ᠠᠵᠤ ᠠᠬᠤᠢ ᠬᠦᠭ᠌ᠵᠢᠩᠬᠦᠢ ᠠᠷᠠᠳ ᠤᠯᠠᠨ ᠪᠠᠶᠠᠰᠤᠩᠭᠤᠢ — ᠵᠠᠯᠠᠢᠳ ᠬᠤᠱᠢᠭᠤᠨ᠎ᠤ ᠬᠦᠷᠡᠯ ᠪᠠᠯᠭᠠᠰᠤᠨ᠎ᠳᠤ ᠦᠵᠡᠵᠤ ᠰᠤᠨᠤᠰᠤᠭ᠍ᠰᠠᠨ ᠵᠦᠢᠯ
2021-04-08 09:06:51
ᠵᠣᠬᠢᠶᠠᠭ᠍ᠴᠢ᠄
ᠭᠡᠱᠢᠭ᠌ᠪᠦᠶᠠᠨ
ᠣᠩᠱᠢᠭ᠍ᠰᠠᠨ ᠣᠳᠠᠭ᠎ᠠ᠄
★★★☆☆

ᠪᠤᠯᠤᠩ ᠨᠡᠬᠡᠬᠡᠬᠦ᠌ ᠦᠭᠡ᠄

 ᠴᠢᠨᠡᠭᠡᠯᠢᠭ ᠨᠡᠢᠭᠡᠮ᠎ᠢ ᠪᠦᠬᠦ᠌ ᠲᠠᠯ᠎ᠠ᠎ᠪᠠᠷ ᠪᠡᠶᠡᠯᠡᠬᠦᠯᠬᠦ᠌ ᠠᠭᠤᠤ ᠶᠡᠭᠡ ᠠᠶᠠᠨ᠎ᠳᠤ᠂ ᠮᠠᠨ᠎ᠤ ᠨᠠᠮ ᠪᠦᠬᠦ᠌ ᠤᠯᠤᠰ᠎ᠤᠨ ᠦᠨᠳᠦᠰᠦᠳᠡᠨ᠎ᠨᠦᠭᠦᠳ᠎ᠤᠨ ᠠᠷᠠᠳ ᠲᠦᠮᠡᠨ᠎ᠢ ᠪᠦᠯᠬᠦᠮᠳᠡᠬᠦᠯᠦᠨ ᠳᠠᠭᠠᠭᠤᠯᠵᠦ᠍᠂ ᠢᠳᠡᠭᠡᠯ᠎ᠢᠶᠠᠨ ᠪᠠᠳᠤᠳᠭᠠᠨ ᠪᠡᠷᠭᠡ᠎ᠶ᠋ᠢ ᠲᠤᠭᠤᠯᠵᠤ᠂ ᠨᠢᠭᠡ ᠰᠡᠳᠭᠢᠯ ᠨᠢᠭᠡ ᠵᠤᠷᠢᠭ᠎ᠢᠶᠠᠷ ᠴᠢᠨᠡᠭᠡᠯᠢᠭ ᠨᠡᠢᠭᠡᠮ᠎ᠢ ᠪᠡᠶᠡᠯᠡᠬᠦᠯᠬᠦ᠌ ᠬᠦᠴᠦᠷᠭᠡᠭ ᠶᠡᠭᠡ ᠬᠦᠴᠦᠨ ᠴᠢᠳᠠᠯ᠎ᠢ ᠨᠢᠬ᠍ᠳᠠᠷᠠᠭᠤᠯᠵᠦ᠍᠂ ᠲᠦᠭ ᠲᠦᠮᠡᠨ ᠠᠷᠠᠳ ᠤᠯᠠᠨ ᠦᠵᠡᠰᠭᠦᠯᠡᠩᠳᠦ ᠰᠠᠢᠬᠠᠨ ᠭᠡᠷ ᠤᠷᠤᠨ᠎ᠢᠶᠠᠨ ᠬᠠᠮᠳᠤ᠎ᠪᠠᠷ ᠪᠦᠳᠦᠭᠡᠨ ᠪᠠᠢᠭᠤᠯᠬᠤ᠂ ᠵᠤᠯ ᠵᠢᠷᠭᠠᠯᠳᠦ ᠠᠮᠢᠳᠤᠷᠠᠯ᠎ᠢ ᠬᠠᠮᠳᠤ᠎ᠪᠠᠷ ᠡᠳ᠋ᠯᠡᠬᠦ᠌ ᠠᠮᠢᠳᠤᠯᠢᠭ ᠦᠢᠯᠡᠳᠦᠯᠭᠡ᠎ᠳᠤ ᠢᠳᠡᠪᠬᠢᠯᠡᠨ ᠤᠷᠤᠯᠴᠠᠭ᠍ᠰᠠᠨ ᠪᠠᠢᠨ᠎ᠠ᠃ ᠲᠤᠰ ᠰᠤᠨᠢᠨ ᠡᠨᠡ ᠡᠳᠦᠷ᠎ᠠᠴᠠ ᠡᠬᠢᠯᠡᠨ 《ᠡᠷᠡᠮᠡᠭᠡᠢ ᠵᠠᠭᠤᠨ ᠵᠢᠯ ᠱᠢᠭᠤᠷᠬᠠᠢ ᠱᠢᠨ᠎ᠠ ᠠᠶᠠᠨ》 ᠶᠡᠷᠦᠩᠭᠡᠢ ᠪᠤᠯᠤᠩ᠎ᠤᠨ ᠳᠤᠤᠷ᠎ᠠ 《ᠨᠢᠬᠡ ᠰᠡᠳᠭᠢᠯ᠎ᠢᠶᠠᠷ ᠴᠢᠨᠡᠬᠡᠯᠢᠭ ᠠᠮᠢᠳᠤᠷᠠᠯ ᠵᠦᠭ ᠲᠡᠮᠡᠤᠯᠤᠨ᠎ᠠ》 ᠭᠡᠬᠦ᠌ ᠵᠢᠵᠢᠭ ᠪᠤᠯᠤᠩ ᠨᠡᠬᠡᠬᠡᠵᠤ᠂ ᠦᠨᠳᠤᠰᠤᠨ ᠱᠠᠳᠤᠨ᠎ᠤ ᠨᠡᠢᠳᠡᠯᠢᠭ ᠵᠢᠱ᠌ᠢᠶ᠎ᠠ᠎ᠶ᠋ᠢᠨ ᠮᠡᠳᠡᠬᠡᠯᠡᠯ᠎ᠢᠶᠠᠷ ᠲᠠᠮᠵᠢᠨ ᠬᠦᠮᠦᠰ᠎ᠤᠨ ᠳᠡᠷᠭᠡᠳᠠ ᠭᠠᠷᠤᠭ᠍ᠰᠠᠨ ᠪᠠᠭ᠍ᠠᠳᠤᠮ᠎ᠠ ᠬᠤᠪᠢᠷᠠᠯᠳᠠ᠎ᠶ᠋ᠢ ᠠᠮᠢᠳᠤᠯᠢᠭ᠎ᠢᠶᠠᠷ ᠵᠢᠷᠤᠭ᠍ᠯᠠᠨ᠂ ᠵᠤᠯ ᠵᠢᠷᠭᠠᠯᠳᠤ ᠴᠢᠨᠡᠭᠡᠯᠢᠭ ᠠᠮᠢᠳᠤᠷᠠᠯ᠎ᠤᠨ ᠦᠯᠢᠬᠡᠷ᠎ᠤᠳ᠎ᠢ ᠲᠠᠯᠬᠡᠬᠦ᠌ ᠪᠤᠯᠤᠨ᠎ᠠ᠂ ᠠᠩᠬᠠᠷᠤᠨ ᠤᠩᠱᠢᠮᠤ! — ᠨᠠᠢᠷᠠᠭᠤᠯᠤᠭ᠍ᠴᠢ᠎ᠠᠴᠠ 

 

 

ᠤᠢ᠍ᠢᠷ᠎ᠠ᠎ᠶ᠋ᠢᠨ ᠵᠢᠯ᠎ᠠᠴᠠ ᠨᠠᠭᠠᠰᠢ᠂ ᠵᠠᠯᠠᠢᠳ ᠬᠤᠱᠢᠭᠤᠨ᠎ᠤ ᠬᠦᠷᠡᠯ ᠪᠠᠯᠭᠠᠰᠤ ᠠᠵᠤ ᠦᠢᠯᠡᠰ᠎ᠤᠨ ᠬᠦᠭ᠌ᠵᠢᠯᠳᠡ᠎ᠶ᠋ᠢ ᠠᠬᠢᠭᠤᠯᠤᠨ ᠠᠮᠢ ᠠᠬᠤᠢ᠎ᠶ᠋ᠢᠨ ᠬᠠᠮᠠᠭᠠᠯᠠᠯᠳᠠ᠎ᠶ᠋ᠢ ᠴᠢᠩᠭᠠᠤᠡᠬᠠᠵᠤ᠂ ᠤᠷᠤᠱᠢᠨ ᠠᠮᠢᠳᠤᠷᠠᠬᠤ᠎ᠳᠤ ᠳᠠᠭᠠᠯᠠᠮᠵᠢᠳᠠᠢ ᠦᠵᠡᠰᠭᠦᠯᠡᠩᠳᠤ ᠰᠠᠢᠬᠠᠨ ᠬᠦᠳᠡᠭᠡ ᠳᠤᠰᠭᠤᠨ᠎ᠢ ᠬᠦᠴᠦᠯᠡᠨ ᠪᠠᠢᠭᠤᠯᠵᠤ᠂ ᠬᠦᠭ᠌ᠵᠢᠯ ᠪᠢᠯᠬᠠᠭ᠍ᠰᠠᠨ ᠲᠦᠷᠰᠤ ᠪᠠᠢᠳᠠᠯ᠎ᠢᠶᠠᠷ ᠬᠦᠮᠤᠨ ᠠᠷᠠᠳ᠎ᠤᠨ ᠴᠢᠨᠡᠬᠡᠯᠢᠭ ᠠᠮᠢᠳᠤᠷᠠᠯ᠎ᠢ ᠬᠦᠤᠷᠨᠢᠨ᠎ᠠ᠃ 

ᠬᠦᠳᠡᠭᠡ ᠳᠤᠰᠭᠤᠨ᠎ᠢ ᠬᠦᠭ᠌ᠵᠢᠭᠦᠯᠦᠨ ᠮᠠᠨᠳᠤᠭᠤᠯᠬᠤ᠎ᠳᠤ ᠠᠵᠤ ᠦᠢᠯᠡᠰ᠎ᠢ ᠬᠦᠭ᠌ᠵᠢᠭᠦᠯᠬᠦ᠌ ᠪᠤᠯ ᠵᠠᠩᠬᠢᠯᠠᠭ᠎ᠠ ᠪᠠᠢᠵᠤ᠂ ᠭᠠᠴᠠᠭ᠎ᠠ ᠳᠤᠰᠭᠤᠨ᠎ᠤ ᠬᠠᠮᠳᠤ᠎ᠶ᠋ᠢᠨ ᠠᠵᠤ ᠠᠬᠤᠢ᠎ᠶ᠋ᠢ ᠪᠤᠵᠠᠭᠠᠢᠷᠠᠭᠤᠯᠬᠤ᠎ᠨᠢ ᠨᠡᠩ ᠴᠤ᠌ ᠮᠠᠯ ᠠᠵᠤ ᠠᠬᠤᠢ ᠳᠠᠷᠢᠶᠠᠯᠠᠩ᠎ᠢ ᠬᠦᠴᠦᠷᠬᠡᠭ᠌ᠵᠢᠭᠦᠯᠵᠤ᠂ ᠬᠦᠳᠡᠭᠡ ᠳᠤᠰᠭᠤᠨ᠎ᠢ ᠭᠤᠶᠤᠵᠢᠭᠤᠯᠤᠨ ᠳᠠᠷᠢᠶᠠᠴᠢᠳ᠎ᠢ ᠪᠠᠶᠠᠵᠢᠭᠤᠯᠬᠤ ᠴᠢᠬᠤᠯᠠ ᠠᠷᠭ᠎ᠠ ᠪᠤᠳᠤᠯᠭ᠎ᠠ ᠪᠤᠯᠬᠤ ᠶᠤᠮ᠃ ᠬᠦᠷᠡᠯ ᠪᠠᠯᠭᠠᠰᠤ᠎ᠶ᠋ᠢᠨ ᠨᠠᠮ᠎ᠤᠨ ᠬᠤᠷᠢᠶᠠᠨ᠎ᠤ ᠱᠦᠵᠢ ᠡᠦ ᠬᠦᠭ᠌ᠵᠢᠯᠳᠤ᠄ 《ᠬᠦᠷᠡᠯ ᠪᠠᠯᠭᠠᠰᠤ ᠶᠠᠳᠠᠭᠤ᠎ᠠᠴᠠ ᠠᠩᠬᠢᠵᠢᠷᠠᠭᠤᠯᠬᠤ ᠪᠤᠭᠤᠮᠳᠠ ᠱᠢᠪᠳᠤᠯᠬᠤ ᠠᠵᠠ ᠳᠤᠬᠢᠶᠠᠯ᠎ᠢ ᠠᠮᠵᠢᠨ ᠭᠠᠵᠠᠷ ᠤᠷᠤᠨ᠎ᠤ ᠪᠤᠳᠠᠳᠤ ᠪᠠᠢᠳᠠᠯ᠎ᠳᠠᠭᠠᠨ ᠳᠤᠬᠢᠷᠠᠭᠤᠯᠵᠤ᠂ ᠳᠠᠪᠠᠭᠤᠯᠢᠭ᠎ᠠᠴᠠ᠎ᠪᠠᠨ ᠭᠠᠷᠳᠠᠨ ᠤᠯᠠᠨ ᠵᠦᠢᠯ᠎ᠤᠨ ᠠᠷᠭ᠎ᠠ ᠬᠡᠯᠪᠡᠷᠢ᠎ᠪᠠᠷ ᠬᠠᠮᠳᠤ᠎ᠶ᠋ᠢᠨ ᠠᠵᠤ ᠠᠬᠤᠢ᠎ᠶ᠋ᠢ ᠬᠦᠭ᠌ᠵᠢᠭᠦᠯᠪᠡ᠃ ᠤᠳᠤ ᠪᠦᠬᠦ᠌ ᠪᠠᠯᠭᠠᠰᠤᠨ᠎ᠤ 10 ᠭᠠᠴᠠᠭᠠᠨ᠎ᠤ ᠵᠢᠯ᠎ᠤᠨ ᠬᠠᠮᠳᠤ᠎ᠶ᠋ᠢᠨ ᠠᠵᠤ ᠠᠬᠤᠢ᠎ᠶ᠋ᠢᠨ ᠤᠷᠤᠯᠭ᠎ᠠ ᠴᠦ᠍ᠮ 25 ᠲᠦᠮᠡᠨ ᠲᠦᠭᠦᠷᠢᠭ᠎ᠢ ᠲᠠᠪᠠᠪᠠ》 ᠭᠡᠵᠤ ᠭᠠᠴᠠᠭ᠎ᠠ ᠳᠤᠰᠭᠤᠨ᠎ᠤ ᠬᠠᠮᠳᠤ᠎ᠶ᠋ᠢᠨ ᠠᠵᠤ ᠠᠬᠤᠢ᠎ᠶ᠋ᠢᠨ ᠭᠦᠭ᠌ᠵᠢᠯᠳᠡ᠎ᠶ᠋ᠢᠨ ᠳᠤᠬᠠᠢ ᠳᠠᠨᠢᠯᠴᠠᠭᠤᠯᠤᠨ᠎ᠠ᠃ 

ᠬᠦᠷᠡᠯ ᠪᠠᠯᠭᠠᠰᠤ᠎ᠶ᠋ᠢᠨ ᠬᠤᠳᠠᠳᠠᠢ ᠭᠠᠴᠠᠭᠠᠨ᠎ᠤ ᠳᠠᠵᠢᠭᠡᠵᠤ ᠦᠷᠡᠵᠢᠭᠦᠯᠬᠦ᠌ ᠰᠠᠭᠤᠷᠢᠨ᠎ᠳᠤ ᠬᠦᠷᠬᠦ᠌᠎ᠳᠤ ᠲᠠᠷᠭᠤᠨ ᠦᠭᠡᠷ᠎ᠤᠳ ᠲᠠᠪᠠᠳᠠᠢᠬᠠᠨ ᠬᠡᠪᠢᠵᠤ᠂ ᠶᠠᠳᠠᠭᠤ᠎ᠠᠴᠠ᠎ᠪᠠᠨ ᠠᠩᠬᠢᠵᠢᠷᠠᠭ᠍ᠰᠠᠨ ᠲᠠᠷᠢᠶᠠᠴᠢᠨ ᠪᠠᠢ ᠢᠤᠢ ᠯᠢᠨ ᠦᠭᠡᠷ᠎ᠲᠡᠭᠡᠨ ᠳᠡᠵᠢᠭᠡᠯ ᠪᠤᠷᠳᠤᠭ᠎ᠠ ᠨᠡᠮᠡᠵᠦ᠍ ᠶᠠᠭᠠᠷᠠᠨ᠎ᠠ᠃ 《ᠳᠤᠰ ᠳᠡᠵᠢᠭᠡᠵᠤ ᠦᠷᠡᠵᠢᠭᠦᠯᠬᠦ᠌ ᠰᠠᠭᠤᠷᠢᠨ 3 ᠳᠦᠮᠨᠨ ᠳᠡᠭ᠌ᠰᠢ ᠳᠦᠷᠪᠡᠯᠵᠢᠨ ᠮᠧᠲᠷ ᠎ᠤᠨ ᠳᠠᠯᠠᠪᠠᠢ᠎ᠲᠠᠢ᠂ ᠡᠭᠦᠨ᠎ᠳᠤ 2500 ᠳᠡᠭ᠌ᠰᠢ ᠳᠦᠷᠪᠡᠯᠵᠢᠨ ᠮᠧᠲᠷ ᠎ᠤᠨ ᠳᠠᠯᠠᠪᠠᠢ ᠪᠦᠬᠦᠢ 4 ᠦᠬᠡᠷ᠎ᠤᠨ ᠬᠠᠱᠢᠶ᠎ᠠ᠂ 2500 ᠳᠡᠭ᠌ᠰᠢ ᠳᠦᠷᠪᠡᠯᠵᠢᠨ ᠮᠧᠲᠷ ᠎ᠤᠨ ᠳᠠᠯᠠᠪᠠᠢ ᠪᠦᠬᠦᠢ 4 ᠬᠤᠨᠢᠨ ᠬᠠᠱᠢᠶ᠎ᠡ ᠪᠤᠢ᠃ ᠤᠳᠤ ᠳᠠᠯ᠎ᠠ᠎ᠶ᠋ᠢᠨ ᠬᠤᠸᠠᠷ ᠮᠠᠯ ᠠᠵᠤ ᠠᠬᠤᠢ ᠳᠠᠷᠢᠶᠠᠯᠠᠩ᠎ᠤᠨ ᠳᠤᠰᠭᠠᠢ ᠬᠤᠷᠱᠢᠶ᠎ᠡ ᠪᠤᠯᠤᠨ ᠳᠤᠰ ᠭᠠᠵᠠᠷ ᠤᠷᠤᠨ᠎ᠤ 4 ᠳᠡᠵᠢᠭᠡᠵᠤ ᠦᠷᠡᠵᠢᠭᠦᠯᠬᠦ᠌ ᠳᠤᠮᠤ ᠡᠷᠦᠬᠡ᠎ᠶ᠋ᠢᠨ᠎ᠬᠢᠨ ᠳᠠᠭᠠᠭᠠᠴᠢᠯᠠᠨ ᠡᠵᠡᠩᠨᠡᠵᠤ ᠪᠠᠢᠨ᠎ᠠ》 ᠭᠡᠵᠤ ᠬᠤᠳᠠᠳᠠᠢ ᠭᠠᠴᠠᠭᠠᠨ᠎ᠤ ᠨᠠᠮ᠎ᠤᠨ ᠡᠭᠦᠷ᠎ᠤᠨ ᠱᠦᠵᠢ ᠭᠦᠩ ᠯᠢᠤ ᠰᠢ ᠤᠷᠮᠠᠳᠠᠢ ᠬᠡᠯᠡᠨ᠎ᠡ᠃ ᠤᠢ᠍ᠢᠷ᠎ᠠ᠎ᠶ᠋ᠢᠨ ᠵᠢᠯ᠎ᠠᠴᠠ ᠨᠠᠭᠠᠰᠢ᠂ ᠬᠤᠳᠠᠳᠠᠢ ᠭᠠᠴᠠᠭ᠎ᠠ ᠪᠠᠯᠭᠠᠰᠤᠨ᠎ᠤ ᠨᠠᠮ᠎ᠤᠨ ᠬᠤᠷᠢᠶ᠎ᠠ᠂ ᠵᠠᠰᠠᠭ᠎ᠤᠨ ᠤᠷᠳᠤᠨ᠎ᠤ ᠤᠳᠤᠷᠢᠳᠤᠯᠭ᠎ᠠ ᠳᠤᠤᠷ᠎ᠠ 《ᠨᠠᠮ᠎ᠤᠨ ᠡᠭᠦᠷ + ᠲᠤᠰᠭᠠᠢ ᠬᠤᠷᠱᠢᠶ᠎ᠡ + ᠳᠠᠷᠢᠶᠠᠯᠠᠬᠤ ᠡᠷᠦᠬᠡ》 ᠎ᠶ᠋ᠢᠨ ᠵᠠᠭ᠍ᠪᠤᠷ᠎ᠢᠶᠠᠷ ᠤᠨᠴᠠᠯᠢᠭ᠍ᠳᠤ ᠠᠵᠤ ᠦᠢᠯᠡᠰ᠎ᠢ ᠬᠦᠭ᠌ᠵᠢᠭᠦᠯᠦᠭ᠌ᠰᠡᠨ ᠠᠵᠢ᠃ 2019 ᠤᠨ᠎ᠳᠤ ᠳᠤᠰ ᠭᠠᠴᠠᠭ᠎ᠠ ᠬᠠᠮᠳᠤ᠎ᠶ᠋ᠢᠨ ᠠᠵᠤ ᠠᠬᠤᠢ᠎ᠠᠴᠠ᠎ᠪᠠᠨ 170 ᠳᠦᠮᠡᠨ ᠲᠦᠭᠦᠷᠢᠭ᠎ᠤᠨ ᠪᠡᠯᠡ ᠭᠠᠷᠭᠠᠵᠤ᠂ ᠳᠤᠰᠭᠠᠢ ᠬᠤᠷᠱᠢᠶ᠎ᠠ᠎ᠲᠠᠢ ᠬᠠᠮᠳᠤᠷᠠᠨ ᠦᠬᠡᠷ ᠬᠤᠨᠢ ᠬᠠᠱᠢᠶᠠᠯᠠᠨ ᠳᠡᠵᠢᠭᠡᠬᠦ᠌ ᠦᠢᠯᠡᠰ᠎ᠢ ᠬᠦᠭ᠌ᠵᠢᠬᠦᠯᠵᠤ ᠵᠢᠯ ᠪᠦᠷᠢ ᠭᠠᠴᠠᠭᠠᠨ᠎ᠤ ᠬᠠᠮᠳᠤ᠎ᠶ᠋ᠢᠨ ᠠᠵᠤ ᠠᠬᠤᠢ᠎ᠶ᠋ᠢᠨ ᠤᠷᠤᠯᠭ᠎ᠠ᠎ᠶ᠋ᠢ 26 ᠲᠦᠮᠡᠨ ᠲᠦᠭᠦᠷᠢᠭ ᠨᠡᠮᠡᠭ᠌ᠳᠡᠭᠦᠯᠵᠤ ᠪᠤᠢ᠃ 《ᠪᠢᠳᠡ ᠬᠠᠱᠢᠶᠠᠯᠠᠨ ᠳᠡᠵᠢᠭᠡᠬᠦ᠌᠎ᠪᠠᠷ ᠳᠠᠮᠵᠢᠨ ᠤᠯᠠᠮᠵᠢᠯᠠᠯᠳᠤ ᠮᠠᠯᠵᠢᠯ᠎ᠤᠨ ᠪᠦᠳᠦᠬᠦᠯᠢᠭ ᠠᠷᠭ᠎ᠠ ᠬᠡᠯᠪᠡᠷᠢ᠎ᠶ᠋ᠢ ᠬᠤᠪᠢᠷᠠᠭᠤᠯᠵᠤ ᠦᠷ᠎ᠡ ᠠᠱᠢᠭ᠎ᠢ ᠶᠡᠬᠡᠬᠡᠨ ᠳᠡᠭᠡᠭ᠌ᠰᠢᠯᠡᠭᠦᠯᠦᠭ᠌ᠰᠡᠨ ᠪᠦᠬᠡᠳ ᠪᠠᠰᠠ ᠲᠤᠰᠭᠤᠨ᠎ᠤ ᠠᠷᠠᠳ᠎ᠢ ᠲᠠᠢᠴᠢᠯᠠᠨ ᠦᠬᠡᠷ ᠬᠤᠨᠢ᠎ᠶ᠋ᠢ ᠬᠠᠱᠢᠶᠠᠯᠠᠨ ᠳᠡᠵᠢᠭᠡᠬᠦ᠌ ᠬᠦᠭ᠌ᠵᠢᠯᠳᠡ᠎ᠶ᠋ᠢᠨ ᠵᠠᠮ᠎ᠢᠶᠠᠷ ᠵᠠᠮᠨᠠᠵᠤ ᠪᠠᠢᠨ᠎ᠠ》 ᠭᠡᠵᠤ ᠬᠦᠩ ᠯᠢᠤ ᠰᠢ ᠶᠠᠷᠢᠨ᠎ᠡ᠃ 《ᠤᠳᠤ ᠮᠠᠨ᠎ᠤ ᠠᠮᠢᠳᠤᠷᠠᠯ ᠶᠠᠪᠤᠬᠤ ᠳᠤᠳᠤᠮ ᠰᠠᠢᠵᠢᠷᠠᠵᠤ᠂ ᠰᠡᠯᠡᠭᠦᠴᠡᠨ ᠲᠤᠭᠤᠷᠢᠬᠤ᠎ᠠᠴᠠ ᠰᠤᠶᠤᠯ᠎ᠤᠨ ᠠᠭᠤᠳᠠᠮ ᠳᠠᠯᠠᠪᠠᠢ᠎ᠲᠠᠢ᠂ ᠪᠡᠶ᠎ᠡ᠎ᠪᠠᠨ ᠪᠤᠯᠪᠠᠰᠤᠷᠠᠭᠤᠯᠬᠤ᠎ᠠᠴᠠ ᠤᠢ ᠱᠢᠭᠤᠢ᠎ᠶ᠋ᠢᠨ ᠴᠡᠴᠡᠷᠯᠢᠭ᠎ᠲᠠᠢ ᠪᠤᠯᠤᠭ᠍ᠰᠠᠨ》 ᠭᠡᠵᠤ ᠬᠦᠷᠡᠯ ᠪᠠᠯᠭᠠᠰᠤ᠎ᠶ᠋ᠢᠨ ᠠᠷᠠᠳ ᠤᠯᠠᠨ ᠰᠡᠳᠭᠢᠯ ᠲᠠᠨᠢᠬᠦᠨ ᠶᠠᠷᠢᠵᠠᠭᠠᠵᠤ᠂ ᠬᠦᠳᠡᠭᠡ ᠲᠤᠰᠭᠤᠨ᠎ᠤ ᠰᠠᠭᠤᠷᠢ ᠳᠦᠭᠦᠭᠡᠷᠦᠮᠵᠢ ᠲᠡᠬᠦᠯᠳᠡᠷᠵᠢᠵᠤ ᠠᠮᠢ ᠠᠬᠤᠢ ᠤᠷᠴᠢᠨ ᠳᠤᠭᠤᠷᠢᠨ ᠰᠠᠢᠵᠢᠷᠠᠭ᠍ᠰᠠᠨ᠎ᠠᠴᠠ ᠵᠢᠷᠭᠠᠯᠳᠤ ᠳᠦᠷᠦᠭ᠌ᠳᠡᠯ ᠪᠠ ᠬᠦᠷᠳᠡᠮᠵᠢ᠎ᠶ᠋ᠢᠨ ᠳᠦᠷᠦᠭ᠌ᠳᠡᠯ᠎ᠨᠢ ᠶᠠᠪᠤᠬᠤ ᠳᠤᠳᠤᠮ ᠨᠡᠮᠡᠭ᠌ᠳᠡᠭ᠌ᠰᠡᠬᠡᠷ᠃ ᠬᠢᠩᠭᠠᠨ ᠠᠢᠮᠠᠭ ᠪᠤᠯᠤᠨ ᠵᠠᠯᠠᠢᠳ ᠬᠤᠱᠢᠭᠤᠨ᠎ᠤ ᠤᠷᠤᠨ ᠰᠠᠭᠤᠴᠠ ᠪᠠ ᠬᠤᠳᠠ ᠬᠦᠳᠡᠭᠡ᠎ᠶ᠋ᠢᠨ ᠪᠦᠳᠦᠭᠡᠨ ᠪᠠᠢᠭᠤᠯᠤᠯᠳᠠ᠎ᠶ᠋ᠢᠨ ᠰᠠᠯᠠᠭ᠎ᠠ ᠮᠦᠴᠢᠷ᠎ᠤᠨ ᠬᠠᠪᠰᠤᠷᠤᠯᠭ᠎ᠠ ᠪᠠ ᠳᠦᠯᠦᠪᠵᠢᠭᠦᠯᠭᠡ᠎ᠪᠠᠷ ᠬᠦᠷᠡᠯ ᠪᠠᠯᠭᠠᠰᠤ᠎ᠶ᠋ᠢᠨ᠎ᠬᠢᠨ ᠪᠠᠯᠭᠠᠰᠤᠨ᠎ᠤ ᠳᠤᠭᠤᠷᠢᠭ᠎ᠤᠨ ᠡᠷᠬᠢᠨ ᠲᠤᠭᠤᠷᠢᠨ᠎ᠤ 2000 ᠮᠥ᠍ ᠭᠠᠵᠠᠷ᠎ᠢ ᠤᠢ᠍ᠢᠵᠢᠭᠤᠯᠵᠤ᠂ ᠤᠢ᠎ᠶ᠋ᠢᠨ ᠳᠤᠮᠳᠠᠭᠤᠷ ᠵᠢᠭᠤᠯᠴᠢᠯᠠᠨ ᠰᠤᠨᠢᠷᠬᠠᠬᠤ ᠳᠤᠭᠤᠷᠢᠭᠤᠯ ᠵᠠᠮ ᠭᠠᠷᠭᠠᠨ᠂ ᠪᠠᠯᠭᠠᠰᠤᠨ᠎ᠤ ᠳᠤᠭᠤᠷᠢᠭ᠎ᠤᠨ 28 ᠵᠡᠭᠡᠯᠢ ᠭᠤᠳᠤᠮᠵᠢ᠎ᠳᠤ ᠡᠯ᠎ᠡ ᠵᠦᠢᠯ᠎ᠤᠨ ᠬᠠᠢᠯᠠᠰᠤᠨ ᠮᠤᠳᠤ᠎ᠶ᠋ᠢ 5 ᠲᠦᠮᠡᠨ ᠰᠠᠭᠤᠷᠢ ᠲᠠᠷᠢᠵᠤ ᠤᠷᠭᠤᠭᠤᠯᠪᠠ; ᠤᠤᠯ᠎ᠤᠨ ᠬᠤᠭ ᠨᠤᠪᠰᠢ᠎ᠶ᠋ᠢᠨ ᠬᠤᠩᠭᠢᠯ᠎ᠢ 2.6 ᠳᠦᠮᠡᠨ ᠳᠡᠭ᠌ᠰᠢ ᠳᠦᠷᠪᠡᠯᠵᠢᠨ ᠮᠧᠲᠷ ᠎ᠤᠨ ᠳᠠᠯᠠᠪᠠᠢ ᠪᠦᠬᠦᠢ ᠤᠢ ᠱᠢᠭᠤᠢ᠎ᠶ᠋ᠢᠨ ᠴᠡᠴᠡᠷᠯᠢᠭ ᠪᠤᠯᠭᠠᠨ ᠦᠬᠡᠷᠡᠴᠢᠯᠡᠨ ᠪᠠᠢᠭᠤᠯᠵᠤ᠂ ᠱᠢᠪᠡᠷᠳᠤ ᠭᠤᠤᠯ᠎ᠤᠨ ᠬᠤᠢᠳᠤ ᠡᠷᠬᠢ᠎ᠳᠤ 9000 ᠳᠡᠭ᠌ᠰᠢ ᠳᠦᠷᠪᠡᠯᠵᠢᠨ ᠮᠧᠲᠷ ᠎ᠤᠨ ᠰᠤᠶᠤᠯ᠎ᠤᠨ ᠠᠭᠤᠳᠠᠮ ᠳᠠᠯᠠᠪᠠᠢ ᠪᠠᠢᠭᠤᠯᠤᠭᠠᠳ ᠪᠦᠵᠢᠭ᠎ᠤᠨ ᠳᠠᠢᠰᠠ᠂ ᠪᠡᠶ᠎ᠡ ᠪᠤᠯᠪᠠᠰᠤᠷᠠᠭᠤᠯᠬᠤ ᠳᠦᠭᠦᠭᠡᠷᠦᠮᠵᠢ᠂ ᠰᠠᠭ᠍ᠰᠤᠨ ᠪᠦᠮᠪᠦᠭᠡ᠎ᠶ᠋ᠢᠨ ᠳᠠᠯᠠᠪᠠᠢ᠂ ᠦᠳᠦᠨ ᠪᠦᠮᠪᠦᠭᠡ᠎ᠶ᠋ᠢᠨ ᠳᠠᠯᠠᠪᠠᠢ᠂ ᠨᠡᠢᠳᠡ᠎ᠶ᠋ᠢᠨ ᠵᠤᠷᠯᠤᠩ ᠵᠡᠷᠭᠡ ᠰᠠᠭᠤᠷᠢ ᠳᠦᠭᠦᠭᠡᠷᠦᠮᠵᠢ᠎ᠶ᠋ᠢ ᠢᠵᠢ ᠪᠦᠷᠢᠳᠦᠭᠦᠯᠪᠠ; ᠪᠠᠰᠠ 《ᠠᠮᠢᠳᠤᠷᠠᠯ᠎ᠢᠶᠠᠨ ᠬᠤᠪᠢᠷᠠᠭᠤᠯᠬᠤ᠎ᠳᠤ ᠬᠦᠷᠢᠶ᠎ᠠ ᠬᠠᠱᠢᠶ᠎ᠠ᠎ᠠᠴᠠ᠎ᠪᠠᠨ ᠡᠬᠢᠯᠡᠬᠦᠯᠬᠦ᠌》 ᠳᠤᠰᠭᠠᠢ ᠠᠵᠢᠯᠯᠠᠭ᠎ᠠ᠎ᠲᠠᠢ ᠤᠶᠠᠯᠳᠤᠭᠤᠯᠤᠨ ᠠᠢᠯ ᠳᠤᠰᠭᠤᠨ᠎ᠤ ᠤᠷᠴᠢᠨ ᠳᠤᠭᠤᠷᠢᠨ᠎ᠢ ᠶᠡᠷᠦᠩᠬᠡᠢᠯᠡᠨ ᠴᠡᠭ᠌ᠴᠡᠯᠡᠨ ᠵᠠᠰᠠᠵᠤ᠂ ᠪᠠᠯᠭᠠᠰᠤᠨ᠎ᠤ ᠳᠤᠭᠤᠷᠢᠭ᠎ᠤᠨ ᠤᠷᠴᠢᠨ ᠳᠤᠭᠤᠷᠢᠨ᠎ᠤ ᠠᠷᠢᠭᠤᠨ ᠴᠡᠪᠡᠷ᠎ᠢ ᠴᠡᠭ᠌ᠴᠡᠯᠡᠨ ᠵᠠᠰᠠᠬᠤ ᠬᠠᠮᠢᠶᠠᠷᠤᠯᠳᠠ᠎ᠶ᠋ᠢᠨ ᠶᠡᠭᠡ ᠠᠩᠬᠢ ᠪᠠᠢᠭᠤᠯᠤᠨ ᠰᠠᠷ᠎ᠠ ᠪᠦᠷᠢ᠎ᠶ᠋ᠢᠨ 7᠂ 17 ᠪᠠ 27 ᠎ᠤ ᠡᠳᠤᠷ ᠤᠷᠴᠢᠨ ᠤᠭᠤᠷᠢᠨ᠎ᠤ ᠠᠷᠢᠭᠤᠨ ᠴᠡᠪᠡᠷ᠎ᠢ ᠴᠡᠭ᠌ᠴᠡᠯᠡᠨ ᠵᠠᠰᠠᠵᠤ᠂ ᠭᠠᠴᠠᠭ᠎ᠠ ᠳᠤᠰᠭᠤᠨ᠎ᠤ ᠤᠷᠴᠢᠨ ᠳᠤᠭᠤᠷᠢᠨ᠎ᠢ ᠴᠡᠭ᠌ᠴᠡᠯᠡᠨ ᠵᠠᠰᠠᠬᠤ ᠪᠦᠳᠦᠮᠵᠢᠳᠡᠢ ᠳᠤᠭ᠍ᠳᠠᠴᠠ᠎ᠶ᠋ᠢ ᠪᠦᠷᠢᠯᠳᠦᠭᠦᠯᠦᠭ᠌ᠰᠡᠨ ᠪᠠᠢᠨ᠎ᠠ᠃

ᠬᠦᠷᠡᠯ ᠪᠠᠯᠭᠠᠰᠤ᠎ᠶ᠋ᠢᠨ ᠴᠠᠭᠠᠨᠵᠢᠷᠦᠬᠡ ᠭᠠᠴᠠᠭᠠᠨ᠎ᠤ ᠬᠤᠢᠳᠤ ᠠᠭᠤᠯᠠ᠎ᠶ᠋ᠢᠨ ᠵᠢᠭᠤᠯᠴᠢᠯᠠᠨ ᠳᠤᠭᠤᠷᠢᠵᠤ ᠦᠵᠡᠮᠵᠢ ᠰᠤᠨᠢᠷᠬᠠᠬᠤ ᠳᠤᠭᠤᠷᠢᠭ᠎ᠲᠤ ᠬᠦᠷᠪᠡᠯ᠂ ᠵᠤᠷᠪᠤᠰ ᠵᠤᠷᠪᠤᠰ ᠮᠤᠳᠤᠨ ᠬᠦᠬᠦᠷᠭᠡᠨ ᠵᠠᠮ ᠰᠤᠨᠤᠯᠵᠠᠭᠠᠳ ᠠᠭᠤᠯᠠᠨ ᠳᠡᠭᠡᠷᠡᠬᠢ ᠤᠪᠤᠭ᠎ᠠ᠂ ᠰᠡᠷᠢᠭᠦᠨ ᠳᠠᠭ᠍ᠳᠤ ᠪᠤᠯᠤᠨ ᠵᠤᠭ᠎ᠠ ᠰᠡᠯᠡᠬᠦᠴᠡᠯ᠎ᠤᠨ ᠵᠢᠮᠢᠰ᠎ᠤᠨ ᠬᠦᠷᠢᠶᠡᠯᠡᠩ᠎ᠢ ᠬᠠᠷᠢᠯᠴᠠᠨ ᠬᠤᠯᠪᠤᠭ᠍ᠰᠠᠨ ᠬᠠᠷᠠᠭ᠍ᠳᠠᠨ᠎ᠠ᠃ 《ᠠᠳᠡ ᠪᠠᠢᠭ᠎ᠠ 450 ᠮᠦ᠍᠎ᠶ᠋ᠢᠨ ᠵᠢᠮᠢᠰ ᠳᠡᠬᠦᠬᠦ᠌ ᠬᠦᠷᠢᠶᠡᠯᠡᠩ᠂ 1300 ᠮᠧᠲᠷ  ᠤᠷᠳᠤ ᠮᠤᠳᠤᠨ ᠬᠦᠬᠦᠷᠭᠡᠨ ᠵᠠᠮ ᠪᠤᠯᠤᠨ ᠤᠪᠤᠭ᠎ᠠ ᠪᠤᠯ ᠪᠦᠷ ᠠᠮᠢ ᠠᠬᠤᠢ᠎ᠶ᠋ᠢᠨ ᠵᠢᠭᠤᠯᠴᠢᠯᠠᠯ᠎ᠤᠨ ᠦᠵᠡᠮᠵᠢ᠎ᠶ᠋ᠢᠨ ᠴᠡᠭ ᠮᠦᠨ᠂ ᠵᠤᠨ᠎ᠤ ᠤᠯᠠᠷᠢᠯ᠎ᠳᠤ ᠵᠢᠭᠤᠯᠴᠢᠯᠠᠬ᠍ᠰᠡᠳ ᠮᠤᠳᠤᠨ ᠬᠦᠬᠦᠷᠭᠡᠨ ᠵᠠᠮ᠎ᠢᠶᠠᠷ ᠲᠤᠭᠤᠷᠢᠵᠤ ᠱᠢᠨ᠎ᠡ ᠰᠤᠷᠭᠤᠭ ᠵᠢᠮᠢᠰ ᠳᠡᠭᠦᠵᠤ ᠪᠤᠯᠤᠨ᠎ᠠ᠃ ᠪᠢᠳᠡ ᠪᠠᠰᠠ ᠤᠢ ᠮᠤᠳᠤᠨ᠎ᠤ ᠤᠨᠴᠠᠯᠢᠭ᠍ᠳᠤ ᠠᠵᠤ ᠠᠬᠤᠢ᠎ᠶ᠋ᠢ ᠬᠦᠭ᠌ᠵᠢᠭᠦᠯᠵᠤ᠂ ᠤᠢ᠎ᠶ᠋ᠢᠨ ᠳᠤᠳᠤᠷ᠎ᠠ 200 ᠮᠥ᠍ ᠡᠪᠡᠰᠦᠨ ᠡᠮ ᠳᠠᠷᠢᠵᠤ᠂ ᠮᠦ᠍ ᠪᠦᠷᠢ᠎ᠠᠴᠠ ᠵᠢᠯ᠎ᠳᠤ 6000 ᠲᠦᠭᠦᠷᠢᠭ᠎ᠤᠨ ᠤᠷᠤᠯᠭ᠎ᠠ ᠬᠦᠷᠳᠡᠵᠤ ᠪᠠᠢᠨ᠎ᠠ》 ᠭᠡᠵᠤ ᠴᠠᠭᠠᠨᠵᠢᠷᠦᠬᠡ ᠭᠠᠴᠠᠭᠠᠨ᠎ᠤ ᠨᠠᠮ᠎ᠤᠨ ᠡᠭᠦᠷ᠎ᠤᠨ ᠱᠦᠵᠢ ᠭᠤᠸᠠᠨ ᠾᠧ ᠴᠢ ᠪᠠᠶᠠᠷᠳᠠᠢ ᠶᠠᠷᠢᠨ᠎ᠠ᠃ ᠵᠤᠭ᠎ᠠ ᠰᠡᠯᠡᠬᠦᠴᠡᠯ᠎ᠤᠨ ᠵᠢᠮᠢᠰ᠎ᠤᠨ ᠬᠦᠷᠢᠶᠡᠯᠡᠩ ᠴᠠᠭᠠᠨᠵᠢᠷᠦᠬᠡ ᠭᠠᠴᠠᠭᠠᠨ᠎ᠤ ᠤᠢ ᠱᠢᠭᠤᠢ᠎ᠶ᠋ᠢᠨ ᠪᠦᠷᠭᠦᠴᠡ᠎ᠶ᠋ᠢᠨ ᠨᠤᠷᠮ᠎ᠠ᠎ᠶ᠋ᠢ ᠳᠡᠭᠡᠭ᠌ᠰᠢᠯᠡᠭᠦᠯᠦᠭ᠌ᠰᠡᠨ᠎ᠢᠶᠠᠷ ᠪᠠᠷᠠᠬᠤ ᠦᠭᠡᠢ ᠪᠠᠰᠠ ᠬᠠᠮᠳᠤ᠎ᠶ᠋ᠢᠨ ᠠᠵᠤ ᠠᠬᠤᠢ᠎ᠶ᠋ᠢᠨ ᠤᠷᠤᠯᠭ᠎ᠠ᠎ᠶ᠋ᠢ ᠨᠡᠮᠡᠭ᠌ᠳᠡᠭᠦᠯᠵᠤ᠂ ᠵᠤᠭ᠎ᠠ ᠰᠡᠯᠡᠭᠦᠴᠡᠯ᠎ᠤᠨ ᠳᠠᠷᠢᠶᠠᠯᠠᠩ ᠬᠢᠬᠡᠳ ᠬᠦᠳᠡᠭᠡ ᠳᠤᠰᠭᠤᠨ᠎ᠤ ᠵᠢᠭᠤᠯᠴᠢᠯᠠᠯ᠎ᠤᠨ ᠬᠦᠭ᠌ᠵᠢᠯᠳᠡ᠎ᠶ᠋ᠢᠨ ᠱᠢᠨ᠎ᠡ ᠵᠠᠭ᠍ᠪᠤᠷ᠎ᠢ ᠪᠦᠷᠢᠯᠳᠦᠬᠦᠯᠦᠭ᠌ᠰᠡᠨ ᠠᠵᠢ᠃

ᠬᠦᠬᠡᠮᠳᠦᠭ ᠨᠤᠭᠤᠭᠠᠨ ᠠᠭᠤᠯᠠ ᠤᠰᠤ᠂ ᠠᠷᠢᠭᠤᠨ ᠴᠡᠪᠡᠷ ᠤᠷᠴᠢᠨ ᠳᠤᠭᠤᠷᠢᠨ᠂ ᠦᠷᠨᠢᠨ ᠬᠦᠭ᠌ᠵᠢᠬᠦ᠌ ᠠᠵᠤ ᠦᠢᠯᠡᠰ᠎ᠨᠢ ᠬᠦᠷᠡᠯ ᠪᠠᠯᠭᠠᠰᠤ᠎ᠶ᠋ᠢᠨ ᠬᠦᠭ᠌ᠵᠢᠯᠳᠡ ᠬᠤᠪᠢᠷᠠᠯᠳᠠ᠎ᠶ᠋ᠢ ᠬᠠᠷᠠᠭᠤᠯᠵᠤ᠂ ᠬᠦᠮᠦᠨ ᠠᠷᠠᠳ᠎ᠤᠨ ᠴᠢᠷᠠᠢ᠎ᠳᠤ ᠵᠤᠯ ᠵᠢᠷᠭᠠᠯ᠎ᠤᠨ ᠮᠦᠱᠢᠶᠠᠳᠤ ᠪᠢᠯᠬᠠᠨ᠎ᠠ᠃

ᠣᠷᠴᠢᠭᠤᠯᠤᠭ᠍ᠴᠢ᠄
ᠨᠠᠢᠷᠠᠭᠤᠯᠤᠭ᠍ᠴᠢ᠄ ᠪᠣᠣ ᠮᠧᠢ ᠷᠥᠩ
ᠲᠤᠮᠳᠠᠳᠤ ᠤᠯᠤᠰ᠎ᠤᠨ ᠮᠤᠩᠭᠤᠯ ᠬᠡᠯᠡᠡ᠎ᠤ ᠰᠤᠨᠢᠠ ᠮᠠᠳᠡᠭᠡ᠎ᠶ᠋ᠢᠨ ᠰᠦᠯᠵᠢᠶ᠎ᠠ
ᠢᠷᠡᠯᠲᠡ᠄
ᠬᠤᠪᠢᠶᠠᠯᠴᠠᠬᠤ᠄

2008-2023 © ᠳᠤᠮᠳᠠᠳᠤ ᠤᠯᠤᠰ᠎ᠤᠨ ᠮᠤᠩᠭᠤᠯ ᠬᠡᠯᠡᠨ᠎ᠤ ᠰᠤᠨᠢᠨ ᠮᠡᠳᠡᠭᠡᠨ᠎ᠤ ᠰᠦᠯᠵᠢᠶ᠎ᠡ ᠦᠮᠴᠢᠯᠡᠯ᠎ᠤᠨ ᠡᠷᠬᠡ᠎ᠲᠠᠢ

ᠵᠤᠬᠢᠶᠠᠭᠴᠢ᠎ᠶᠢᠨ ᠡᠷᠬᠡ ᠬᠠᠤᠯᠢ᠎ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ᠎ᠪᠠᠷ ᠬᠠᠭᠤᠯᠪᠤᠷᠢᠯᠠᠬᠤ᠎ᠶᠢ ᠬᠠᠲᠠᠭᠤ ᠬᠤᠷᠢᠭᠯᠠᠨ᠎ᠠ

ᠬᠠᠷᠢᠯᠴᠠᠬᠤ ᠤᠲᠠᠰᠤ᠄0471-6635435

ᠢᠮᠧᠯ᠄tn@mgyxw.net   蒙ICP备10000005号