᠩ ᠬᠠᠩᠭᠠᠬᠤ᠂ ᠲᠤᠭᠤᠯ᠎ᠢ ᠨᠢ ᠳᠠᠳᠠᠵᠤ ᠦᠭᠬᠦ ᠭᠡᠳ ᠴᠢᠳᠠᠬᠤ᠎ᠶᠢᠨ ᠬᠢᠷᠢ ᠪᠡᠷ ᠲᠤᠰᠠ ᠳᠡᠮ ᠪᠤᠯᠳᠠᠭ ᠪᠠᠢᠯ᠎ᠠ᠃ ᠦᠪᠡᠷ᠎ᠤᠨ ᠬᠦᠴᠦ ᠪᠡᠷ᠎ᠢᠶᠡᠨ ᠳᠡᠭᠵᠢᠷᠡᠵᠦ ᠦᠷᠦᠭᠡᠯ ᠪᠤᠰᠤᠳ᠎ᠢ ᠦᠭᠡᠳᠡ ᠲᠠᠳᠠᠵᠤ ᠶᠠᠪᠤᠬᠤ ᠳ᠋ᠠᠭᠠᠨ ᠸᠠᠩ ᠰᠢ ᠯᠢᠶᠠᠩ  ᠨᠠᠮ ᠵᠠᠰᠠᠭ᠎ᠤᠨ  ᠬᠠᠢᠷ᠎ᠠ  ᠬᠠᠯᠠᠮᠵᠢ ᠵᠢ  ᠬᠡᠵᠢᠶᠡᠳᠡ ᠮᠠᠷᠳᠠᠬᠤ ᠦᠭᠡᠢ ᠪᠠᠢᠯ᠎ᠠ᠃

— ᠮᠠᠨ᠎ᠤ  ᠵᠢᠯ᠎ᠤᠨ ᠤᠷᠤᠯᠭ᠎ᠠ ᠳᠠᠯᠠᠭᠠᠳ ᠲᠦᠮᠡ ᠪᠠᠨ ᠪᠠᠳᠤᠯᠠᠴᠢᠬᠠᠨ᠎ᠠ᠂ ᠡᠨᠡ ᠪᠦᠬᠦᠨ ᠨᠠᠮ ᠵᠠᠰᠠᠭ᠎ᠤᠨ ᠰᠠᠢᠨ᠎ᠳᠦ ᠲᠦᠰᠢᠭᠯᠡᠭᠰᠡᠨ ᠰᠢᠤ ᠭᠡᠵᠦ ᠸᠠᠩ ᠰᠢ ᠯᠢᠶᠠᠩ ᠰᠡᠳᠬᠢᠯ ᠳᠤᠭᠳᠤᠯᠤᠨ ᠶᠠᠷᠢᠨ᠎ᠠ᠃

2020 ᠤᠨ᠎ᠳᠦ᠂ ᠲᠤᠬᠠᠢ᠎ᠶᠢᠨ ᠭᠠᠵᠠᠷ᠎ᠤᠨ ᠵᠠᠰᠠᠭ᠎ᠤᠨ ᠤᠷᠳᠤᠨ ᠡᠴᠡ ᠳᠡᠭᠦᠨ᠎ᠤ ᠮᠠᠯᠵᠢᠯ᠎ᠤᠨ ᠲᠠᠯᠠᠪᠠᠢ᠎ᠳᠦ ᠨᠡᠢᠳᠡ 30 ᠲᠦᠮᠡᠨ ᠲᠦᠭᠦᠷᠢᠭ᠎ᠤᠨ ᠦᠷᠳᠡᠭ ᠪᠦᠬᠦᠢ ᠪᠤᠷᠳᠤᠭᠠᠨ ᠫᠸᠩ᠂  ᠮᠠᠯ᠎ᠤᠨ ᠫᠸᠩ᠎ᠢ ᠲᠤᠰ ᠲᠤᠰ ᠨᠢᠭᠡ ᠳᠠᠰᠤᠯᠭ᠎ᠠ ᠪᠠᠢᠭᠤᠯᠵᠤ ᠦᠭᠴᠡᠢ᠃ ᠦᠩᠭᠡᠷᠡᠭᠰᠡᠨ ᠵᠢᠯ ᠬᠦᠳᠡᠭᠡ ᠳᠤᠰᠬᠤᠨ᠎ᠢ  ᠬᠦᠭᠵᠢᠭᠦᠯᠦᠨ ᠮᠠᠨᠳᠤᠭᠤᠯᠬᠤ ᠲᠤᠪᠴᠢᠶ᠎ᠡ ᠡᠴᠡ 400 ᠲᠦᠮᠡᠨ ᠳᠦᠭᠦᠷᠢᠭ᠎ᠤᠨ ᠪᠦᠳᠦᠭᠡᠨ ᠪᠠᠢᠭᠤᠯᠤᠯᠳᠠ᠎ᠶᠢᠨ ᠪᠡᠯᠡ ᠮᠦᠩᠬᠦ ᠬᠠᠩᠭᠠᠭᠰᠠᠨ᠎ᠳᠦ ᠸᠠᠩ ᠰᠢ ᠯᠢᠶᠠᠩ 178 ᠲᠤᠯᠤᠭᠠᠢ ᠦᠬᠡᠷ ᠬᠤᠳᠠᠯᠳᠤᠨ ᠠᠪᠴᠤ ᠤᠤᠯ᠎ᠤᠨ 200 ᠲᠤᠯᠤᠭᠠᠢ ᠲᠠᠢ ᠪᠠᠨ ᠨᠡᠢᠳᠡ 378 ᠲᠤᠯᠤᠭᠠᠢ ᠦᠬᠡᠷ ᠲᠠᠢ ᠳᠤᠮᠤ ᠡᠷᠦᠬᠡ ᠪᠤᠯᠵᠤ ᠲᠦᠯ ᠲᠤᠰᠤᠭᠠᠳ ᠮᠤᠩᠭᠠᠨᠢᠵᠤ ᠪᠠᠢᠭ᠎ᠠ ᠨᠢ ᠡᠨᠡ᠃

— ᠨᠠᠮ ᠵᠠᠰᠠᠭ ᠡᠴᠡ ᠨᠠᠮ᠎ᠠ ᠵᠢ ᠰᠠᠢᠨ ᠳᠡᠮᠵᠢᠵᠦ ᠪᠠᠢᠨ᠎ᠠ᠂ ᠪᠢ᠎ᠴᠤ  ᠨᠠᠮ ᠵᠠᠰᠠᠭ᠎ᠤᠨ ᠬᠦᠰᠡᠯ ᠨᠠᠢᠳᠠᠯᠭ᠎ᠠ ᠵᠢ ᠪᠦᠦ ᠯᠡ ᠬᠦᠰᠡᠷᠳᠡᠭᠦᠯᠦᠶ᠎ᠡ ᠭᠡᠳ ᠴᠢᠷᠮᠠᠢᠵᠤ ᠪᠠᠢᠨ᠎ᠠ᠃ ᠭᠤᠷᠪᠠᠨ ᠵᠢᠯ᠎ᠤᠨ ᠳᠤᠳᠤᠷ᠎ᠠ ᠮᠢᠩᠭᠠᠨ ᠦᠬᠡᠷ ᠲᠠᠢ ᠪᠤᠯᠬᠤ ᠪᠡᠷ ᠲᠦᠯᠦᠪᠯᠡᠵᠦ ᠪᠠᠢᠨ᠎ᠠ ᠭᠡᠵᠦ ᠸᠠᠩ ᠰᠢ ᠯᠢᠶᠠᠩ ᠢᠬᠢᠷ᠎ᠡ ᠬᠤᠶᠠᠷ ᠲᠤᠭᠤᠯ᠎ᠢᠶᠡᠨ ᠢᠯᠪᠢᠨ ᠢᠷᠡᠭᠡᠳᠦᠢ ᠪᠠᠨ ᠪᠠᠷᠠᠯᠠᠨ ᠪᠠᠢᠯ᠎ᠠ᠃

ᠣᠷᠴᠢᠭᠤᠯᠤᠭ᠍ᠴᠢ᠄
ᠨᠠᠢᠷᠠᠭᠤᠯᠤᠭ᠍ᠴᠢ᠄ ᠰᠤᠶᠤᠯᠲᠦ
ᠲᠤᠮᠳᠠᠳᠤ ᠤᠯᠤᠰ᠎ᠤᠨ ᠮᠤᠩᠭᠤᠯ ᠬᠡᠯᠡᠡ᠎ᠤ ᠰᠤᠨᠢᠠ ᠮᠠᠳᠡᠭᠡ᠎ᠶ᠋ᠢᠨ ᠰᠦᠯᠵᠢᠶ᠎ᠠ
ᠢᠷᠡᠯᠲᠡ᠄
ᠬᠤᠪᠢᠶᠠᠯᠴᠠᠬᠤ᠄
ᠬᠠᠮᠢᠶ᠎ᠡ ᠪᠦᠬᠦᠢ ᠰᠣᠨᠢᠨ

2008-2025 © ᠳᠤᠮᠳᠠᠳᠤ ᠤᠯᠤᠰ᠎ᠤᠨ ᠮᠤᠩᠭᠤᠯ ᠬᠡᠯᠡᠨ᠎ᠤ ᠰᠤᠨᠢᠨ ᠮᠡᠳᠡᠭᠡᠨ᠎ᠤ ᠰᠦᠯᠵᠢᠶ᠎ᠡ ᠦᠮᠴᠢᠯᠡᠯ᠎ᠤᠨ ᠡᠷᠬᠡ᠎ᠲᠠᠢ

ᠵᠤᠬᠢᠶᠠᠭᠴᠢ᠎ᠶᠢᠨ ᠡᠷᠬᠡ ᠬᠠᠤᠯᠢ᠎ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ᠎ᠪᠠᠷ ᠬᠠᠭᠤᠯᠪᠤᠷᠢᠯᠠᠬᠤ᠎ᠶᠢ ᠬᠠᠲᠠᠭᠤ ᠬᠤᠷᠢᠭᠯᠠᠨ᠎ᠠ

ᠬᠠᠷᠢᠯᠴᠠᠬᠤ ᠤᠲᠠᠰᠤ᠄0471-6635435

ᠢᠮᠧᠯ᠄mgyxww@163.com   蒙ICP备10000005号