ᠦᠪᠡᠷᠳᠡᠭᠡᠨ ᠵᠠᠰᠠᠬᠤ ᠤᠷᠤᠨ᠎ᠤ ᠬᠦᠭ᠌ᠵᠢᠭᠦᠯᠦᠯᠳᠡ ᠪᠠ ᠦᠭᠡᠷᠡᠴᠢᠯᠡᠯᠳᠡ᠎ᠶ᠋ᠢᠨ ᠵᠦᠪᠯᠡᠯ᠎ᠠᠴᠠ ᠤᠢ᠍ᠢᠯᠠᠭᠠᠭ᠍ᠰᠠᠨ᠎ᠢᠶᠠᠷ᠂ ᠵᠢᠯ᠎ᠤᠨ ᠡᠬᠢᠨ᠎ᠠᠴᠠ ᠨᠠᠭᠠᠰᠢ ᠮᠠᠨ᠎ᠤ ᠤᠷᠤᠨ 《ᠨᠢᠭᠡ ᠰᠦᠯᠵᠢᠶ᠎ᠡ᠎ᠪᠠᠷ ᠭᠦᠢᠴᠡᠳᠭᠡᠬᠦ᠂ ᠠᠯᠠᠭᠠᠨ ᠳᠡᠭᠡᠷ᠎ᠡ ᠭᠦᠢᠴᠡᠳᠭᠡᠬᠦ᠂ ᠨᠢᠭᠡ ᠯᠡ ᠤᠳᠠᠭ᠎ᠠ᠎ᠳᠤ ᠭᠦᠢᠴᠡᠳᠭᠡᠬᠦ᠂ ᠲᠠᠨ᠎ᠳᠤ ᠬᠠᠪᠰᠤᠷᠤᠨ ᠭᠦᠢᠴᠡᠳᠭᠡᠬᠦ᠌》 ᠶ᠋ᠢ ᠠᠬᠢᠭᠤᠯᠬᠤ᠎ᠪᠠᠷ ᠳᠠᠮᠵᠢᠨ ᠵᠠᠰᠠᠭ᠎ᠤᠨ ᠶᠠᠪᠤᠳᠠᠯ᠎ᠤᠨ ᠦᠢᠯᠡᠴᠢᠯᠡᠭᠡᠨ᠎ᠤ ᠶᠠᠰᠤ ᠴᠢᠨᠠᠷ ᠦᠷ᠎ᠡ ᠪᠦᠲᠦᠮᠵᠢ᠎ᠶ᠋ᠢ ᠳᠡᠭᠡᠭ᠌ᠰᠢᠯᠡᠭᠦᠯᠵᠦ᠍᠂ ᠬᠤᠳᠠᠯᠳᠤᠭ᠎ᠠ ᠡᠷᠬᠢᠯᠡᠬᠦ᠌ ᠣᠷᠴᠢᠨ ᠨᠥᠬᠦᠴᠡᠯ᠎ᠢ ᠦᠷᠬᠦᠯᠵᠢᠯᠡᠨ ᠱᠢᠯᠢᠳᠡᠭ᠌ᠵᠢᠭᠦᠯᠵᠤ ᠪᠠᠢᠨ᠎ᠠ᠃
《ᠨᠢᠭᠡ ᠰᠦᠯᠵᠢᠶ᠎ᠡ᠎ᠪᠠᠷ ᠭᠦᠢᠴᠡᠳᠭᠡᠬᠦ᠌》 ᠲᠠᠯ᠎ᠠ᠎ᠪᠠᠷ᠂ ᠪᠥᠬᠦ᠌ ᠣᠷᠣᠨ᠎ᠤ 《ᠢᠨᠲ᠋ᠧᠷ ᠰᠦᠯᠵᠢᠶ᠎ᠡ + ᠵᠠᠰᠠᠭ᠎ᠤᠨ ᠶᠠᠪᠤᠳᠠᠯ᠎ᠤᠨ ᠦᠢᠯᠡᠴᠢᠯᠡᠭᠡ》 ᠶ᠋ᠢᠨ ᠲᠠᠪᠴᠠᠩ ᠬᠢᠭᠡᠳ ᠡᠯ᠎ᠡ ᠰᠠᠯᠠᠭ᠎ᠠ ᠮᠥᠴᠢᠷ᠎ᠤᠨ ᠲᠤᠬᠠᠢᠯᠠᠭ᠍ᠰᠠᠨ ᠠᠵᠢᠯ᠎ᠤᠨ ᠱᠢᠰᠲ᠋ᠧᠮ᠎ᠢ ᠬᠠᠷᠢᠯᠴᠠᠨ ᠮᠡᠳᠡᠷᠡᠬᠦ᠂ ᠬᠠᠷᠢᠯᠴᠠᠨ ᠨᠡᠪᠲᠡᠷᠡᠯᠴᠡᠬᠦ᠂ ᠬᠠᠮᠵᠢᠯᠴᠠᠨ ᠠᠵᠢᠯᠯᠠᠬᠤ᠎ᠶ᠋ᠢ ᠪᠡᠶᠡᠯᠡᠭᠦᠯᠵᠦ᠍᠂ ᠪᠥᠬᠦ᠌ ᠣᠷᠣᠨ᠎ᠤ ᠰᠦᠯᠵᠢᠶᠡᠨ ᠳᠡᠭᠡᠷ᠎ᠡ ᠭᠦᠢᠴᠡᠳᠭᠡᠭ᠌ᠰᠡᠨ ᠶᠠᠪᠤᠳᠠᠯ 37.1 ᠲᠦᠮᠡᠨ ᠬᠤᠪᠢ᠎ᠳᠤ ᠬᠦᠷᠦᠭ᠌ᠰᠡᠨ ᠪᠠᠢᠨ᠎ᠠ᠃ ᠥᠪᠡᠷᠲᠡᠭᠡᠨ ᠵᠠᠰᠠᠬᠤ ᠣᠷᠣᠨ᠎ᠤ ᠱᠠᠲᠤ ᠪᠣᠯᠤᠨ ᠡᠯ᠎ᠡ ᠭᠠᠵᠠᠷ᠎ᠤᠨ ᠵᠠᠰᠠᠭ᠎ᠤᠨ ᠶᠠᠪᠤᠳᠠᠯ᠎ᠤᠨ ᠦᠢᠯᠡᠴᠢᠯᠡᠭᠡᠨ᠎ᠤ ᠲᠢᠩᠬᠢᠮ᠎ᠤᠨ 《ᠨᠢᠭᠡ ᠴᠣᠩᠬᠤᠪᠴᠢ᠎ᠪᠠᠷ ᠶᠡᠷᠦᠩᠬᠡᠢ᠎ᠳᠤ᠎ᠨᠢ ᠭᠥᠯᠢᠶᠡᠨ ᠠᠪᠴᠤ᠌ ᠱᠢᠢᠳᠪᠤᠷᠢᠯᠡᠬᠦ᠌》 ᠱᠢᠰᠲ᠋ᠧᠮ᠎ᠢ ᠪᠥᠬᠦ᠌ ᠲᠠᠯ᠎ᠠ᠎ᠪᠠᠷ ᠠᠵᠢᠯᠯᠠᠭᠤᠯᠵᠤ᠂ ᠨᠡᠢᠲᠡ 9.7 ᠲᠦᠮᠡ ᠭᠠᠷᠤᠶ ᠤᠴᠢᠷ ᠶᠠᠪᠤᠳᠠᠯ᠎ᠢ ᠭᠥᠯᠢᠶᠡᠨ ᠠᠪᠴᠤ᠌ ᠱᠢᠢᠳᠪᠤᠷᠢᠯᠡᠪᠡ᠃
《ᠠᠯᠠᠭᠠᠨ ᠳᠡᠭᠡᠷ᠎ᠡ ᠭᠦᠢᠴᠡᠳᠭᠡᠬᠦ᠌》 ᠲᠠᠯ᠎ᠠ᠎ᠪᠠᠷ᠂ 《ᠮᠥᠩᠬᠡ ᠰᠤᠪᠠᠭ》 APP ᠶ᠋ᠢ 《ᠪᠠᠢᠴᠠᠭᠠᠵᠤ ᠪᠣᠯᠬᠤ》 ᠠᠴᠠ 《ᠭᠦᠢᠴᠡᠳᠭᠡᠵᠦ᠍ ᠪᠣᠯᠬᠤ》 ᠪᠣᠯᠭᠠᠨ ᠬᠤᠪᠢᠷᠠᠭᠤᠯᠬᠤ᠎ᠶ᠋ᠢ ᠠᠬᠢᠭᠤᠯᠵᠤ᠂ ᠨᠡᠢᠭᠡᠮ᠎ᠤᠨ ᠪᠠᠳᠤᠯᠠᠭ᠎ᠠ᠎ᠶ᠋ᠢᠨ ᠳᠠᠭᠠᠳᠭᠠᠯ᠎ᠤᠨ ᠰᠦᠢᠳᠭᠡᠯ ᠲᠤᠱᠢᠶᠠᠬᠤ ᠵᠡᠷᠭᠡ ᠴᠢᠳᠠᠮᠵᠢ᠎ᠶ᠋ᠢ ᠨᠡᠪᠲᠡᠷᠡᠭᠦᠯᠤᠨ᠂ ᠥᠪᠡᠷᠲᠡᠭᠡᠨ ᠵᠠᠰᠠᠬᠤ ᠣᠷᠣᠨ᠎ᠤ ᠰᠤᠷᠭᠠᠨ ᠬᠥᠮᠦᠵᠢᠯ᠎ᠤᠨ ᠲᠢᠩᠬᠢᠮ᠎ᠤᠨ 《ᠶᠡᠭᠡ ᠳᠡᠭᠡᠳᠦ ᠰᠤᠷᠭᠠᠭᠤᠯᠢ᠎ᠶ᠋ᠢᠨ ᠰᠣᠷᠣᠭ᠍ᠴᠢ ᠡᠯᠰᠡᠬᠦ᠌ ᠤᠯᠤᠰ᠎ᠤᠨ ᠨᠢᠭᠡᠳᠦᠯᠲᠡᠶ ᠱᠢᠯᠭᠠᠯᠲᠠ᠎ᠶ᠋ᠢᠨ ᠬᠢᠷᠢ ᠪᠦᠲᠦᠮᠵᠢ᠎ᠶ᠋ᠢ ᠪᠠᠢᠴᠠᠭᠠᠨ ᠯᠠᠪᠯᠠᠬᠤ》 ᠱᠢᠰᠲ᠋ᠧᠮ᠎ᠳᠤ ᠵᠠᠯᠭᠠᠵᠤ᠂ ᠡᠯ᠎ᠡ ᠠᠢᠮᠠᠭ ᠬᠤᠲᠠ᠎ᠶ᠋ᠢᠨ᠎ᠬᠢᠨ 《ᠮᠥᠩᠬᠡ ᠰᠤᠪᠠᠭ》 APP ᠲᠠᠬᠡᠷ᠎ᠠ ᠨᠡᠢᠳᠡ 954 ᠲᠦᠷᠦᠯ᠎ᠤᠨ ᠬᠡᠷᠡᠭ᠌ᠯᠡᠭᠡᠨ᠎ᠤ ᠲᠦᠷᠦᠯ ᠵᠦᠢᠯ᠎ᠢ ᠨᠡᠪᠳᠡᠷᠡᠭᠦᠯᠪᠡ᠃ ᠤᠳᠤ 《ᠮᠥᠩᠬᠡ ᠰᠤᠪᠠᠭ》 APP ᠶ᠋ᠢᠨ ᠡᠳᠦᠷ᠎ᠤᠨ ᠬᠥᠭ᠌ᠵᠢᠶᠡᠨᠲᠡᠶ ᠬᠡᠷᠡᠭ᠌ᠯᠡᠭ᠌ᠴᠢ 25 ᠲᠦᠮᠡ᠎ᠳᠤ ᠬᠦᠷᠴᠦ᠍᠂ ᠱᠢᠯᠵᠢᠶᠠᠨᠳᠤ ᠭᠠᠷᠤᠭ᠍ᠰᠠᠨ ᠤᠳᠠᠭ᠎ᠠ ᠳ᠋ᠦᠩᠱᠢᠭᠤᠷ᠎ᠢ ᠲᠠᠪᠠᠪᠠ᠃
《ᠨᠢᠭᠡ ᠯᠡ ᠤᠳᠠᠭ᠎ᠠ᠎ᠳᠤ ᠭᠦᠢᠴᠡᠳᠭᠡᠬᠦ᠌》 ᠲᠠᠯ᠎ᠠ᠎ᠪᠠᠷ᠂ ᠪᠥᠬᠦ᠌ ᠣᠷᠣᠨ᠎ᠳᠤ 《ᠨᠢᠭᠡ ᠤᠴᠢᠷ᠎ᠢ ᠨᠢᠭᠡ ᠯᠡ ᠤᠳᠠᠭ᠎ᠠ᠎ᠳᠤ ᠭᠦᠢᠴᠡᠳᠭᠡᠬᠦ᠌》 456 ᠴᠣᠩᠬᠤᠪᠴᠢ ᠭᠠᠷᠭᠠᠵᠤ᠂ ᠨᠡᠢᠳᠡ 563 ᠬᠦᠮᠦᠨ᠎ᠲᠠᠢ 《ᠨᠢᠭᠡ ᠯᠡ ᠤᠳᠠᠭ᠎ᠠ᠎ᠳᠤ ᠭᠦᠢᠴᠡᠳᠭᠡᠬᠦ᠌》 ᠠᠵᠢᠯᠲᠠᠨ᠎ᠤ ᠡᠩᠨᠡᠭᠡ᠎ᠶ᠋ᠢ ᠪᠠᠢᠭᠤᠯᠤᠨ᠂ 103 ᠬᠤᠪᠢ 《ᠨᠢᠭᠡ ᠯᠡ ᠤᠳᠠᠭ᠎ᠠ᠎ᠳᠤ ᠭᠦᠢᠴᠡᠳᠭᠡᠬᠦ᠌》 ᠵᠦᠢᠯᠡᠰ᠎ᠢ ᠪᠥᠬᠦ᠌ ᠣᠷᠣᠨ᠎ᠳᠤ ᠳᠡᠯᠭᠡᠷᠡᠭᠦᠯᠪᠡ᠃ ᠦᠩᠭᠡᠷᠡᠭ᠌ᠰᠡᠨ᠎ᠲᠠᠢ ᠬᠠᠷᠢᠴᠠᠭᠤᠯᠪᠠᠯ᠂ ᠠᠵᠢᠯ ᠶᠠᠪᠤᠳᠠᠯ ᠭᠦᠢᠴᠡᠳᠭᠡᠬᠦ᠌᠎ᠳᠤ ᠬᠡᠷᠡᠭ᠌ᠰᠡᠬᠦ᠌ ᠮᠠᠲ᠋ᠧᠷᠢᠶᠠᠯ᠎ᠨᠢ ᠳᠤᠮᠳᠠᠴᠢ᠎ᠪᠠᠷ 42% ᠢᠶᠠᠷ ᠪᠠᠭᠠᠰᠴᠤ᠌᠂ ᠠᠵᠢᠯ ᠶᠠᠪᠤᠳᠠᠯ ᠭᠦᠢᠴᠡᠳᠭᠡᠬᠦ᠌ ᠭᠤᠭ᠍ᠴᠤᠭ᠎ᠠ᠎ᠨᠢ ᠳᠤᠮᠳᠠᠴᠢ᠎ᠪᠠᠷ 52% ᠢᠶᠠᠷ ᠴᠦᠬᠡᠷᠡᠨ᠂ ᠠᠵᠢᠯ ᠶᠠᠪᠤᠳᠠᠯ ᠭᠦᠢᠴᠡᠳᠭᠡᠬᠦ᠌ ᠴᠠᠭ᠎ᠨᠢ ᠳᠤᠮᠳᠠᠴᠢ᠎ᠪᠠᠷ 62% ᠢᠶᠠᠷ ᠪᠤᠭᠤᠨᠢᠰᠴᠦ᠍᠂ ᠠᠵᠢᠯ ᠶᠠᠪᠤᠳᠠᠯ ᠭᠦᠢᠴᠡᠳᠭᠡᠬᠦ᠌᠎ᠳᠤ ᠬᠦᠴᠢᠷ᠂ ᠠᠵᠢᠯ ᠶᠠᠪᠤᠳᠠᠯ ᠭᠦᠢᠴᠡᠳᠭᠡᠬᠦ᠌᠎ᠳᠤ ᠤᠳᠠᠭᠠᠨ᠂ ᠣᠯᠠᠨ ᠭᠠᠵᠠᠷ᠎ᠲᠤ ᠭᠦᠶᠦᠬᠦ᠂ ᠨᠠᠭᠠᠰᠢ ᠴᠠᠭᠠᠰᠢ ᠭᠦᠶᠦᠬᠦ᠌ ᠠᠰᠠᠭᠤᠳᠠᠯ᠎ᠢ ᠢᠯᠡᠳᠲᠡ ᠨᠠᠮᠳᠠᠭᠤᠯᠤᠭ᠍ᠰᠠᠨ ᠪᠠᠢᠨ᠎ᠠ᠃
《ᠲᠠᠨ᠎ᠳᠤ ᠬᠠᠪᠰᠤᠷᠤᠨ ᠭᠦᠢᠴᠡᠳᠭᠡᠬᠦ᠌》 ᠲᠠᠯ᠎ᠠ᠎ᠪᠠᠷ᠂ ᠪᠥᠬᠦ᠌ ᠣᠷᠣᠨ᠎ᠳᠤ 296 ᠴᠣᠩᠬᠤᠪᠴᠢ ᠨᠡᠭᠡᠭᠡᠵᠦ᠍᠂ ᠨᠡᠢᠳᠡ 2408 ᠬᠦᠮᠦᠨ᠎ᠲᠠᠢ ᠲᠤᠰᠭᠠᠶ ᠣᠷᠣᠯᠠᠨ ᠭᠦᠢᠴᠡᠳᠭᠡᠬᠦ᠌ ᠡᠩᠨᠡᠭᠡ᠎ᠶ᠋ᠢ ᠪᠠᠢᠭᠤᠯᠵᠤ᠂ ᠬᠠᠮᠲᠤᠷᠠᠨ ᠬᠢᠨᠠᠵᠤ ᠬᠠᠮᠲᠤᠷᠠᠨ ᠬᠢᠨᠠᠨ ᠵᠥᠪᠱᠢᠶᠡᠷᠡᠬᠦ᠌ ᠪᠠ ᠬᠤᠲᠠ ᠱᠢᠶᠠᠨ ᠬᠤᠷᠱᠢᠯᠴᠠᠬᠤ ᠲᠤᠬᠠᠢ 420 ᠭᠠᠷᠤᠶ ᠵᠦᠢᠯ᠎ᠤᠨ ᠲᠦᠷᠢᠮ ᠲᠣᠭ᠍ᠲᠠᠴᠠ᠎ᠶ᠋ᠢ ᠪᠠᠢᠭᠤᠯᠤᠨ ᠲᠡᠭᠦᠯᠳᠡᠷᠵᠢᠭᠦᠯᠵᠦ᠍᠂ 1900 ᠭᠠᠷᠤᠶ ᠲᠥᠷᠥᠯ ᠵᠦᠢᠯ᠎ᠢ ᠱᠠᠯᠠᠪᠳᠠᠨ ᠨᠠᠢᠳᠠᠪᠤᠷᠢᠵᠢᠭᠤᠯᠬᠤ᠎ᠶ᠋ᠢ ᠠᠬᠢᠭᠤᠯᠵᠤ᠂ ᠥᠭᠡᠷᠡᠴᠢᠯᠡᠯᠲᠡ᠎ᠶ᠋ᠢᠨ ᠦᠷ᠎ᠡ ᠨᠥᠯᠥᠭᠡ ᠠᠭᠠᠵᠢᠮ᠎ᠢᠶᠠᠷ ᠢᠯᠡᠷᠡᠪᠡ᠃