ᠮᠠᠤ ᠽᠸ ᠳ᠋ᠦᠩ 《ᠺᠠᠳ᠋ᠷᠴᠤᠳ᠎ᠤᠨ ᠵᠠᠪᠠᠯ ᠤᠩᠱᠢᠬᠤ ᠨᠤᠮ》᠎ᠢ ᠳᠤᠭᠳᠠᠭᠠᠭᠰᠠᠨ ᠨᠢ
2022-12-07 19:49:25
ᠵᠣᠬᠢᠶᠠᠭ᠍ᠴᠢ᠄
ᠯᠢ ᠱᠦ᠍ ᠴᠢᠤᠸᠠᠨ
ᠣᠩᠱᠢᠭ᠍ᠰᠠᠨ ᠣᠳᠠᠭ᠎ᠠ᠄
★★★☆☆

ᠯᠢᠶᠣᠤ ᠱᠸᠨ᠎ᠤ ᠳᠠᠢᠯᠠᠯᠳᠤᠭᠠᠨ᠂ ᠬᠤᠸᠠᠢ ᠬᠠᠢ᠎ᠶ᠋ᠢᠨ ᠳᠠᠢᠯᠠᠯᠳᠤᠭᠠᠨ᠂ ᠫᠢᠩ᠎ᠶ᠋ᠢᠨ᠎ᠤ ᠳᠠᠢᠯᠠᠯᠳᠤᠭᠠᠨ ᠳᠠᠭᠤᠰᠴᠤ᠌᠂ ᠳᠤᠮᠳᠠᠳᠤ ᠤᠯᠤᠰ᠎ᠤᠨ ᠬᠤᠪᠢᠰᠭᠠᠯ ᠤᠳᠠᠯ ᠦᠭᠡᠢ ᠢᠯᠠᠯᠲᠠ ᠤᠯᠬᠤ ᠭᠡᠵᠦ᠍ ᠪᠠᠢᠭ᠎ᠠ ᠦᠶ᠎ᠡ᠎ᠳᠤ᠂ ᠱᠢᠨ᠎ᠡ ᠳᠤᠮᠳᠠᠳᠤ ᠤᠯᠤᠰ᠎ᠤᠨ ᠠᠤᠭ᠎ᠠ ᠲᠥᠰᠦᠪ᠎ᠢ ᠵᠢᠷᠤᠭ᠍ᠯᠠᠬᠤ᠎ᠶ᠋ᠢᠨ ᠲᠥᠯᠥᠭᠡ᠂ ᠨᠠᠮ᠎ᠤᠨ ᠲᠥᠪ ᠬᠤᠷᠢᠶ᠎ᠡ 1949 ᠣᠨ᠎ᠤ 3 ᠰᠠᠷ᠎ᠠ᠎ᠳᠤ ᠳᠣᠯᠣᠳᠤᠭᠠᠷ ᠬᠤᠭᠤᠴᠠᠭᠠᠨ᠎ᠤ ᠲᠥᠪ ᠬᠤᠷᠢᠶᠠᠨ᠎ᠤ ᠬᠤᠶᠠᠳᠤᠭᠠᠷ ᠪᠦᠬᠦᠳᠡ ᠬᠤᠷᠠᠯ᠎ᠢ ᠬᠤᠷᠠᠯᠳᠤᠭᠤᠯᠵᠤ᠂ ᠠᠵᠢᠯ᠎ᠤᠨ ᠭᠤᠣᠯᠳᠠᠯᠭ᠎ᠠ᠎ᠪᠠᠨ ᠬᠥᠳᠡᠭᠡ ᠲᠣᠰᠭᠤᠨ᠎ᠠᠴᠠ ᠬᠤᠳᠠ᠎ᠳᠤ ᠱᠢᠯᠵᠢᠭᠦᠯᠦᠨ᠎ᠡ᠂ ᠪᠦ᠍ᠬᠦ᠌ ᠨᠠᠮ᠎ᠢᠶᠠᠷ᠎ᠢᠶᠠᠨ ᠡᠷᠬᠡᠪᠰᠢ ᠲᠦᠢᠯ᠎ᠤᠨ ᠶᠡᠭᠡ ᠴᠢᠷᠮᠠᠢᠯᠭ᠎ᠠ᠎ᠪᠠᠷ ᠬᠤᠳᠠ᠎ᠶ᠋ᠢ ᠬᠠᠮᠢᠶᠠᠷᠬᠤ ᠪᠠ ᠬᠤᠳᠠ᠎ᠶ᠋ᠢ ᠪᠦᠳᠦᠭᠡᠨ ᠪᠠᠢᠭᠤᠯᠬᠤ᠎ᠶ᠋ᠢ ᠰᠤᠷᠬᠤ ᠬᠡᠷᠡᠭ᠌ᠲᠡᠢ ᠭᠡᠵᠦ᠍ ᠳᠤᠷᠠᠳᠴᠠᠢ᠃ ᠪᠠᠢᠳᠠᠯ᠎ᠤᠨ ᠬᠥᠭ᠌ᠵᠢᠯᠲᠡ᠎ᠶ᠋ᠢᠨ ᠬᠡᠷᠡᠭ᠌ᠴᠡᠭᠡ᠎ᠳᠤ ᠵᠣᠬᠢᠴᠠᠭᠤᠯᠵᠤ᠂ ᠪᠦᠬᠦ᠌ ᠨᠠᠮ᠎ᠤᠨ ᠤᠯᠤᠰ ᠲᠦᠷᠦ᠍᠎ᠶ᠋ᠢᠨ ᠤᠨᠤᠯ᠎ᠤᠨ ᠲᠦᠪᠱᠢᠨ᠎ᠢ ᠳᠡᠭᠡᠭ᠌ᠰᠢᠯᠡᠭᠦᠯᠬᠦ᠌᠎ᠶ᠋ᠢᠨ ᠲᠥᠯᠥᠭᠡ᠂ ᠨᠠᠮ᠎ᠤᠨ ᠲᠥᠪ ᠬᠤᠷᠢᠶ᠎ᠠ 12 ᠳᠡᠪᠳᠡᠷ ᠺᠠᠳ᠋ᠷ᠎ᠤᠨ ᠰᠤᠷᠤᠯᠴᠠᠬᠤ ᠴᠢᠬᠤᠯᠠᠲᠠᠶ ᠮᠠᠷᠺᠰ ᠯᠧᠨᠢᠨ᠎ᠤ ᠦᠵᠡᠯ᠎ᠤᠨ ᠵᠣᠬᠢᠶᠠᠯ᠎ᠢ ᠲᠠᠬᠢᠨ ᠨᠠᠢᠷᠠᠭᠤᠯᠤᠨ ᠬᠢᠨᠠᠵᠤ᠂ ᠮᠠᠤ ᠽᠸ ᠳ᠋ᠦᠩ ᠪᠠᠰᠠ ᠲᠤᠰᠭᠠᠢᠯᠠᠨ ᠡᠨᠡ ᠬᠦ᠌ ᠨᠣᠮ᠎ᠳᠤ《ᠺᠠᠳ᠋ᠷ᠎ᠤᠨ ᠵᠠᠪᠠᠯ ᠤᠩᠱᠢᠬᠤ ᠨᠤᠮ》 ᠭᠡᠬᠦ᠌ ᠲᠦᠷᠪᠡᠨ ᠦᠰᠦᠭ᠎ᠢ ᠨᠡᠮᠡᠵᠦ᠍ ᠥᠭ᠌ᠴᠡᠶ᠃

ᠡᠳᠡᠭᠡᠷ《ᠺᠠᠳ᠋ᠷᠴᠤᠳ᠎ᠤᠨ ᠵᠠᠪᠠᠯ ᠤᠩᠱᠢᠬᠤ ᠨᠤᠮ》ᠳ᠋ᠤ 《ᠨᠡᠢᠭᠡᠮ᠎ᠤᠨ ᠬᠥᠭ᠌ᠵᠢᠯᠲᠡ᠎ᠶ᠋ᠢᠨ ᠲᠡᠦᠬᠡ》᠂《ᠤᠯᠤᠰ ᠲᠦᠷᠦ᠍ ᠠᠵᠤ ᠠᠬᠤᠢ᠎ᠶ᠋ᠢᠨ ᠤᠬᠠᠭᠠᠨ》᠂ 《ᠡᠪ ᠬᠠᠮᠲᠤ ᠨᠠᠮ᠎ᠤᠨ ᠲᠤᠩᠬᠠᠭ》᠂《ᠨᠡᠢᠭᠡᠮ ᠵᠢᠷᠤᠮ ᠬᠡᠢ ᠪᠤᠳᠤᠯ᠎ᠠᠴᠠ ᠱᠢᠨᠵᠢᠯᠡᠬᠦ᠌ ᠤᠬᠠᠭᠠᠨ ᠪᠤᠯᠵᠤ ᠬᠥᠭ᠌ᠵᠢᠭ᠌ᠰᠡᠨ᠎ᠨᠢ》᠂ 《ᠡᠵᠡᠷᠬᠡᠭ ᠲᠦᠷᠢᠮᠡᠬᠡᠢ ᠦᠵᠡᠯ ᠪᠣᠯ ᠬᠥᠷᠥᠩᠭᠡᠲᠦ ᠶᠣᠰᠣᠨ᠎ᠤ ᠬᠠᠮᠤᠭ᠎ᠤᠨ ᠳᠡᠭᠡᠳᠦ ᠱᠠᠳᠤ ᠦᠶ᠎ᠡ ᠮᠥᠨ》᠂ 《ᠲᠦᠷᠦ᠍ ᠪᠠ ᠬᠤᠪᠢᠰᠭᠠᠯ》᠂《ᠡᠪ ᠬᠠᠮᠲᠤ᠎ᠶ᠋ᠢᠨ ᠬᠥᠳᠡᠯᠭᠡᠭᠡᠨ᠎ᠳᠠᠬᠢ 〈ᠵᠡᠭᠦᠨ〉᠎ᠤ ᠨᠢᠯᠬᠠᠰᠠᠭ ᠡᠪᠡᠳᠴᠢᠨ》᠂《ᠯᠧᠨᠢᠨ᠎ᠤ ᠦᠵᠡᠯ᠎ᠤᠨ ᠦᠨᠳᠦᠰᠦ ᠵᠢ ᠦᠭᠦᠯᠡᠭᠦ ᠨᠢ》᠂ 《ᠵᠦᠪᠯᠡᠯᠲᠦ ᠬᠤᠯᠪᠣᠭᠠᠲᠤ ᠤᠯᠤᠰ᠎ᠤᠨ ᠡᠪ ᠬᠠᠮᠲᠤ (ᠪᠤᠯᠱᠸᠸᠢᠢᠡ᠋) ᠨᠠᠮ᠎ᠤᠨ ᠲᠡᠦᠬᠡ》᠂ 《ᠯᠧᠨᠢᠨ ᠰᠲ᠋ᠠᠯᠢᠨ ᠨᠡᠢᠭᠡᠮ ᠵᠢᠷᠤᠮ᠎ᠤᠨ ᠪᠦᠲᠦᠭᠡᠨ ᠪᠠᠢᠭᠤᠯᠤᠯᠲᠠ᠎ᠶ᠋ᠢᠨ ᠲᠤᠬᠠᠢ ᠥᠭᠦᠯᠡᠬᠰᠡᠨ᠎ᠨᠢ》᠂ 《ᠯᠧᠨᠢᠨ ᠰᠲ᠋ᠠᠯᠢᠨ ᠳᠤᠮᠳᠠᠳᠤ ᠤᠯᠤᠰ᠎ᠤᠨ ᠲᠤᠬᠠᠢ ᠦᠭᠦᠯᠡᠭᠰᠡᠨ ᠨᠢ》᠂《ᠮᠠᠷᠺᠰ ᠡᠡᠭᠭᠸᠯᠰ ᠯᠸᠨᠢᠨ ᠰᠲ᠋ᠠᠯᠢᠨ᠎ᠤ ᠦᠵᠡᠯ ᠰᠠᠨᠠᠭ᠎ᠠ ᠠᠷᠭ᠎ᠠ ᠵᠢᠨ ᠤᠨᠤᠯ》 ᠵᠡᠷᠭᠡ ᠪᠤᠢ᠃ ᠡᠨᠡ 12 ᠳᠡᠪᠳᠡᠷ ᠨᠤᠮ᠎ᠢ ᠰᠤᠷᠤᠯᠴᠠᠬᠤ ᠤᠳᠭ᠎ᠠ᠎ᠠᠭᠤᠯᠭ᠎ᠠ ᠵᠢᠨ ᠳᠤᠬᠠᠢ᠂ ᠮᠠᠤ ᠽᠸ ᠳ᠋ᠦᠩ ᠨᠠᠮ᠎ᠤᠨ ᠳᠣᠯᠣᠳᠤᠭᠠᠷ ᠬᠤᠭᠤᠴᠠᠭᠠᠨ᠎ᠤ ᠲᠥᠪ ᠬᠤᠷᠢᠶᠠᠨ᠎ᠤ ᠬᠤᠶᠠᠳᠤᠭᠠᠷ ᠪᠥᠬᠦᠳᠡ ᠬᠤᠷᠠᠯ᠎ᠤᠨ ᠳ᠋ᠦᠩᠨᠡᠯᠲᠡ᠎ᠳᠤ᠄ ᠮᠠᠷᠺᠰ ᠡᠩᠭᠸᠯᠰ ᠯᠧᠨᠢᠨ ᠰᠲ᠋ᠠᠯᠢᠨ ᠪᠣᠯ ᠪᠠᠭᠰᠢ ᠮᠥᠨ᠂ ᠪᠢᠳᠡ ᠪᠣᠯ ᠰᠤᠷᠤᠭ᠍ᠴᠢ ᠭᠡᠵᠦ ᠵᠢᠭᠠᠵᠤ ᠭᠠᠷᠭᠠᠵᠠᠢ᠃《ᠠᠷᠪᠠᠨ ᠬᠤᠶᠠᠷ ᠳᠡᠪᠲᠡᠷ ᠺᠠᠳ᠋ᠷ᠎ᠤᠨ ᠵᠠᠪᠠᠯ ᠤᠩᠱᠢᠬᠤ ᠨᠣᠮ᠎ᠤᠨ ᠲᠤᠬᠠᠶ᠂ ᠥᠩᠭᠡᠷᠡᠭ᠌ᠰᠡᠨ᠎ᠳᠦ ᠪᠢᠳᠡ ᠨᠣᠮ ᠤᠩᠱᠢᠭᠠᠳ ᠵᠣᠬᠢᠬᠤ ᠬᠦᠷᠢᠶ᠎ᠡ ᠬᠡᠪᠴᠢᠶ᠎ᠡ ᠪᠠᠢᠬᠤ ᠦᠭᠡᠢ᠂ ᠮᠠᠰᠢ ᠤᠯᠠᠨ ᠨᠣᠮ ᠣᠷᠴᠢᠭᠤᠯᠤᠭ᠍ᠰᠠᠨ ᠪᠥᠭᠡᠳ ᠪᠦᠷ ᠲᠠᠷᠬᠠᠭᠠᠵᠠᠶ᠂ ᠤᠳᠤ ᠬᠣᠷᠢ ᠭᠠᠷᠤᠶ ᠵᠢᠯ᠎ᠦᠨ ᠲᠤᠷᠱᠢᠯᠭ᠎ᠠ᠎ᠶ᠋ᠢ ᠬᠤᠷᠠᠮᠳᠤᠭᠤᠯᠵᠤ᠂ ᠡᠨᠡ ᠠᠷᠪᠠᠨ ᠬᠣᠶᠠᠷ ᠨᠣᠮ᠎ᠢ ᠤᠩᠱᠢᠨ᠎ᠠ ᠭᠡᠳᠡᠭ᠎ᠢ ᠭᠦᠨᠵᠡᠭᠡᠶ ᠣᠢᠯᠠᠭᠠᠵᠤ᠂ ᠭᠤᠷᠪᠠᠨ ᠵᠢᠯ᠎ᠦᠨ ᠳᠣᠲᠣᠷ᠎ᠠ ᠨᠢᠭᠡ᠎ᠡᠴᠡ ᠬᠣᠶᠠᠷ ᠤᠳᠠᠭ᠎ᠠ ᠦᠵᠡᠬᠦ᠌᠎ᠪᠡᠷ ᠲᠣᠭ᠍ᠲᠠᠭᠠᠪᠠ᠃ ᠮᠠᠷᠺᠰ᠎ᠤᠨ ᠦᠵᠡᠯ᠎ᠢ ᠤᠬᠠᠭᠤᠯᠵᠤ᠂ ᠮᠠᠨ᠎ᠤ ᠮᠠᠷᠺᠰ᠎ᠤᠨ ᠦᠵᠡᠯ᠎ᠦᠨ ᠬᠢᠷᠢ ᠬᠡᠮᠵᠢᠶ᠎ᠡ᠎ᠪᠡᠨ ᠳᠡᠭᠡᠭ᠌ᠰᠢᠯᠡᠭᠦᠯᠬᠦ᠌᠎ᠳᠦ ᠬᠠᠮᠲᠤ᠎ᠶ᠋ᠢᠨ ᠲᠠᠨᠢᠯᠲᠠ᠎ᠲᠠᠶ ᠪᠠᠢᠬᠤ ᠬᠡᠷᠡᠭ᠌ᠲᠡᠢ᠂ ᠮᠠᠨ᠎ᠤ ᠮᠠᠰᠢ ᠤᠯᠡᠠ ᠳᠡᠭᠡᠳᠦ ᠳᠡᠰ᠎ᠤᠨ ᠺᠠᠳ᠋ᠷ᠎ᠨᠠᠷ ᠡᠨᠡ ᠠᠰᠠᠭᠤᠳᠠᠯ᠎ᠤᠨ ᠲᠠᠯ᠎ᠠ᠎ᠪᠠᠷ ᠤᠳᠦ ᠪᠣᠯᠲᠠᠯ᠎ᠠ ᠬᠠᠮᠲᠤ᠎ᠶ᠋ᠢᠨ ᠲᠠᠨᠢᠯᠲᠠ᠎ᠲᠠᠶ ᠪᠣᠯᠤᠭᠠᠳᠤᠢ ᠪᠠᠢᠨ᠎ᠠ᠃ ᠬᠡᠷᠪᠡ ᠬᠣᠢᠱᠢᠳᠠ᠎ᠶ᠋ᠢᠨ ᠭᠤᠷᠪᠠᠨ ᠵᠢᠯ᠎ᠦᠨ ᠳᠣᠲᠣᠷ᠎ᠠ ᠭᠤᠷᠪᠠᠨ ᠲᠦᠮᠡᠨ ᠬᠥᠮᠦᠨ ᠡᠨᠡ ᠠᠷᠪᠠᠨ ᠬᠣᠶᠠᠷ ᠨᠣᠮ᠎ᠢ ᠤᠩᠱᠢᠵᠤ ᠳᠠᠭᠤᠰᠭᠠᠭᠠᠳ᠂ ᠭᠤᠷᠪᠠᠨ ᠮᠢᠩᠭᠠᠨ ᠬᠥᠮᠦᠨ ᠡᠨᠡ ᠠᠷᠪᠠᠨ ᠬᠣᠶᠠᠷ ᠨᠣᠮ᠎ᠢ ᠨᠡᠪᠲᠡᠷᠡᠲᠡᠯ᠎ᠡ ᠤᠩᠱᠢᠪᠠᠯ ᠶᠡᠬᠡ ᠰᠠᠢ᠌ᠨ ᠪᠣᠯᠤᠨ᠎ᠠ》 ᠭᠡᠵᠠᠢ᠃

ᠮᠠᠷᠺᠰ ᠯᠧᠨᠢᠨ᠎ᠦ ᠦᠵᠡᠯ᠎ᠦᠨ ᠰᠣᠩᠭᠣᠳᠠᠭ ᠵᠣᠬᠢᠶᠠᠯ᠎ᠢ ᠤᠩᠱᠢᠬᠤ ᠲᠠᠯ᠎ᠠ᠎ᠪᠠᠷ᠂ ᠮᠠᠤ ᠽᠸ ᠳ᠋ᠦᠩ ᠢᠮᠠᠭ᠍ᠲᠠ ᠪᠡᠶ᠎ᠡ᠎ᠪᠡᠷ᠎ᠢᠶᠡᠨ ᠦᠯᠢᠭᠡᠷ ᠳᠠᠭᠤᠷᠢᠶᠠᠯ ᠪᠤᠯᠳᠠᠭ᠂ ᠪᠦᠬᠦ᠌ ᠤᠯᠤᠰ᠎ᠤᠨ ᠴᠢᠯᠥᠭᠡᠯᠡᠬᠦ᠌ ᠲᠠᠢ᠌ᠨ᠎ᠦ ᠵᠠᠩᠭᠢᠯᠠᠭ᠎ᠠ᠎ᠶ᠋ᠢᠨ ᠦᠶ᠎ᠡ᠎ᠳᠦ ᠴᠦ᠍ ᠭᠡᠰᠡᠨ᠂ ᠲᠡᠷᠡ ᠡᠳᠦᠷ ᠰᠥᠨᠢ ᠦᠭᠡᠢ ᠲᠦᠭ ᠲᠦᠮᠡᠨ ᠴᠡᠷᠢᠭ ᠮᠣᠷᠢ᠎ᠶ᠋ᠢ ᠵᠢᠯᠣᠭᠣᠳᠭᠤ᠎ᠶ᠋ᠢᠨ ᠬᠠᠮᠲᠤ᠂ ᠮᠥᠨ ᠯᠡ ᠴᠠᠭ᠎ᠢᠶᠠᠨ ᠱᠢᠪᠬᠠᠨ ᠮᠠᠷᠺᠰ ᠯᠧᠨᠢᠨ᠎ᠦ ᠵᠣᠬᠢᠶᠠᠯ᠎ᠢ ᠤᠩᠱᠢᠵᠤ ᠪᠠᠢᠯ᠎ᠠ᠃ ᠯᠧᠨᠢᠨ᠎ᠦ 《ᠲᠦᠷᠦ᠍ ᠪᠠ ᠬᠤᠪᠢᠰᠭᠠᠯ》᠂ 《ᠡᠪ ᠬᠠᠮᠲᠤ᠎ᠶ᠋ᠢᠨ ᠬᠥᠳᠡᠯᠭᠡᠭᠡᠨ᠎ᠳᠠᠬᠢ 〈ᠵᠡᠭᠦᠨ〉᠎ᠤ ᠨᠢᠯᠬᠠᠰᠠᠭ ᠡᠪᠡᠳᠴᠢᠨ》 ᠪᠣᠯ ᠳᠠᠷᠤᠢ ᠡᠨᠡ ᠬᠤᠭᠤᠴᠠᠭᠠᠨ᠎ᠳᠤ ᠤᠩᠱᠢᠭ᠍ᠰᠠᠨ ᠭᠣᠣᠯ ᠵᠣᠬᠢᠶᠠᠯ ᠪᠣᠯᠤᠨ᠎ᠠ᠃ ᠲᠡᠷᠡ 《ᠲᠦᠷᠦ᠍ ᠪᠠ ᠬᠤᠪᠢᠰᠭᠠᠯ》᠎ᠤᠨ ᠨᠢᠭᠡᠳᠦᠭᠡᠷ ᠪᠦᠯᠦᠭ 《ᠠᠩᠭᠢᠲᠤ ᠨᠡᠢᠭᠡᠮ ᠪᠠ ᠲᠦᠷᠦ᠍》 ᠳ᠋ᠥ᠍ ᠪᠠᠷᠤᠭ ᠥᠭᠦᠯᠡᠪᠦᠷᠢ ᠪᠦᠷᠢ᠎ᠶ᠋ᠢᠨ ᠬᠠᠵᠠᠭᠤ᠎ᠳᠤ ᠴᠥᠮ ᠵᠢᠷᠤᠭᠠᠰᠤ ᠵᠢᠷᠤᠵᠤ ᠪᠠᠢᠪᠠ᠃ ᠲᠡᠷᠡ 《ᠡᠪ ᠬᠠᠮᠲᠤ᠎ᠶ᠋ᠢᠨ ᠬᠥᠳᠡᠯᠭᠡᠭᠡᠨ᠎ᠳᠠᠬᠢ 〈ᠵᠡᠭᠦᠨ〉᠎ᠤ ᠨᠢᠯᠬᠠᠰᠠᠭ ᠡᠪᠡᠳᠴᠢᠨ》 ᠭᠡᠳᠡᠭ ᠨᠣᠮ᠎ᠢ ᠲᠠᠬᠢᠨ ᠤᠩᠱᠢᠬᠤ᠎ᠳᠠᠭᠠᠨ ᠨᠣᠮ᠎ᠤᠨ ᠬᠠᠪᠢᠰᠤᠨ᠎ᠳᠤ᠄《ᠨᠥᠬᠥᠳ ᠲᠤᠰ ᠨᠤᠮ ᠎ᠦᠨ ᠬᠣᠶᠠᠳᠤᠭᠠᠷ ᠪᠦᠯᠦᠭ(ᠲᠤᠬᠠᠢᠯᠠᠪᠠᠯ〈ᠪᠤᠯᠱᠸᠸᠢ᠍ᠭ᠌ᠴᠦᠤᠨ᠎ᠤᠨ ᠠᠮᠵᠢᠯᠲᠠ ᠣᠯᠤᠭ᠍ᠰᠠᠨ ᠦᠨᠳᠦᠰᠦᠨ ᠨᠥᠬᠥᠴᠡᠯ᠎ᠦᠨ ᠨᠢᠭᠡ〉 — ᠵᠣᠬᠢᠶᠠᠭ᠍ᠴᠢ᠎ᠶ᠋ᠢᠨ ᠲᠠᠢᠯᠪᠤᠷᠢ) ᠎ᠢ ᠦᠵᠡᠵᠦ᠍᠂ ᠤᠳᠤ ᠮᠠᠨ᠎ᠤ ᠠᠵᠢᠯ᠎ᠤᠨ ᠳᠤᠮᠳᠠ ᠣᠷᠣᠱᠢᠵᠤ ᠪᠠᠢᠭ᠎ᠠ ᠵᠠᠷᠢᠮ ᠬᠦᠨᠳᠦ ᠨᠣᠴᠢᠲᠠᠢ ᠰᠠᠬᠢᠯᠭ᠎ᠠ ᠪᠠᠲᠤ ᠦᠭᠡᠢ ᠪᠠᠢᠳᠠᠯ ᠪᠤᠶᠤ ᠵᠠᠰᠠᠭ ᠦᠭᠡᠢ ᠪᠠᠢᠳᠠᠯ᠎ᠢ ᠤᠰᠠᠳᠭᠠᠬᠤ ᠬᠡᠷᠡᠭ᠌ᠲᠡᠢ ᠬᠡᠳᠡᠭ᠎ᠢ ᠨᠥᠬᠥᠳ᠎ᠲᠦ ᠮᠡᠳᠡᠭᠦᠯᠬᠦ᠌ ᠬᠡᠷᠡᠭ᠌ᠲᠡᠢ》ᠭᠡᠵᠦ ᠴᠤᠬᠤᠯᠠᠪᠤᠷᠢᠯᠠᠵᠠᠢ᠃ ᠲᠥᠪ ᠬᠣᠷᠢᠶᠠᠨ᠎ᠤ ᠤᠬᠠᠭᠤᠯᠬᠤ ᠬᠡᠯᠲᠡᠰ ᠮᠠᠤ ᠽᠸ ᠳ᠋ᠦᠩ᠎ᠦᠨ ᠵᠢᠭᠠᠪᠤᠷᠢ᠎ᠶ᠋ᠢ ᠦᠨᠳᠦᠰᠦᠯᠡᠨ᠂ ᠪᠦᠬᠦ᠌ ᠨᠠᠮ᠎ᠵᠢᠡᠷ ᠵᠢᠠᠨ《ᠡᠪ ᠬᠠᠮᠲᠤ᠎ᠶ᠋ᠢᠨ ᠬᠥᠳᠡᠯᠭᠡᠭᠡᠨ᠎ᠳᠠᠬᠢ〈ᠵᠡᠭᠦᠨ〉᠎ᠤ ᠨᠢᠯᠬᠠᠰᠠᠭ ᠡᠪᠡᠳᠴᠢᠨ》 ᠎ᠦ ᠬᠣᠶᠠᠳᠤᠭᠠᠷ ᠪᠦᠯᠦᠭ᠎ᠢ ᠰᠤᠷᠤᠯᠴᠠᠬᠤ ᠬᠡᠷᠡᠭ᠌ᠲᠡᠶ ᠭᠡᠵᠦ᠍ ᠣᠨᠴᠠᠭᠠᠢᠯᠠᠨ ᠱᠠᠭᠠᠷᠳᠠᠪᠠ᠃

ᠮᠠᠤ ᠽᠸ᠋ ᠳ᠋ᠦᠩ᠎ᠦᠨ ᠤᠷᠢᠶᠠᠯᠠᠭ᠎ᠠ ᠳᠣᠣᠷ᠎ᠠ᠂ ᠪᠦᠬᠦ᠌ ᠨᠠᠮ᠎ᠤᠨ ᠺᠠᠳ᠋ᠷᠴᠤᠳ᠎ᠤᠨ ᠳᠤᠮᠳᠠ ᠰᠤᠷᠤᠯᠴᠠᠬᠤ ᠥᠷᠨᠢᠯᠲᠡ ᠭᠠᠷᠴᠦ᠂ 1949 ᠣᠨ᠎ᠤ 6 ᠰᠠᠷ᠎ᠠ᠎ᠠᠴᠠ 1950 ᠣᠨ᠎ᠤ 6 ᠰᠠᠷ᠎ᠠ ᠪᠣᠯᠲᠠᠯ᠎ᠠ᠂ 《ᠺᠠᠳ᠋ᠷ᠎ᠤᠨ ᠵᠠᠪᠠᠯ ᠤᠩᠱᠢᠬᠤ ᠨᠣᠮ》 ᠎ᠢ ᠬᠡᠪᠯᠡᠭ᠌ᠰᠡᠨ ᠶᠡᠷᠦᠩᠬᠡᠶ ᠲᠣᠭ᠎ᠠ 300 ᠲᠦᠮᠡᠨ ᠳᠡᠪᠲᠡᠷ᠎ᠲᠦ ᠬᠦᠷᠴᠦ᠍᠂ ᠪᠦᠬᠦ᠌ ᠨᠠᠮ᠎ᠤᠨ ᠺᠠᠳ᠋ᠷᠴᠤᠳ᠎ᠤᠨ ᠮᠠᠷᠺᠰ᠎ᠤᠨ ᠦᠵᠡᠯ᠎ᠦᠨ ᠤᠨᠤᠯ᠎ᠤᠨ ᠲᠦᠪᠱᠢᠨ᠂ ᠠᠵᠤ ᠠᠬᠤᠶ᠎ᠶ᠋ᠢᠨ ᠠᠵᠢᠯ ᠪᠣᠯᠤᠨ ᠬᠤᠳᠠ᠎ᠶ᠋ᠢᠨ ᠠᠵᠢᠯ᠎ᠤᠨ ᠴᠢᠳᠠᠪᠤᠷᠢ᠎ᠶ᠋ᠢ ᠳᠡᠭᠡᠭ᠌ᠰᠢᠯᠡᠭᠦᠯᠬᠦ᠌᠎ᠳᠦ ᠲᠤᠢᠯ᠎ᠤᠨ ᠴᠢᠬᠤᠯᠠ ᠦᠢᠯᠡᠳᠦᠯ ᠦᠵᠡᠭᠦᠯᠵᠡᠶ᠃

ᠮᠠᠲ᠋ᠸᠷᠢᠶᠠᠯ ᠎ᠤᠨ ᠢᠷᠡᠯᠳᠡ᠄ 《ᠡᠪ ᠬᠠᠮᠳᠤ ᠨᠠᠮ᠎ᠤᠨ ᠬᠡᠰᠢᠬᠦᠨ᠎ᠤ

ᠮᠡᠳᠡᠬᠦ  ᠶᠤᠰᠤᠳᠠᠢ ᠨᠠᠮ᠎ᠤᠨ ᠳᠡᠦᠬᠡ ᠵᠢᠨ ᠵᠢᠵᠢᠭ ᠦᠯᠢᠭᠡᠷ ᠎ᠤᠳ 》

ᠣᠷᠴᠢᠭᠤᠯᠤᠭ᠍ᠴᠢ᠄
ᠨᠠᠢᠷᠠᠭᠤᠯᠤᠭ᠍ᠴᠢ᠄ ᠴᠠᠨ᠎ᠠ
ᠲᠤᠮᠳᠠᠳᠤ ᠤᠯᠤᠰ᠎ᠤᠨ ᠮᠤᠩᠭᠤᠯ ᠬᠡᠯᠡᠡ᠎ᠤ ᠰᠤᠨᠢᠠ ᠮᠠᠳᠡᠭᠡ᠎ᠶ᠋ᠢᠨ ᠰᠦᠯᠵᠢᠶ᠎ᠠ
ᠢᠷᠡᠯᠲᠡ᠄
ᠬᠤᠪᠢᠶᠠᠯᠴᠠᠬᠤ᠄

2008-2025 © ᠳᠤᠮᠳᠠᠳᠤ ᠤᠯᠤᠰ᠎ᠤᠨ ᠮᠤᠩᠭᠤᠯ ᠬᠡᠯᠡᠨ᠎ᠤ ᠰᠤᠨᠢᠨ ᠮᠡᠳᠡᠭᠡᠨ᠎ᠤ ᠰᠦᠯᠵᠢᠶ᠎ᠡ ᠦᠮᠴᠢᠯᠡᠯ᠎ᠤᠨ ᠡᠷᠬᠡ᠎ᠲᠠᠢ

ᠵᠤᠬᠢᠶᠠᠭᠴᠢ᠎ᠶᠢᠨ ᠡᠷᠬᠡ ᠬᠠᠤᠯᠢ᠎ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ᠎ᠪᠠᠷ ᠬᠠᠭᠤᠯᠪᠤᠷᠢᠯᠠᠬᠤ᠎ᠶᠢ ᠬᠠᠲᠠᠭᠤ ᠬᠤᠷᠢᠭᠯᠠᠨ᠎ᠠ

ᠬᠠᠷᠢᠯᠴᠠᠬᠤ ᠤᠲᠠᠰᠤ᠄0471-6635435

ᠢᠮᠧᠯ᠄mgyxww@163.com   蒙ICP备10000005号