ᠪᠠᠭᠠᠷᠢᠨ ᠪᠠᠷᠠᠭᠤᠨ ᠬᠤᠱᠢᠭᠤ ᠨᠠᠮ᠎ᠤᠨ ᠲᠡᠤᠬᠡ᠎ᠶ᠋ᠢᠨ ᠰᠤᠷᠤᠯᠴᠠᠯᠭ᠎ᠠ ᠬᠦᠮᠦᠵᠢᠯ᠎ᠤᠨ ᠠᠵᠢᠯᠯᠠᠭ᠎ᠠ᠎ᠶ᠋ᠢ ᠦᠷᠨᠢᠭᠦᠯᠦᠭ᠌ᠰᠡᠨ᠎ᠠᠴᠠ ᠨᠠᠭᠠᠰᠢ᠂ ᠨᠠᠮ᠎ᠤᠨ ᠲᠡᠤᠬᠡ᠎ᠶ᠋ᠢ ᠰᠤᠷᠤᠯᠴᠠᠵᠦ᠍᠂ ᠣᠯᠠᠨ ᠲᠦᠮᠡᠨ᠎ᠳᠤ ᠪᠣᠳᠠᠳᠦ ᠶᠠᠪᠤᠳᠠᠯ ᠬᠢᠵᠦ᠍ ᠦᠭ᠌ᠭᠦ᠎ᠶ᠋ᠢ ᠬᠦᠳᠡᠭᠡ ᠲᠤᠰᠭᠤᠨ᠎ᠢ ᠬᠦᠭ᠌ᠵᠢᠭᠦᠯᠦᠨ ᠮᠠᠨᠳᠤᠭᠤᠯᠬᠤ ᠠᠵᠢᠯ᠎ᠲᠠᠢ ᠨᠢᠭ᠍ᠳᠠ ᠤᠶᠠᠯᠳᠤᠭᠤᠯᠵᠦ᠍ 《ᠤᠯᠠᠭᠠᠨ ᠨᠣᠭᠤᠭᠠᠨ ᠴᠠᠭᠠᠨ》 ᠭᠤᠷᠪᠠ᠎ᠶ᠋ᠢ ᠰᠠᠢᠳᠤᠷ ᠡᠵᠡᠮᠳᠡᠵᠤ ᠬᠦᠳᠡᠭᠡ ᠲᠤᠰᠭᠤᠨ᠎ᠢ ᠬᠦᠭ᠌ᠵᠢᠭᠦᠯᠦᠨ ᠮᠠᠨᠳᠤᠭᠤᠯᠬᠤ ᠠᠵᠢᠯ᠎ᠢ ᠯᠠᠪᠳᠠᠭᠤᠨ᠎ᠢᠶᠠᠷ ᠠᠬᠢᠭᠤᠯᠪᠠ᠃
ᠬᠤᠪᠢᠰᠭᠠᠯ᠎ᠤᠨ 《ᠤᠯᠠᠭᠠᠨ》 ᠦᠩᠭᠡ᠎ᠪᠠᠷ ᠰᠠᠭᠤᠷᠢ ᠦᠩᠭᠡ ᠪᠤᠯᠭᠠᠬᠤ᠎ᠳᠠᠭᠠᠨ ᠲᠤᠰ ᠬᠤᠱᠢᠭᠤ᠎ᠨᠢ 《ᠪᠢ ᠣᠯᠠᠨ ᠲᠦᠮᠡᠨ᠎ᠳᠤ ᠰᠠᠢᠨ ᠶᠠᠪᠤᠳᠠᠯ ᠬᠢᠵᠦ᠍ ᠦᠭ᠌ᠭᠦ》 ᠭᠡᠬᠦ᠌ ᠤᠢᠯᠡᠳᠤᠯᠭᠡ᠎ᠶ᠋ᠢᠨ ᠠᠵᠢᠯᠯᠠᠭ᠎ᠠ᠎ᠪᠠᠷ ᠤᠭ ᠰᠠᠨᠠᠭ᠎ᠠ ᠡᠭᠦᠷᠭᠡ ᠬᠠᠷᠢᠭᠤᠴᠠᠯᠭ᠎ᠠ᠎ᠪᠠᠨ ᠱᠢᠯᠭᠠᠨ ᠪᠠᠢᠴᠠᠭᠠᠬᠤ ᠱᠢᠯᠭᠠᠭᠤᠷ ᠪᠣᠯᠭᠠᠵᠦ᠍᠂ ᠶᠠᠪᠤᠳᠠᠯ ᠪᠣᠯᠭᠠᠨ᠎ᠳᠤ ᠬᠤᠪᠢᠰᠭᠠᠯ᠎ᠤᠨ ᠢᠮ ᠲᠡᠮᠳᠡᠭ᠎ᠢ ᠲᠣᠳᠣ ᠬᠠᠷᠠᠭᠤᠯᠪᠠ᠃ ᠡᠯ᠎ᠡ ᠱᠠᠳᠤᠨ᠎ᠤ ᠨᠠᠮ᠎ᠤᠨ ᠵᠣᠬᠢᠶᠠᠨ ᠪᠠᠢᠭᠤᠯᠤᠯᠳᠠ ᠨᠠᠮ᠎ᠤᠨ ᠭᠡᠱᠢᠭᠦᠨ ᠺᠠᠳ᠋ᠷ᠎ᠢᠶᠠᠨ ᠲᠠᠭᠠᠭᠤᠯᠤᠨ᠂ ᠨᠠᠮ᠎ᠤᠨ ᠲᠤᠭ᠎ᠤᠨ ᠡᠮᠤᠨ᠎ᠡ ᠨᠠᠮ᠎ᠳᠤ ᠣᠷᠣᠬᠤ ᠦᠶ᠎ᠡ᠎ᠶ᠋ᠢᠨ ᠲᠠᠩᠭᠠᠷᠢᠭ᠎ᠢᠶᠠᠨ ᠲᠠᠬᠢᠨ ᠤᠩᠱᠢᠵᠦ᠍᠂ ᠬᠤᠪᠢᠰᠭᠠᠯ᠎ᠤᠨ ᠤᠯᠠ ᠮᠦᠷ᠎ᠢ ᠡᠷᠢᠨ ᠰᠤᠷᠠᠵᠦ᠍᠂ ᠬᠤᠪᠢᠰᠭᠠᠯ᠎ᠤᠨ ᠤᠳᠤᠮᠱᠢᠯ᠎ᠢ ᠤᠯᠠᠮᠵᠢᠯᠠᠨ ᠵᠠᠯᠭᠠᠮᠵᠢᠯᠠᠵᠦ᠍᠂ ᠬᠤᠪᠢᠰᠭᠠᠯ᠎ᠤᠨ ᠤᠳᠤᠮ ᠰᠣᠳᠣᠷᠢ ᠵᠠᠯᠭᠠᠨ ᠪᠢᠴᠢᠭ᠌ᠯᠡᠪᠡ᠃
ᠠᠮᠢ ᠠᠬᠤᠢ᠎ᠶ᠋ᠢᠨ ᠪᠣᠬᠢᠷᠳᠦᠯ ᠦᠭᠡᠢ 《ᠨᠣᠭᠤᠭᠠᠨ》 ᠦᠩᠭᠡ᠎ᠪᠠᠷ ᠬᠦᠳᠡᠭᠡ ᠲᠤᠰᠭᠤᠨ᠎ᠢ ᠬᠦᠭ᠌ᠵᠢᠭᠦᠯᠦᠨ ᠮᠠᠨᠳᠤᠭᠤᠯᠬᠤ ᠭᠤᠣᠯ ᠦᠩᠭᠡ ᠪᠣᠯᠭᠠᠵᠦ᠍᠂ ᠴᠠᠭᠠᠨ ᠮᠦᠷᠡᠨ ᠭᠤᠣᠯ᠂ ᠱᠢᠷ᠎ᠠ ᠮᠦᠷᠡᠨ ᠭᠤᠣᠯ᠎ᠤᠨ ᠬᠦᠪᠡᠭᠡ ᠲᠠᠭᠠᠤ᠎ᠶ᠋ᠢᠨ ᠬᠤᠵᠢᠷᠯᠢᠭ ᠭᠠᠵᠠᠷ᠎ᠢ ᠬᠠᠢᠨ ᠪᠠᠢᠴᠠᠭᠠᠵᠦ᠍ ᠦᠨᠡᠯᠡᠨ ᠵᠢᠱ᠌ᠢᠵᠦ᠍ ᠦᠭᠡᠷᠡᠴᠢᠯᠡᠨ ᠰᠠᠢᠵᠢᠷᠠᠭᠤᠯᠤᠭᠠᠳ ᠠᠮᠢ ᠠᠬᠤᠢᠴᠢᠯᠠᠨ ᠵᠠᠰᠠᠵᠦ᠍ ᠴᠢᠨᠠᠷ ᠰᠠᠢᠳᠠᠢ ᠬᠦᠭ᠌ᠵᠢᠭᠦᠯᠪᠡ᠃ ᠰᠣᠮᠣ ᠪᠠᠯᠭᠠᠰᠤ᠎ᠨᠢ ᠪᠤᠳᠠᠳᠦ ᠪᠠᠢᠳᠠᠯ᠎ᠳᠤ ᠰᠠᠭᠤᠷᠢᠯᠠᠵᠦ᠍ ᠦᠨᠳᠤᠷ ᠪᠠᠷᠢᠮᠵᠢᠶᠠᠳᠦ ᠲᠠᠷᠢᠶᠠᠨ ᠭᠠᠵᠠᠷ ᠭᠠᠷᠭᠠᠬᠤ᠂ ᠵᠢᠵᠢᠭ ᠰᠠᠪᠠ ᠭᠠᠵᠠᠷ᠎ᠢ ᠵᠠᠰᠠᠬᠤ ᠵᠡᠷᠭᠡ ᠲᠦᠷᠦᠯ ᠵᠦᠢᠯ᠎ᠢ ᠬᠡᠷᠡᠭ᠌ᠵᠢᠭᠦᠯᠵᠦ᠍ ᠪᠣᠬᠢᠷᠳᠦᠯ ᠦᠭᠡᠢ ᠬᠦᠭ᠌ᠵᠢᠯᠳᠡ᠎ᠶ᠋ᠢᠨ ᠰᠠᠭᠤᠷᠢ᠎ᠶ᠋ᠢ ᠪᠠᠳᠦ ᠲᠠᠯᠪᠢᠪᠠ᠃ ᠡᠯ᠎ᠡ ᠱᠠᠳᠤᠨ᠎ᠤ ᠨᠠᠮ᠎ᠤᠨ ᠵᠣᠬᠢᠶᠠᠨ ᠪᠠᠢᠭᠤᠯᠤᠯᠳᠠ ᠰᠠᠢᠨ ᠲᠤᠷᠠᠴᠤᠳ᠎ᠤᠨ ᠤᠢᠯᠡᠴᠢᠯᠡᠭᠡᠨ᠎ᠤ ᠠᠩᠬᠢ ᠪᠠᠢᠭᠤᠯᠵᠦ᠍᠂ ᠠᠮᠢ ᠠᠬᠤᠢ᠎ᠶ᠋ᠢᠨ ᠣᠷᠴᠢᠨ᠎ᠢ ᠬᠠᠮᠠᠭᠠᠯᠠᠬᠤ ᠤᠢᠯᠠᠭᠠᠭ᠍ᠳᠠᠬᠤᠨ᠎ᠢ ᠣᠯᠠᠨ ᠲᠦᠮᠡᠨ᠎ᠤ ᠰᠡᠤᠡᠬᠢᠯ ᠵᠢᠷᠤᠬᠡᠨ᠎ᠳᠤ ᠬᠠᠳᠠᠩᠱᠢᠭᠤᠯᠪᠠ᠃
ᠬᠢᠵᠢᠭ᠎ᠤᠨ ᠰᠡᠷᠭᠡᠢᠯᠡᠨ ᠡᠵᠠᠮᠳᠡᠬᠦ᠌ ᠠᠵᠢᠯ᠎ᠢ ᠦᠷᠨᠢᠭᠦᠯᠦᠭ᠌ᠰᠡᠨ᠎ᠠᠴᠠ ᠨᠠᠭᠠᠰᠢ᠂ ᠬᠤᠱᠢᠭᠤᠨ᠎ᠤ ᠲᠡᠰ᠎ᠤᠨ ᠡᠮᠨᠡᠯᠭᠡ᠎ᠶ᠋ᠢᠨ ᠬᠤᠷᠢᠶ᠎ᠠ᠂ ᠡᠯ᠎ᠡ ᠰᠣᠮᠣ ᠪᠠᠯᠭᠠᠰᠦ᠎ᠶ᠋ᠢᠨ ᠡᠷᠡᠭᠦᠯ ᠬᠠᠮᠠᠭᠠᠯᠠᠯ᠎ᠤᠨ ᠬᠤᠷᠢᠶ᠎ᠠ᠎ᠶ᠋ᠢᠨ ᠨᠠᠮ᠎ᠤᠨ ᠵᠣᠬᠢᠶᠠᠨ ᠪᠠᠢᠭᠤᠯᠤᠯᠳᠠ᠎ᠶ᠋ᠢᠨ᠎ᠬᠢᠨ 《ᠴᠠᠭᠠᠨ ᠬᠤᠪᠴᠠᠰᠤᠳᠤ ᠡᠮᠴᠢ ᠰᠤᠪᠢᠯᠠᠬ᠍ᠴᠢ》 ᠪᠠᠨ ᠲᠠᠢᠴᠢᠯᠠᠨ᠂ ᠸᠠᠺᠼᠢᠨ᠎ᠤ ᠲᠠᠷᠢᠯᠭ᠎ᠠ ᠲᠠᠷᠢᠬᠤ᠎ᠶ᠋ᠢ 《ᠪᠢ ᠣᠯᠠᠨ ᠲᠦᠮᠡᠨ᠎ᠳᠤ ᠰᠠᠢᠨ ᠶᠠᠪᠤᠳᠠᠯ ᠬᠢᠵᠦ᠍ ᠦᠭ᠌ᠭᠦ》 ᠶ᠋ᠢᠨ ᠴᠢᠬᠤᠯᠠ ᠶᠠᠪᠤᠳᠠᠯ ᠪᠣᠯᠭᠠᠪᠡ᠃ ᠬᠠᠢᠷ᠎ᠠ ᠬᠠᠯᠠᠮᠵᠢ᠎ᠶ᠋ᠢᠨ ᠮᠠᠱᠢᠨ ᠲᠡᠷᠭᠡ᠎ᠪᠠᠷ ᠲᠣᠰᠴᠦ᠍ ᠬᠦᠷᠭᠡᠬᠦ᠌ ᠤᠢᠯᠡᠴᠢᠯᠡᠭᠡ ᠦᠷᠨᠢᠭᠦᠯᠵᠦ᠍᠂ ᠨᠠᠰᠤᠳᠠᠢᠴᠤᠳ᠂ ᠬᠦᠳᠡᠯᠵᠦ᠍ ᠪᠠᠷᠢᠬᠤ᠎ᠳᠤ ᠬᠦᠴᠢᠷᠳᠡᠢ ᠬᠦᠮᠦᠰ᠎ᠤᠨ ᠸᠠᠺᠼᠢᠨ᠎ᠤ ᠲᠠᠷᠢᠯᠭ᠎ᠠ ᠲᠠᠷᠢᠭᠤᠯᠬᠤ᠎ᠳᠤ ᠲᠦᠭᠦᠮ ᠦᠵᠡᠭᠦᠯᠵᠤ᠂ ᠸᠠᠺᠼᠢᠨ᠎ᠤ ᠲᠠᠷᠢᠯᠭ᠎ᠠ᠎ᠶ᠋ᠢᠨ ᠠᠮᠤᠷ ᠲᠦᠪᠱᠢᠨ ᠶᠠᠪᠤᠭ᠍ᠳᠠᠬᠤ᠎ᠶ᠋ᠢ ᠪᠠᠳᠤᠯᠠᠪᠠ᠃