《ᠵᠢᠯ᠎ᠤᠨ ᠠᠵᠢᠯ ᠬᠠᠪᠤᠷ᠎ᠲᠠᠭᠠᠨ》 ᠭᠡᠳᠡᠭ᠎ᠢᠶᠠᠷ᠂ ᠬᠦᠳᠡᠭᠡ ᠨᠤᠲᠤᠭ᠎ᠤᠨ ᠬᠠᠪᠤᠷ ᠲᠦᠯ᠎ᠤᠨ ᠳᠠᠭᠤᠨ᠎ᠢᠶᠠᠷ ᠤᠶᠠᠰᠤᠨ᠎ᠠ᠃ ᠲᠡᠮᠡᠭᠡᠳᠦ ᠨᠤᠲᠤᠭ ᠭᠡᠮᠡᠭ᠌ᠳᠡᠳᠡᠭ ᠠᠯᠠᠱᠠ ᠨᠤᠲᠤᠭ᠎ᠤᠨ ᠮᠠᠯᠴᠢᠳ ᠡᠷᠳᠡ ᠬᠠᠪᠤᠷ᠎ᠢᠶᠠᠷ ᠪᠤᠳᠤᠭᠤ ᠲᠤᠰᠤᠭᠠᠳ ᠶᠠᠭᠠᠷᠠᠤ᠃
— ᠱᠢᠨ᠎ᠠ᠎ᠶ᠋ᠢᠨ ᠲᠠᠪᠤᠨ᠎ᠠᠴᠠ ᠡᠬᠢᠯᠡᠨ ᠢᠩᠭᠡ ᠪᠤᠳᠤᠭᠤᠯᠠᠵᠠᠢ ᠭᠡᠵᠦ᠍ ᠠᠯᠠᠱᠠ ᠪᠠᠷᠠᠭᠤᠨ ᠬᠤᠱᠢᠭᠤᠨ᠎ᠤ ᠠᠯᠳ᠋ᠬᠠᠤᠪᠤᠭ᠎ᠠ ᠪᠠᠯᠭᠠᠰᠤᠨ᠎ᠤ ᠬᠦᠨᠳᠡᠯᠡᠢ ᠭᠠᠴᠠᠭᠠᠨ᠎ᠤ ᠮᠠᠯᠴᠢᠨ ᠠᠳᠤᠯᠼᠤᠤ ᠶᠠᠷᠢᠯ᠎ᠠ᠃
— ᠨᠢᠳᠦᠨᠦᠨ ᠲᠠᠪᠢᠭᠠᠳ ᠪᠤᠳᠤᠭᠤ ᠲᠤᠰᠤᠭ᠍ᠰᠠᠨ᠂ ᠡᠨᠡ ᠵᠢᠯ ᠵᠢᠷᠠᠭᠠᠳ ᠢᠩᠭᠡ ᠪᠤᠳᠤᠭᠤᠯᠠᠨᠠ᠂ ᠡᠪᠡᠰᠦ ᠲᠡᠵᠢᠭᠡᠯ᠎ᠢᠶᠠᠨ ᠨᠡᠯᠢᠶᠡᠳ ᠰᠠᠢᠨ ᠪᠡᠯᠡᠳᠭᠡᠭ᠌ᠰᠡᠨ ᠭᠡᠵᠦ᠍ ᠠᠳᠤᠯᠼᠤᠤ ᠰᠡᠳᠭᠢᠯ ᠲᠡᠨᠢᠭᠦᠨ ᠪᠠᠢᠯ᠎ᠠ᠃
ᠲᠡᠳᠡᠨ᠎ᠤ᠎ᠬᠢ 《ᠠᠯᠠᠱᠠ ᠪᠠᠷᠠᠭᠤᠨ ᠬᠤᠱᠢᠭᠤᠨ᠎ᠤ ᠰᠠᠭᠠᠯᠢᠴᠢᠨ ᠲᠡᠮᠡᠭᠡ ᠲᠡᠵᠢᠬᠡᠬᠦ᠌ ᠮᠠᠯᠵᠢᠯ᠎ᠤᠨ ᠲᠠᠯᠠᠪᠤᠷ》 ᠢ ᠪᠠᠢᠭᠤᠯᠤᠭᠠᠳ᠂ ᠢᠩᠭᠡᠨ ᠰᠦ᠎ᠪᠠᠷ᠎ᠢᠶᠠᠨ ᠤᠯᠠᠨ ᠲᠦᠷᠦᠯ᠎ᠤᠨ ᠱᠢᠨ᠎ᠠ ᠪᠦᠲᠦᠭᠡᠭ᠌ᠳᠡᠬᠦᠨ ᠬᠢᠵᠦ᠍᠂ ᠵᠠᠬ᠎ᠠ ᠲᠡᠯᠭᠡᠭᠦᠷ᠎ᠲᠤ ᠭᠠᠷᠭᠠᠵᠤ᠂ ᠤᠯᠵᠠ ᠤᠮᠤᠭᠲᠠᠢ ᠶᠠᠪᠤᠭ᠎ᠠ ᠱᠢᠨ᠎ᠡ ᠡᠷᠡᠨ᠎ᠤ ᠮᠠᠯᠴᠢᠨ ᠪᠢᠯᠡ᠃
— ᠡᠨᠡ ᠵᠢᠯ ᠪᠤᠳᠤᠭᠤ ᠤᠯᠠᠨ ᠪᠤᠯᠬᠤᠷ ᠢᠩᠬᠡᠨ ᠰᠦ᠎ᠶ᠋ᠢᠨ ᠤᠷᠤᠯᠭ᠎ᠠ ᠨᠡᠮᠡᠭ᠌ᠳᠡᠬᠦ᠌ ᠪᠠᠢᠳᠠᠯ᠎ᠲᠠᠢ᠂ ᠤᠳᠤ᠎ᠠᠴᠠ ᠢᠩᠭᠡᠨ ᠰᠦ ᠬᠤᠳᠠᠯᠳᠤᠨ ᠠᠪᠬᠤ ᠬᠦᠮᠦᠨ ᠬᠠᠷᠢᠯᠴᠠᠵᠦ᠍ ᠪᠠᠢᠨ᠎ᠠ᠃ ᠪᠢᠳᠡ ᠪᠠᠰᠠ ᠱᠢᠨ᠎ᠠ ᠪᠦᠲᠦᠭᠡᠭ᠌ᠳᠡᠬᠦᠨ ᠬᠢᠬᠦ᠌ ᠬᠦᠰᠡᠯ᠎ᠲᠠᠢ ᠪᠠᠢᠭ᠎ᠠ ᠭᠡᠵᠦ᠍ ᠠᠳᠤᠯᠼᠤᠤ ᠱᠢᠨ᠎ᠡ ᠵᠢᠯ᠎ᠤᠨ ᠲᠦᠰᠦᠪ ᠲᠦᠯᠦᠪᠯᠡᠭᠡ᠎ᠪᠠᠨ ᠶᠠᠷᠢᠵᠤ ᠪᠠᠢᠯ᠎ᠠ᠃
