ᠬᠤᠪᠢᠰᠭᠠᠯ᠎ᠤᠨ ᠤᠯᠠᠮᠵᠢᠯᠠᠯ᠎ᠢ ᠵᠠᠯᠭᠠᠮᠵᠢᠯᠠᠵᠤ ᠱᠢᠨ᠎ᠠ ᠴᠠᠭ ᠦᠶ᠎ᠠ᠎ᠳᠤ ᠡᠷᠡᠮᠡᠭᠡᠢᠯᠡᠨ ᠤᠷᠤᠬ᠍ᠰᠢᠯᠠᠬᠤ ᠡᠷᠴᠢ ᠵᠤᠷᠢᠭ᠎ᠢᠶᠠᠨ ᠬᠦᠪᠴᠢᠯᠡᠶ᠎ᠠ
2021-04-30 09:17:28
ᠵᠣᠬᠢᠶᠠᠭ᠍ᠴᠢ᠄
ᠪᠦᠦ ᠰᠡᠴᠡᠨ
ᠣᠩᠱᠢᠭ᠍ᠰᠠᠨ ᠣᠳᠠᠭ᠎ᠠ᠄
★★★☆☆

ᠦᠪᠦᠷ ᠮᠤᠩᠭᠤᠯ ᠪᠤᠯ ᠲᠤᠮᠳᠠᠳᠤ ᠤᠯᠤᠰ᠎ᠤᠨ ᠡᠪ ᠬᠠᠮᠳᠤ ᠨᠠᠮ᠎ᠤᠨ ᠤᠳᠤᠷᠢᠳᠤᠨ ᠪᠠᠢᠭᠤᠯᠤᠬ᠍ᠰᠠᠨ ᠠᠩᠬᠠᠲᠠᠬ᠍ᠴᠢ ᠦᠨᠳᠦᠰᠦᠲᠡᠨ᠎ᠤ ᠤᠷᠤᠨ᠎ᠤ ᠦᠪᠡᠷᠲᠡᠭᠡᠨ ᠵᠠᠰᠭᠠᠤ ᠤᠷᠤᠨ ᠪᠤᠯᠤᠨ᠎ᠠ᠂ ᠶᠡᠷᠦ᠎ᠠᠴᠠ 《ᠵᠢᠱ᠌ᠢᠶᠡᠴᠢ ᠦᠪᠡᠷᠳᠡᠭᠡᠨ ᠵᠠᠰᠠᠬᠤ ᠤᠷᠤᠨ》 ᠎ᠤ ᠡᠷᠬᠢᠮ ᠲᠡᠭᠡᠳᠦ ᠢᠷᠠᠭᠤ ᠠᠯᠳᠠᠷ᠎ᠲᠠᠢ ᠪᠠᠢᠵᠤ᠂ 《ᠰᠡᠳᠭᠢᠯ ᠨᠢᠭᠡᠳᠦᠨ ᠬᠦᠴᠦ᠎ᠪᠠᠨ ᠬᠠᠮᠳᠤᠳᠭᠠᠵᠤ ᠪᠤᠭᠤᠳᠤ᠎ᠶ᠋ᠢᠨ ᠪᠤᠯᠤᠳ ᠲᠡᠮᠤᠷ᠎ᠤᠨ ᠦᠢᠯᠡᠳᠪᠤᠷᠢ᠎ᠶ᠋ᠢ ᠪᠠᠢᠭᠤᠯᠤᠬ᠍ᠰᠠᠨ》᠂ 《ᠭᠤᠷᠪᠠᠨ ᠮᠢᠩᠭᠠᠨ ᠦᠨᠦᠴᠢᠨ ᠬᠡᠤᠬᠡᠳ᠎ᠢ ᠦᠷᠡᠴᠢᠯᠡᠨ ᠲᠡᠵᠢᠭᠡᠭ᠌ᠰᠡᠨ》᠂ 《ᠲᠠᠯ᠎ᠠ ᠨᠤᠳᠤᠭ᠎ᠤᠨ ᠪᠢᠴᠢᠬᠠᠨ ᠪᠠᠭᠠᠳᠤᠷ ᠡᠭᠡᠴᠢ ᠦᠬᠢᠨ ᠲᠡᠭᠦᠦ》 ᠵᠡᠷᠭᠡ ᠬᠦᠨ ᠭᠦᠨᠵᠡᠭᠡᠢ ᠨᠦᠯᠦᠭᠡ᠎ᠲᠠᠢ ᠲᠡᠤᠬᠡ᠎ᠶ᠋ᠢᠨ ᠰᠤᠳᠤᠨ ᠰᠠᠢᠬᠠᠨ ᠲᠠᠭᠤᠷᠢᠰᠭᠠᠯ᠎ᠢ ᠪᠤᠢ ᠪᠤᠯᠭᠠᠵᠤ᠂ ᠬᠤᠪᠢᠰᠭᠠᠯ᠎ᠤᠨ ᠤᠯᠠᠮᠵᠢᠯᠠᠯ᠎ᠢ ᠦᠶ᠎ᠠ᠎ᠶ᠋ᠢᠨ ᠦᠶ᠎ᠠ᠎ᠳᠤ ᠤᠯᠠᠮᠵᠢᠯᠠᠵᠤ᠂ ᠬᠤᠪᠢᠰᠭᠠᠯ᠎ᠤᠨ ᠡᠬᠢ ᠪᠠᠶᠠᠯᠢᠭ ᠲᠦᠢᠯ᠎ᠤᠨ ᠡᠯᠪᠡᠭ ᠲᠡᠯᠪᠡᠭ ᠪᠠᠢᠳᠠᠭ᠃ ᠡᠳᠡᠭᠡᠷ ᠬᠤᠪᠤᠷ ᠨᠠᠨᠳᠢᠨ ᠤᠶᠤᠨ ᠰᠠᠨᠠᠭᠠᠨ᠎ᠤ ᠡᠬᠢ ᠪᠠᠶᠠᠯᠢᠭ᠎ᠨᠢ ᠴᠠᠭ ᠦᠶ᠎ᠠ ᠤᠷᠤᠨ ᠵᠠᠢ᠎ᠶ᠋ᠢ ᠠᠯᠤᠰᠯᠠᠵᠤ᠂ ᠬᠦᠰᠡᠯᠡᠩ ᠪᠠ ᠢᠳᠡᠭᠡᠯ ᠪᠢᠱᠢᠷᠠᠯ᠎ᠢᠶᠠᠨ ᠪᠠᠳᠤᠳᠭᠠᠬᠤ ᠠᠮᠢᠳᠤᠯᠢᠭ ᠰᠠᠢᠬᠠᠨ ᠵᠢᠭᠠᠬᠤ ᠮᠠᠲᠧᠷᠢᠶᠠᠯ ᠪᠤᠯᠵᠤ᠂ ᠪᠢᠳᠡᠨ᠎ᠤ ᠨᠠᠮ᠎ᠤᠨ ᠲᠡᠤᠬᠡ᠎ᠶ᠋ᠢ ᠰᠤᠷᠤᠯᠴᠠᠵᠤ᠂ ᠦᠵᠡᠯ ᠰᠠᠨᠠᠭ᠎ᠠ᠎ᠪᠠᠨ ᠰᠡᠭᠡᠭᠡᠷᠡᠬᠦᠯᠵᠦ᠍᠂ ᠪᠤᠳᠠᠳᠤ ᠶᠠᠪᠤᠳᠠᠯ ᠬᠢᠵᠤ᠂ ᠱᠢᠨ᠎ᠠ ᠪᠠᠢᠳᠠᠯ᠎ᠢ ᠡᠭᠦᠳᠭᠦ᠎ᠳᠤ ᠡᠯᠪᠡᠭ ᠪᠠᠶᠠᠯᠢᠭ ᠱᠢᠮ᠎ᠠ ᠲᠡᠵᠢᠭᠡᠯ ᠬᠠᠨᠭ᠌ᠭᠠᠬ᠍ᠰᠠᠨ ᠪᠠᠢᠨ᠎ᠠ᠃ ᠪᠢᠳᠡ ᠶᠡᠷᠦᠩᠭᠡᠢ ᠱᠦᠵᠢ ᠰᠢ᠎ᠶ᠋ᠢᠨ ᠫᠢᠡᠭ᠎ᠤᠨ 《ᠨᠠᠮ᠎ᠤᠨ ᠲᠡᠤᠬᠡ᠎ᠶ᠋ᠢᠨ ᠰᠤᠷᠤᠯᠴᠠᠯᠭ᠎ᠠ ᠬᠦᠮᠦᠵᠢᠯ᠎ᠳᠤ ᠡᠳᠡᠭᠡᠷ ᠬᠤᠪᠢᠰᠭᠠᠯ᠎ᠤᠨ ᠡᠬᠢ ᠪᠠᠶᠠᠯᠢᠭ᠎ᠢ ᠰᠠᠢᠳᠤᠷ ᠠᠱᠢᠬ᠍ᠯᠠᠬᠤ ᠬᠡᠷᠡᠭ᠌ᠳᠡᠢ》 ᠭᠡᠰᠡᠨ ᠴᠢᠩ ᠰᠡᠳᠭᠢᠯ᠎ᠤᠨ ᠵᠡᠬᠢᠶ᠎ᠠ᠎ᠶ᠋ᠢ ᠪᠠᠳᠤ ᠴᠡᠭᠡᠵᠢᠯᠡᠵᠦ᠍᠂ ᠬᠤᠪᠢᠰᠭᠠᠯ᠎ᠤᠨ ᠬᠦᠮᠦᠵᠢᠯ᠎ᠢ ᠨᠠᠮ᠎ᠤᠨ ᠲᠡᠤᠬᠡ᠎ᠶ᠋ᠢᠨ ᠰᠤᠷᠤᠯᠴᠠᠯᠭ᠎ᠠ ᠬᠦᠮᠦᠵᠢᠯ᠎ᠳᠤ ᠭᠦᠨᠵᠡᠭᠡᠢ ᠠᠭᠤᠰᠤᠯᠴᠠᠭᠤᠯᠬᠤ ᠬᠡᠷᠡᠭ᠌ᠳᠡᠢ᠃ ᠦᠷᠭᠡᠨ ᠤᠯᠠᠨ ᠨᠠᠮ᠎ᠤᠨ ᠬᠡᠱᠢᠬᠦᠨ ᠺᠠᠳ᠋ᠷᠴᠤᠳ᠎ᠢ ᠬᠦᠳᠦᠯᠦᠨ ᠲᠠᠭᠠᠭᠤᠯᠵᠤ ᠬᠤᠪᠢᠰᠭᠠᠯ᠎ᠤᠨ ᠲᠡᠤᠬᠡ᠎ᠶ᠋ᠢ ᠰᠠᠢᠳᠤᠷ ᠰᠤᠷᠤᠯᠴᠠᠵᠤ᠂ ᠬᠤᠪᠢᠰᠭᠠᠯ᠎ᠤᠨ ᠤᠯᠠᠮᠵᠢᠯᠠᠯ᠎ᠢ ᠵᠠᠯᠭᠠᠮᠵᠢᠯᠠᠵᠤ᠂ ᠡᠪ ᠬᠠᠮᠳᠤᠴᠤᠳ᠎ᠤᠨ ᠤᠶᠤᠨ ᠰᠠᠨᠠᠭᠠᠨ᠎ᠤ ᠠᠮᠢᠨ ᠰᠤᠳᠠᠰᠤ᠎ᠶ᠋ᠢ ᠵᠠᠯᠭᠠᠮᠵᠢᠯᠠᠵᠤ᠂ ᠱᠢᠨ᠎ᠠ ᠠᠶᠠᠨ᠎ᠳᠤ ᠮᠤᠷᠳᠠᠬᠤ᠂ ᠱᠢᠨ᠎ᠠ ᠴᠠᠭ ᠦᠶ᠎ᠠ᠎ᠳᠤ ᠡᠷᠡᠮᠡᠭᠡᠢᠯᠡᠨ ᠤᠷᠤᠬ᠍ᠰᠢᠯᠠᠬᠤ ᠡᠷᠴᠢ ᠵᠤᠷᠢᠭ᠎ᠢᠶᠠᠨ ᠬᠦᠭ᠌ᠵᠢᠭᠡᠬᠦ᠌ ᠬᠡᠷᠡᠭ᠌ᠳᠡᠢ᠃ ᠦᠷᠭᠡᠨ ᠤᠯᠠᠨ ᠨᠠᠮ᠎ᠤᠨ ᠬᠡᠱᠢᠬᠦᠨ ᠺᠠᠳ᠋ᠷᠴᠤᠳ ᠲᠡᠤᠬᠡ᠎ᠶ᠋ᠢ ᠰᠤᠷᠤᠯᠴᠠᠵᠤ ᠶᠤᠰᠤ ᠤᠴᠢᠷ᠎ᠢ ᠤᠢ᠍ᠢᠯᠠᠭᠠᠬᠤ᠂ ᠲᠡᠤᠭᠡ᠎ᠶ᠋ᠢ ᠰᠤᠷᠤᠯᠴᠠᠵᠤ ᠢᠳᠡᠭᠡᠯ᠎ᠢᠶᠠᠨ ᠨᠡᠮᠡᠭ᠌ᠳᠡᠬᠦᠯᠬᠦ᠂ ᠲᠡᠤᠬᠡ᠎ᠶ᠋ᠢ ᠰᠤᠷᠤᠯᠴᠠᠵᠤ ᠶᠤᠰᠤ ᠰᠤᠷᠳᠠᠬᠤᠨ᠎ᠢ ᠡᠷᠬᠢᠮᠯᠡᠬᠦ᠂ ᠲᠡᠤᠬᠡ᠎ᠶ᠋ᠢ ᠰᠤᠷᠤᠯᠴᠠᠵᠤ ᠴᠢᠷᠮᠠᠢᠨ ᠦᠢᠯᠡᠳᠦᠯᠭᠡᠵᠢᠬᠦᠯᠬᠦ᠌᠎ᠶ᠋ᠢ ᠪᠡᠶᠡᠯᠡᠬᠦᠯᠵᠦ᠍᠂ ᠢᠳᠡᠭᠡᠯ ᠪᠢᠱᠢᠷᠡᠯ᠎ᠤᠨ ᠰᠠᠭᠤᠷᠢ᠎ᠪᠠᠨ ᠪᠠᠬᠢᠵᠢᠬᠦᠯᠤᠨ᠂ ᠤᠶᠤᠨ ᠰᠠᠨᠠᠭᠠᠨ᠎ᠤ ᠺᠠᠯᠼ᠎ᠢᠶᠠᠨ ᠨᠦᠬᠦᠪᠦᠷᠢᠯᠡᠵᠦ᠍᠂ ᠦᠵᠡᠯ ᠰᠠᠨᠠᠭᠠᠨ᠎ᠤ ᠵᠠᠯᠠᠭᠤᠷ᠎ᠢᠶᠠᠨ ᠯᠠᠪᠳᠠᠭᠤᠨ ᠡᠵᠡᠮᠳᠡᠵᠦ᠍᠂ 《ᠬᠤᠶᠠᠷ ᠶᠡᠭᠡ ᠲᠠᠯ᠎ᠠ》 ᠎ᠶ᠋ᠢ ᠬᠡᠬᠦᠳᠡᠭ ᠴᠡᠭᠡᠵᠢᠨ᠎ᠳᠡᠭᠡᠨ ᠪᠠᠭ᠍ᠳᠠᠭᠠᠵᠤ᠂ 《ᠤᠯᠤᠰ᠎ᠤᠨ ᠶᠡᠭᠡ ᠶᠠᠪᠤᠲᠠᠯ》 ᠎ᠢ ᠰᠡᠳᠭᠢᠯ᠎ᠳᠡᠭᠡᠨ ᠪᠠᠭ᠍ᠲᠠᠭᠠᠵᠦ᠍᠂ ᠤᠯᠤᠰ ᠲᠦᠷᠦ᠎ᠶ᠋ᠢᠨ ᠮᠠᠭᠠᠳᠯᠠᠬᠤ ᠴᠢᠳᠠᠪᠤᠷᠢ᠂ ᠤᠯᠤᠰ ᠲᠦᠷᠦ᠎ᠶ᠋ᠢᠨ ᠤᠬᠠᠪᠣᠷᠢᠯᠠᠬᠤ ᠴᠢᠳᠠᠪᠤᠷᠢ᠂ ᠤᠯᠤᠰ ᠲᠦᠷᠦ᠎ᠶ᠋ᠢᠨ ᠬᠡᠷᠡᠭ᠌ᠵᠢᠬᠦᠯᠬᠦ᠌ ᠴᠢᠳᠠᠪᠤᠷᠢ᠎ᠪᠠᠨ ᠴᠢᠨᠠᠬ᠍ᠰᠢᠳᠠ ᠲᠡᠭᠡᠭ᠌ᠰᠢᠯᠡᠬᠦᠯᠵᠦ᠍᠂ ᠪᠦᠬᠦ᠌ ᠤᠷᠤᠨ᠎ᠤ ᠦᠨᠳᠦᠰᠦᠳᠡᠨ᠎ᠨᠦᠭᠦᠳ᠎ᠤᠨ ᠠᠷᠠᠳ ᠲᠦᠮᠨᠨ᠎ᠢ ᠬᠦᠳᠦᠯᠦᠨ ᠲᠠᠭᠠᠭᠤᠯᠵᠤ ᠨᠡᠢᠭᠡᠮ ᠵᠢᠷᠤᠮᠳᠤ ᠤᠳᠤᠬᠢᠴᠢᠯᠠᠬ᠍ᠰᠠᠨ ᠤᠯᠤᠰ᠎ᠢ ᠪᠦᠬᠦ᠌ ᠲᠠᠯ᠎ᠠ᠎ᠪᠠᠷ ᠪᠦᠳᠦᠭᠡᠨ ᠪᠠᠢᠭᠤᠯᠬᠤ ᠱᠢᠨ᠎ᠠ ᠠᠶᠠᠨ᠎ᠳᠤ ᠦᠪᠦᠷ ᠮᠤᠩᠭᠤᠯ᠎ᠤᠨ ᠪᠦᠯᠬᠦᠮᠳᠡᠯ ᠲᠠᠪᠱᠢᠯᠳᠠ ᠴᠡᠴᠡᠭ᠌ᠯᠡᠯᠳᠠ ᠭᠦᠭ᠌ᠵᠢᠯᠳᠠ᠎ᠶ᠋ᠢᠨ ᠢᠷᠠᠭᠤ ᠬᠠᠭᠤᠳᠠᠰᠤ᠎ᠶ᠋ᠢ ᠦᠷᠬᠦᠯᠵᠢᠯᠡᠨ ᠪᠢᠴᠢᠭ᠌ᠯᠡᠬᠦ᠌ ᠬᠡᠷᠡᠭ᠌ᠳᠡᠢ᠃ 

ᠣᠷᠴᠢᠭᠤᠯᠤᠭ᠍ᠴᠢ᠄
ᠨᠠᠢᠷᠠᠭᠤᠯᠤᠭ᠍ᠴᠢ᠄ ᠪᠣᠣ ᠮᠧᠢ ᠷᠥᠩ
ᠲᠤᠮᠳᠠᠳᠤ ᠤᠯᠤᠰ᠎ᠤᠨ ᠮᠤᠩᠭᠤᠯ ᠬᠡᠯᠡᠡ᠎ᠤ ᠰᠤᠨᠢᠠ ᠮᠠᠳᠡᠭᠡ᠎ᠶ᠋ᠢᠨ ᠰᠦᠯᠵᠢᠶ᠎ᠠ
ᠢᠷᠡᠯᠲᠡ᠄
ᠬᠤᠪᠢᠶᠠᠯᠴᠠᠬᠤ᠄

2008-2023 © ᠳᠤᠮᠳᠠᠳᠤ ᠤᠯᠤᠰ᠎ᠤᠨ ᠮᠤᠩᠭᠤᠯ ᠬᠡᠯᠡᠨ᠎ᠤ ᠰᠤᠨᠢᠨ ᠮᠡᠳᠡᠭᠡᠨ᠎ᠤ ᠰᠦᠯᠵᠢᠶ᠎ᠡ ᠦᠮᠴᠢᠯᠡᠯ᠎ᠤᠨ ᠡᠷᠬᠡ᠎ᠲᠠᠢ

ᠵᠤᠬᠢᠶᠠᠭᠴᠢ᠎ᠶᠢᠨ ᠡᠷᠬᠡ ᠬᠠᠤᠯᠢ᠎ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ᠎ᠪᠠᠷ ᠬᠠᠭᠤᠯᠪᠤᠷᠢᠯᠠᠬᠤ᠎ᠶᠢ ᠬᠠᠲᠠᠭᠤ ᠬᠤᠷᠢᠭᠯᠠᠨ᠎ᠠ

ᠬᠠᠷᠢᠯᠴᠠᠬᠤ ᠤᠲᠠᠰᠤ᠄0471-6635435

ᠢᠮᠧᠯ᠄tn@mgyxw.net   蒙ICP备10000005号