ᠡᠪᠡᠳᠴᠢᠳᠡᠨ᠎ᠤ ᠤᠷᠤ᠎ᠠᠴᠠ ᠪᠠᠶᠠᠵᠢᠯ᠎ᠤᠨ ᠬᠠᠷᠭᠤᠢ ᠬᠦᠷᠳᠡᠯ᠎ᠡ
2021-01-03 17:13:47
ᠵᠣᠬᠢᠶᠠᠭ᠍ᠴᠢ᠄
ᠱᠢᠨᠡᠪᠢᠯᠢᠭ ᠴᠤᠪᠤᠭᠤ
ᠣᠩᠱᠢᠭ᠍ᠰᠠᠨ ᠣᠳᠠᠭ᠎ᠠ᠄
★★★☆☆

ᠮᠢᠩᠭᠠᠨ ᠤᠨ ᠰᠦᠭ᠌ᠯᠡᠢᠵᠦ᠍ ᠤᠷᠭᠤᠭᠠᠳ ᠬᠤᠭᠤᠷᠠᠵᠤ ᠤᠨᠠᠬ᠍ᠰᠠᠨ ᠴᠤ᠌ ᠮᠢᠩᠭᠠᠨ ᠤᠨ᠎ᠢᠶᠠᠷ ᠢᠯᠵᠢᠷᠡᠬᠦ᠌ ᠦᠬᠡᠢ ᠲᠤᠤᠷᠠᠢ᠎ᠲᠠᠢ᠎ᠪᠠᠨ ᠠᠳᠠᠯᠢ ᠬᠦᠴᠢᠷ᠎ᠤᠨ ᠡᠮᠦᠨ᠎ᠡ ᠦᠨᠳᠡᠢᠬᠡᠳ ᠪᠤᠰᠳᠠᠬ ᠬᠦᠮᠦᠰ ᠡᠵᠡᠨ᠎ᠡ ᠨᠤᠳᠤᠬ᠎ᠲᠤ ᠮᠣᠩ ᠦᠭᠡᠢ ᠤᠯᠠᠨ ᠪᠤᠢ᠃ ᠲᠡᠳᠡᠨ᠎ᠤ ᠲᠤᠳᠤᠷᠠᠬᠢ ᠨᠢᠬᠡᠨ ᠪᠤᠯ ᠡᠵᠡᠨ᠎ᠡ ᠬᠤᠱᠢᠭᠤᠨ᠎ᠤ ᠰᠤᠪᠨᠠᠭᠤᠷ ᠰᠤᠮᠤᠨ᠎ᠤ ᠢᠪᠡᠦᠳᠦ ᠭᠠᠴᠠᠭ᠎ᠠ᠎ᠶ᠋ᠢᠨ ᠵᠠᠯᠠᠭᠤ ᠮᠠᠯᠴᠢᠨ ᠬᠦᠰᠡᠯᠳᠦ ᠶᠤᠮᠰᠠᠨ᠃


QQ图片20210103162808.png


ᠬᠠᠷ᠎ᠠ ᠭᠤᠤᠯ᠎ᠤᠨ ᠬᠦᠪᠡᠬᠡᠨ᠎ᠳᠠᠬᠢ᠂ ᠦᠨᠳᠦᠷ ᠰᠤᠬᠠᠢ᠎ᠶ᠋ᠢᠨ ᠨᠦᠮᠦᠷᠢ᠎ᠳᠤ 3 ᠲᠠᠰᠤᠯᠭ᠎ᠠ ᠲᠤᠭᠤᠰᠭᠠᠨ ᠪᠠᠢᠱᠢᠩ ᠲᠡᠩᠬᠡᠢᠵᠦ᠍᠂ ᠬᠠᠵᠠᠭᠤ᠎ᠳᠤᠨᠢ ᠴᠠᠭᠠᠨ ᠦᠩᠬᠡᠳᠡᠢ 2 ᠲᠠᠰᠤᠯᠭ᠎ᠠ ᠬᠦᠮᠦᠷᠬᠡ ᠪᠠᠷᠢᠬ᠍ᠰᠠᠨ᠎ᠨᠢ ᠬᠠᠷᠠᠬ᠍ᠳᠠᠨ᠎ᠠ᠃ ᠡᠨᠡ ᠪᠤᠯ ᠵᠠᠯᠠᠭᠤ ᠮᠠᠯᠴᠢᠨ ᠬᠦᠰᠡᠯᠳᠦ᠎ᠶ᠋ᠢᠨ ᠲᠦᠷᠦᠭ᠌ᠰᠡᠨ ᠨᠤᠳᠤᠬ᠎ᠲᠠᠭᠠᠨ ᠪᠠᠷᠢᠬ᠍ᠰᠠᠨ ᠬᠡᠷ ᠪᠠᠢᠱᠢᠩ᠎ᠨᠢ᠃ 12 ᠰᠠᠷ᠎ᠠ᠎ᠶ᠋ᠢᠨ 15 ᠎ᠤ ᠡᠳᠦᠷ᠂ ᠬᠦᠳᠡᠷ ᠲᠤᠮᠤ ᠪᠡᠶ᠎ᠡ᠎ᠲᠠᠢ᠂ ᠴᠠᠭᠠᠨ ᠴᠢᠷᠠᠢ᠎ᠲᠠᠢ ᠬᠦᠰᠡᠯᠳᠦ ᠢᠷᠡᠭ᠌ᠰᠡᠨ ᠬᠦᠮᠦᠰ᠎ᠲᠠᠢ ᠭᠤᠳᠤᠯᠢ ᠲᠠᠮᠠᠬᠢ ᠰᠤᠯᠢᠯᠴᠠᠬᠤ᠎ᠶ᠋ᠢᠨ᠎ᠢᠶᠠᠨ ᠵᠠᠪᠰᠠᠷ᠄ 《ᠮᠠᠨᠠᠢᠬᠢᠨ 500 ᠭᠠᠷᠤᠢ ᠮᠦ᠍ ᠪᠡᠯᠴᠢᠬᠡᠷ᠎ᠲᠠᠢ᠂ 100 ᠭᠠᠷᠤᠢ ᠢᠮᠠᠭ᠎ᠠ᠎ᠲᠠᠢ᠂ ᠡᠨᠡ ᠵᠢᠯ ᠵᠢᠷᠠᠭᠠᠳ ᠲᠦᠯ ᠲᠤᠰᠤᠯ᠎ᠠ᠂ ᠬᠦᠮᠦᠨ᠎ᠠᠴᠠ ᠲᠡᠬᠡᠬᠦᠷ ᠠᠮᠢᠳᠤᠷᠠᠵᠤ ᠲᠡᠢᠯᠬᠦ᠌ ᠦᠬᠡᠢ ᠴᠤ᠌ ᠬᠡᠰᠡᠨ ᠪᠤᠰᠤᠳ᠎ᠤᠨ ᠲᠤᠭᠤᠰᠤᠨ᠎ᠳᠤ ᠪᠤᠯᠠᠬ᠍ᠳᠠᠯ ᠦᠬᠡᠢ ᠰᠠᠢᠬᠠᠨ ᠠᠮᠢᠳᠤᠷᠠᠵᠤ ᠪᠠᠢᠨ᠎ᠠ ᠳ᠋ᠠ》 ᠬᠡᠵᠦ᠍ ᠪᠠᠶᠠᠷᠳᠠᠢᠬᠠᠨ ᠬᠡᠯᠡᠨ᠎ᠡ᠃ ᠬᠦᠰᠡᠯᠳᠦ ᠵᠡᠬᠦᠨ ᠬᠦᠯ᠎ᠢᠶᠠᠨ ᠴᠢᠷᠴᠦ᠍ ᠠᠯᠬᠤᠬᠤ᠎ᠠᠴᠠ ᠪᠤᠰᠤᠳ ᠳᠠᠯ᠎ᠠ᠎ᠪᠠᠷ᠎ᠢᠶᠠᠨ ᠡᠷᠡᠬᠦᠯ ᠬᠦᠮᠦᠨ᠎ᠲᠠᠢ ᠦᠭᠡᠷ᠎ᠡ ᠦᠭᠡᠢ᠂ ᠠᠮᠢᠳᠤᠷᠠᠯ ᠤᠨᠳᠤᠷᠤᠯᠭ᠎ᠠ᠎ᠨᠢ ᠴᠤ᠌ ᠡᠳᠦᠷ᠎ᠠᠴᠠ ᠡᠳᠦᠷ ᠲᠡᠭ᠌ᠵᠢᠷᠡᠵᠦ᠍ ᠪᠠᠢᠨ᠎ᠠ᠃ ᠬᠡᠪᠡᠴᠦ᠍ ᠬᠡᠳᠦᠨ ᠵᠢᠯ᠎ᠤᠨ ᠡᠮᠦᠨ᠎ᠡ ᠬᠦᠰᠡᠯᠳᠦ ᠡᠪᠡᠳᠴᠢᠳᠡᠨ᠎ᠤ ᠤᠷᠤ ᠲᠡᠭᠡᠷ᠎ᠡ ᠪᠠᠢᠬᠤ᠎ᠳᠠᠭᠠᠨ ᠢᠩᠬᠢᠵᠦ᠍ ᠬᠦᠮᠦᠨ᠎ᠤ ᠲᠡᠢᠳᠡᠢ ᠠᠮᠢᠳᠤᠷᠠᠨ᠎ᠠ ᠬᠡᠵᠦ᠍ ᠪᠤᠳᠤᠵᠤ ᠪᠠᠢᠭ᠎ᠠ ᠦᠬᠡᠢ᠃

2013 ᠤᠨ᠎ᠤ 7 ᠰᠠᠷ᠎ᠠ᠎ᠶ᠋ᠢᠨ 8 ᠎ᠤ ᠦᠷᠯᠦᠬᠡ᠂ ᠴᠡᠭᠡ ᠪᠤᠭᠤᠮᠳᠠ᠎ᠳᠤ ᠮᠤᠲ᠋ᠤᠷ ᠤᠨᠤᠵᠤ ᠪᠠᠢᠭᠤᠯᠭ᠎ᠠ ᠲᠡᠢᠰᠢ᠎ᠪᠠᠨ ᠶᠠᠪᠤᠵᠤ ᠪᠠᠢᠭ᠍ᠰᠠᠨ ᠭᠤᠴᠢᠨ ᠬᠤᠶᠠᠷᠳᠠᠢ ᠬᠦᠰᠡᠯᠳᠦ ᠬᠡᠨᠡᠳᠳᠡ ᠠᠷᠣ᠎ᠠᠴᠠ᠎ᠪᠠᠨ ᠮᠠᠱᠢᠨ ᠲᠡᠷᠬᠡᠨ᠎ᠳᠤ ᠮᠦᠷᠬᠦᠭ᠌ᠳᠡᠪᠡ᠃ ᠬᠦᠰᠡᠯᠳᠦ ᠲᠡᠷᠬᠡᠨ᠎ᠤ ᠴᠡᠩᠬᠡᠷ ᠫᠠᠢᠰᠠ᠎ᠶ᠋ᠢ᠎ᠨᠢ ᠪᠦᠦᠷ ᠲᠦᠦᠷᠬᠡᠨ ᠤᠯᠵᠤ ᠬᠠᠷᠠᠭᠠᠳ ᠪᠠᠷᠢᠨ ᠤᠬᠠᠭ᠎ᠠ ᠠᠯᠳᠠᠴᠢᠬᠠᠪᠠ᠃ ᠬᠦᠰᠡᠯᠳᠦ᠎ᠶ᠋ᠢᠨ ᠡᠵᠢ ᠮᠦᠩᠬᠦᠨ ᠡᠪᠡᠳᠴᠢᠳᠡᠨ᠎ᠤ ᠤᠷᠤ ᠲᠡᠭᠡᠷ᠎ᠡ ᠤᠬᠠᠭ᠎ᠠ ᠦᠬᠡᠢ ᠬᠡᠪᠳᠡᠭ᠌ᠰᠡᠨ ᠬᠦᠦ᠎ᠪᠠᠨ ᠬᠠᠷᠠᠭᠠᠳ ᠰᠡᠳᠭᠢᠯ ᠵᠤᠪᠠᠵᠤ᠂ ᠡᠳᠦᠷ ᠪᠤᠯᠭᠠᠨ ᠬᠦᠦ᠎ᠶ᠋ᠢᠨ᠎ᠢᠶᠠᠨ ᠲᠡᠷᠬᠡᠳᠡ ᠪᠠᠷ᠎ᠠ ᠪᠤᠯᠵᠤ᠂ ᠬᠤᠭᠤᠯᠠ ᠢᠳᠡᠬᠦᠯᠵᠦ᠍᠂ ᠡᠷᠬᠢᠬᠦᠯᠵᠦ᠍ ᠬᠦᠷᠪᠡᠬᠦᠯᠵᠦ᠍᠂ ᠨᠤᠬᠤᠯᠵᠤ᠂ ᠪᠡᠶ᠎ᠡ᠎ᠶ᠋ᠢ᠎ᠨᠢ ᠵᠦᠯᠬᠦᠵᠦ᠍᠂ ᠬᠠᠭᠤᠷᠠᠢᠯᠠᠨ᠎ᠠ᠃ ᠮᠦᠩᠬᠦᠨ ᠬᠦᠰᠡᠯᠳᠦ᠎ᠶ᠋ᠢ ᠰᠡᠷᠬᠦᠬᠡᠬᠦ᠌᠎ᠶ᠋ᠢᠨ ᠲᠦᠯᠦᠭᠡ᠂ ᠲᠡᠬᠦᠨ᠎ᠢ ᠡᠬᠦᠷᠦᠬᠡᠳ ᠭᠠᠵᠠᠷ ᠪᠤᠯᠭᠠᠨ᠎ᠳᠤ ᠬᠦᠷᠴᠦ᠍ ᠡᠮᠨᠡᠬᠦᠯᠵᠦ᠍᠂ ᠡᠵᠡᠨ᠎ᠡ ᠬᠤᠱᠢᠭᠤᠨ᠎ᠳᠠᠬᠢ 513 ᠴᠡᠷᠢᠭ ᠠᠩᠬᠢ᠎ᠶ᠋ᠢᠨ ᠡᠮᠨᠡᠯᠬᠡ᠎ᠶ᠋ᠢᠨ ᠬᠤᠷᠢᠶ᠎ᠠ᠂ ᠭᠠᠨᠰᠤ᠎ᠶ᠋ᠢᠨ ᠵᠢᠦᠴᠢᠤᠸᠠᠨ ᠬᠤᠳᠠ᠎ᠶ᠋ᠢᠨ ᠡᠮᠨᠡᠯᠬᠡ᠎ᠶ᠋ᠢᠨ ᠬᠤᠷᠢᠶ᠎ᠠ᠂ ᠦᠪᠦᠷ ᠮᠤᠩᠭᠤᠯ᠎ᠤᠨ ᠤᠯᠠᠨ ᠤᠯᠤᠰ᠎ᠤᠨ ᠮᠤᠩᠭᠤᠯ ᠡᠮᠨᠡᠯᠬᠡ᠎ᠶ᠋ᠢᠨ ᠬᠤᠷᠢᠶ᠎ᠠ ᠵᠡᠷᠬᠡ ᠭᠠᠵᠠᠷ᠎ᠢᠶᠠᠷ ᠲᠤᠭᠤᠷᠢᠨ ᠡᠮᠴᠢᠯᠡᠬᠦᠯᠦᠯ᠎ᠡ᠃ ᠡᠮᠨᠡᠬᠦᠯᠵᠦ᠍ ᠬᠦᠳᠡᠯᠬᠡᠬᠡᠨ ᠬᠢᠯᠬᠡᠬᠦ᠌᠎ᠠᠴᠠ ᠭᠠᠳᠠᠨ᠎ᠠ ᠮᠦᠩᠬᠦᠨ ᠪᠠᠰᠠ ᠬᠦᠦ᠎ᠲᠠᠢ᠎ᠪᠠᠨ ᠦᠬᠡ ᠶᠠᠷᠢᠵᠤ᠂ ᠵᠤᠭᠤᠬ᠍ᠳᠠᠵᠤ᠂ ᠦᠯᠢᠬᠡᠷ ᠶᠠᠷᠢᠵᠤ ᠦᠭ᠌ᠬᠦᠨ᠎ᠡ᠃ ᠡᠵᠢ᠎ᠶ᠋ᠢᠨ ᠬᠢᠨᠢ ᠱᠢᠨᠳᠠᠷᠠᠰᠢ ᠦᠬᠡᠢ ᠪᠠᠷᠢᠮᠳᠠᠯᠠᠯ᠎ᠢᠶᠠᠷ᠂ 2015 ᠤᠨ᠎ᠤ 8 ᠰᠠᠷ᠎ᠠ᠎ᠶ᠋ᠢᠨ 10 ᠎ᠤ ᠡᠳᠦᠷ ᠬᠦᠰᠡᠯᠳᠦ ᠭᠡᠨᠡᠳᠳᠡ ᠰᠡᠷᠬᠦᠴᠢᠬᠡᠪᠡ᠃ ᠡᠬᠡ ᠬᠦᠦ ᠬᠤᠶᠠᠭᠤᠯᠠ ᠲᠦᠢᠯ᠎ᠢᠶᠠᠷ ᠪᠠᠶᠠᠷᠯᠠᠵᠤ᠂ ᠴᠢᠩᠭᠠᠬᠠᠨ ᠲᠡᠪᠡᠷᠢᠯᠴᠡᠯ᠎ᠠ᠃ ᠡᠬᠦᠨ᠎ᠠᠴᠠ ᠲᠠᠷᠠᠭ᠎ᠠ᠂ ᠬᠦᠰᠡᠯᠳᠦ ᠡᠳᠦᠷ ᠪᠤᠯᠭᠠᠨ ᠡᠷᠡᠬᠦᠯᠵᠢᠯ᠎ᠤᠨ ᠪᠤᠯᠪᠠᠰᠤᠷᠠᠯ ᠬᠢᠯ᠎ᠠ᠃ ᠬᠦᠰᠡᠯᠳᠦ ᠠᠩᠬ᠎ᠠ ᠡᠬᠢᠨ᠎ᠳᠡᠭᠡᠨ ᠬᠦᠯ ᠲᠡᠭᠡᠷ᠎ᠡ᠎ᠪᠠᠨ ᠲᠤᠬ᠍ᠳᠠᠵᠤ ᠴᠢᠳᠠᠬᠤ ᠦᠬᠡᠢ ᠪᠠᠢᠬ᠍ᠰᠠᠨ᠎ᠢᠶᠠᠨ ᠠᠭᠠᠵᠢᠮ᠎ᠢᠶᠠᠷ ᠴᠢᠬᠢᠷᠠᠬ᠍ᠵᠢᠵᠤ᠂ ᠵᠡᠬᠦᠨ ᠬᠦᠯ᠎ᠢᠶᠠᠨ ᠵᠢᠭᠠᠬᠠᠨ ᠴᠢᠷᠬᠦ᠌᠎ᠠᠴᠠ ᠭᠠᠳᠠᠨ᠎ᠠ ᠡᠷᠡᠬᠦᠯ ᠬᠦᠮᠦᠨ᠎ᠲᠠᠢ ᠠᠳᠠᠯᠢᠬᠠᠨ ᠠᠯᠬᠤᠵᠤ ᠬᠢᠰᠭᠢᠵᠦ᠍ ᠴᠢᠳᠠᠬᠤ ᠪᠤᠯᠪᠠ᠃ ᠨᠢᠬᠡᠨ ᠡᠳᠦᠷ ᠰᠠᠳᠤᠨ ᠲᠦᠷᠦᠯ᠎ᠨᠢ ᠲᠡᠬᠦᠨ᠎ᠠᠴᠠ᠄ 《ᠴᠢ ᠤᠳᠤ ᠠᠯᠬᠤᠵᠤ ᠬᠢᠰᠭᠢᠵᠦ᠍ ᠴᠢᠳᠠᠬᠤ ᠪᠤᠯᠤᠯ᠎ᠠ᠂ ᠬᠤᠱᠢᠭᠤᠨ ᠲᠡᠭᠡᠷ᠎ᠡ ᠪᠠᠢᠭᠤᠯᠭ᠎ᠠ᠎ᠶ᠋ᠢᠨ ᠮᠠᠨᠠᠭᠠᠴᠢ᠎ᠶ᠋ᠢᠨ ᠠᠵᠢᠯ ᠬᠢᠬᠦ᠌ ᠦᠦ? ᠶᠠᠭᠠᠬᠢᠬᠤ ᠦᠦ?》 ᠬᠡᠵᠦ᠍ ᠠᠰᠠᠭᠤᠬ᠍ᠰᠠᠨ᠎ᠳᠤ᠂ ᠬᠦᠰᠡᠯᠳᠦ᠄ 《ᠪᠢ ᠲᠦᠷᠦᠭ᠌ᠰᠡᠨ ᠨᠤᠳᠤᠬ᠎ᠲᠠᠭᠠᠨ ᠤᠴᠢᠵᠤ᠂ ᠭᠡᠷ᠎ᠢᠶᠠᠨ ᠪᠠᠷᠢᠵᠤ᠂ ᠬᠡᠳᠦᠨ ᠢᠱᠢᠬᠡ ᠱᠢᠳᠦᠯᠡᠩ᠎ᠢᠶᠠᠨ ᠬᠠᠷᠢᠭᠤᠯᠵᠤ ᠠᠮᠢᠳᠤᠷᠠᠶ᠎ᠠ》 ᠬᠡᠵᠡᠢ᠃

ᠬᠦᠰᠡᠯᠳᠦ᠎ᠶ᠋ᠢ ᠲᠡᠷᠬᠡᠨ ᠠᠳᠡᠯ ᠭᠠᠷᠬᠤ᠎ᠠᠴᠠ ᠡᠮᠦᠨ᠎ᠡ᠂ ᠡᠳᠡᠨᠡᠢᠬᠢᠨ ᠲᠤᠮᠳᠠ᠎ᠶ᠋ᠢᠨ ᠠᠮᠢᠳᠤᠷᠠᠯ᠎ᠲᠠᠢ ᠠᠢᠯ ᠪᠠᠢᠵᠠᠢ᠃ ᠬᠡᠳᠡᠯ᠎ᠡ ᠬᠦᠰᠡᠯᠳᠦ᠎ᠶ᠋ᠢ ᠡᠮᠨᠡᠬᠦᠯᠬᠦ᠌᠎ᠳᠤ᠂ 30 ᠭᠠᠷᠤᠢ ᠲᠦᠮᠡᠨ ᠲᠦᠬᠦᠷᠢᠭ ᠵᠠᠷᠤᠴᠠᠭᠤᠯᠵᠤ᠂ ᠮᠠᠯ ᠣᠨᠤᠭ᠎ᠠ᠎ᠪᠠᠨ ᠪᠦᠬᠦᠨ᠎ᠢ ᠬᠤᠳᠠᠯᠳᠤᠬ᠍ᠰᠠᠨ ᠪᠦᠬᠡᠳ ᠲᠠᠯᠠᠢᠬᠦ᠋ᠪ ᠪᠠᠯᠭᠠᠰᠤᠨ᠎ᠳᠠᠬᠢ ᠮᠠᠯᠴᠢᠳ᠎ᠤᠨ ᠱᠢᠨ᠎ᠠ ᠲᠤᠭᠤᠷᠢᠬ᠎ᠤᠨ ᠪᠠᠢᠱᠢᠩ᠎ᠢᠶᠠᠨ ᠴᠦ᠍ ᠬᠤᠳᠠᠯᠳᠤᠵᠠᠢ᠃ ᠬᠦᠰᠡᠯᠳᠦ ᠲᠡᠷᠡ ᠪᠠᠢᠳᠤᠭᠠᠢ ᠬᠦᠳᠡᠭᠡ ᠬᠡᠷ᠎ᠲᠡᠭᠡᠨ ᠪᠠᠢᠱᠢᠩ ᠬᠡᠷ ᠴᠤ᠌ ᠦᠬᠡᠢ ᠪᠤᠯᠤᠭ᠍ᠰᠠᠨ ᠦᠶ᠎ᠡ᠎ᠳᠤ ᠨᠠᠮ ᠵᠠᠰᠠᠬ᠂ ᠰᠠᠳᠤᠨ ᠲᠦᠷᠦᠯ᠂ ᠨᠠᠢᠵᠠ ᠨᠦᠬᠦᠳ᠎ᠨᠢ ᠬᠦᠰᠡᠯᠳᠦ᠎ᠶ᠋ᠢᠨ ᠪᠠᠳᠤ ᠲᠦᠱᠢᠭ ᠪᠤᠯᠪᠠ᠃ ᠰᠤᠪᠨᠠᠭᠤᠷ ᠰᠤᠮᠤ ᠪᠤᠯᠤᠨ ᠢᠪᠡᠦᠳᠦ ᠭᠠᠴᠠᠭᠠᠨ᠎ᠠᠴᠠ ᠬᠦᠰᠡᠯᠳᠤ᠎ᠶ᠋ᠢ ᠲᠠᠷᠦ᠋ᠢᠬᠠᠨ ᠲᠠᠩᠰᠠᠯᠠᠵᠤ ᠺᠠᠷᠲᠯᠠᠬ᠍ᠰᠠᠨ ᠶᠠᠳᠠᠭᠤ ᠬᠦᠴᠢᠷᠳᠡᠯᠳᠡᠢ ᠡᠷᠦᠬᠡ᠎ᠳᠤ ᠤᠷᠤᠭᠤᠯᠪᠠ᠃ 2016 ᠤᠨ᠎ᠤ ᠡᠬᠢ᠎ᠪᠠᠷ᠂ ᠡᠵᠡᠨ᠎ᠡ ᠬᠤᠱᠢᠭᠤᠨ᠎ᠤ ᠲᠤᠳᠤᠭᠠᠳᠤ᠎ᠶ᠋ᠢ ᠬᠠᠮᠠᠭᠠᠯᠠᠬᠤ ᠲᠤᠪᠴᠢᠶ᠎ᠠ ᠬᠦᠰᠡᠯᠳᠦ᠎ᠶ᠋ᠢ ᠬᠠᠪᠰᠤᠷᠤᠨ ᠲᠡᠳᠬᠦᠬᠦ᠌᠎ᠪᠠᠷ ᠪᠤᠯᠪᠠ᠃ ᠡᠵᠡᠨ᠎ᠡ ᠬᠤᠱᠢᠭᠤᠨ᠎ᠤ ᠲᠤᠳᠤᠭᠠᠳᠤ᠎ᠶ᠋ᠢ ᠬᠠᠮᠠᠭᠠᠯᠠᠬᠤ ᠲᠤᠪᠴᠢᠶ᠎ᠠ ᠬᠦᠰᠡᠯᠳᠦ᠎ᠶ᠋ᠢᠨ ᠮᠠᠯ ᠬᠠᠷᠢᠭᠤᠯᠵᠤ ᠠᠮᠢᠳᠤᠷᠠᠬᠤ ᠪᠤᠳᠤᠯ᠎ᠲᠠᠢ ᠪᠠᠢᠬᠤ᠎ᠶ᠋ᠢ ᠤᠢ᠍ᠢᠯᠠᠭᠠᠵᠤ ᠮᠡᠳᠡᠬᠡᠳ 36 ᠢᠮᠠᠭ᠎ᠠ᠂ 40 ᠲᠠᠬᠢᠶ᠎ᠠ ᠪᠤᠯᠤᠨ ᠲᠡᠵᠢᠬᠡᠯ ᠪᠤᠷᠳᠤᠭ᠎ᠠ ᠠᠪᠴᠢᠷᠠᠨ ᠦᠭ᠌ᠴᠡᠢ᠃ ᠰᠠᠳᠤᠨ ᠲᠦᠷᠦᠯ᠎ᠨᠢ ᠴᠤ᠌ ᠬᠠᠯᠠᠭᠤᠨ ᠭᠠᠷ᠎ᠢᠶᠠᠨ ᠰᠤᠩᠭᠠᠵᠤ᠂ 20 ᠭᠠᠷᠤᠢ ᠢᠮᠠᠭ᠎ᠠ ᠦᠭ᠌ᠬᠦᠬᠡᠳ ᠨᠡᠢᠳᠡ 60 ᠭᠠᠷᠤᠢ ᠬᠤᠨᠢ ᠢᠮᠠᠭ᠎ᠠ᠎ᠲᠠᠢ ᠪᠤᠯᠤᠯ᠎ᠠ᠃ ᠡᠬᠦᠪᠡᠷ ᠪᠠᠷᠠᠬᠤ ᠦᠬᠡᠢ᠂ ᠨᠤᠷᠠᠬᠤ ᠠᠶᠤᠯᠳᠠᠢ ᠬᠡᠷ ᠪᠠᠢᠱᠢᠩ᠎ᠢ ᠵᠠᠰᠠᠨ ᠱᠢᠨᠡᠳᠭᠡᠬᠦ᠌ ᠠᠵᠢᠯ᠎ᠤᠨ ᠦᠶ᠎ᠠ᠎ᠪᠠᠷ᠂ ᠬᠦᠰᠡᠯᠳᠦ᠎ᠳᠤ 3 ᠲᠠᠰᠤᠯᠭ᠎ᠠ ᠲᠡᠩᠬᠡᠢᠭ᠌ᠰᠡᠨ ᠰᠠᠢᠬᠠᠨ ᠲᠤᠭᠤᠰᠭᠠᠨ ᠪᠠᠢᠱᠢᠩ ᠪᠠᠷᠢᠵᠤ ᠦᠭ᠌ᠪᠡ᠃

ᠨᠠᠮ ᠵᠠᠰᠠᠬ᠎ᠤᠨ ᠲᠡᠮᠵᠢᠯᠬᠡ᠂ ᠰᠠᠳᠤᠨ ᠲᠦᠷᠦᠯ ᠨᠠᠢᠵᠠ ᠨᠦᠬᠦᠳ᠎ᠤᠨ᠎ᠢᠶᠠᠨ ᠬᠠᠪᠰᠤᠷᠤᠯᠭ᠎ᠠ᠎ᠳᠤ ᠬᠦᠰᠡᠯᠳᠦ ᠦᠪᠡᠰᠦᠪᠡᠨ ᠰᠠᠢᠨ ᠴᠢᠷᠮᠠᠢᠵᠤ ᠠᠮᠢᠳᠤᠷᠠᠯ᠎ᠢᠶᠠᠨ ᠦᠬᠡᠳᠡᠯᠡᠬᠦᠯᠬᠦ᠌᠎ᠪᠠᠷ ᠵᠤᠷᠢᠬ ᠱᠢᠭᠤᠳᠤᠯ᠎ᠠ᠃ ᠬᠦᠰᠡᠯᠳᠦ ᠡᠷᠳᠡᠯᠡᠵᠦ᠍ ᠤᠷᠦ᠋ᠢᠯᠠᠨ ᠢᠮᠠᠭ᠎ᠠ ᠬᠤᠨᠢ᠎ᠪᠠᠨ ᠡᠪᠡᠰᠦᠯᠡᠵᠦ᠍ ᠤᠰᠤᠯᠠᠨ᠂ ᠲᠦᠯ᠎ᠢᠶᠠᠨ ᠮᠡᠨᠳᠦᠬᠡᠨ ᠲᠤᠰᠭᠤ᠎ᠶ᠋ᠢᠨ ᠲᠦᠯᠦᠬᠡ᠂ ᠡᠪᠦᠯ᠎ᠤᠨ ᠬᠦᠢᠳᠡᠨ ᠰᠦᠨᠢ ᠨᠦᠢᠷ᠎ᠢᠶᠠᠨ ᠬᠤᠭᠤᠰᠯᠠᠵᠤ ᠲᠦᠯ ᠲᠤᠰᠤᠯ᠎ᠠ᠃ ᠬᠦᠰᠡᠯᠳᠦ᠎ᠶ᠋ᠢᠨ ᠴᠢᠷᠮᠠᠢᠯᠭ᠎ᠠ᠎ᠪᠠᠷ᠂ ᠲᠡᠬᠦᠨ᠎ᠤ ᠠᠮᠢᠳᠤᠷᠠᠯ ᠡᠳᠦᠷ᠎ᠠᠴᠠ ᠡᠳᠦᠷ ᠦᠬᠡᠳᠡᠯᠡᠵᠦ᠍᠂ ᠮᠠᠯ᠎ᠤᠨ ᠲᠤᠯᠠᠭᠠᠨ ᠫᠧᠩ ᠰᠠᠷᠠᠪᠴᠢ ᠪᠠᠷᠢᠯ᠎ᠠ᠃ ᠰᠤᠪᠨᠠᠭᠤᠷ ᠰᠤᠮᠤᠨ᠎ᠠᠴᠠ 2019 ᠤᠨ᠎ᠳᠤ ᠬᠦᠰᠡᠯᠳᠦ᠎ᠶ᠋ᠢ ᠨᠡᠢᠳᠡᠴᠢᠯᠡᠯ ᠠᠮᠢ ᠠᠬᠤᠢ᠎ᠶ᠋ᠢᠨ ᠲᠡᠵᠢᠬᠡᠵᠦ᠍ ᠠᠷᠠᠴᠢᠯᠠᠬᠤ ᠬᠤᠷᠱᠢᠶ᠎ᠠ᠎ᠳᠤ ᠤᠷᠤᠭᠤᠯᠵᠤ᠂ ᠵᠢᠯ ᠪᠤᠯᠭᠠᠨ 2000 ᠭᠠᠷᠤᠢ ᠲᠦᠬᠦᠷᠢᠭ᠎ᠤᠨ ᠤᠷᠤᠯᠭ᠎ᠠ ᠬᠤᠪᠢᠶᠠᠷᠢᠯᠠᠵᠤ ᠤᠯᠬᠤ ᠪᠤᠯᠪᠠ᠃ ᠬᠦᠰᠡᠯᠳᠦ ᠡᠵᠡᠨ᠎ᠡ ᠬᠤᠱᠢᠭᠤᠨ᠎ᠤ ᠶᠠᠳᠠᠭᠤ᠎ᠶ᠋ᠢ ᠲᠡᠳᠬᠦᠬᠦ᠌ ᠠᠯᠪᠠᠨ ᠬᠡᠷ᠎ᠤᠨ ᠬᠦᠷᠬᠡᠭ᠌ᠰᠡᠨ 50 ᠭᠠᠷᠤᠢ ᠵᠢᠭ᠌ᠳᠡ᠎ᠶ᠋ᠢᠨ ᠴᠢᠬᠢ ᠮᠤᠳᠤ᠎ᠪᠠᠨ ᠪᠠᠰᠠ ᠵᠢᠭ᠌ᠳᠡᠷᠡᠬᠦᠯᠦᠨ ᠲᠠᠷᠢᠵᠤ᠂ ᠮᠠᠯ᠎ᠤᠨ ᠲᠡᠵᠢᠬᠡᠯ ᠪᠤᠷᠳᠤᠭ᠎ᠠ ᠪᠤᠯᠭᠠᠬᠤ᠎ᠪᠠᠷ ᠪᠡᠯᠡᠳᠭᠡᠯ᠎ᠡ᠃ ᠤᠳᠤ ᠬᠦᠰᠡᠯᠳᠦ ᠬᠡᠳᠦ᠋ᠢᠨ ᠪᠠᠶᠠᠵᠢᠯ᠎ᠤᠨ ᠵᠠᠮ᠎ᠳᠠᠭᠠᠨ ᠤᠷᠤᠵᠤ᠂ ᠰᠡᠳᠭᠢᠯ ᠲᠡᠨᠢᠬᠦᠬᠡᠨ ᠨᠢᠷᠤᠭᠤ ᠬᠡᠳᠡᠬᠡᠷ ᠶᠠᠪᠤᠨ᠎ᠠ᠃

《ᠨᠠᠮ᠎ᠤᠨ ᠠᠷᠪᠠ ᠶᠢᠰᠦᠳᠦᠭᠡᠷ ᠬᠤᠭᠤᠴᠠᠭᠠᠨ᠎ᠤ ᠲᠦᠪ ᠬᠤᠷᠢᠶᠠᠨ᠎ᠤ ᠲᠠᠪᠤᠳᠤᠭᠠᠷ ᠪᠦᠬᠦᠳᠡ ᠬᠤᠷᠠᠯ᠎ᠠᠴᠠ᠂ ᠬᠦᠳᠡᠭᠡ ᠲᠤᠰᠭᠤᠨ᠎ᠢ ᠬᠦᠭ᠌ᠵᠢᠬᠦᠯᠦᠨ ᠮᠠᠨᠳᠤᠭᠤᠯᠬᠤ ᠪᠠᠢᠯᠳᠤᠬᠤ ᠪᠤᠳᠤᠯᠭ᠎ᠠ᠎ᠶ᠋ᠢ ᠪᠦᠬᠦ᠌ ᠲᠠᠯ᠎ᠠ᠎ᠪᠠᠷ ᠬᠡᠷᠡᠭ᠌ᠵᠢᠬᠦᠯᠵᠦ᠍᠂ ᠠᠵᠤ ᠦᠢᠯᠡᠳᠪᠦᠷᠢ᠎ᠪᠠᠷ ᠲᠠᠷᠢᠶᠠᠯᠠᠩ᠎ᠢ ᠨᠦᠬᠦᠪᠦᠷᠢᠯᠡᠨ᠂ ᠬᠤᠳᠠ᠎ᠪᠠᠷ ᠬᠦᠳᠡᠭᠡ᠎ᠶ᠋ᠢ ᠲᠠᠭᠠᠭᠤᠯᠤᠨ᠂ ᠬᠦᠳᠡᠭᠡ ᠲᠤᠰᠭᠤᠨ᠎ᠤ ᠤᠳᠤᠬᠢᠴᠢᠯᠠᠯᠳᠠ᠎ᠶ᠋ᠢᠨ ᠠᠬᠢᠴᠠ᠎ᠶ᠋ᠢ ᠲᠦᠷᠬᠡᠳᠭᠡᠨ᠎ᠡ ᠬᠡᠵᠦ᠍ ᠲᠤᠳᠤᠷᠬᠠᠢ ᠲᠤᠷᠠᠳᠤᠬ᠍ᠰᠠᠨ᠎ᠨᠢ᠂ ᠮᠠᠨ᠎ᠤ ᠦᠨᠳᠦᠰᠦᠨ ᠱᠠᠳᠤᠨ᠎ᠤ ᠠᠵᠢᠯᠳᠠᠳ᠎ᠤᠨ ᠠᠵᠢᠯ᠎ᠤᠨ ᠡᠷᠴᠢ ᠵᠤᠷᠢᠬ᠎ᠢ ᠬᠦᠪᠴᠢᠯᠡᠯ᠎ᠡ᠃ ᠶᠠᠳᠠᠭᠤ᠎ᠠᠴᠠ ᠠᠩᠬᠢᠵᠢᠷᠠᠭᠤᠯᠬᠤ ᠪᠤᠭᠤᠮᠳᠠ ᠱᠢᠪᠳᠤᠯᠬᠤ ᠠᠵᠢᠯ᠎ᠤᠨ ᠲᠠᠯ᠎ᠠ᠎ᠪᠠᠷ ᠮᠠᠨ᠎ᠤ ᠰᠤᠮᠤᠨ᠎ᠤ 84 ᠡᠷᠦᠬᠡ᠎ᠶ᠋ᠢᠨ 197 ᠬᠦᠮᠦᠨ ᠴᠦᠮ ᠶᠠᠳᠠᠭᠤ᠎ᠠᠴᠠ᠎ᠪᠠᠨ ᠠᠩᠬᠢᠵᠢᠷᠠᠵᠠᠢ᠃ ᠲᠠᠷᠠᠭᠠᠴᠢ᠎ᠪᠠᠷ᠂ ᠪᠢᠳᠡ ᠠᠮᠳᠠᠳᠤ ᠬᠡᠮᠬᠡ᠂ ᠴᠠᠷᠭᠠᠰᠤ ᠪᠤᠯᠤᠨ ᠤᠨᠴᠠᠯᠢᠬ᠍ᠳᠤ ᠮᠠᠯ ᠠᠵᠤ ᠠᠬᠤᠢ ᠲᠠᠷᠢᠮᠠᠯ᠎ᠤᠨ ᠠᠵᠤ ᠦᠢᠯᠡᠰ᠎ᠢ ᠲᠡᠯᠬᠡᠷᠡᠬᠦᠯᠦᠨ ᠬᠦᠭ᠌ᠵᠢᠬᠦᠯᠵᠦ᠍᠂ ᠶᠠᠳᠠᠭᠤ᠎ᠠᠴᠠ ᠠᠩᠬᠢᠵᠢᠷᠠᠭᠤᠯᠵᠤ ᠪᠤᠭᠤᠮᠳᠠ ᠱᠢᠪᠳᠤᠯᠬᠤ ᠲᠠᠢᠯᠠᠯᠳᠤᠭᠠᠨ᠎ᠤ ᠢᠯᠠᠯᠳᠠ᠎ᠶ᠋ᠢᠨ ᠰᠠᠭᠤᠷᠢ᠎ᠪᠠᠨ ᠪᠠᠬᠢᠵᠢᠬᠦᠯᠦᠨ᠎ᠡ》 ᠬᠡᠵᠦ᠍ ᠰᠤᠪᠨᠠᠭᠤᠷ ᠰᠤᠮᠤᠨ᠎ᠤ ᠬᠠᠷᠢᠭᠤᠴᠠᠯᠭᠠᠳᠠᠨ ᠬᠡᠯᠡᠨ᠎ᠡ᠃

ᠣᠷᠴᠢᠭᠤᠯᠤᠭ᠍ᠴᠢ᠄
ᠨᠠᠢᠷᠠᠭᠤᠯᠤᠭ᠍ᠴᠢ᠄ ᠪᠣᠣ ᠮᠧᠢ ᠷᠥᠩ
ᠲᠤᠮᠳᠠᠳᠤ ᠤᠯᠤᠰ᠎ᠤᠨ ᠮᠤᠩᠭᠤᠯ ᠬᠡᠯᠡᠡ᠎ᠤ ᠰᠤᠨᠢᠠ ᠮᠠᠳᠡᠭᠡ᠎ᠶ᠋ᠢᠨ ᠰᠦᠯᠵᠢᠶ᠎ᠠ
ᠢᠷᠡᠯᠲᠡ᠄
ᠬᠤᠪᠢᠶᠠᠯᠴᠠᠬᠤ᠄

2008-2023 © ᠳᠤᠮᠳᠠᠳᠤ ᠤᠯᠤᠰ᠎ᠤᠨ ᠮᠤᠩᠭᠤᠯ ᠬᠡᠯᠡᠨ᠎ᠤ ᠰᠤᠨᠢᠨ ᠮᠡᠳᠡᠭᠡᠨ᠎ᠤ ᠰᠦᠯᠵᠢᠶ᠎ᠡ ᠦᠮᠴᠢᠯᠡᠯ᠎ᠤᠨ ᠡᠷᠬᠡ᠎ᠲᠠᠢ

ᠵᠤᠬᠢᠶᠠᠭᠴᠢ᠎ᠶᠢᠨ ᠡᠷᠬᠡ ᠬᠠᠤᠯᠢ᠎ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ᠎ᠪᠠᠷ ᠬᠠᠭᠤᠯᠪᠤᠷᠢᠯᠠᠬᠤ᠎ᠶᠢ ᠬᠠᠲᠠᠭᠤ ᠬᠤᠷᠢᠭᠯᠠᠨ᠎ᠠ

ᠬᠠᠷᠢᠯᠴᠠᠬᠤ ᠤᠲᠠᠰᠤ᠄0471-6635435

ᠢᠮᠧᠯ᠄tn@mgyxw.net   蒙ICP备10000005号