ᠦᠬᠡᠷ ᠲᠡᠵᠢᠬᠡᠭ᠌ᠰᠡᠨ 《ᠪᠠᠶᠠᠨ》 ᠎ᠤ ᠦᠯᠢᠬᠡᠷ
2021-02-28 14:28:49
ᠵᠣᠬᠢᠶᠠᠭ᠍ᠴᠢ᠄
ᠬᠤᠷᠴᠠ ᠭᠤᠣ ᠮᠢᠨ ᠨᠠ
ᠣᠩᠱᠢᠭ᠍ᠰᠠᠨ ᠣᠳᠠᠭ᠎ᠠ᠄
★★★☆☆

6 ᠵᠢᠯ᠎ᠤᠨ ᠡᠮᠦᠨ᠎ᠡ᠂ ᠬᠢᠩᠭᠠᠨ ᠠᠢᠮᠠᠭ᠎ᠤᠨ ᠬᠤᠷᠴᠢᠨ ᠪᠠᠷᠠᠭᠤᠨ ᠭᠠᠷᠤᠨ ᠡᠮᠦᠨᠡᠲᠦ ᠬᠤᠱᠢᠭᠤᠨ᠎ᠤ ᠠᠯᠳᠠᠷ ᠰᠤᠮᠤ᠎ᠶ᠋ᠢᠨ ᠬᠦᠨᠳᠡᠯᠡᠨ ᠭᠠᠴᠠᠭ᠎ᠠ᠎ᠶ᠋ᠢᠨ ᠶᠠᠳᠠᠭᠤ ᠡᠷᠦᠬᠡ ᠰᠦᠨ ᠯᠢᠨ᠎ᠤ᠎ᠬᠢᠨ ᠡᠪᠡᠳᠴᠢᠨ ᠡᠮᠬᠡᠭ ᠪᠠ ᠰᠤᠷᠭᠠᠭᠤᠯᠢ᠎ᠳᠤ ᠰᠠᠭᠤᠬ᠍ᠰᠠᠨ ᠵᠡᠷᠭᠡ ᠱᠢᠯᠳᠠᠭᠠᠨ᠎ᠠᠴᠠ ᠪᠤᠯᠵᠤ ᠶᠠᠳᠠᠭᠤᠷᠠᠨ᠂ ᠲᠤᠰᠭᠤᠨ᠎ᠳᠠᠭᠠᠨ ᠨᠡᠷᠡᠳᠠᠢ ᠶᠠᠳᠠᠭᠤ ᠬᠦᠴᠢᠷᠳᠡᠯᠳᠡᠢ ᠡᠷᠦᠬᠡ ᠪᠤᠯᠵᠠᠢ᠃ 6 ᠵᠢᠯ᠎ᠤᠨ ᠬᠢᠨᠢ ᠲᠠᠷᠠᠭ᠎ᠠ᠂ ᠰᠦᠨ ᠯᠢᠨ ᠲᠠᠩᠰᠠᠯᠠᠨ ᠺᠠᠷᠳ᠋ᠯᠠᠭ᠍ᠰᠠᠨ ᠶᠠᠳᠠᠭᠤ ᠬᠦᠴᠢᠷᠳᠡᠯᠲᠡᠢ ᠡᠷᠦᠬᠡ᠎ᠶ᠋ᠢᠨ ᠳᠣᠲᠣᠷ᠎ᠠ᠎ᠪᠠᠨ ᠤᠯᠠᠨ᠎ᠠ ᠲᠠᠨᠢᠬ᠍ᠳᠠᠬ᠍ᠰᠠᠨ ᠦᠬᠡᠷ ᠲᠡᠵᠢᠭᠡᠭ᠌ᠰᠡᠨ 《ᠪᠠᠶᠠᠨ》 ᠪᠣᠯᠵᠠᠢ᠃

2 ᠰᠠᠷ᠎ᠠ᠎ᠶ᠋ᠢᠨ 23 ᠎ᠤ ᠥᠷᠯᠥᠭᠡ᠂ ᠥᠷ ᠴᠠᠢᠬᠤ᠎ᠶ᠋ᠢᠨ ᠦᠶ᠎ᠡ᠎ᠪᠠᠷ ᠰᠦᠨ ᠯᠢᠨ ᠭᠤᠸᠠᠢ ᠶᠠᠭᠠᠷᠠᠯᠲᠠᠢ ᠠᠵᠢᠯᠯᠠᠵᠤ ᠡᠬᠢᠯᠡᠵᠡᠢ᠃ ᠡᠪᠡᠰᠦ ᠪᠤᠷᠳᠤᠭ᠎ᠠ ᠬᠡᠷᠴᠢᠬᠦ᠂ ᠦᠬᠡᠷ᠎ᠤᠨ ᠬᠠᠱᠢᠶ᠎ᠠ ᠰᠠᠷᠡᠪᠴᠢ᠎ᠪᠠᠨ ᠴᠡᠪᠡᠷᠯᠡᠬᠦ᠂ ᠦᠬᠡᠷ᠎ᠤᠨ᠎ᠢᠶᠠᠨ ᠦᠰᠦᠯᠳᠡ ᠪᠤᠢᠵᠢᠯᠳᠠ᠎ᠶ᠋ᠢᠨ ᠪᠠᠢᠳᠠᠯ᠎ᠢ ᠠᠵᠢᠬ᠍ᠯᠠᠬᠤ ᠵᠡᠷᠭᠡ᠎ᠨᠢ ᠴᠦᠮ ᠲᠡᠭᠦᠨ᠎ᠤ ᠡᠳᠦᠷ ᠪᠦᠷᠢ᠎ᠶ᠋ᠢᠨ ᠵᠠᠪᠠᠯ ᠬᠢᠬᠦ᠌ ᠠᠵᠢᠯ ᠪᠠᠢᠯ᠎ᠠ᠃ ᠠᠵᠢᠯᠴᠢ ᠬᠤᠶᠠᠷ ᠭᠠᠷ᠎ᠤᠨ᠎ᠢᠶᠠᠨ ᠬᠦᠴᠦᠨ᠎ᠳᠤ ᠲᠦᠱᠢᠭ᠌ᠯᠡᠨ ᠶᠠᠳᠠᠭᠤ᠎ᠠᠴᠠ ᠠᠩᠭᠢᠵᠢᠷᠠᠨ ᠴᠢᠨᠡᠭᠡᠯᠢᠭ᠌ᠵᠢᠭ᠌ᠰᠡᠨ ᠲᠥᠯᠦᠭᠡᠯᠡᠭ᠌ᠴᠢ ᠪᠣᠯᠤᠭ᠍ᠰᠠᠨ᠎ᠤ ᠬᠤᠪᠢ᠎ᠳᠤ᠂ ᠡᠨᠡ ᠬᠡᠳᠦᠨ ᠵᠢᠯ᠎ᠳᠤ᠂ ᠲᠡᠷᠡ ᠲᠦᠷᠦ᠎ᠶ᠋ᠢᠨ ᠪᠤᠳᠤᠯᠭ᠎ᠠ᠎ᠶ᠋ᠢᠨ ᠬᠠᠷᠠᠭᠠᠯᠵᠠᠯ᠎ᠢ ᠬᠦᠷᠳᠡᠬᠦ᠌᠎ᠶ᠋ᠢᠨ ᠬᠠᠮᠳᠤ ᠱᠢᠷᠭᠠᠭᠤ ᠬᠠᠲᠠᠭᠤᠵᠢᠯᠲᠠᠢ ᠠᠵᠢᠯᠯᠠᠵᠤ᠂ ᠦᠬᠡᠷ ᠲᠡᠵᠢᠭᠡᠬᠦ᠌ ᠠᠵᠢᠯ ᠦᠢᠯᠡᠰ᠎ᠢᠶᠠᠨ ᠲᠠᠰᠤᠷᠠᠯᠳᠠ ᠦᠬᠡᠢ ᠪᠤᠵᠠᠭᠠᠢᠷᠠᠭᠤᠯᠵᠤ᠂ ᠲᠡᠬᠦᠨ᠎ᠤ ᠴᠢᠨᠡᠭᠡᠯᠢᠭ᠌ᠵᠢᠯ᠎ᠤᠨ ᠵᠠᠮ᠎ᠨᠢ ᠶᠠᠪᠤᠬᠤ ᠲᠤᠳᠤᠮ ᠤᠷᠤᠭ᠍ᠰᠢᠲᠠᠢ ᠪᠣᠯᠵᠠᠢ᠃

2015 ᠣᠨ᠎ᠤ ᠦᠶ᠎ᠠ᠎ᠶ᠋ᠢᠨ ᠰᠦᠨ ᠯᠢᠨ᠎ᠤ᠎ᠬᠢᠨ ᠶᠠᠳᠠᠭᠤ ᠬᠦᠴᠢᠷᠳᠡᠯ᠎ᠤᠨ ᠳᠤᠮᠳᠠ ᠲᠠᠯᠴᠢᠯᠠᠵᠤ ᠪᠠᠢᠬ᠍ᠰᠠᠨ᠎ᠢᠶᠠᠨ ᠬᠡᠷᠬᠢᠨ ᠮᠡᠷᠳᠡᠬᠤ ᠠᠵᠢ᠃ ᠲᠡᠭᠦᠨ᠎ᠤ ᠡᠴᠢᠭᠡ ᠡᠬᠡ᠎ᠨᠢ ᠵᠡᠮᠳᠡᠭ᠂ ᠬᠡᠷ᠎ᠲᠡᠭᠡᠨ ᠬᠥᠳᠡᠯᠮᠦᠷᠢᠯᠡᠬᠦ᠌ ᠬᠦᠴᠦᠨ ᠦᠬᠡᠢ᠂ ᠬᠡᠦᠬᠡᠨ ᠰᠦᠨ ᠶᠤᠸᠠᠢ᠎ᠨᠢ ᠰᠤᠷᠭᠠᠭᠤᠯᠢ᠎ᠳᠤ ᠪᠢᠴᠢᠭ ᠦᠵᠡᠵᠦ᠍᠂ ᠪᠦᠬᠦ᠌ ᠭᠡᠷ᠎ᠢᠶᠠᠷ᠎ᠢᠶᠠᠨ ᠲᠣᠭ᠍ᠲᠠᠪᠤᠷᠢᠲᠠᠶ ᠣᠷᠤᠯᠭ᠎ᠠ ᠬᠡᠵᠤ ᠦᠬᠡᠢ᠂ ᠦᠨᠳᠦᠰᠦᠨ᠎ᠳᠡᠭᠡᠨ ᠨᠠᠭᠠᠳᠤ ᠵᠠᠬ᠎ᠠ᠎ᠶ᠋ᠢᠨ ᠠᠮᠢᠳᠤᠷᠠᠯ᠎ᠤᠨ ᠪᠠᠲᠤᠯᠠᠭ᠎ᠠ᠎ᠳᠤ ᠲᠦᠱᠢᠭ᠌ᠯᠡᠨ ᠠᠷᠭᠠᠴᠠᠭᠠᠵᠤ ᠪᠠᠢᠪᠠ᠃ ᠶᠠᠭ ᠡᠨᠡ ᠵᠢᠯ᠂ ᠰᠦᠨ ᠯᠢᠨ᠎ᠤ᠎ᠬᠢᠨ ᠲᠠᠩᠰᠠᠯᠠᠵᠤ ᠺᠠᠷᠳ᠋ᠯᠠᠭ᠍ᠰᠠᠨ ᠶᠠᠳᠠᠭᠤ ᠬᠦᠴᠢᠷᠳᠡᠯᠲᠡᠢ ᠡᠷᠦᠬᠡ᠎ᠪᠠᠷ ᠲᠤᠬ᠍ᠳᠠᠭᠠᠬ᠍ᠳᠠᠵᠠᠢ᠃ ᠬᠡᠬᠦ᠌᠎ᠳᠡᠭᠡᠨ᠂ ᠰᠦᠨ ᠯᠢᠨ᠄ 《ᠪᠢ ᠬᠤᠶᠠᠷ ᠭᠠᠷ ᠬᠤᠶᠠᠷ ᠬᠥᠯ᠎ᠲᠠᠢ ᠪᠠᠢᠭᠠᠳ ᠶᠠᠭᠤᠨ᠎ᠳᠤ ᠶᠠᠳᠠᠭᠤ ᠬᠦᠴᠢᠷᠳᠡᠯᠲᠡᠶ ᠡᠷᠦᠬᠡ᠎ᠪᠠᠷ ᠲᠠᠩᠰᠠᠯᠠᠬ᠍ᠳᠠᠬᠤ ᠪᠣᠶ?》 ᠭᠡᠵᠦ᠍ ᠭᠤᠳᠤᠷᠠᠳᠠᠭ ᠪᠠᠢᠵᠤ᠂ ᠶᠠᠳᠠᠭᠤ᠎ᠠᠴᠠ ᠠᠩᠭᠢᠵᠢᠷᠠᠬᠤ᠎ᠨᠢ ᠲᠡᠭᠦᠨ᠎ᠤ ᠰᠡᠳᠭᠢᠯ᠎ᠳᠠᠬᠢ ᠬᠠᠮᠤᠭ᠎ᠤᠨ ᠪᠠᠲᠤ ᠴᠢᠩᠭ᠎ᠠ ᠢᠲᠡᠭᠡᠯ ᠬᠦᠰᠡᠯ᠎ᠨᠢ ᠪᠣᠯᠤᠭ᠍ᠰᠠᠨ ᠪᠢᠯᠠ᠃

2016 ᠣᠨ᠎ᠳᠤ᠂ ᠰᠦᠨ ᠯᠢᠨ ᠤᠢ᠍ᠢᠷ᠎ᠠ᠎ᠶ᠋ᠢᠨ ᠵᠢᠯ᠎ᠳᠤ ᠱᠢᠮᠧᠨ᠋ᠳᠡᠷ ᠦᠬᠡᠷ᠎ᠤᠨ ᠦᠨ᠎ᠡ ᠬᠠᠩᠰᠢ ᠲᠤᠩ ᠰᠠᠢᠨ ᠪᠠᠢᠬᠤ᠎ᠶ᠋ᠢ ᠣᠯᠵᠤ ᠮᠡᠳᠡᠵᠡᠢ᠃ ᠬᠡᠪᠡᠴᠤ᠌ ᠬᠠᠮᠢᠭ᠎ᠠ᠎ᠠᠴᠠ ᠪᠡᠯᠡ ᠮᠦᠩᠬᠦ᠌ ᠤᠯᠤᠨ᠎ᠡ? ᠶᠠᠭ ᠡᠨᠡ ᠦᠶ᠎ᠠ᠎ᠳᠤ᠂ ᠲᠣᠰᠭᠤᠨ᠎ᠳᠤ ᠰᠠᠭᠤᠭ᠎ᠠ ᠠᠵᠢᠯᠯᠠᠬᠤ ᠠᠩᠭᠢ ᠪᠣᠯᠤᠨ ᠭᠠᠴᠠᠭᠠᠨ᠎ᠤ 《ᠬᠤᠶᠠᠷ ᠵᠥᠪᠯᠡᠯ》 ᠲᠡᠭᠦᠨ᠎ᠤ ᠪᠤᠳᠤᠯ ᠪᠣᠯᠤᠨ ᠬᠦᠴᠢᠷᠳᠡᠯ᠎ᠢ ᠣᠯᠵᠤ ᠮᠡᠳᠡᠭᠡᠳ ᠰᠦᠨ ᠯᠢᠨ᠎ᠤ᠎ᠬᠢ᠎ᠳᠤ ᠢᠷᠡᠵᠦ᠍᠂ ᠲᠡᠭᠦᠨ᠎ᠢ ᠬᠠᠪᠰᠤᠷᠤᠨ ᠶᠠᠳᠠᠭᠤ᠎ᠠᠴᠠ ᠠᠩᠭᠢᠵᠢᠷᠠᠬᠤ ᠠᠷᠭ᠎ᠠ ᠪᠤᠳᠤᠯᠭ᠎ᠠ ᠰᠦᠪᠡᠭ᠌ᠴᠢᠯᠡᠵᠦ᠍ ᠥᠭ᠌ᠴᠡᠢ᠃

ᠲᠡᠬᠡᠬᠡᠳ ᠲᠣᠰᠭᠤᠨ᠎ᠳᠤ ᠰᠠᠭᠤᠭ᠎ᠠ ᠠᠵᠢᠯᠯᠠᠬᠤ ᠠᠩᠭᠢ ᠠᠵᠤ ᠦᠢᠯᠡᠰ᠎ᠤᠨ ᠲᠦᠷᠦ᠎ᠶ᠋ᠢᠨ ᠪᠤᠳᠤᠯᠭ᠎ᠠ᠎ᠶ᠋ᠢᠨ ᠪᠡᠯᠡ ᠮᠥᠩᠭᠦ᠎ᠶ᠋ᠢ ᠠᠱᠢᠬ᠍ᠯᠠᠵᠤ᠂ ᠰᠦᠨ ᠯᠢᠨ᠎ᠳᠤ 6 ᠦᠨᠢᠶ᠎ᠡ ᠬᠤᠳᠠᠯᠳᠤᠨ ᠠᠪᠴᠤ᠌ ᠦᠭ᠌ᠴᠤ᠂ ᠨᠡᠢᠳᠡ 6 ᠲᠦᠮᠡᠨ ᠲᠥᠭᠦᠷᠢᠭ᠎ᠤᠨ ᠨᠥᠬᠦᠪᠥᠷᠢ ᠥᠭ᠌ᠴᠡᠢ᠃ ᠡᠨᠡ ᠬᠡᠳᠦᠨ 《ᠶᠠᠳᠠᠭᠤ᠎ᠶ᠋ᠢ ᠲᠡᠳᠬᠦᠬᠦ᠌ ᠦᠬᠡᠷ》 ᠎ᠨᠢ ᠰᠦᠨ ᠯᠢᠨ᠎ᠤ ᠨᠢᠭᠡ ᠬᠡᠷ᠎ᠤᠨ ᠠᠮᠢᠳᠤᠷᠠᠯ᠎ᠤᠨ ᠴᠣ᠌ ᠱᠢᠨ᠎ᠡ ᠬᠠᠭᠤᠳᠠᠰᠤ᠎ᠶ᠋ᠢ ᠨᠡᠬᠡᠬᠡᠭ᠌ᠰᠡᠨ ᠪᠠᠢᠨ᠎ᠠ᠃ ᠰᠦᠨ ᠯᠢᠨ ᠡᠳᠦᠷ ᠪᠦᠷᠢ ᠦᠬᠡᠷ᠎ᠤᠨ ᠬᠠᠱᠢᠶ᠎ᠠ᠎ᠪᠠᠨ ᠴᠠᠪ ᠴᠡᠪᠡᠷᠬᠡᠨ ᠴᠡᠪᠡᠷᠯᠡᠵᠦ᠍᠂ ᠡᠳᠡᠭᠡᠷ ᠦᠬᠡᠷ᠎ᠢᠶᠠᠨ ᠡᠷᠳᠡᠨᠢ ᠱᠢᠭ ᠨᠠᠷᠢᠨ ᠨᠢᠮᠪᠠᠶ ᠠᠷᠠᠴᠢᠯᠠᠵᠠᠢ᠃ ᠲᠡᠭᠦᠨ᠎ᠤ ᠨᠠᠷᠢᠨ ᠨᠢᠮᠪᠠᠶ ᠠᠷᠠᠴᠢᠯᠠᠭ᠎ᠠ᠎ᠪᠠᠷ ᠦᠬᠡᠷ᠎ᠤᠨ ᠲᠤᠭ᠎ᠠ᠎ᠨᠢ ᠨᠡᠮᠡᠭ᠌ᠳᠡᠵᠤ ᠢᠷᠡᠯ᠎ᠡ᠃ 2017 ᠣᠨ᠎ᠳᠤ᠂ ᠬᠤᠶᠠᠷ ᠲᠤᠭᠤᠯ ᠲᠦᠷᠦᠵᠤ 8000 ᠭᠠᠷᠤᠶ ᠲᠥᠭᠦᠷᠢᠭ᠎ᠢᠶᠠᠷ ᠬᠤᠳᠠᠯᠳᠤᠵᠠᠶ᠃ 2019 ᠣᠨ᠎ᠳᠤ᠂ ᠪᠠᠰᠠ ᠬᠤᠶᠠᠷ ᠲᠤᠭᠤᠯ ᠬᠤᠳᠠᠯᠳᠤᠵᠤ 2 ᠲᠦᠮᠡ ᠭᠠᠷᠤᠶ ᠲᠦᠬᠦᠷᠢᠭ ᠣᠯᠵᠠᠶ᠂ ᠡᠨᠡ᠎ᠨᠢ ᠰᠦᠨ ᠯᠢᠨ᠎ᠢ ᠠᠮᠠ ᠬᠠᠮᠬᠢᠯ ᠥᠬᠡᠶ ᠪᠠᠶᠠᠷᠯᠠᠭᠤᠯᠪᠠ᠃

ᠡᠷᠡᠭᠦᠯ ᠮᠡᠨᠳᠦ᠎ᠪᠠᠷ ᠶᠠᠳᠠᠭᠤ᠎ᠶ᠋ᠢ ᠲᠡᠳᠬᠦᠬᠦ᠌ ᠲᠥᠷᠥ᠎ᠶ᠋ᠢᠨ ᠪᠣᠳᠣᠯᠭ᠎ᠠ᠎ᠶ᠋ᠢᠨ ᠪᠠᠲᠤᠯᠠᠭ᠎ᠠ ᠳᠣᠤᠷ᠎ᠠ᠂ ᠡᠴᠢᠭᠡ ᠡᠬᠡ᠎ᠶ᠋ᠢᠨ ᠬᠢᠨᠢ ᠪᠡᠶ᠎ᠡ ᠮᠠᠬᠠᠪᠣᠳ᠎ᠤᠨ ᠪᠠᠢᠳᠠᠯ ᠴᠤ᠌ ᠡᠳᠦᠷ ᠢᠷᠡᠬᠦᠶ᠎ᠡ ᠰᠠᠢᠵᠢᠷᠠᠬ᠍ᠰᠠᠨ ᠪᠦᠭᠡᠳ 2018 ᠣᠨ᠎ᠳᠤ᠂ ᠬᠡᠦᠬᠡᠨ᠎ᠨᠢ ᠴᠤ᠌ ᠰᠠᠨᠠᠭᠠᠨ᠎ᠳᠠᠭᠠᠨ ᠳᠠᠭᠠᠷᠠᠭ᠍ᠰᠠᠨ ᠳᠡᠭᠡᠳᠦ ᠰᠤᠷᠭᠠᠭᠤᠯᠢ᠎ᠳᠤ ᠱᠢᠯᠭᠠᠨ ᠣᠷᠣᠵᠤ᠂ ᠠᠮᠢᠳᠦᠷᠠᠯ᠎ᠨᠢ ᠬᠦᠴᠢᠷᠳᠡᠯᠲᠡᠶ ᠰᠣᠷᠣᠭ᠍ᠴᠢ᠎ᠶ᠋ᠢᠨ ᠲᠡᠳᠬᠦᠮᠵᠢ ᠪᠠ ᠤᠯᠤᠰ᠎ᠤᠨ ᠡᠯ᠎ᠡ ᠵᠦᠶᠯ᠎ᠤᠨ ᠰᠤᠷᠤᠯᠭ᠎ᠠ᠎ᠶ᠋ᠢᠨ ᠲᠡᠳᠬᠦᠮᠵᠢ᠎ᠶ᠋ᠢᠨ ᠨᠥᠬᠦᠪᠥᠷᠢ᠎ᠶ᠋ᠢ ᠨᠡᠢᠲᠡ 2 ᠲᠦᠮᠡ ᠭᠠᠷᠤᠶ ᠲᠥᠭᠦᠷᠢᠭ ᠭᠥᠷᠳᠡᠪᠡ᠃

2020 ᠣᠨ᠎ᠳᠤ᠂ ᠰᠦᠨ ᠯᠢᠨ ᠶᠠᠳᠠᠭᠤ᠎ᠠᠴᠠ ᠠᠩᠬᠢᠵᠢᠷᠠᠯ᠎ᠠ᠂ ᠲᠡᠷᠡ ᠪᠡᠰᠠ 2 ᠲᠦᠮᠡᠨ ᠲᠥᠭᠦᠷᠢᠭ᠎ᠤᠨ ᠶᠠᠳᠠᠭᠤ᠎ᠶ᠋ᠢ ᠲᠡᠳᠬᠦᠬᠦ᠌ ᠪᠠᠭ᠎ᠠ ᠲᠣᠭᠠᠨ᠎ᠤ ᠵᠢᠭᠡᠯᠡᠯᠭᠡ ᠭᠤᠶᠤᠴᠢᠯᠠᠵᠤ᠂ ᠲᠡᠭᠦᠨ᠎ᠤ ᠦᠬᠡᠷ ᠲᠡᠵᠢᠭᠡᠬᠦ᠌ ᠠᠵᠤ ᠦᠢᠯᠡᠰ᠎ᠢᠶᠠᠨ ᠬᠥᠭ᠌ᠵᠢᠭᠦᠯᠦᠨ ᠪᠤᠵᠠᠭᠠᠢᠷᠠᠭᠤᠯᠵᠡᠢ᠃ ᠡᠳᠦᠭᠡ ᠰᠦᠨ ᠯᠢᠨ᠎ᠤ ᠲᠠᠵᠢᠭᠡᠵᠤ ᠪᠠᠢᠭ᠎ᠠ 9 ᠱᠢᠮᠧᠨ᠋ᠲᠠᠷ ᠦᠬᠡᠷ᠎ᠨᠢ ᠴᠦᠮ ᠲᠠᠷᠭᠤ ᠰᠠᠢᠲᠠᠢ ᠪᠠᠢᠵᠤ᠂ ᠬᠡᠷ ᠪᠦᠯᠢ᠎ᠶ᠋ᠢᠨ ᠵᠢᠯ᠎ᠤᠨ ᠣᠷᠣᠯᠭ᠎ᠠ᠎ᠨᠢ ᠴᠦ᠍ ᠳᠠᠬᠢᠨ᠎ᠢᠶᠠᠷ ᠨᠡᠮᠡᠭ᠌ᠳᠡᠵᠦ᠍᠂ 8.7 ᠲᠦᠮᠡ ᠭᠠᠷᠤᠢ ᠲᠥᠭᠦᠷᠢᠭ᠎ᠲᠤ ᠬᠦᠷᠴᠡᠢ᠃ ᠦᠬᠡᠷ ᠲᠡᠵᠢᠬᠡᠵᠤ ᠪᠠᠶᠠᠵᠢᠭ᠍ᠰᠠᠨ ᠰᠦᠨ ᠯᠢᠨ ᠴᠢᠨᠡᠭᠡᠯᠢᠭ᠌ᠵᠢᠯ᠎ᠤᠨ ᠵᠠᠮ᠎ᠢᠶᠠᠷ ᠢᠳᠡᠬᠡᠯ ᠲᠡᠭᠦᠯᠳᠡᠷ ᠤᠷᠤᠭ᠍ᠰᠢᠯᠠᠨ᠎ᠠ᠃

ᠬᠠᠮᠢᠶ᠎ᠠ ᠪᠦᠬᠦᠢ ᠬᠤᠯᠪᠣᠭᠠᠰᠤ

ᠨᠠᠮ᠎ᠤᠨ ᠠᠷᠪᠠᠨ ᠨᠠᠢ᠍ᠮᠠᠳᠤᠭᠠᠷ ᠶᠡᠭᠡ ᠬᠤᠷᠠᠯ᠎ᠠᠴᠠ ᠨᠠᠭᠠᠰᠢ᠂ ᠦᠪᠡᠷᠲᠡᠭᠡᠨ ᠵᠠᠰᠠᠬᠤ ᠤᠷᠤᠨ᠎ᠤ ᠨᠠᠮ᠎ᠤᠨ ᠬᠤᠷᠢᠶ᠎ᠠ᠂ ᠵᠠᠰᠠᠬ᠎ᠤᠨ ᠤᠷᠳᠤᠨ ᠶᠡᠷᠦᠩᠬᠡᠢ ᠱᠦᠵᠢ ᠰᠢ᠎ᠶ᠋ᠢᠨ ᠫᠢᠩ᠎ᠤᠨ ᠶᠠᠳᠠᠭᠤ᠎ᠶ᠋ᠢ ᠲᠡᠳᠭᠦᠭᠦ᠌ ᠠᠵᠢᠯ᠎ᠤᠨ ᠲᠤᠬᠠᠢ ᠴᠢᠬᠤᠯᠠ ᠦᠭᠦᠯᠡᠯᠲᠡ᠎ᠶ᠋ᠢ ᠬᠦᠨᠵᠡᠭᠡᠢ ᠰᠤᠷᠤᠯᠴᠠᠵᠤ᠂ ᠨᠠᠮ᠎ᠤᠨ ᠲᠦᠪ ᠬᠤᠷᠢᠶ᠎ᠠ ᠲᠦᠷᠦ᠎ᠶ᠋ᠢᠨ ᠶᠠᠪᠤᠳᠠᠯ᠎ᠤᠨ ᠬᠤᠷᠢᠶ᠎ᠠ᠎ᠶ᠋ᠢᠨ ᠶᠠᠳᠠᠭᠤ᠎ᠠᠴᠠ ᠠᠩᠬᠢᠵᠢᠷᠠᠭᠤᠯᠬᠤ ᠪᠤᠭᠤᠮᠳᠠ ᠱᠢᠪᠳᠤᠯᠬᠤ ᠱᠢᠢᠳᠪᠦᠷᠢᠲᠤ ᠲᠠᠢᠯᠠᠯᠳᠤᠭᠠᠨ᠎ᠤ ᠱᠢᠢᠳᠪᠦᠷᠢᠲᠤ ᠢᠯᠠᠯᠲᠠ᠎ᠶ᠋ᠢ ᠤᠯᠬᠤ ᠪᠠ ᠬᠦᠳᠡᠭᠡ ᠲᠤᠰᠭᠤᠨ᠎ᠢ ᠬᠦᠭ᠌ᠵᠢᠭᠦᠯᠦᠨ ᠮᠠᠨᠳᠤᠭᠤᠯᠬᠤ ᠪᠠᠢᠯᠳᠤᠬᠤ ᠪᠤᠳᠤᠯᠭ᠎ᠠ᠎ᠶ᠋ᠢᠨ ᠪᠠᠢᠷᠢᠯᠠᠭᠤᠯᠤᠯᠲᠠ᠎ᠶ᠋ᠢ ᠡᠷᠡᠰ ᠲᠤᠭᠤᠱᠢᠯᠠᠭᠤᠯᠤᠨ ᠨᠠᠢᠳᠠᠪᠤᠷᠢᠵᠢᠭᠤᠯᠵᠤ᠂ ᠶᠠᠳᠠᠭᠤ᠎ᠠᠴᠠ ᠠᠩᠬᠢᠵᠢᠷᠠᠭᠤᠯᠤᠨ ᠪᠤᠭᠤᠮᠳᠠ ᠱᠢᠪᠲᠤᠯᠬᠤ᠎ᠶ᠋ᠢ ᠴᠢᠬᠤᠯᠠ ᠶᠡᠭᠡ ᠤᠯᠤᠰ ᠲᠦᠷᠦ᠎ᠶ᠋ᠢᠨ ᠡᠭᠦᠷᠭᠡ ᠪᠠ ᠠᠷᠠᠳ᠎ᠤᠨ ᠠᠮᠢᠳᠤᠷᠠᠯ᠎ᠤᠨ ᠨᠢᠭᠡᠳᠦᠭᠡᠷ ᠢᠨᠵᠧᠨᠧᠷᠢᠩ ᠪᠤᠯᠭᠠᠵᠤ᠂ ᠤᠨᠢᠨ ᠲᠡᠭᠡᠷ᠎ᠡ᠎ᠨᠢ ᠶᠠᠳᠠᠭᠤ᠎ᠶ᠋ᠢ ᠲᠡᠳᠭᠦᠭᠦ᠌ ᠤᠨᠢᠨ ᠲᠡᠭᠡᠷ᠎ᠡ᠎ᠨᠢ ᠶᠠᠳᠠᠭᠤ᠎ᠠᠴᠠ ᠠᠩᠬᠢᠵᠢᠷᠠᠭᠤᠯᠬᠤ ᠦᠨᠳᠦᠰᠦᠨ ᠠᠷᠭ᠎ᠠ ᠪᠤᠳᠤᠯᠭ᠎ᠠ᠎ᠶ᠋ᠢ ᠪᠠᠷᠢᠮᠳᠠᠯᠠᠵᠤ᠂ ᠰᠡᠳᠭᠢᠯ᠎ᠢᠶᠠᠨ ᠨᠢᠭᠡᠳᠭᠡᠨ ᠬᠦᠴᠦ᠎ᠪᠠᠨ ᠬᠠᠮᠳᠤᠳᠭᠠᠵᠤ ᠶᠠᠳᠠᠭᠤ᠎ᠠᠴᠠ ᠠᠩᠬᠢᠵᠢᠷᠠᠭᠤᠯᠬᠤ ᠪᠤᠭᠤᠮᠳᠠ ᠱᠢᠪᠲᠤᠯᠬᠤ ᠠᠵᠢᠯ᠎ᠤᠨ ᠱᠢᠢᠳᠪᠦᠷᠢᠯᠡᠭ᠌ᠴᠢ ᠴᠢᠨᠠᠷ᠎ᠲᠠᠢ ᠦᠷ᠎ᠡ ᠪᠦᠳᠦᠮᠵᠢ᠎ᠶ᠋ᠢ ᠤᠯᠪᠠ᠃ ᠤᠳᠤᠬᠠᠨ᠎ᠳᠤ᠂ ᠦᠪᠦᠷ ᠮᠤᠩᠭᠤᠯ ᠨᠡᠢᠲᠡ 157 ᠲᠦᠮᠡᠨ ᠬᠦᠮᠦᠨ᠎ᠢ ᠶᠠᠳᠠᠭᠤ᠎ᠠᠴᠠ ᠠᠩᠬᠢᠵᠢᠷᠠᠭᠤᠯᠬᠤ ᠡᠭᠦᠷᠭᠡ᠎ᠶ᠋ᠢ ᠪᠡᠶᠡᠯᠡᠭᠦᠯᠵᠦ᠍᠂ ᠲᠠᠩᠰᠠᠯᠠᠵᠤ ᠺᠠᠷᠲᠯᠠᠬ᠍ᠰᠠᠨ ᠶᠠᠳᠠᠭᠤ ᠬᠦᠴᠢᠷᠳᠡᠯᠲᠡᠢ ᠤᠯᠠᠨ ᠲᠦᠮᠡᠨ᠎ᠢ ᠪᠦᠬᠦᠨ᠎ᠢ ᠶᠠᠳᠠᠭᠤ᠎ᠠᠴᠠ ᠠᠩᠬᠢᠵᠢᠷᠠᠭᠤᠯᠵᠤ᠂ 3681 ᠶᠠᠳᠠᠭᠤ ᠬᠦᠴᠢᠷᠳᠡᠯᠲᠡᠢ ᠭᠠᠴᠠᠭ᠎ᠠ ᠲᠤᠰᠭᠤᠨ᠎ᠢ ᠪᠦᠬᠦᠨ᠎ᠢ ᠶᠠᠳᠠᠭᠤ᠎ᠠᠴᠠ ᠠᠩᠬᠢᠵᠢᠷᠠᠭᠤᠯᠵᠤ᠂ 31 ᠤᠯᠤᠰ᠎ᠤᠨ ᠲᠡᠰ᠎ᠤᠨ ᠶᠠᠳᠠᠭᠤ ᠬᠦᠴᠢᠷᠳᠡᠯᠲᠡᠢ ᠬᠤᠱᠢᠭᠤ ᠱᠢᠶᠠᠨ᠂ 26 ᠤᠷᠤᠨ᠎ᠤ ᠲᠡᠰ᠎ᠤᠨ ᠶᠠᠳᠠᠭᠤ ᠬᠦᠴᠢᠷᠳᠡᠯᠲᠡᠢ ᠬᠤᠱᠢᠭᠤ ᠱᠢᠶᠠᠨ᠎ᠢ ᠪᠦᠬᠦᠨ᠎ᠢ ᠶᠠᠳᠠᠭᠤ᠎ᠠᠴᠠ ᠠᠩᠬᠢᠵᠢᠷᠠᠭᠤᠯᠵᠤ᠂ 《ᠬᠤᠶᠠᠷ᠎ᠲᠤ ᠵᠤᠪᠠᠭ᠍ᠤ ᠦᠭᠡᠢ᠂ ᠭᠤᠷᠪᠠ᠎ᠶ᠋ᠢ ᠪᠠᠲᠤᠯᠠᠬᠤ》 ᠎ᠶ᠋ᠢ ᠪᠦᠬᠦ᠌ ᠲᠠᠯ᠎ᠠ᠎ᠪᠠᠷ ᠪᠡᠶᠡᠯᠡᠭᠦᠯᠪᠡ᠃

 

ᠣᠷᠴᠢᠭᠤᠯᠤᠭ᠍ᠴᠢ᠄
ᠨᠠᠢᠷᠠᠭᠤᠯᠤᠭ᠍ᠴᠢ᠄ ᠤᠶᠤᠨᠲᠠᠨ᠎ᠠ
ᠲᠤᠮᠳᠠᠳᠤ ᠤᠯᠤᠰ᠎ᠤᠨ ᠮᠤᠩᠭᠤᠯ ᠬᠡᠯᠡᠡ᠎ᠤ ᠰᠤᠨᠢᠠ ᠮᠠᠳᠡᠭᠡ᠎ᠶ᠋ᠢᠨ ᠰᠦᠯᠵᠢᠶ᠎ᠠ
ᠢᠷᠡᠯᠲᠡ᠄
ᠬᠤᠪᠢᠶᠠᠯᠴᠠᠬᠤ᠄

2008-2023 © ᠳᠤᠮᠳᠠᠳᠤ ᠤᠯᠤᠰ᠎ᠤᠨ ᠮᠤᠩᠭᠤᠯ ᠬᠡᠯᠡᠨ᠎ᠤ ᠰᠤᠨᠢᠨ ᠮᠡᠳᠡᠭᠡᠨ᠎ᠤ ᠰᠦᠯᠵᠢᠶ᠎ᠡ ᠦᠮᠴᠢᠯᠡᠯ᠎ᠤᠨ ᠡᠷᠬᠡ᠎ᠲᠠᠢ

ᠵᠤᠬᠢᠶᠠᠭᠴᠢ᠎ᠶᠢᠨ ᠡᠷᠬᠡ ᠬᠠᠤᠯᠢ᠎ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ᠎ᠪᠠᠷ ᠬᠠᠭᠤᠯᠪᠤᠷᠢᠯᠠᠬᠤ᠎ᠶᠢ ᠬᠠᠲᠠᠭᠤ ᠬᠤᠷᠢᠭᠯᠠᠨ᠎ᠠ

ᠬᠠᠷᠢᠯᠴᠠᠬᠤ ᠤᠲᠠᠰᠤ᠄0471-6635435

ᠢᠮᠧᠯ᠄tn@mgyxw.net   蒙ICP备10000005号