《ᠠᠷᠪᠠᠨ ᠭᠤᠷᠪᠠᠳᠤᠭᠠᠷ ᠲᠠᠪᠤᠨ ᠵᠢᠯ》 ᠤᠨ ᠲᠦᠯᠦᠪᠵᠢᠭᠦᠯᠭᠡ᠎ᠶ᠋ᠢᠨ ᠬᠤᠭᠤᠴᠠᠭᠠᠨ᠎ᠳᠤ᠂ ᠲᠥᠩᠯᠢᠶᠤᠤ ᠬᠤᠲᠠ 1771 ᠳᠠᠩᠰᠠᠯᠠᠵᠤ ᠺᠠᠷᠲᠯᠠᠬ᠍ᠰᠠᠨ ᠶᠠᠳᠠᠭᠤ ᠬᠥᠴᠢᠷᠳᠡᠯᠲᠠᠢ ᠡᠷᠥᠭᠡ᠂ 5204 ᠬᠥᠮᠥᠨ ᠠᠮᠠ᠎ᠶ᠋ᠢ ᠱᠢᠯᠵᠢᠭᠦᠯᠥᠨ ᠨᠡᠭᠦᠯᠭᠡᠪᠡ᠂ ᠪᠠᠰᠠ 393 ᠡᠷᠥᠭᠡ᠂ 1246 ᠬᠥᠮᠥᠨ᠎ᠢ ᠴᠤᠬ᠍ᠭᠠᠷ ᠨᠡᠭᠦᠯᠭᠡᠵᠤ᠂ ᠶᠠᠷᠥᠩᠬᠡᠢ ᠪᠡᠯᠨ ᠤᠷᠤᠭᠤᠯᠤᠯᠲᠠ 3 ᠳ᠋ᠥᠩᠱᠢᠭᠤᠷ 2334 ᠲᠥᠮᠡᠨ ᠲᠥᠭᠦᠷᠢᠭ᠎ᠲᠤ ᠬᠥᠷᠴᠠᠢ᠃ ᠲᠤᠰ ᠲᠥᠷᠥᠯ ᠵᠥᠢᠯ 5 ᠬᠤᠱᠢᠭᠤ ᠱᠢᠶᠠᠨ᠎ᠤ 27 ᠰᠤᠮᠤ ᠪᠠᠯᠭᠠᠰᠤ᠂ 69 ᠭᠠᠴᠠᠭ᠎ᠠ ᠲᠤᠰᠭᠤᠨ᠎ᠢ ᠬᠠᠮᠤᠷᠴᠥ᠍᠂ ᠭᠤᠤᠯᠳᠠᠭᠤ 《ᠵᠠᠯᠭᠠᠭᠠᠳ ᠳᠡᠳᠭᠦᠬᠦ᠂ ᠨᠠᠢᠭᠡᠮ ᠲᠤᠭᠤᠷᠢᠬ᠎ᠲᠤ ᠠᠭᠤᠰᠤᠯᠴᠠᠭᠤᠯᠬᠤ》 ᠬᠠᠷᠠᠯᠳᠠ᠎ᠶ᠋ᠢᠨ ᠲᠤᠭᠤᠷᠢᠨ᠎ᠳᠤ᠂ ᠨᠡᠭᠦᠯᠭᠡᠭ᠌ᠰᠡᠨ ᠤᠯᠠᠨ ᠲᠥᠮᠡᠨ᠎ᠢ 《ᠳᠤᠬ᠍ᠳᠠᠭᠤᠨ ᠰᠠᠭᠤᠷᠢᠱᠢᠭᠤᠯᠬᠤ᠂ ᠬᠢᠬᠦ᠌ ᠶᠠᠪᠤᠳᠠᠯ᠎ᠲᠠᠢ ᠪᠤᠯᠭᠠᠬᠤ》 ᠬᠥᠴᠢᠷ ᠠᠰᠠᠭᠤᠳᠠᠯ᠎ᠢ ᠪᠥᠲᠥᠮᠵᠢᠲᠠᠢ ᠱᠢᠢᠳᠪᠥᠷᠢᠯᠠᠨ᠂ 2016 ᠤᠨ᠎ᠠᠴᠠ ᠨᠠᠭᠠᠰᠢ᠂ ᠵᠠᠯᠭᠠᠭᠠᠳ ᠳᠡᠳᠭᠦᠬᠦ᠌ ᠠᠵᠤ ᠥᠢᠯᠡᠰ᠎ᠢ ᠬᠥᠭ᠌ᠵᠢᠭᠦᠯᠬᠦ᠌ ᠪᠡᠯᠡ ᠮᠥᠩᠬᠦ᠌᠎ᠶ᠋ᠢ ᠨᠡᠢᠳᠡ 9576 ᠲᠥᠮᠡᠨ ᠲᠥᠭᠦᠷᠢᠭ ᠤᠷᠤᠭᠤᠯᠪᠠ᠃ ᠠᠵᠤ ᠥᠢᠯᠡᠰ᠎ᠢᠶᠠᠷ ᠳᠡᠳᠭᠦᠬᠦ᠂ ᠬᠥᠳᠡᠯᠮᠥᠷᠢ ᠬᠥᠴᠥᠨ᠎ᠤ ᠭᠠᠳᠠᠬ᠍ᠰᠢ ᠭᠠᠷᠭᠠᠯᠲᠠ᠂ ᠡᠳ᠋ ᠬᠥᠷᠥᠩᠭᠡ᠎ᠠᠴᠠ ᠠᠱᠢᠬ ᠬᠥᠷᠳᠡᠬᠦ᠂ ᠭᠡᠷᠡᠯ ᠴᠡᠨᠡᠭ᠎ᠢᠶᠠᠷ ᠶᠠᠳᠠᠭᠤ᠎ᠶ᠋ᠢ ᠳᠡᠳᠭᠦᠬᠦ᠌ ᠵᠡᠷᠭᠡ ᠠᠷᠭ᠎ᠠ ᠪᠤᠳᠤᠯᠭ᠎ᠠ᠎ᠪᠠᠷ ᠳᠠᠮᠵᠢᠨ᠂ ᠨᠡᠭᠦᠯᠭᠡᠨ ᠱᠢᠯᠵᠢᠭᠦᠯᠥᠭ᠌ᠰᠡᠨ 5192 ᠬᠥᠮᠥᠨ᠎ᠢ ᠨᠢᠭᠡᠨᠳᠡ ᠶᠠᠳᠠᠭᠤ᠎ᠠᠴᠠ ᠠᠩᠬᠢᠵᠢᠷᠠᠭᠤᠯᠵᠤ᠂ ᠶᠠᠳᠠᠭᠤ᠎ᠠᠴᠠ ᠠᠩᠬᠢᠵᠢᠷᠠᠭᠤᠯᠤᠬ᠍ᠰᠠᠨ ᠨᠤᠷᠮ᠎ᠠ 99.8% ᠳᠤ ᠬᠥᠷᠥᠭ᠌ᠰᠡᠨ ᠪᠠᠢᠨ᠎ᠠ᠃
ᠠᠵᠤ ᠥᠢᠯᠡᠰ᠎ᠢᠶᠠᠷ ᠶᠠᠳᠠᠭᠤ᠎ᠶ᠋ᠢ ᠳᠡᠳᠭᠦᠬᠦ᠌ ᠠᠵᠢᠯ᠎ᠢ ᠭᠤᠤᠯᠴᠢᠯᠠᠨ ᠠᠤᠡᠬᠤᠪᠠ᠃ ᠲᠤᠰ ᠬᠤᠲᠠ ᠲᠤᠬᠠᠢ᠎ᠶ᠋ᠢᠨ ᠭᠠᠵᠠᠷ᠎ᠤᠨ ᠪᠠᠢᠳᠠᠯ᠎ᠳᠤᠨᠢ ᠲᠤᠬᠢᠷᠠᠭᠤᠯᠤᠨ᠂ ᠲᠠᠷᠢᠵᠤ ᠤᠷᠭᠤᠭᠤᠯᠬᠤ ᠥᠢᠯᠡᠰ᠎ᠢ ᠬᠥᠭ᠌ᠵᠢᠭᠦᠯᠵᠤ᠂ ᠨᠡᠢᠳᠡ 5735 ᠲᠥᠮᠡᠨ ᠲᠥᠭᠦᠷᠢᠭ᠎ᠤᠨ ᠪᠡᠯᠡ ᠵᠠᠷᠤᠴᠠᠭᠤᠯᠤᠨ᠂ 1466 ᠡᠷᠥᠭᠡ 4355 ᠬᠥᠮᠥᠨ ᠠᠮᠠ᠎ᠶ᠋ᠢ ᠳᠡᠳᠭᠦᠵᠤ ᠶᠠᠳᠠᠭᠤ᠎ᠠᠴᠠ ᠠᠩᠬᠢᠵᠢᠷᠠᠭᠤᠯᠬᠤ ᠠᠵᠤ ᠥᠢᠯᠡᠰ ᠡᠷᠬᠢᠯᠡᠭᠦᠯᠵᠤ᠂ ᠡᠨᠡ᠎ᠨᠢ ᠪᠥᠬᠦ᠌ ᠨᠡᠭᠦᠯᠭᠡᠭ᠌ᠰᠡᠨ ᠬᠥᠮᠥᠨ ᠠᠮᠠ᠎ᠶ᠋ᠢᠨ 83.6% ᠶ᠋ᠢ ᠡᠵᠡᠯᠡᠵᠠᠢ᠃ ᠳᠡᠵᠢᠭᠡᠵᠤ ᠥᠷᠡᠵᠢᠭᠦᠯᠬᠦ᠌ ᠠᠵᠤ ᠥᠢᠯᠡᠰ᠎ᠤᠨ ᠳᠠᠯ᠎ᠠ᠎ᠪᠠᠷ᠂ ᠨᠡᠭᠦᠯᠭᠡᠨ ᠱᠢᠯᠵᠢᠭᠦᠯᠥᠭ᠌ᠰᠡᠨ ᠡᠷᠥᠭᠡ᠎ᠳᠤ ᠨᠡᠢᠳᠡ 1822 ᠥᠭᠡᠷ᠂ 4292 ᠬᠤᠨᠢ᠂ 338 ᠡᠯᠵᠢᠭᠡ᠂ 50 ᠭᠠᠭ᠍ᠠᠢ ᠬᠤᠳᠠᠯᠳᠤᠨ ᠠᠪᠴᠥ᠍ ᠥᠭ᠌ᠭᠦᠨ᠂ 371 ᠫᠧᠩ ᠰᠠᠷᠠᠪᠴᠢ ᠪᠠᠷᠢᠵᠤ ᠥᠭ᠌ᠬᠦ᠎ᠶ᠋ᠢᠨ ᠬᠠᠮᠳᠤ᠂ ᠬᠥᠳᠡᠯᠮᠥᠷᠢᠯᠡᠬᠦ᠌ ᠴᠢᠳᠠᠪᠥᠷᠢ ᠥᠭᠡᠢ ᠡᠷᠥᠭᠡ᠎ᠶ᠋ᠢ ᠨᠠᠢᠳᠠᠨ ᠳᠡᠵᠢᠭᠡᠯᠭᠡᠬᠦ᠌ ᠬᠡᠯᠪᠡᠷᠢ᠎ᠪᠠᠷ ᠲᠤᠬᠠᠢ᠎ᠶ᠋ᠢᠨ ᠭᠠᠵᠠᠷ᠎ᠤᠨ ᠬᠡᠪᠴᠢᠶᠡᠵᠢᠭ᠌ᠰᠡᠨ ᠳᠡᠵᠢᠭᠡᠨ ᠥᠷᠡᠵᠢᠭᠦᠯᠬᠦ᠌ ᠬᠤᠷᠱᠢᠶ᠎ᠠ᠎ᠳᠤ ᠬᠤᠪᠢ ᠤᠷᠤᠬᠤ᠎ᠶ᠋ᠢ ᠵᠤᠷᠢᠬ᠍ᠵᠢᠭᠤᠯᠵᠤ᠂ ᠴᠡᠪᠡᠷ ᠠᠱᠢᠬ ᠬᠤᠪᠢᠶᠠᠨ ᠤᠷᠤᠯᠭ᠎ᠠ᠎ᠶ᠋ᠢ᠎ᠨᠢ ᠨᠡᠮᠡᠭ᠌ᠳᠡᠭᠦᠯᠪᠡ᠃ ᠳᠠᠷᠢᠵᠤ ᠤᠷᠭᠤᠭᠤᠯᠬᠤ ᠲᠠᠯ᠎ᠠ᠎ᠪᠠᠷ᠂ 119 ᠳᠤᠯᠠᠭᠠᠨ ᠭᠥᠯᠠᠮᠵᠢ ᠪᠠᠷᠢᠵᠤ ᠥᠭ᠌ᠭᠦᠨ᠂ ᠡᠯᠡᠰᠥᠷᠭᠡᠭ ᠭᠠᠵᠠᠷ᠎ᠤᠨ ᠳᠤᠳᠤᠷᠭ᠎ᠠ᠎ᠶ᠋ᠢ 148 ᠮᠥ᠍ ᠳᠠᠷᠢᠵᠤ ᠤᠷᠭᠤᠭᠤᠯᠤᠨ᠂ ᠬᠥᠷᠢᠶ᠎ᠡ ᠬᠠᠱᠢᠶᠠᠨ᠎ᠤ ᠠᠵᠤ ᠠᠬᠤᠢ᠎ᠪᠠᠷ 581 ᠡᠷᠥᠭᠡ᠎ᠶ᠋ᠢ ᠳᠠᠢᠴᠢᠯᠠᠨ ᠤᠷᠤᠯᠭ᠎ᠠ᠎ᠶ᠋ᠢ ᠨᠡᠮᠡᠭ᠌ᠳᠡᠭᠦᠯᠵᠠᠢ᠃ ᠠᠵᠤ ᠥᠢᠯᠡᠰ᠎ᠢ ᠬᠥᠭ᠌ᠵᠢᠭᠦᠯᠬᠦ᠌᠎ᠪᠠᠷ ᠳᠠᠮᠵᠢᠨ᠂ ᠨᠡᠭᠦᠯᠭᠡᠭ᠌ᠰᠡᠨ ᠡᠷᠥᠭᠡ᠎ᠶ᠋ᠢᠨ ᠵᠢᠯ ᠳᠤᠮᠳᠠᠴᠢ᠎ᠶ᠋ᠢᠨ ᠤᠷᠤᠯᠭ᠎ᠠ᠎ᠶ᠋ᠢ 2000 ᠠᠴᠠ 3000 ᠲᠥᠭᠦᠷᠢᠭ ᠳᠡᠭᠡᠭ᠌ᠰᠢᠯᠡᠭᠦᠯᠪᠡ᠃
ᠠᠵᠢᠯ ᠤᠯᠭᠤᠯᠲᠠ᠎ᠪᠠᠷ ᠶᠠᠳᠠᠭᠤ᠎ᠶ᠋ᠢ ᠳᠡᠳᠭᠦᠵᠤ ᠠᠮᠢᠵᠢᠷᠠᠯ᠎ᠤᠨ ᠬᠥᠴᠥᠨ ᠨᠡᠮᠡᠷᠢᠯᠡᠪᠡ᠃ ᠲᠤᠰ ᠬᠤᠲᠠ ᠨᠡᠭᠦᠯᠭᠡᠭ᠌ᠰᠡᠨ ᠡᠷᠥᠭᠡ᠎ᠶ᠋ᠢᠨ ᠬᠥᠳᠡᠯᠮᠥᠷᠢ ᠬᠥᠴᠥᠨ᠎ᠤ ᠳᠤᠭ᠎ᠠ᠂ ᠠᠵᠢᠯ ᠤᠯᠤᠬ᠍ᠰᠠᠨ ᠪᠠᠢᠳᠠᠯ᠂ ᠠᠵᠢᠯ ᠤᠯᠬᠤ ᠰᠠᠨᠠᠮᠵᠢ ᠵᠢᠴᠢ ᠪᠤᠯᠪᠠᠰᠤᠷᠠᠯ ᠬᠥᠷᠳᠡᠬᠦ᠌ ᠱᠠᠭᠠᠷᠳᠠᠯᠭ᠎ᠠ᠎ᠶ᠋ᠢ ᠥᠨᠳᠥᠰᠥᠯᠡᠨ᠂ ᠬᠤᠲᠠ᠎ᠶ᠋ᠢᠨ ᠳᠤᠳᠤᠨ᠎ᠠ ᠭᠠᠳᠠᠨᠠᠬᠢ ᠠᠵᠢᠯ ᠮᠡᠷᠭᠡᠵᠢᠯ᠎ᠤᠨ ᠰᠤᠷᠭᠠᠭᠤᠯᠢ᠎ᠶ᠋ᠢ ᠡᠷᠢᠵᠤ ᠢᠳᠡᠪᠬᠢᠳᠠᠢ ᠬᠠᠮᠵᠢᠯᠴᠠᠨ᠂ ᠬᠠᠨᠳᠤᠯᠭᠠᠳᠤ ᠴᠢᠨᠠᠷᠲᠠᠢ᠎ᠪᠠᠷ ᠬᠡᠤᠬᠡᠳ ᠠᠰᠠᠷᠠᠬᠤ᠂ ᠠᠳᠠᠯ ᠠᠬᠤᠢ᠂ ᠳᠡᠷᠭᠡ ᠵᠢᠯᠤᠭᠤᠳᠭᠤ ᠪᠠ ᠮᠠᠱᠢᠨ ᠰᠡᠯᠪᠢᠨ ᠵᠠᠰᠠᠬᠤ᠂ ᠮᠤᠳᠤᠨ ᠳᠠᠷᠬᠠᠨ᠂ ᠴᠠᠬᠢᠯᠭᠠᠨ ᠭᠠᠩᠨᠠᠭᠤᠷᠴᠢᠨ᠂ ᠳᠤᠭᠤᠭᠠᠴᠢ᠂ ᠥᠰᠥ᠍ ᠵᠠᠰᠠᠬᠤ᠂ ᠭᠠᠷ ᠤᠷᠠᠯᠠᠯ ᠵᠡᠷᠭᠡ ᠠᠵᠢᠯ ᠤᠯᠭᠤᠵᠤ ᠥᠢᠯᠡᠰ ᠪᠤᠰᠭᠠᠬᠤ ᠤᠷ᠎ᠠ ᠴᠢᠳᠠᠪᠥᠷᠢ᠎ᠶ᠋ᠢᠨ ᠪᠤᠯᠪᠠᠰᠤᠷᠠᠯ᠎ᠢ ᠵᠤᠬᠢᠶᠠᠨ ᠪᠠᠢᠭᠤᠯᠤᠨ ᠥᠷᠨᠢᠭᠦᠯᠵᠤ᠂ ᠳᠡᠳᠡᠨ᠎ᠳᠤ ᠨᠢᠭᠤᠷᠳᠠᠨ ᠲᠠᠢᠯᠪᠥᠷᠢᠯᠡᠵᠤ ᠭᠠᠷᠳᠠᠨ ᠵᠢᠭᠠᠵᠤ᠂ ᠬᠥᠳᠡᠯᠮᠥᠷᠢ ᠬᠥᠴᠥᠨ᠎ᠲᠠᠢ ᠡᠷᠥᠭᠡ ᠪᠥᠬᠦᠨ᠎ᠳᠤ 1 ᠠᠴᠠ 2 ᠬᠡᠷᠡᠭ᠌ᠯᠡᠭᠡᠨ᠎ᠤ ᠤᠷ᠎ᠠ ᠴᠢᠳᠠᠪᠥᠷᠢ᠎ᠶ᠋ᠢ ᠡᠵᠡᠮᠱᠢᠭᠦᠯᠵᠠᠢ᠃ 691 ᠬᠥᠮᠥᠨ ᠠᠵᠢᠯ ᠤᠯᠬᠤ᠎ᠶ᠋ᠢ ᠪᠡᠶᠡᠯᠡᠭᠦᠯᠵᠠᠢ᠂ ᠡᠭᠦᠨ᠎ᠳᠤ 129 ᠬᠥᠮᠥᠨ᠎ᠳᠤ ᠨᠡᠢᠳᠡ᠎ᠶ᠋ᠢᠨ ᠠᠰᠠᠷᠠᠮᠵᠢ᠎ᠶ᠋ᠢᠨ ᠴᠢᠨᠠᠷᠲᠠᠢ ᠠᠵᠢᠯ᠎ᠤᠨ ᠪᠠᠢᠷᠢ ᠬᠠᠩᠭᠠᠨ᠂ 562 ᠬᠥᠳᠡᠯᠮᠥᠷᠢ ᠬᠥᠴᠥᠨ᠎ᠢ ᠭᠠᠳᠠᠬ᠍ᠰᠢ ᠭᠠᠷᠭᠠᠪᠠ᠃ ᠠᠵᠢᠯ ᠤᠯᠭᠤᠵᠤ ᠥᠢᠯᠡᠰ ᠪᠤᠰᠭᠠᠬᠤ᠎ᠪᠠᠷ ᠳᠠᠮᠵᠢᠨ᠂ ᠨᠡᠭᠦᠯᠭᠡᠭ᠌ᠰᠡᠨ ᠡᠷᠥᠭᠡ ᠪᠥᠷᠢ᠎ᠶ᠋ᠢᠨ ᠵᠢᠯ᠎ᠤᠨ ᠤᠷᠤᠯᠭ᠎ᠠ᠎ᠶ᠋ᠢ ᠳᠤᠮᠳᠠᠴᠢ᠎ᠪᠠᠷ 2500 ᠠᠴᠠ 4000 ᠲᠥᠭᠦᠷᠢᠭ ᠨᠡᠮᠡᠭ᠌ᠳᠡᠭᠦᠯᠥᠭ᠌ᠰᠡᠨ ᠪᠠᠢᠨ᠎ᠠ᠃
ᠡᠳ᠋ ᠬᠥᠷᠥᠩᠭᠡ᠎ᠶ᠋ᠢ ᠠᠮᠢᠯᠠᠭᠤᠯᠵᠤ ᠤᠷᠤᠯᠭ᠎ᠠ᠎ᠶ᠋ᠢ ᠨᠡᠮᠡᠭ᠌ᠳᠡᠭᠦᠯᠪᠡ᠃ ᠲᠤᠰ ᠬᠤᠲᠠ ᠨᠡᠭᠦᠯᠭᠡᠨ ᠱᠢᠯᠵᠢᠭᠦᠯᠥᠭ᠌ᠰᠡᠨ ᠡᠷᠥᠭᠡ᠎ᠶ᠋ᠢᠨ ᠡᠳ᠋ ᠬᠥᠷᠥᠩᠭᠡ᠎ᠶ᠋ᠢ ᠠᠮᠢᠯᠠᠭᠤᠯᠵᠤ᠂ ᠶᠠᠳᠠᠭᠤ᠎ᠶ᠋ᠢ ᠳᠡᠳᠭᠦᠬᠦ᠌ ᠪᠡᠯᠡ ᠮᠥᠩᠭᠦ᠎ᠶ᠋ᠢ ᠠᠱᠢᠬ᠍ᠯᠠᠨ᠂ ᠥᠷ᠎ᠠ ᠠᠱᠢᠬ᠎ᠢ ᠬᠠᠮᠤᠬ᠎ᠤᠨ ᠶᠡᠭᠡ ᠬᠡᠮᠵᠢᠶᠠᠨ᠎ᠳᠤ ᠬᠥᠷᠭᠡᠬᠦ᠌ᠶ᠋ᠢ ᠰᠥᠪᠡᠭ᠌ᠴᠢᠯᠡᠨ᠂ ᠶᠠᠳᠠᠭᠤ᠎ᠶ᠋ᠢ ᠳᠡᠳᠭᠦᠬᠦ᠌ ᠥᠢᠯᠡᠳᠪᠥᠷᠢᠯᠡᠯ᠎ᠤᠨ ᠳᠠᠰᠤᠬ᠂ ᠳᠡᠵᠢᠭᠡᠵᠤ ᠥᠷᠡᠵᠢᠭᠦᠯᠬᠦ᠌ ᠵᠢᠵᠢᠭ ᠳᠤᠭᠤᠷᠢᠬ᠂ ᠠᠵᠤ ᠥᠢᠯᠡᠰ᠎ᠤᠨ ᠬᠡᠷᠡᠭ᠌ᠯᠡᠭᠡᠨ᠎ᠤ ᠭᠡᠷ ᠪᠠᠢᠱᠢᠩ ᠵᠡᠷᠭᠡ᠎ᠳᠤ ᠬᠤᠪᠢ ᠤᠷᠤᠬᠤ᠎ᠪᠠᠷ ᠳᠠᠮᠵᠢᠨ ᠠᠱᠢᠬ ᠤᠷᠤᠯᠭ᠎ᠠ ᠬᠤᠪᠢᠶᠠᠬᠤ ᠠᠷᠭ᠎ᠠ᠎ᠪᠠᠷ ᠠᠱᠢᠬ ᠬᠥᠷᠳᠡᠬᠦ᠌ᠶ᠋ᠢ ᠪᠡᠶᠡᠯᠡᠭᠦᠯᠵᠠᠢ᠃ ᠨᠡᠢᠳᠡ 2050.5 ᠲᠥᠮᠡᠨ ᠲᠥᠭᠦᠷᠢᠭ᠎ᠤᠨ ᠪᠡᠯᠡ ᠤᠷᠤᠭᠤᠯᠵᠤ᠂ 4 ᠶᠠᠳᠠᠭᠤ᠎ᠶ᠋ᠢ ᠳᠡᠳᠭᠦᠬᠦ᠌ ᠥᠢᠯᠡᠳᠪᠥᠷᠢᠯᠡᠯ᠎ᠤᠨ ᠲᠠᠰᠤᠬ᠂ 6 ᠳᠡᠵᠢᠭᠡᠨ ᠥᠷᠡᠵᠢᠭᠦᠯᠬᠦ᠌ ᠵᠢᠵᠢᠭ ᠳᠤᠭᠤᠷᠢᠬ᠂ 8 ᠲᠥᠪᠬᠢᠨᠡᠭᠦᠯᠬᠦ᠌ ᠲᠤᠭᠤᠷᠢᠬ ᠪᠠᠢᠭᠤᠯᠤᠨ᠂ ᠳᠠᠩᠰᠠᠯᠠᠵᠤ ᠺᠠᠷᠲᠯᠠᠬ᠍ᠰᠠᠨ ᠶᠠᠳᠠᠭᠤ ᠬᠥᠴᠢᠷᠳᠡᠯᠲᠠᠢ 917 ᠡᠷᠥᠭᠡ᠂ 2740 ᠬᠥᠮᠥᠨ ᠠᠮᠠ᠎ᠶ᠋ᠢ ᠬᠠᠮᠤᠷᠴᠥ᠍᠂ ᠨᠡᠭᠦᠯᠭᠡᠭ᠌ᠰᠡᠨ ᠡᠷᠥᠭᠡ᠎ᠨᠢ ᠠᠵᠤ ᠥᠢᠯᠡᠰ᠎ᠤᠨ ᠬᠡᠷᠡᠭ᠌ᠯᠡᠭᠡᠨ᠎ᠤ ᠭᠡᠷ ᠪᠠᠢᠱᠢᠩ᠎ᠢᠶᠠᠷ᠂ ᠶᠠᠳᠠᠭᠤ᠎ᠶ᠋ᠢ ᠳᠡᠳᠭᠦᠬᠦ᠌ ᠥᠢᠯᠡᠳᠪᠥᠷᠢᠯᠡᠯ᠎ᠤᠨ ᠲᠠᠰᠤᠬ᠎ᠨᠢ ᠠᠵᠤ ᠠᠬᠤᠢ᠍ᠢᠯᠠᠯ ᠪᠠ ᠬᠤᠷᠱᠢᠶ᠎ᠠ᠎ᠳᠤ ᠬᠤᠪᠢ ᠤᠷᠤᠬᠤ᠎ᠪᠠᠷ ᠳᠠᠮᠵᠢᠨ᠂ ᠠᠱᠢᠬ ᠲᠤᠰᠠ᠎ᠶ᠋ᠢᠨ ᠬᠤᠯᠪᠤᠭ᠎ᠠ ᠪᠠᠢᠭᠤᠯᠤᠨ᠂ 《ᠥᠨᠳᠥᠰᠥᠨ ᠪᠠᠳᠤᠯᠠᠭ᠎ᠠ + ᠠᠱᠢᠬ ᠬᠤᠪᠢᠶᠠᠬᠤ》 ᠬᠡᠯᠪᠡᠷᠢ᠎ᠪᠠᠷ ᠠᠴᠢ ᠲᠤᠰᠠ ᠬᠥᠷᠳᠡᠬᠦ᠌ ᠪᠤᠯᠪᠠ᠃
ᠭᠡᠷᠡᠯ ᠴᠡᠨᠡᠭ᠎ᠢᠶᠠᠷ ᠶᠠᠳᠠᠭᠤ᠎ᠶ᠋ᠢ ᠳᠡᠤᠡᠭᠦᠵᠤ ᠥᠷ᠎ᠡ ᠠᠱᠢᠬ ᠡᠭᠦᠤᠡᠪᠡ᠃ ᠲᠤᠰ ᠬᠤᠲᠠ ᠨᠡᠢᠳᠡ 1790.6 ᠲᠥᠮᠡᠨ ᠲᠥᠭᠦᠷᠢᠭ᠎ᠤᠨ ᠪᠡᠯᠡ ᠤᠷᠤᠭᠤᠯᠵᠤ᠂ 9 ᠭᠡᠷᠡᠯ ᠴᠡᠨᠡᠭ᠎ᠢᠶᠠᠷ ᠶᠠᠳᠠᠭᠤ᠎ᠶ᠋ᠢ ᠳᠡᠳᠭᠦᠬᠦ᠌ ᠲᠥᠷᠥᠯ ᠵᠥᠢᠯ᠎ᠢ ᠬᠡᠷᠡᠭ᠌ᠵᠢᠭᠦᠯᠦᠨ᠂ ᠶᠡᠷᠥᠩᠬᠡᠢ ᠮᠠᠱᠢᠨ ᠴᠤᠬ᠍ᠴᠠᠯᠠᠪᠥᠷᠢᠶ᠋ᠢᠨ ᠬᠡᠪᠴᠢᠶ᠎ᠡ 2739.8 ᠺᠢᠯᠥᠧᠠᠲᠲᠤ ᠬᠥᠷᠴᠥ᠍᠂ ᠨᠡᠭᠦᠯᠭᠡᠨ ᠱᠢᠯᠵᠢᠭᠦᠯᠥᠭ᠌ᠰᠡᠨ 495 ᠡᠷᠥᠭᠡ᠎ᠶ᠋ᠢ ᠬᠠᠮᠤᠷᠴᠥ᠍᠂ ᠵᠢᠯ ᠪᠥᠷᠢ ᠡᠷᠥᠭᠡ ᠨᠢᠭᠡ ᠪᠥᠷᠢ᠎ᠶ᠋ᠢᠨ ᠤᠷᠤᠯᠭ᠎ᠠ᠎ᠶ᠋ᠢ 1000 ᠠᠴᠠ 3000 ᠲᠥᠭᠦᠷᠢᠭ ᠨᠠᠮᠡᠭ᠌ᠳᠡᠭᠦᠯᠵᠠᠢ᠃ ᠡᠭᠦᠨ᠎ᠤ ᠬᠠᠮᠳᠤ᠂ ᠴᠠᠬᠢᠯᠭᠠᠨ ᠭᠠᠷᠭᠠᠯᠲᠠ᠎ᠶ᠋ᠢᠨ ᠨᠢᠭᠡ ᠬᠡᠰᠡᠭ᠎ᠢ ᠭᠠᠴᠠᠭ᠎ᠠ ᠲᠤᠰᠭᠤᠨ᠎ᠤ ᠬᠠᠮᠳᠤ᠎ᠶ᠋ᠢᠨ ᠠᠵᠤ ᠠᠬᠤᠢ᠎ᠶ᠋ᠢᠨ ᠤᠷᠤᠯᠭ᠎ᠠ ᠪᠤᠯᠭᠠᠵᠤ᠂ ᠶᠠᠳᠠᠭᠤ ᠬᠥᠴᠢᠷᠳᠡᠯᠲᠠᠢ ᠭᠠᠴᠠᠭ᠎ᠠ ᠲᠤᠰᠭᠤᠨ᠎ᠳᠤ ᠬᠤᠶᠠᠳᠠᠬᠢ ᠤᠳᠠᠭ᠎ᠠ ᠬᠤᠪᠢᠶᠠᠨ᠂ ᠭᠤᠤᠯᠳᠠᠭᠤ ᠠᠰᠠᠷᠠᠮᠵᠢ᠎ᠶ᠋ᠢᠨ ᠴᠢᠨᠠᠷᠲᠠᠢ ᠠᠵᠢᠯ᠎ᠤᠨ ᠪᠠᠢᠷᠢ᠎ᠪᠠᠷ ᠶᠠᠳᠠᠭᠤ᠎ᠶ᠋ᠢ ᠳᠡᠳᠭᠦᠬᠦ᠂ ᠵᠢᠵᠢᠭ ᠬᠡᠯᠪᠡᠷᠢ᠎ᠶ᠋ᠢᠨ ᠠᠰᠠᠷᠠᠮᠵᠢ᠎ᠶ᠋ᠢᠨ ᠥᠢᠯᠡᠰ᠎ᠢᠶᠠᠷ ᠶᠠᠳᠠᠭᠤ᠎ᠶ᠋ᠢ ᠳᠡᠳᠭᠦᠬᠦ᠂ ᠬᠥᠬᠢᠭᠦᠯᠥᠨ ᠱᠠᠩᠨᠠᠵᠤ ᠨᠥᠬᠦᠪᠥᠷᠢ ᠤᠯᠭᠤᠬᠤ᠎ᠪᠠᠷ ᠶᠠᠳᠠᠭᠤ᠎ᠶ᠋ᠢ ᠳᠡᠳᠭᠦᠬᠦ᠌ ᠵᠡᠷᠭᠡ᠎ᠳᠤ ᠬᠡᠷᠡᠭ᠌ᠯᠡᠨ᠂ ᠭᠠᠴᠠᠭ᠎ᠠ ᠲᠤᠰᠭᠤᠨ᠎ᠤ ᠬᠠᠮᠳᠤ᠎ᠶ᠋ᠢᠨ ᠥᠷᠬᠦᠯᠵᠢᠯᠠᠨ ᠬᠥᠭ᠌ᠵᠢᠬᠦ᠌ ᠴᠢᠳᠠᠪᠥᠷᠢ᠎ᠶ᠋ᠢ ᠳᠡᠭᠡᠭ᠌ᠰᠢᠯᠡᠭᠦᠯᠥᠭ᠌ᠰᠡᠨ ᠪᠠᠢᠨ᠎ᠠ᠃
ᠨᠠᠢᠭᠡᠮ᠎ᠤᠨ ᠥᠨᠳᠥᠰᠥᠨ ᠪᠠᠳᠤᠯᠠᠭ᠎ᠠ᠎ᠶ᠋ᠢ ᠬᠡᠷᠡᠭ᠌ᠵᠢᠭᠦᠯᠵᠤ᠂ ᠪᠥᠬᠦᠨᠢᠶᠠᠷᠢᠶᠠᠨ ᠶᠠᠳᠠᠭᠤ᠎ᠠᠴᠠ ᠠᠩᠬᠢᠵᠢᠷᠠᠬᠤ᠎ᠶ᠋ᠢ ᠠᠬᠢᠭᠤᠯᠪᠠ᠃ ᠲᠤᠰ ᠬᠤᠲᠠ ᠬᠥᠳᠡᠯᠮᠥᠷᠢᠯᠡᠬᠦ᠌ ᠴᠢᠳᠠᠪᠥᠷᠢ᠎ᠪᠠᠨ ᠠᠯᠳᠠᠬ᠍ᠰᠠᠨ ᠨᠡᠭᠦᠯᠭᠡᠭ᠌ᠰᠡᠨ ᠡᠷᠥᠭᠡ᠎ᠶ᠋ᠢ ᠪᠥᠬᠦᠨ᠎ᠢ ᠨᠠᠭᠠᠳᠤ ᠵᠠᠬ᠎ᠠ᠎ᠶ᠋ᠢᠨ ᠠᠮᠢᠳᠤᠷᠠᠯ᠎ᠤᠨ ᠪᠠᠳᠤᠯᠠᠭ᠎ᠠ᠎ᠶ᠋ᠢᠨ ᠬᠡᠪᠴᠢᠶᠠᠨ᠎ᠳᠤ ᠤᠷᠤᠭᠤᠯᠵᠤ᠂ ᠳᠡᠳᠡᠨ᠎ᠤ ᠥᠨᠳᠥᠰᠥᠨ ᠠᠮᠢᠳᠤᠷᠠᠯ᠎ᠢ ᠪᠠᠳᠤᠯᠠᠨ᠂ ᠨᠡᠢᠳᠡ 896 ᠬᠥᠮᠥᠨ᠎ᠳᠤ ᠨᠠᠢᠭᠡᠮ᠎ᠤᠨ ᠥᠨᠳᠥᠰᠥᠨ ᠪᠠᠳᠤᠯᠠᠭ᠎ᠠ ᠬᠦᠷᠲᠡᠭᠡᠵᠡᠢ᠃ ᠡᠭᠦᠨ᠎ᠤ ᠬᠠᠮᠳᠤ᠂ ᠬᠤᠲᠠ ᠪᠠᠯᠭᠠᠰᠤᠨ᠎ᠳᠤ ᠨᠡᠭᠦᠯᠭᠡᠭ᠌ᠰᠡᠨ ᠡᠷᠥᠭᠡ᠎ᠳᠤ 《ᠳᠥᠷᠪᠡ᠎ᠶ᠋ᠢ ᠬᠤᠪᠢᠷᠠᠭᠤᠯᠬᠤ ᠥᠭᠡᠢ᠂ ᠬᠤᠶᠠᠷ ᠠᠳᠠᠯᠢ᠂ ᠨᠢᠭᠡ᠎ᠶ᠋ᠢ ᠬᠡᠯᠳᠥᠷᠢᠭᠦᠯᠬᠦ᠌》 ᠲᠥᠷᠥ᠎ᠶ᠋ᠢᠨ ᠪᠤᠳᠤᠯᠭ᠎ᠠ᠎ᠶ᠋ᠢ ᠴᠢᠩᠭ᠎ᠠ ᠨᠠᠢᠳᠠᠪᠥᠷᠢᠵᠢᠭᠤᠯᠵᠤ᠂ ᠨᠡᠭᠦᠳᠡᠯ ᠠᠷᠠᠳ᠎ᠤᠨ ᠲᠤᠭᠤᠷᠢᠬ᠎ᠤᠨ ᠨᠠᠢᠭᠡᠮ᠎ᠤᠨ ᠪᠠᠳᠤᠯᠠᠭ᠎ᠠ᠎ᠶ᠋ᠢᠨ ᠲᠥᠷᠢᠮ᠎ᠢ ᠳᠡᠭᠦᠯᠳᠡᠷᠵᠢᠭᠦᠯᠥᠨ᠂ ᠨᠡᠭᠦᠳᠡᠯ ᠠᠷᠠᠳ᠎ᠤᠨ ᠲᠤᠭᠤᠷᠢᠬ᠎ᠤᠨ ᠰᠤᠷᠭᠠᠨ ᠬᠥᠮᠥᠵᠢᠯ᠂ ᠡᠮ ᠡᠮᠨᠡᠯᠭᠡ᠂ ᠨᠠᠰᠤᠳᠠᠨ᠎ᠢ ᠠᠰᠠᠷᠠᠬᠤ ᠵᠡᠷᠭᠡ ᠱᠢᠷᠢᠰ ᠨᠡᠢᠭᠡᠮ᠎ᠤᠨ ᠪᠠᠳᠤᠯᠠᠭ᠎ᠠ᠎ᠶ᠋ᠢᠨ ᠲᠥᠷᠥ᠎ᠶ᠋ᠢᠨ ᠪᠤᠳᠤᠯᠭ᠎ᠠ᠎ᠶ᠋ᠢ ᠨᠠᠢᠳᠠᠪᠥᠷᠢᠵᠢᠭᠤᠯᠬᠤ ᠠᠵᠢᠯ᠎ᠢ ᠯᠠᠪᠳᠠᠭᠤᠨ ᠪᠠᠳᠤᠳᠠᠢ ᠰᠠᠢᠳᠤᠷ ᠬᠢᠵᠤ᠂ ᠨᠡᠭᠦᠯᠭᠡᠭ᠌ᠰᠡᠨ ᠡᠷᠥᠭᠡ᠎ᠳᠤ ᠨᠡᠢᠭᠡᠮ᠎ᠤᠨ ᠪᠠᠳᠤᠯᠠᠭ᠎ᠠ᠎ᠶ᠋ᠢ ᠪᠥᠷᠬᠦᠭᠦᠯᠬᠦ᠌᠎ᠶ᠋ᠢ ᠲᠤᠬ᠍ᠳᠠᠭᠤᠨ᠎ᠢᠶᠠᠷ ᠪᠠᠶᠡᠯᠡᠭᠦᠯᠵᠤ ᠪᠠᠢᠨ᠎ᠠ᠃