ᠡᠨᠡ ᠵᠢᠯ᠎ᠤᠨ ᠦᠪᠡᠷᠳᠡᠭᠡᠨ ᠵᠠᠰᠠᠬᠤ ᠤᠷᠤᠨ᠎ᠤ 《ᠬᠤᠶᠠᠷ ᠬᠤᠷᠠᠯ》 ᠳᠡᠬᠡᠷ᠎ᠠ ᠳᠡᠷᠢᠬᠦᠯᠡᠭ᠌ᠴᠢ ᠪᠦ᠋ ᠱᠢᠶᠤᠤ ᠯᠢᠨ᠎ᠤ ᠬᠢᠭ᠌ᠰᠡᠨ ᠵᠠᠰᠠᠭ᠎ᠤᠨ ᠤᠷᠳᠤᠨ᠎ᠤ ᠠᠵᠢᠯ᠎ᠤᠨ ᠢᠯᠡᠳᠭᠡᠯ᠎ᠳᠤ᠄ 《〈ᠠᠷᠪᠠᠨ ᠭᠤᠷᠪᠠᠳᠤᠭᠠᠷ ᠲᠠᠪᠤᠨ ᠵᠢᠯ〉 ᠤᠨ ᠲᠦᠯᠦᠪᠵᠢᠭᠦᠯᠭᠡ᠎ᠶ᠋ᠢᠨ ᠬᠤᠭᠤᠴᠠᠭᠠᠨ᠎ᠳᠤ᠂ ᠶᠠᠳᠠᠭᠤ ᠬᠦᠴᠢᠷᠳᠠᠯᠳᠠᠢ 80.2 ᠳᠦᠮᠡᠨ ᠬᠦᠮᠦᠨ ᠠᠮᠠ ᠶᠠᠳᠠᠭᠤ᠎ᠠᠴᠠ ᠠᠩᠬᠢᠵᠢᠷᠠᠵᠤ᠂ ᠶᠠᠳᠠᠭᠤ ᠬᠦᠴᠢᠷᠳᠠᠯᠳᠠᠢ 57 ᠬᠤᠱᠢᠭᠤ ᠱᠢᠶᠠᠨ ᠪᠤᠯᠤᠨ ᠶᠠᠳᠠᠭᠤ ᠬᠦᠴᠢᠷᠳᠠᠯᠳᠠᠢ 3681 ᠭᠠᠴᠠᠭ᠎ᠠ ᠳᠤᠰᠭᠤᠨ ᠪᠦᠬᠦᠨ᠎ᠢᠶᠠᠷ᠎ᠢᠶᠠᠨ ᠶᠠᠳᠠᠭᠤ᠎ᠶ᠋ᠢᠨ ᠵᠢᠭ᠍ᠰᠠᠭᠠᠯᠳᠠᠠᠴᠠ ᠭᠠᠷᠪᠠ》 ᠬᠡᠵᠤ ᠳᠤᠷᠠᠳᠤᠭ᠍ᠰᠠᠨ ᠪᠠᠢᠨ᠎ᠠ᠃ ᠡᠨᠡ ᠪᠤᠯ ᠬᠦᠮᠦᠨ᠎ᠤ ᠰᠡᠳᠭᠢᠯ᠎ᠢ ᠬᠦᠳᠡᠯᠬᠡᠮ᠎ᠠ ᠪᠠᠶᠠᠷᠳᠤ ᠤᠴᠢᠷ ᠪᠢᠯᠠ᠃
ᠠᠷᠠᠳ᠎ᠤᠨ ᠠᠮᠢᠳᠤᠷᠠᠯ᠎ᠳᠤ ᠪᠠᠭ᠎ᠠ ᠶᠠᠪᠤᠳᠠᠯ ᠬᠡᠵᠤ ᠠᠯᠠᠭ᠎ᠠ᠃ ᠶᠠᠳᠠᠭᠤ᠎ᠠᠴᠠ ᠠᠩᠬᠢᠵᠢᠷᠠᠭᠤᠯᠬᠤ ᠪᠤᠭᠤᠮᠳᠠ ᠱᠢᠪᠳᠤᠯᠬᠤ ᠳᠠᠢᠯᠠᠯᠳᠤᠭᠠᠨ ᠪᠤᠯ ᠠᠷᠠᠳ᠎ᠤᠨ ᠠᠮᠢᠳᠤᠷᠠᠯ᠎ᠲᠠᠢ ᠬᠤᠯᠪᠤᠭ᠍ᠳᠠᠬᠤ ᠳᠤᠮᠤ ᠶᠠᠪᠤᠳᠠᠯ ᠪᠤᠯᠠᠢ᠃ ᠤᠢ᠍ᠢᠷ᠎ᠠ᠎ᠶ᠋ᠢᠨ ᠬᠡᠳᠦᠨ ᠵᠢᠯ᠎ᠳᠤ᠂ ᠮᠠᠨ᠎ᠤ ᠤᠷᠤᠨ ᠠᠷᠠᠳ᠎ᠢ ᠪᠠᠶᠠᠵᠢᠭᠤᠯᠵᠤ ᠤᠷᠤᠨ᠎ᠢᠶᠠᠨ ᠬᠦᠴᠦᠷᠬᠡᠭ᠌ᠵᠢᠬᠦᠯᠬᠦ᠌ ᠡᠬᠦᠳᠡᠨ᠎ᠠᠴᠠ ᠠᠵᠤ ᠦᠢᠯᠡᠰ᠎ᠢᠶᠠᠷ ᠶᠠᠳᠠᠭᠤ᠎ᠶ᠋ᠢ ᠳᠡᠳᠬᠦᠬᠦ᠂ ᠮᠦᠩᠬᠦᠨ ᠬᠦᠢᠯᠬᠡᠬᠡ᠎ᠪᠠᠷ ᠶᠠᠳᠠᠭᠤ᠎ᠶ᠋ᠢ ᠳᠡᠳᠬᠦᠬᠦ᠂ ᠬᠡᠷᠡᠭ᠌ᠯᠡᠭᠡ᠎ᠪᠠᠷ ᠶᠠᠳᠠᠭᠤ᠎ᠶ᠋ᠢ ᠳᠡᠳᠬᠦᠬᠦ᠂ ᠴᠡᠭ ᠳᠤᠭ᠍ᠳᠠᠨ ᠶᠠᠳᠠᠭᠤ᠎ᠶ᠋ᠢ ᠳᠡᠳᠬᠦᠬᠦ᠂ ᠠᠵᠢᠯ ᠤᠯᠭᠤᠯᠳᠠ᠎ᠪᠠᠷ ᠶᠠᠳᠠᠭᠤ᠎ᠶ᠋ᠢ ᠳᠡᠳᠬᠦᠬᠦ᠌ ᠵᠡᠷᠬᠡ ᠠᠷᠭ᠎ᠠ ᠬᠡᠮᠵᠢᠶ᠎ᠠ ᠠᠪᠤᠭ᠍ᠰᠠᠨ ᠪᠦᠬᠡᠳ 《ᠳᠦᠮᠡᠨ ᠠᠵᠤ ᠠᠬᠤᠢ᠍ᠢᠯᠠᠯ ᠳᠦᠮᠡᠨ ᠭᠠᠴᠠᠭ᠎ᠠ ᠳᠤᠰᠭᠤᠨ᠎ᠢ ᠬᠠᠪᠰᠤᠷᠤᠨ ᠳᠡᠳᠬᠦᠬᠦ᠌》 ᠮᠡᠳᠤ᠎ᠶ᠋ᠢᠨ ᠠᠵᠢᠯᠯᠠᠭ᠎ᠠ ᠦᠷᠨᠢᠬᠦᠯᠵᠤ᠂ ᠶᠠᠳᠠᠭᠤ᠎ᠠᠴᠠ ᠠᠩᠬᠢᠵᠢᠷᠠᠭᠤᠯᠬᠤ ᠪᠤᠭᠤᠮᠳᠠ ᠱᠢᠪᠳᠤᠯᠬᠤ ᠳᠠᠢᠯᠠᠯᠳᠤᠭᠠᠨ᠎ᠤ ᠱᠢᠢᠳᠪᠦᠷᠢᠳᠤ ᠢᠯᠠᠯᠳᠠ ᠤᠯᠬᠤ᠎ᠳᠤ ᠬᠦᠴᠦᠨ ᠨᠡᠮᠡᠷᠢᠯᠠᠵᠠᠢ᠃ ᠡᠨᠡ ᠪᠤᠯ ᠪᠦᠬᠦ᠌ ᠤᠷᠤᠨ᠎ᠤ ᠺᠠᠳ᠋ᠷ ᠤᠯᠠᠨ ᠳᠦᠮᠡᠨ ᠰᠡᠳᠭᠢᠯ ᠨᠢᠬᠡᠳᠦᠨ ᠬᠦᠴᠦ᠎ᠪᠠᠨ ᠬᠠᠮᠳᠤᠳᠭᠠᠵᠤ᠂ ᠰᠠᠬᠢᠨ ᠪᠠᠷᠠᠯᠠᠵᠤ ᠬᠠᠷᠢᠯᠴᠠᠨ ᠬᠠᠪᠰᠤᠷᠤᠯᠴᠠᠨ᠂ ᠬᠠᠮᠳᠤ᠎ᠪᠠᠷ ᠪᠦᠯᠬᠦᠮᠳᠡᠨ ᠳᠡᠮᠡᠴᠡᠵᠤ᠂ ᠬᠠᠮᠳᠤ᠎ᠪᠠᠷ ᠤᠷᠤᠭ᠍ᠰᠢᠯᠠᠨ ᠳᠠᠪᠱᠢᠵᠤ᠂ ᠬᠠᠮᠳᠤ᠎ᠪᠠᠷ ᠡᠬᠦᠳᠦᠨ ᠪᠦᠳᠦᠬᠡᠭ᠌ᠰᠡᠨ ᠠᠤᠭ᠎ᠠ ᠠᠮᠵᠢᠯᠳᠠ ᠪᠤᠯᠤᠨ᠎ᠠ᠃
ᠱᠢᠨ᠎ᠡ ᠬᠦᠭ᠌ᠵᠢᠯᠳᠠ᠎ᠶ᠋ᠢᠨ ᠱᠠᠳᠤᠨ᠎ᠳᠠᠬᠢ ᠱᠢᠨ᠎ᠠ ᠠᠶᠠᠨ ᠡᠬᠢᠯᠡᠯ᠎ᠠ᠂ ᠡᠬᠦᠷᠬᠡ ᠬᠦᠨᠳᠤ ᠵᠠᠮ ᠬᠤᠯᠠ ᠪᠠᠢᠭ᠍ᠰᠠᠭᠠᠷ᠃ 《ᠠᠷᠪᠠᠨ ᠲᠦᠷᠪᠡᠳᠦᠬᠡᠷ ᠲᠠᠪᠤᠨ ᠵᠢᠯ》 ᠤᠨ ᠬᠤᠭᠤᠴᠠᠭᠠᠨ᠎ᠳᠤ 《ᠠᠷᠭ᠎ᠠ ᠪᠦᠬᠦᠨ᠎ᠢ ᠰᠦᠪᠡᠭ᠌ᠴᠢᠯᠡᠵᠦ᠍ ᠪᠠᠢᠭᠠᠳ ᠠᠵᠢᠯ ᠣᠯᠭᠤᠯᠲᠠ᠎ᠶ᠋ᠢ ᠲᠣᠭ᠍ᠲᠠᠪᠤᠷᠢᠵᠢᠭᠤᠯᠤᠨ ᠥᠷᠭᠡᠳᠭᠡᠨ᠎ᠡ》 《ᠣᠷᠣᠯᠭ᠎ᠠ ᠪᠠᠭᠠᠲᠠᠢ ᠬᠦᠮᠦᠰ᠎ᠤᠨ ᠣᠷᠣᠯᠭ᠎ᠠ᠎ᠶ᠋ᠢ ᠨᠡᠮᠡᠭ᠌ᠳᠡᠬᠦᠯᠤᠨ᠎ᠠ》 《ᠡᠷᠡᠭᠦᠯ ᠡᠩᠬᠡ ᠥᠪᠥᠷ ᠮᠣᠩᠭᠤᠯ᠎ᠢ ᠪᠦᠳᠦᠭᠡᠨ ᠪᠠᠢᠭᠤᠯᠬᠤ ᠠᠵᠢᠯᠯᠠᠭ᠎ᠠ᠎ᠶ᠋ᠢ ᠭᠦᠨᠵᠡᠭᠡᠶ ᠠᠬᠢᠭᠤᠯᠤᠨ᠎ᠠ》 ᠬᠡᠰᠡᠨ ᠬᠠᠷᠠᠯᠳᠠ ᠲᠦᠰᠦᠪ ᠮᠠᠨ᠎ᠤ ᠡᠮᠦᠨ᠎ᠠ ᠳᠠᠯᠪᠢᠬ᠍ᠳᠠᠯᠠ᠃ ᠪᠢᠳᠡ ᠠᠷᠠᠳ᠎ᠤᠨ ᠠᠮᠢᠳᠤᠷᠠᠯ᠎ᠤᠨ ᠳᠠᠯ᠎ᠠ ᠪᠦᠷᠢ᠎ᠳᠤ ᠠᠩᠬᠠᠷᠤᠯ ᠬᠠᠨᠳᠤᠭᠤᠯᠤᠨ᠂ ᠠᠷᠠᠤᠨ ᠤᠯᠠᠨ᠎ᠤ ᠰᠠᠨᠠᠭᠠᠱᠢᠷᠠᠵᠤ ᠪᠠᠢᠭ᠎ᠠ ᠠᠰᠭᠤᠳᠠᠯ᠎ᠢ ᠠᠯᠬᠤᠮ ᠪᠦᠷᠢ᠎ᠳᠤ ᠱᠢᠢᠳᠪᠦᠷᠢᠯᠡᠳᠡᠭ ᠯᠠ ᠶᠤᠮ ᠪᠤᠯ ᠶᠠᠳᠠᠭᠤ ᠬᠦᠴᠢᠷᠳᠠᠯ᠎ᠤᠨ ᠤᠭ ᠦᠨᠳᠦᠰᠦ ᠳᠦᠢᠯᠪᠤᠷᠢᠳᠠᠢ ᠠᠷᠢᠯᠭᠠᠬ᠍ᠳᠠᠨ᠂ ᠠᠷᠠᠳ ᠤᠯᠠᠨ᠎ᠤ ᠰᠠᠢᠨ ᠰᠠᠢᠬᠠᠨ ᠠᠮᠢᠳᠤᠷᠠᠯ᠎ᠤᠨ ᠬᠦᠰᠡᠯ ᠮᠦᠷᠦᠬᠡᠳᠦᠯ ᠪᠡᠶᠡᠯᠡᠭ᠌ᠳᠡᠬᠦ᠌᠎ᠨᠢ ᠯᠠᠪᠳᠠᠢ᠃