ᠮᠠ ᠴᠤᠤ᠄ ᠵᠤᠷᠢᠬ᠍ᠲᠠᠢ᠎ᠪᠠᠷ ᠢᠯᠵᠠᠷᠠᠯ᠎ᠲᠠᠢ ᠲᠡᠮᠡᠴᠡᠭ᠌ᠰᠡᠨ ᠬᠤᠱᠢᠭᠤᠴᠢ ᠴᠡᠷᠢᠭ
2021-01-18 15:21:06
ᠵᠣᠬᠢᠶᠠᠭ᠍ᠴᠢ᠄
ᠯᠢ ᠱᠢᠨ ᠵᠢᠶᠦ᠋ᠨ
ᠣᠩᠱᠢᠭ᠍ᠰᠠᠨ ᠣᠳᠠᠭ᠎ᠠ᠄
★★★☆☆

ᠬᠥᠬᠡᠭᠡ ᠡᠪᠦᠯ᠎ᠤᠨ ᠬᠥᠯᠥᠨ ᠪᠤᠢᠷ ᠴᠠᠰᠦ ᠮᠦᠰᠦᠨ᠎ᠳᠤ ᠬᠤᠴᠢᠬ᠍ᠲᠠᠨ᠂ ᠶᠠᠰᠤ ᠶᠠᠩᠬᠢᠨᠠᠮ᠎ᠠ ᠬᠦᠢᠲᠡᠨ᠃ ᠬᠡᠪᠡᠴᠦ᠍ ᠬᠥᠯᠥᠨ ᠪᠤᠢᠷ ᠬᠤᠲᠠ᠎ᠶ᠋ᠢᠨ ᠰᠠᠬᠢᠯᠭ᠎ᠠ ᠪᠠᠲᠤ ᠪᠠᠢᠴᠠᠭᠠᠬᠤ ᠬᠤᠷᠢᠶ᠎ᠠ ᠬᠢᠨᠠᠨ ᠪᠠᠢᠴᠠᠭᠠᠬᠤ ᠵᠦᠪᠯᠡᠯ᠎ᠤᠨ ᠳᠣᠯᠣᠳᠤᠭᠠᠷ ᠬᠢᠨᠠᠨ ᠪᠠᠢᠴᠠᠭᠠᠬᠤ ᠲᠠᠰᠤᠭ᠎ᠤᠨ ᠳᠡᠳ᠋ ᠡᠷᠬᠢᠯᠡᠭ᠌ᠴᠢ ᠮᠠ ᠴᠤᠤ᠎ᠶ᠋ᠢᠨ ᠠᠵᠢᠯᠯᠠᠬᠤ ᠬᠠᠯᠠᠭᠤᠨ ᠵᠤᠷᠢᠭ᠎ᠢ ᠦᠴᠦᠭᠡᠨ ᠴᠦ᠍ ᠨᠦᠯᠦᠭᠡᠯᠡᠵᠦ᠍ ᠴᠢᠲᠠᠭ᠎ᠠ ᠦᠬᠡᠢ᠃ ᠲᠡᠷᠡ ᠬᠤᠭᠤᠯᠠ ᠢᠲᠡᠬᠦ᠌ ᠵᠠᠪ ᠦᠬᠡᠢ ᠪᠠᠢᠴᠠᠭᠠᠯᠳᠠ ᠬᠢᠭ᠌ᠰᠡᠨ ᠮᠠᠲ᠋ᠧᠷᠢᠶᠠᠯ᠎ᠢᠶᠠᠨ ᠡᠮᠬᠢᠯᠡᠭᠡᠳ ᠶᠠᠭᠠᠷᠠᠨ᠎ᠠ᠃

ᠨᠠᠮ᠎ᠤᠨ ᠠᠷᠪᠠᠨ ᠨᠠᠢ᠍ᠮᠠᠳᠤᠭᠠᠷ ᠶᠡᠭᠡ ᠬᠤᠷᠠᠯ᠎ᠠᠴᠠ ᠨᠡᠭᠠᠰᠢ᠂ ᠮᠠ ᠴᠤᠤ ᠤᠷᠢᠳ ᠬᠤᠵᠢᠳ 200 ᠭᠠᠷᠤᠢ ᠠᠩᠬ᠎ᠠ ᠬᠢᠨᠠᠨ ᠪᠠᠢᠴᠠᠭᠠᠭ᠍ᠰᠠᠨ ᠬᠡᠷᠡᠭ ᠵᠠᠷᠭᠤ᠎ᠶ᠋ᠢ ᠬᠦᠯᠢᠶᠡᠨ ᠠᠪᠴᠤ᠌᠂ 51 ᠬᠡᠷᠡᠭ ᠪᠤᠯᠭᠠᠨ ᠲᠠᠩᠰᠠᠯᠠᠬ᠍ᠰᠠᠨ ᠬᠡᠷᠡᠭ᠎ᠢ ᠪᠠᠢᠴᠠᠭᠠᠨ ᠱᠢᠢᠳᠪᠦᠷᠢᠯᠡᠪᠡ᠃ ᠡᠭᠦᠨ᠎ᠳᠤ ᠲᠢᠩᠬᠢᠮ᠎ᠤᠨ ᠳᠡᠰ᠎ᠤᠨ ᠤᠳᠤᠷᠢᠳᠭᠤ ᠺᠠᠳ᠋ᠷ᠎ᠲᠤ ᠬᠤᠯᠪᠤᠬ᠍ᠳᠠᠬ᠍ᠰᠠᠨ ᠬᠡᠷᠡᠭ 2᠂ ᠭᠠᠵᠠᠷ᠎ᠤᠨ ᠳᠡᠰ᠎ᠤᠨ ᠤᠳᠤᠷᠢᠳᠭᠤ ᠺᠠᠳ᠋ᠷ᠎ᠲᠤ ᠬᠤᠯᠪᠣᠭ᠍ᠳᠠᠭ᠍ᠰᠠᠨ ᠭᠡᠷᠡᠭ 30 ᠪᠠᠢᠵᠦ᠍᠂ ᠨᠡᠢᠲᠡ 1.7 ᠳ᠋ᠦᠩᠱᠢᠭᠤᠷ ᠲᠥᠭᠦᠷᠢᠭ᠎ᠤᠨ ᠠᠵᠤ ᠠᠬᠤᠢ᠎ᠶ᠋ᠢᠨ ᠬᠤᠬᠢᠷᠠᠯ᠎ᠢ ᠡᠭᠡᠭᠦᠯᠵᠦ᠍ ᠠᠪᠴᠢᠷᠠᠬ᠍ᠰᠠᠨ ᠶᠤᠮ᠃ 《ᠢᠯᠵᠠᠷᠠᠯ᠎ᠢ ᠡᠰᠡᠷᠭᠦᠴᠡᠬᠦ᠌ ᠪᠣᠯ ᠢᠯᠠᠭ᠍ᠳᠠᠵᠤ ᠪᠣᠯᠣᠰᠢ ᠦᠭᠡᠢ ᠲᠡᠢᠨ ᠮᠥᠨ᠂ ᠭᠠᠭ᠍ᠴᠠ ᠬᠦ᠌ ᠦᠨᠡᠨᠴᠢ ᠱᠢᠳᠤᠷᠭᠤ᠂ ᠠᠷᠢᠭᠤᠨ ᠴᠢᠬᠡᠴᠢ᠂ ᠬᠠᠷᠢᠭᠤᠴᠠᠯᠭ᠎ᠠ ᠡᠭᠦᠷᠭᠡᠯᠡᠯ ᠶᠣᠰᠣᠭᠠᠷ ᠪᠡᠶ᠎ᠡ᠎ᠪᠠᠨ ᠴᠢᠩᠭ᠎ᠠ ᠱᠠᠭᠠᠷᠳᠠᠨ᠂ ᠬᠦᠴᠢᠷ ᠲᠦᠪᠡᠭ᠌ᠲᠡᠢ ᠬᠡᠷᠡᠭ ᠵᠠᠷᠭᠤ᠎ᠶ᠋ᠢ ᠯᠠᠪᠲᠠᠭᠤᠨ ᠪᠠᠲᠤᠲᠠᠢ ᠱᠢᠢᠳᠪᠤᠷᠢᠯᠡᠪᠡᠯ ᠰᠠᠶᠢ ᠨᠠᠮ ᠪᠠ ᠠᠷᠠᠳ ᠲᠦᠮᠡᠨ᠎ᠢ ᠬᠦᠰᠡᠷᠳᠡᠬᠦᠯᠭᠦ᠌ ᠦᠬᠡᠢ》 ᠬᠡᠵᠦ᠍ ᠮᠠ ᠴᠤᠤ ᠶᠠᠷᠢᠨ᠎ᠠ᠃

ᠰᠠᠬᠢᠯᠭ᠎ᠠ ᠪᠠᠲᠤ ᠪᠠᠢᠴᠠᠭᠠᠬᠤ ᠬᠤᠱᠢᠭᠤᠴᠢ ᠪᠣᠯᠤᠭ᠍ᠰᠠᠨ᠎ᠤ ᠬᠤᠪᠢ᠎ᠳᠤ᠂ ᠡᠳᠡᠭᠡᠷ ᠵᠢᠯ᠎ᠤᠳ᠎ᠲᠤ ᠮᠠ ᠴᠤᠤ ᠮᠠᠰᠢ ᠣᠯᠠᠨ ᠱᠢᠯᠢᠳᠡᠭ ᠬᠢᠷᠢ ᠪᠦᠲᠦᠮᠵᠢ ᠤᠯᠪᠠ᠂ ᠡᠳᠡᠬᠡᠷ ᠱᠢᠯᠢᠳᠡᠭ ᠬᠢᠷᠢ ᠪᠦᠲᠦᠮᠵᠢ᠎ᠶ᠋ᠢᠨ ᠬᠢᠨᠢ ᠠᠷᠦ᠎ᠳᠤ ᠲᠡᠭᠦᠨ᠎ᠤ ᠱᠢᠷᠭᠠᠭᠤ ᠴᠢᠷᠮᠠᠢᠯᠭ᠎ᠠ ᠨᠢᠭᠤᠬ᠍ᠳᠠᠵᠦ᠍ ᠪᠤᠢ᠃ 2015 ᠣᠨ᠎ᠳᠤ᠂ ᠮᠠ ᠴᠤᠤ ᠮᠠᠨᠵᠤᠤᠷ ᠬᠤᠲᠠ᠎ᠶ᠋ᠢᠨ ᠭᠠᠳᠠᠭᠠᠳᠤ ᠶᠠᠪᠤᠳᠠᠯ᠎ᠤᠨ ᠭᠠᠵᠠᠷ᠎ᠤᠨ ᠳᠡᠳ᠋ ᠳᠠᠷᠤᠭ᠎ᠠ ᠼᠦᠢ ᠣᠪᠣᠭ᠍ᠲᠤ᠎ᠶ᠋ᠢᠨ ᠬᠡᠭᠡᠯᠢ ᠢᠳᠡᠭ᠌ᠰᠡᠨ ᠬᠡᠷᠡᠭ᠎ᠢ ᠪᠠᠢᠴᠠᠭᠠᠨ ᠱᠢᠢᠳᠪᠤᠷᠢᠯᠡᠬᠦ᠌᠎ᠳᠡᠭᠡᠨ᠂ 《ᠲᠤᠬ᠍ᠳᠠᠬ᠍ᠰᠠᠨ ᠴᠠᠬ ᠲᠤᠬ᠍ᠳᠠᠬ᠍ᠰᠠᠨ ᠭᠠᠵᠠᠷ᠎ᠲᠤ ᠠᠰᠠᠭᠤᠳᠠᠯ᠎ᠢᠶᠠᠨ ᠲᠤᠱᠢᠶᠠᠬᠤ》 ᠠᠷᠭ᠎ᠠ ᠬᠡᠮᠵᠢᠶ᠎ᠡ ᠠᠪᠤᠭ᠍ᠰᠠᠨ ᠦᠭᠡᠢ ᠪᠠᠢᠳᠠᠯ ᠳᠣᠣᠷ᠎ᠠ ᠱᠢᠭᠤᠳ ᠬᠠᠤᠯᠢ ᠴᠠᠭᠠᠵᠠ᠎ᠶ᠋ᠢᠨ ᠪᠠᠢᠭᠤᠯᠭ᠎ᠠ᠎ᠳᠤ ᠱᠢᠯᠵᠢᠭᠦᠯᠦᠨ ᠦᠭ᠌ᠭᠦᠭ᠌ᠰᠡᠨ ᠶᠠᠪᠤᠳᠠᠯ᠎ᠨᠢ 《ᠲᠦᠷᠭᠡᠨ ᠪᠠᠢᠴᠠᠭᠠᠵᠤ ᠲᠦᠷᠭᠡᠨ ᠱᠢᠢᠳᠪᠦᠷᠢᠯᠡᠭ᠌ᠰᠡᠨ》 ᠨᠡᠢᠲᠡᠯᠢᠭ ᠵᠢᠱ᠌ᠢᠶ᠎ᠡ ᠪᠣᠯᠪᠠ; 2016 ᠣᠨ᠎ᠳᠤ᠂ ᠬᠠᠭᠤᠴᠢᠨ ᠪᠠᠷᠭᠤ ᠬᠤᠱᠢᠭᠤᠨ᠎ᠤ ᠪᠠᠶᠠᠨ ᠬᠠᠳᠠ ᠰᠤᠮᠤ᠎ᠶ᠋ᠢᠨ ᠬᠦᠬᠡ ᠲᠤᠪᠤ ᠭᠠᠴᠠᠭᠠᠨ᠎ᠤ ᠱᠦᠵᠢ ᠰᠠ ᠣᠪᠣᠭ᠍ᠲᠤ᠎ᠶ᠋ᠢᠨ 100 ᠲᠦᠮᠡᠨ ᠲᠥᠭᠦᠷᠢᠭ᠎ᠤᠨ ᠶᠠᠳᠠᠭᠤ᠎ᠶ᠋ᠢ ᠲᠡᠳᠬᠦᠬᠦ᠌ ᠪᠡᠯᠡ ᠮᠥᠩᠭᠦ᠎ᠶ᠋ᠢ ᠡᠵᠡᠯᠡᠭ᠌ᠰᠡᠨ ᠬᠡᠷᠡᠭ᠎ᠢ ᠪᠠᠢᠴᠠᠭᠠᠨ ᠭᠠᠷᠭᠠᠵᠤ᠂ ᠬᠠᠤᠯᠢ ᠴᠠᠭᠠᠵᠠ᠎ᠶ᠋ᠢᠨ ᠪᠠᠢᠭᠤᠯᠭ᠎ᠠ᠎ᠳᠤ ᠱᠢᠯᠵᠢᠭᠦᠯᠦᠨ ᠥᠭ᠌ᠭᠦᠭ᠌ᠰᠡᠨ ᠶᠠᠪᠤᠳᠠᠯ᠎ᠨᠢ ᠶᠠᠳᠠᠭᠤ᠎ᠠᠴᠠ ᠠᠩᠭᠢᠵᠢᠷᠠᠭᠤᠯᠬᠤ ᠪᠣᠭᠤᠮᠲᠠ ᠱᠢᠪᠲᠤᠯᠬᠤ ᠬᠦᠷᠢᠶᠡᠨ᠎ᠤ ᠬᠠᠤᠯᠢ ᠰᠠᠬᠢᠯᠭ᠎ᠠ᠎ᠠᠴᠠ ᠵᠥᠷᠢᠴᠡᠭ᠌ᠰᠡᠨ ᠠᠰᠠᠭᠤᠳᠠᠯ᠎ᠳᠤ ᠴᠣᠬᠢᠯᠲᠠ ᠦᠭ᠌ᠭᠦᠭ᠌ᠰᠡᠨ ᠨᠡᠢᠲᠡᠯᠢᠭ ᠵᠢᠱ᠌ᠢᠶ᠎ᠡ ᠪᠣᠯᠪᠠ; 2017 ᠣᠨ᠎ᠳᠤ᠂ ᠬᠥᠯᠥᠨ ᠪᠤᠢᠷ᠎ᠤᠨ ᠠᠵᠢᠯ ᠮᠡᠷᠭᠡᠵᠢᠯ᠎ᠤᠨ ᠳᠡᠭᠡᠳᠦ ᠰᠤᠷᠭᠠᠭᠤᠯᠢ᠎ᠶ᠋ᠢᠨ ᠤᠤᠯ᠎ᠤᠨ ᠨᠠᠮ᠎ᠤᠨ ᠬᠤᠷᠢᠶᠠᠨ᠎ᠤ ᠱᠦᠵᠢ᠎ᠶ᠋ᠢᠨ ᠣᠪᠣᠭ᠍ᠲᠤ ᠬᠡᠭᠡᠯᠢ ᠬᠠᠭ᠍ᠤᠤᠯᠢ ᠢᠳᠡᠵᠦ᠍᠂ ᠲᠤᠱᠢᠶᠠᠯ᠎ᠢᠶᠠᠨ ᠭᠤᠲᠤᠭᠠᠭ᠍ᠰᠠᠨ ᠬᠡᠷᠡᠭ᠎ᠢ ᠪᠠᠢᠴᠠᠭᠠᠨ ᠱᠢᠢᠳᠪᠦᠷᠢᠯᠡᠭ᠌ᠰᠡᠨ᠎ᠨᠢ ᠲᠤᠰ ᠲᠡᠭᠡᠲᠦ ᠰᠤᠷᠭᠠᠭᠤᠯᠢ ᠪᠠᠷᠢᠯᠭ᠎ᠠ᠎ᠶ᠋ᠢ ᠨᠤᠷᠠᠭᠠᠵᠦ᠍ ᠨᠡᠬᠦᠯᠭᠡᠭ᠌ᠰᠡᠡ᠎ᠠᠴᠠ ᠪᠤᠯᠵᠦ᠍ ᠰᠠᠭᠤᠭᠠᠯᠢ ᠠᠷᠠᠳ ᠱᠠᠲᠦ ᠠᠯᠤᠰᠯᠠᠨ ᠵᠠᠭᠠᠯᠳᠤᠯᠭ᠎ᠠ ᠬᠢᠭ᠌ᠰᠡᠨ ᠬᠦᠴᠢᠷ ᠠᠰᠠᠭᠤᠳᠠᠯ᠎ᠢ ᠱᠢᠢᠳᠪᠤᠷᠢᠯᠡᠬᠦ᠌᠎ᠶ᠋ᠢ ᠠᠬᠢᠭᠤᠯᠪᠠ᠃

《ᠨᠠᠷᠢᠨ ᠬᠢᠨᠠᠮᠠᠭᠠᠢ ᠲᠦᠪ ᠴᠢᠬᠢᠮᠠᠢ ᠪᠠᠢᠬᠤ᠂ ᠵᠤᠷᠢᠭ᠍ᠲᠠᠢ᠎ᠪᠠᠷ ᠬᠠᠳᠠᠭᠤ᠎ᠲᠠᠢ᠎ᠨᠢ ᠬᠠᠯᠳᠠᠬᠤ》 ᠪᠣᠯ ᠮᠠ ᠴᠤᠤ᠎ᠶ᠋ᠢᠨ ᠵᠠᠷᠭᠤ ᠱᠢᠳᠭᠡᠭᠦ᠌ ᠵᠠᠷᠴᠢᠮ ᠪᠣᠯᠤᠨ᠎ᠠ᠃ ᠣᠢᠷ᠎ᠠ᠎ᠶ᠋ᠢᠨ ᠵᠢᠯ᠎ᠳᠤ᠂ ᠲᠡᠷᠡ ᠤᠯᠠᠨ ᠤᠲᠠᠭ᠎ᠠ ᠳᠡᠭᠡᠳᠦ ᠱᠠᠲᠤᠨ᠎ᠤ ᠰᠠᠬᠢᠯᠭ᠎ᠠ ᠪᠠᠲᠤ ᠪᠠᠢᠴᠠᠭᠠᠬᠤ ᠲᠤᠰᠭᠠᠢ ᠬᠡᠷᠡᠭ᠎ᠤᠨ ᠳᠤᠭᠤᠢ᠍ᠢᠯᠠᠩ᠎ᠳᠤ ᠰᠤᠩᠭᠤᠬ᠍ᠳᠠᠨ᠂ ᠲᠣᠮᠣ ᠴᠢᠬᠤᠯᠠ ᠬᠡᠷᠡᠭ᠎ᠢ ᠪᠠᠢᠴᠠᠭᠠᠨ ᠱᠢᠢᠳᠪᠦᠷᠢᠯᠡᠬᠦ᠌᠎ᠳᠤ ᠣᠷᠣᠯᠴᠠᠵᠠᠢ᠃ 2018 ᠣᠨ᠎ᠳᠤ᠂ ᠲᠡᠷᠡ ᠥᠪᠡᠷᠲᠡᠭᠡᠨ ᠵᠠᠰᠠᠬᠤ ᠣᠷᠣᠨ᠎ᠤ ᠳᠣᠲᠣᠭᠠᠳᠤ᠎ᠶ᠋ᠢ ᠬᠠᠮᠠᠭᠠᠯᠠᠬᠤ ᠲᠢᠩᠬᠢᠮ᠎ᠤᠨ ᠤᠤᠯ᠎ᠤᠨ ᠳᠡᠳ᠋ ᠲᠢᠩᠬᠢᠮ᠎ᠤᠨ ᠳᠠᠷᠤᠭ᠎ᠠ ᠮᠧᠩ ᠣᠪᠣᠭ᠍ᠲᠤ᠎ᠶ᠋ᠢᠨ ᠬᠠᠤᠯᠢ ᠰᠠᠬᠢᠯᠭ᠎ᠠ᠎ᠶ᠋ᠢ ᠵᠥᠷᠢᠴᠡᠭ᠌ᠰᠡᠨ ᠬᠡᠷᠡᠭ᠎ᠢ ᠪᠠᠢᠴᠠᠭᠠᠨ ᠱᠢᠢᠳᠪᠦᠷᠢᠯᠡᠬᠦ᠌᠎ᠳᠤ ᠣᠷᠣᠯᠴᠠᠪᠠ; 2019 ᠣᠨ᠎ᠳᠤ᠂ ᠬᠥᠯᠥᠨ ᠪᠤᠢᠷ᠎ᠤᠨ ᠬᠤᠶᠠᠷ ᠭᠤᠣᠯ ᠪᠤᠬ᠍ᠲᠠ ᠠᠭᠤᠯᠠ᠎ᠶ᠋ᠢᠨ ᠵᠢᠭᠤᠯᠴᠢᠯᠠᠯ᠎ᠤᠨ ᠦᠵᠡᠮᠵᠢ᠎ᠶ᠋ᠢᠨ ᠣᠷᠣᠨ᠎ᠤ ᠬᠠᠮᠢᠶᠠᠷᠤᠯᠲᠠ᠎ᠶ᠋ᠢᠨ ᠵᠥᠪᠯᠡᠯ᠎ᠤᠨ ᠤᠤᠯ᠎ᠤᠨ ᠡᠷᠬᠢᠯᠡᠭ᠌ᠴᠢ ᠵᠠᠩ ᠤᠪᠤᠬ᠍ᠲᠦ᠎ᠶ᠋ᠢᠨ ᠬᠠᠤᠯᠢ ᠰᠠᠬᠢᠯᠭ᠎ᠠ᠎ᠶ᠋ᠢ ᠵᠥᠷᠢᠴᠡᠭ᠌ᠰᠡᠨ ᠬᠡᠷᠡᠭ᠎ᠢ ᠭᠤᠣᠯᠯᠠᠨ ᠱᠢᠢᠳᠪᠤᠷᠢᠯᠡᠪᠡ; 2020 ᠣᠨ᠎ᠳᠤ᠂ ᠬᠥᠯᠥᠨ ᠪᠤᠢᠷ ᠬᠤᠲᠠ᠎ᠶ᠋ᠢᠨ ᠠᠷᠠᠳ᠎ᠤᠨ ᠠᠭᠠᠷ᠎ᠤᠨ ᠰᠡᠷᠭᠡᠢᠯᠡᠯᠲᠡ᠎ᠶ᠋ᠢᠨ ᠠᠯᠪᠠᠨ ᠭᠡᠷ᠎ᠤᠨ ᠤᠤᠯ᠎ᠤᠨ ᠡᠷᠬᠢᠯᠡᠭ᠌ᠴᠢ ᠮᠦ᠍ ᠣᠪᠣᠭ᠍ᠲᠤ᠎ᠶ᠋ᠢᠨ ᠬᠠᠤᠯᠢ ᠰᠠᠬᠢᠯᠭ᠎ᠠ᠎ᠶ᠋ᠢ ᠵᠥᠷᠢᠴᠡᠭ᠌ᠰᠡᠨ ᠬᠡᠷᠡᠭ᠎ᠢ ᠭᠤᠣᠯᠯᠠᠨ ᠱᠢᠢᠳᠪᠤᠷᠢᠯᠡᠪᠡ᠃

《ᠰᠠᠬᠢᠯᠭ᠎ᠠ ᠪᠠᠲᠤ ᠪᠠᠢᠴᠠᠭᠠᠬᠤ ᠠᠵᠢᠯ᠎ᠳᠤ ᠶᠡᠭᠡ ᠪᠠᠭ᠎ᠠ᠎ᠶ᠋ᠢᠨ ᠢᠯᠭᠠᠭ᠎ᠠ ᠦᠬᠡᠢ᠂ ᠵᠢᠵᠢᠭ ᠰᠠᠵᠢᠭ ᠠᠯᠲᠠᠭ᠎ᠠ ᠭᠠᠷᠭᠠᠬᠤ᠎ᠨᠢ ᠴᠦ᠍ ᠨᠠᠮ ᠪᠤᠯᠤᠨ ᠲᠤᠬᠠᠢ᠎ᠶ᠋ᠢᠨ ᠬᠥᠮᠦᠨ᠎ᠳᠤ ᠪᠦᠷ ᠬᠤᠬᠢᠷᠠᠯ ᠤᠴᠠᠷᠠᠭᠤᠯᠵᠦ᠍ ᠮᠡᠳᠡᠨ᠎ᠡ᠂ ᠡᠨᠡ᠎ᠨᠢ ᠮᠠᠨ᠎ᠤ ᠰᠠᠬᠢᠯᠭ᠎ᠠ ᠪᠠᠲᠤ ᠪᠠᠢᠴᠠᠭᠠᠬᠤ ᠺᠠᠳ᠋ᠷᠴᠤᠳ᠎ᠲᠤ ᠠᠪᠴᠤ᠌ ᠬᠡᠯᠡᠪᠡᠯ ᠮᠦᠨ ᠬᠠᠷᠢᠭᠤᠴᠠᠯᠭ᠎ᠠ᠎ᠪᠠᠨ ᠠᠯᠳᠠᠬ᠍ᠰᠠᠨ ᠶᠠᠪᠤᠳᠠᠯ ᠪᠤᠯᠬᠤ ᠶᠤᠮ》 ᠬᠡᠮᠡᠨ ᠮᠠ ᠴᠤᠤ ᠦᠪᠡᠷ᠎ᠢ᠎ᠪᠠᠨ ᠴᠢᠩᠭ᠎ᠠ ᠱᠠᠭᠠᠷᠳᠠᠬᠤ᠎ᠶ᠋ᠢᠨ ᠬᠠᠮᠲᠦ ᠳᠤᠭᠤᠢ᠍ᠢᠯᠠᠩ᠎ᠤᠨ ᠭᠡᠱᠢᠭᠦᠳ᠎ᠢᠶᠠᠨ ᠴᠦ᠍ ᠴᠢᠩᠭ᠎ᠠ ᠱᠠᠭᠠᠷᠳᠠᠳᠠᠭ᠃

《ᠮᠠ ᠴᠤᠤ ᠠᠵᠢᠯ᠎ᠢᠶᠠᠨ ᠡᠷᠬᠢᠮᠯᠡᠨ ᠦᠢᠯᠡᠰ᠎ᠢᠶᠠᠨ ᠳᠡᠭᠡᠳᠦᠯᠡᠵᠦ᠍᠂ ᠵᠠᠷᠭᠤ ᠱᠢᠢᠳᠪᠦᠷᠢᠯᠡᠬᠦ᠌᠎ᠳᠡᠭᠡᠨ ᠢᠮᠠᠬ᠍ᠲᠠ ᠠᠷᠠᠳ ᠲᠦᠮᠡᠨ᠎ᠤ ᠠᠱᠢᠭ ᠲᠤᠰᠠ ᠪᠣᠯᠤᠨ ᠨᠠᠮ᠎ᠤᠨ ᠠᠱᠢᠭ ᠲᠤᠰᠠ ᠎ᠶ᠋ᠢ   ᠪᠤᠲᠤᠯᠬᠢᠯᠠᠨ᠂ ᠠᠷᠠᠳ   ᠲᠦᠮᠡᠨ ᠎ᠤ ᠲᠤᠮᠲᠠ ᠦᠨᠳᠦᠰᠦᠯᠡᠨ᠂ ᠠᠷᠠᠳ ᠲᠦᠮᠡᠨ᠎ᠳᠤ ᠦᠢᠯᠡᠴᠢᠯᠡᠳᠡᠭ》 ᠬᠡᠵᠦ᠍ ᠬᠥᠯᠥᠨ ᠪᠤᠢᠷ ᠬᠤᠲᠠ᠎ᠶ᠋ᠢᠨ ᠰᠠᠬᠢᠯᠭ᠎ᠠ ᠪᠠᠲᠤ ᠪᠠᠢᠴᠠᠭᠠᠬᠤ ᠬᠤᠷᠢᠶᠠᠨ᠎ᠤ ᠳᠡᠳ᠋ ᠳᠠᠷᠤᠭ᠎ᠠ ᠵᠠᠩ ᠯᠢ ᠵᠢᠶᠦ᠋ᠨ ᠮᠠ ᠴᠤᠤ᠎ᠶ᠋ᠢ ᠦᠨᠡᠯᠡᠨ᠎ᠡ᠃

16 ᠵᠢᠯ᠎ᠤᠨ ᠲᠣᠷᠰᠢ᠂ ᠮᠠ ᠴᠤᠤ ᠨᠠᠮ᠎ᠳᠠᠭᠠᠨ ᠱᠢᠳᠤᠷᠭᠤ ᠪᠠᠢᠬᠤ ᠤᠬ ᠰᠠᠨᠠᠭ᠎ᠠ᠎ᠶ᠋ᠢ ᠪᠠᠷᠢᠮᠳᠠᠯᠠᠨ᠂ ᠢᠯᠵᠠᠷᠡᠯ᠎ᠢ ᠡᠰᠡᠷᠬᠦᠴᠡᠬᠦ᠌ ᠤᠲᠤᠭ᠎ᠠ ᠦᠭᠡᠢ ᠲᠠᠢᠨ᠎ᠤ ᠲᠠᠯᠠᠪᠤᠷ᠎ᠲᠤ ᠡᠷᠡᠮᠡᠭᠡᠢᠯᠡᠨ ᠲᠡᠮᠡᠴᠡᠵᠦ᠍᠂ ᠪᠥᠬᠦ᠌ ᠲᠠᠯ᠎ᠠ᠎ᠪᠠᠷ ᠨᠠᠮ᠎ᠢ ᠴᠢᠩᠭ᠎ᠠ ᠵᠠᠰᠠᠬᠤ ᠠᠵᠢᠯ᠎ᠢ ᠠᠬᠢᠭᠤᠯᠬᠤ ᠠᠷᠢᠭᠤᠨ ᠳᠠᠷᠬᠠᠨ ᠡᠭᠦᠷᠭᠡ᠎ᠪᠠᠨ ᠬᠦᠢᠴᠡᠳᠭᠡᠨ᠂ ᠡᠪ ᠬᠠᠮᠲᠤ ᠨᠠᠮ᠎ᠤᠨ ᠬᠡᠱᠢᠬᠦᠨ᠎ᠤ ᠠᠮᠠᠯᠠᠯᠲᠠ᠎ᠪᠠᠨ  ᠦᠢᠯᠡᠳᠦᠯᠭᠡᠵᠢᠭᠦᠯᠪᠡ᠃ 2018 ᠣᠨ᠎ᠳᠤ᠂ ᠮᠠ ᠴᠤᠤ ᠭᠤᠷᠪᠠᠳᠤᠭᠠᠷ ᠳᠡᠰ᠎ᠤᠨ ᠭᠠᠪᠢᠶ᠎ᠠ ᠲᠡᠮᠲᠡᠭ᠌ᠯᠡᠭᠦᠯᠵᠦ᠍᠂ ᠪᠦᠬᠦ᠌ ᠣᠷᠣᠨ᠎ᠤ ᠰᠠᠬᠢᠯᠭ᠎ᠠ ᠪᠠᠲᠤ ᠪᠠᠢᠴᠠᠭᠠᠬᠤ ᠬᠢᠨᠠᠨ ᠪᠠᠢᠴᠠᠭᠠᠬᠤ ᠱᠢᠰᠲ᠋ᠧᠮ᠎ᠤᠨ 《ᠵᠠᠭᠤ ᠮᠢᠩᠭ᠎ᠠ ᠲᠦᠮᠡᠨ ᠴᠢᠳᠠᠪᠤᠷᠢᠲᠠᠨ᠎ᠤ ᠢᠨᠵᠧᠨᠧᠷᠢᠩ》 ᠎ᠤᠨ ᠠᠩᠬᠠᠳᠤᠭᠠᠷ ᠪᠦᠯᠦᠭ ᠰᠠᠬᠢᠯᠭ᠎ᠠ ᠪᠠᠲᠤ ᠬᠢᠨᠠᠨ ᠪᠠᠢᠴᠠᠭᠠᠬᠤ ᠳᠤᠭᠤᠢ᠍ᠢᠯᠠᠩ᠎ᠤᠨ ᠳᠠᠷᠤᠭ᠎ᠠ᠂ ᠥᠪᠥᠷ ᠮᠣᠩᠭᠤᠯ᠎ᠤᠨ ᠥᠪᠡᠷᠲᠡᠭᠡᠨ ᠵᠠᠰᠠᠬᠤ ᠣᠷᠣᠨ᠎ᠤ ᠰᠠᠬᠢᠯᠭ᠎ᠠ ᠪᠠᠲᠤ ᠪᠠᠢᠴᠠᠭᠠᠬᠤ ᠬᠢᠨᠠᠨ ᠪᠠᠢᠴᠠᠭᠠᠬᠤ ᠱᠢᠰᠲ᠋ᠧᠮ᠎ᠤᠨ ᠲᠡᠷᠢᠭᠦᠨ᠎ᠤ ᠠᠵᠢᠯᠲᠠᠨ᠎ᠢᠶᠠᠷ ᠰᠣᠩᠭᠤᠬ᠍ᠳᠠᠭ᠍ᠰᠠᠨ ᠶᠤᠮ᠃

ᠤᠷᠲᠤ ᠬᠤᠭᠤᠴᠠᠭ᠎ᠠ ᠬᠡᠲᠦᠷᠡᠲᠡᠯ᠎ᠡ ᠠᠵᠢᠯᠯᠠᠬ᠍ᠰᠠᠨ᠎ᠠᠴᠠ ᠲᠦᠴᠢᠨ ᠲᠦᠷᠪᠡᠭᠡᠨ ᠨᠠᠰᠤᠲᠠᠢ ᠮᠠ ᠴᠤᠤ ᠪᠥᠭᠡᠷ᠎ᠠ᠎ᠶ᠋ᠢᠨ ᠡᠪᠡᠳᠴᠢᠨ ᠪᠠ ᠴᠢᠰᠤᠨ ᠳᠠᠷᠤᠯᠲᠠ ᠥᠨᠳᠥᠷ ᠡᠪᠡᠳᠴᠢᠨ᠎ᠳᠤ ᠨᠡᠷᠪᠡᠭ᠌ᠳᠡᠪᠡ᠃ ᠬᠡᠪᠡᠴᠦ᠍ ᠲᠡᠷᠡ 《ᠲᠤᠱᠢᠶᠠᠯ ᠬᠠᠷᠢᠭᠤᠴᠠᠯᠭ᠎ᠠ᠎ᠳᠠᠭᠠᠨ ᠤᠰᠤᠯᠲᠠᠬᠤ ᠦᠬᠡᠢ᠂ ᠡᠬᠦᠷᠭᠡ ᠬᠠᠷᠢᠭᠤᠴᠠᠯᠭ᠎ᠠ᠎ᠪᠠᠨ ᠭᠦᠢᠴᠡᠳᠭᠡᠬᠦ᠌》 ᠭᠠᠭ᠍ᠴᠠᠬᠠᠨ ᠪᠤᠳᠤᠯ᠎ᠢᠶᠠᠷ ᠠᠵᠢᠯ᠎ᠤᠨ ᠪᠠᠢᠷᠢᠨ᠎ᠳᠠᠭᠠᠨ ᠴᠢᠷᠮᠠᠢᠨ ᠵᠢᠳᠭᠦᠭ᠌ᠰᠡᠭᠡᠷ ᠁

ᠣᠷᠴᠢᠭᠤᠯᠤᠭ᠍ᠴᠢ᠄
ᠨᠠᠢᠷᠠᠭᠤᠯᠤᠭ᠍ᠴᠢ᠄ ᠰᠤᠶᠤᠯᠲᠦ
ᠲᠤᠮᠳᠠᠳᠤ ᠤᠯᠤᠰ᠎ᠤᠨ ᠮᠤᠩᠭᠤᠯ ᠬᠡᠯᠡᠡ᠎ᠤ ᠰᠤᠨᠢᠠ ᠮᠠᠳᠡᠭᠡ᠎ᠶ᠋ᠢᠨ ᠰᠦᠯᠵᠢᠶ᠎ᠠ
ᠢᠷᠡᠯᠲᠡ᠄
ᠬᠤᠪᠢᠶᠠᠯᠴᠠᠬᠤ᠄

2008-2023 © ᠳᠤᠮᠳᠠᠳᠤ ᠤᠯᠤᠰ᠎ᠤᠨ ᠮᠤᠩᠭᠤᠯ ᠬᠡᠯᠡᠨ᠎ᠤ ᠰᠤᠨᠢᠨ ᠮᠡᠳᠡᠭᠡᠨ᠎ᠤ ᠰᠦᠯᠵᠢᠶ᠎ᠡ ᠦᠮᠴᠢᠯᠡᠯ᠎ᠤᠨ ᠡᠷᠬᠡ᠎ᠲᠠᠢ

ᠵᠤᠬᠢᠶᠠᠭᠴᠢ᠎ᠶᠢᠨ ᠡᠷᠬᠡ ᠬᠠᠤᠯᠢ᠎ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ᠎ᠪᠠᠷ ᠬᠠᠭᠤᠯᠪᠤᠷᠢᠯᠠᠬᠤ᠎ᠶᠢ ᠬᠠᠲᠠᠭᠤ ᠬᠤᠷᠢᠭᠯᠠᠨ᠎ᠠ

ᠬᠠᠷᠢᠯᠴᠠᠬᠤ ᠤᠲᠠᠰᠤ᠄0471-6635435

ᠢᠮᠧᠯ᠄tn@mgyxw.net   蒙ICP备10000005号