ᠤᠢ᠍ᠢᠷ᠎ᠠ᠎ᠳᠤ᠂ ᠬᠦᠪᠡᠬᠡᠳᠤ ᠱᠢᠷ᠎ᠠ ᠬᠤᠱᠢᠭᠤᠠ᠎ᠤ ᠱᠢᠨᠡᠪᠣᠯᠠᠭ ᠪᠠᠯᠭᠠᠰᠣᠨ᠎ᠤ ᠴᠡᠩᠬᠡᠯ ᠨᠡᠢᠬᠡᠮ ᠲᠣᠭᠤᠷᠢᠭ ᠪᠠ ᠪᠣᠯᠠᠭ ᠨᠡᠢᠬᠡᠮ ᠲᠣᠭᠤᠷᠢᠭ ᠬᠠᠮᠳᠣᠷᠠᠨ 《ᠬᠤᠪᠢᠰᠭᠠᠯ᠎ᠤᠨ ᠲᠡᠦᠭᠡ᠎ᠶ᠋ᠢ ᠪᠠᠳᠣ ᠴᠡᠭᠡᠵᠢᠯᠡᠨ᠂ ᠢᠳᠡᠷᠡᠭᠦᠨ ᠠᠯᠬᠤᠭ᠎ᠠ᠎ᠪᠠᠷ ᠤᠷᠤᠬ᠍ᠰᠢᠯᠠᠶᠠ》 ᠬᠡᠮᠡᠬᠦ᠌ ᠭᠤᠣᠯ ᠰᠡᠳᠦᠪᠳᠦ ᠠᠵᠢᠯᠯᠠᠭ᠎ᠠ ᠦᠷᠨᠢᠬᠦᠯᠵᠣ᠂ ᠲᠤᠮᠳᠠᠳᠦ ᠤᠯᠤᠰ᠎ᠤᠨ ᠡᠪ ᠬᠠᠮᠳᠦ ᠨᠠᠮ᠎ᠤᠨ ᠬᠡᠷᠡᠯ ᠰᠠᠴᠣᠷᠠᠩᠭᠤᠢ ᠦᠩᠬᠡᠷᠡᠯᠳᠠ᠎ᠶ᠋ᠢ ᠡᠷᠬᠢᠴᠡᠬᠦᠯᠵᠣ᠂ ᠡᠪ ᠬᠠᠮᠳᠦ ᠨᠠᠮ᠎ᠤᠨ ᠦᠯᠡᠮᠵᠢ ᠭᠠᠪᠢᠶ᠎ᠠ ᠠᠭᠤᠣ ᠠᠮᠵᠢᠯᠳᠠ᠎ᠶ᠋ᠢ ᠮᠠᠬ᠍ᠳᠠᠨ ᠲᠠᠭᠤᠯᠠᠵᠣ᠂ ᠦᠷᠬᠡᠨ ᠣᠯᠠᠨ ᠨᠠᠮ᠎ᠤᠨ ᠬᠡᠱᠢᠬᠦᠨ᠎ᠤ ᠴᠠᠭ ᠦᠶ᠎ᠡ᠎ᠲᠠᠢ ᠵᠡᠷᠬᠡ᠎ᠪᠠᠷ ᠣᠷᠣᠬ᠍ᠰᠢᠯᠠᠵᠣ᠂ ᠨᠡᠩ ᠣᠷᠬᠢᠯᠣᠮ᠎ᠠ ᠬᠠᠯᠠᠭᠤᠨ ᠰᠡᠳᠭᠢᠯᠬᠡ᠎ᠪᠠᠷ ᠠᠵᠢᠯ ᠠᠮᠢᠳᠣᠷᠠᠯ᠎ᠢᠶᠠᠨ ᠡᠷᠭᠢᠯᠡᠭᠦ᠎ᠶ᠋ᠢ ᠵᠣᠷᠢᠬ᠍ᠵᠢᠭᠤᠯᠪᠠ᠃
ᠠᠵᠢᠯᠯᠠᠭᠠᠨ᠎ᠤ ᠠᠬᠤᠢ ᠲᠠᠯᠠᠪᠣᠷᠲᠤ᠌᠂ ᠬᠤᠶᠡᠷ ᠨᠡᠢᠬᠡᠮ ᠲᠣᠭᠤᠷᠢᠭ᠎ᠤᠨ ᠨᠠᠮ᠎ᠤᠨ ᠬᠡᠱᠢᠬᠦᠳ ᠨᠠᠮ᠎ᠤᠨ ᠲᠤᠭ᠎ᠤᠨ ᠡᠮᠣᠨ᠎ᠡ ᠪᠠᠷᠠᠭᠤᠨ ᠨᠢᠳᠤᠷᠭ᠎ᠠ᠎ᠪᠠᠨ ᠦᠨᠳᠣᠷ ᠡᠷᠬᠦᠨ ᠲᠦᠪ ᠴᠢᠩᠭ᠎ᠠ᠎ᠪᠠᠷ ᠨᠠᠮ᠎ᠳᠤ ᠤᠷᠤᠬᠤ ᠲᠠᠩᠭᠠᠷᠢᠭ ᠬᠢᠵᠣ᠂ ᠡᠪ ᠬᠠᠮᠳᠣ᠎ᠶ᠋ᠢᠨ ᠦᠢᠯᠡᠰ᠎ᠤᠨ ᠲᠦᠯᠣᠬᠡ ᠨᠠᠰᠣᠨ ᠲᠣᠷᠱᠢᠳᠠ ᠲᠡᠮᠡᠴᠡᠬᠦ᠌ ᠵᠣᠷᠢᠭ᠎ᠢᠶᠠᠨ ᠢᠯᠡᠳᠭᠡᠵᠠᠢ᠃ ᠨᠠᠮ᠎ᠤᠨ ᠬᠡᠱᠢᠬᠦᠳ᠎ᠲᠤ ᠨᠠᠮ᠎ᠤᠨ ᠰᠦᠯᠳᠠ ᠵᠡᠬᠦᠯᠬᠡᠪᠡ᠃ ᠮᠡᠳᠡᠯᠬᠡ᠎ᠶ᠋ᠢᠨ ᠣᠷᠣᠯᠳᠣᠭᠠᠨ᠎ᠳᠤ᠂ 3 ᠬᠦᠮᠣᠨ᠎ᠢᠶᠠᠷ ᠨᠢᠬᠡ ᠲᠣᠭᠤᠢᠯᠡᠩ ᠪᠣᠯᠭᠠᠠ 11 ᠲᠣᠭᠤᠢᠯᠡᠩ ᠣᠷᠣᠯᠴᠠᠵᠣ᠂ 600 ᠮᠧᠲᠷ ᠲᠤ 10 ᠰᠡᠳᠣᠪ ᠬᠠᠷᠢᠭᠤᠯᠬᠤ ᠴᠡᠭ ᠭᠠᠷᠭᠠᠵᠦ᠍᠂ ᠣᠯᠠᠨ᠎ᠢᠶᠠᠷ᠎ᠢᠶᠠᠨ ᠴᠡᠴᠡᠷᠯᠢᠭ᠎ᠤᠨ ᠭᠤᠶᠣ ᠦᠵᠡᠮᠵᠢ᠎ᠶ᠋ᠢ ᠰᠣᠨᠢᠷᠬᠠᠬᠤ᠎ᠶ᠋ᠢᠨ ᠬᠠᠮᠳᠣ ᠴᠡᠭ ᠪᠦᠷᠢ᠎ᠳᠠᠬᠢ ᠰᠡᠳᠦᠪ᠎ᠢ ᠬᠠᠷᠢᠭᠤᠯᠵᠦ᠍᠂ ᠵᠠᠭᠤᠨ ᠵᠢᠯ᠎ᠤᠨ ᠲᠣᠷᠱᠢᠬᠢ ᠨᠠᠮ ᠪᠠ ᠣᠯᠣᠰ᠎ᠤᠨ ᠲᠡᠣᠬᠡᠳᠣ ᠴᠢᠨᠡᠷ᠎ᠲᠠᠢ ᠠᠮᠵᠢᠯᠳᠠ᠎ᠶ᠋ᠢ ᠡᠷᠬᠢᠴᠡᠬᠦᠯᠵᠣ᠂ ᠡᠪ ᠬᠠᠮᠳᠣᠴᠣᠳ᠎ᠤᠨ ᠲᠠᠮᠠᠴᠡᠯ᠎ᠤᠨ ᠵᠣᠷᠢᠭ ᠰᠠᠨᠠᠭ᠎ᠠ᠎ᠶ᠋ᠢ ᠰᠣᠷᠣᠯᠴᠠᠵᠣ᠂ ᠰᠡᠳᠦᠪ᠎ᠤᠨ ᠵᠦᠪ ᠬᠠᠷᠢᠭᠤᠯᠳᠠ᠎ᠶ᠋ᠢᠨ ᠲᠤᠭ᠎ᠠ᠎ᠪᠠᠷ ᠣᠷᠣᠯᠳᠣᠭᠠᠨᠤ ᠲᠡᠰᠢ ᠱᠢᠯᠭᠠᠷᠠᠭᠤᠯᠵᠦ᠍ ᠱᠠᠩᠨᠠᠯ ᠣᠯᠭᠤᠬ᠍ᠰᠠᠨᠤ ᠬᠠᠮᠳᠣ ᠠᠵᠢᠯᠯᠠᠭ᠎ᠠ᠎ᠳᠤ ᠣᠷᠣᠯᠴᠠᠬ᠍ᠰᠠᠨ ᠪᠦᠬᠦ᠋ᠢᠯᠡ ᠨᠠᠮ᠎ᠤᠨ ᠬᠡᠱᠢᠬᠦᠨ᠎ᠳᠤ ᠲᠣᠷᠠᠰᠭᠠᠯᠤᠨ ᠪᠣᠳᠠᠰ ᠤᠯᠭᠤᠵᠡᠢ᠃
2008-2023 © ᠳᠤᠮᠳᠠᠳᠤ ᠤᠯᠤᠰ᠎ᠤᠨ ᠮᠤᠩᠭᠤᠯ ᠬᠡᠯᠡᠨ᠎ᠤ ᠰᠤᠨᠢᠨ ᠮᠡᠳᠡᠭᠡᠨ᠎ᠤ ᠰᠦᠯᠵᠢᠶ᠎ᠡ ᠦᠮᠴᠢᠯᠡᠯ᠎ᠤᠨ ᠡᠷᠬᠡ᠎ᠲᠠᠢ
ᠵᠤᠬᠢᠶᠠᠭᠴᠢ᠎ᠶᠢᠨ ᠡᠷᠬᠡ ᠬᠠᠤᠯᠢ᠎ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ᠎ᠪᠠᠷ ᠬᠠᠭᠤᠯᠪᠤᠷᠢᠯᠠᠬᠤ᠎ᠶᠢ ᠬᠠᠲᠠᠭᠤ ᠬᠤᠷᠢᠭᠯᠠᠨ᠎ᠠ
ᠬᠠᠷᠢᠯᠴᠠᠬᠤ ᠤᠲᠠᠰᠤ᠄0471-6635435
ᠢᠮᠧᠯ᠄tn@mgyxw.net 蒙ICP备10000005号