ᠨᠢᠳᠤᠨᠤᠠ᠂ ᠲᠦᠴᠢᠤᠸᠠᠨ ᠱᠢᠶᠠᠨ᠎ᠤ ᠯᠢᠤ ᠬᠤ᠌ ᠪᠠᠯᠭᠠᠰᠤ᠎ᠶ᠋ᠢᠨ᠎ᠲᠠᠢ ᠾᠧ ᠳᠤᠰᠭᠤᠨ ᠪᠠᠯᠭᠠᠰᠤᠨ᠎ᠤ ᠨᠠᠮ᠎ᠤᠨ ᠬᠤᠷᠢᠶ᠎ᠠ ᠵᠠᠰᠠᠭ᠎ᠤᠨ ᠤᠷᠳᠤᠨ᠎ᠤ᠎ᠪᠠᠨ ᠵᠦᠪ ᠤᠨᠤᠪᠴᠢᠳᠠᠢ ᠵᠢᠯᠤᠭᠤᠳᠤᠯᠭ᠎ᠠ ᠪᠠ ᠳᠠᠭᠠᠭᠤᠯᠭ᠎ᠠ᠎ᠪᠠᠷ ᠬᠦᠷᠢᠶ᠎ᠡ ᠬᠠᠱᠢᠶᠠᠠ᠎ᠤ ᠠᠵᠤ ᠠᠬᠤᠢ᠎ᠶ᠋ᠢᠨ ᠵᠢᠱ᠌ᠢᠶ᠎ᠡ ᠦᠵᠡᠭᠦᠯᠬᠦ᠌ ᠳᠤᠰᠭᠤᠨ᠎ᠢ ᠪᠦᠬᠦ᠌ ᠬᠦᠴᠦᠨ᠎ᠢᠶᠠᠷ ᠡᠭᠦᠳᠦᠨ ᠪᠠᠢᠭᠤᠯᠵᠤ᠂ ᠳᠡᠵᠢᠭᠡᠪᠦᠷᠢ᠎ᠶ᠋ᠢᠨ ᠦᠢᠯᠡᠰ᠎ᠢ ᠬᠦᠭ᠌ᠵᠢᠭᠦᠯᠦᠭᠡᠳ ᠠᠷᠠᠳ ᠤᠯᠠᠨ᠎ᠢᠶᠠᠨ ᠴᠢᠨᠡᠬᠡᠯᠢᠭ᠌ᠵᠢᠯ᠎ᠤᠨ ᠵᠠᠮ᠎ᠢᠶᠠᠷ ᠬᠦᠳᠦᠯᠪᠡ᠃
ᠲᠠᠢ ᠾᠧ ᠳᠤᠰᠭᠤᠨ ᠤᠯᠠᠨ ᠳᠦᠮᠡᠨ᠎ᠤ ᠤᠷᠤᠯᠭ᠎ᠠ᠎ᠶ᠋ᠢ ᠨᠡᠮᠡᠭ᠌ᠳᠡᠭᠦᠯᠵᠤ᠂ ᠪᠠᠶᠠᠵᠢᠯ᠎ᠤᠨ ᠵᠠᠮ᠎ᠢ ᠦᠷᠭᠡᠳᠭᠡᠬᠦ᠌᠎ᠶ᠋ᠢᠨ ᠳᠦᠯᠦᠭᠡ ᠠᠷᠠᠳ ᠤᠯᠠᠨ᠎ᠳᠤ ᠠᠱᠢᠭ᠍ᠳᠠᠢ ᠳᠦᠷᠦ᠎ᠶ᠋ᠢᠨ ᠪᠤᠳᠤᠯᠭ᠎ᠠ ᠲᠤᠭ᠍ᠳᠠᠭᠠᠠ᠂ 108 ᠳᠠᠷᠢᠶᠠᠴᠢᠨ ᠡᠷᠦᠬᠡ᠎ᠶ᠋ᠢ ᠲᠦᠪᠯᠡᠷᠡᠭᠦᠯᠵᠤ᠂ 10340 ᠯᠦ᠍ ᠬᠤᠧᠠ ᠳᠠᠬᠢᠶ᠎ᠠ ᠳᠡᠵᠢᠭᠡᠯᠭᠡᠬᠦ᠌ᠶ᠋ᠢᠨ ᠬᠠᠮᠳᠤ ᠵᠠᠷᠢᠮ ᠡᠷᠦᠬᠡ᠎ᠳᠤ᠎ᠨᠢ ᠪᠠᠰᠠ ᠭᠠᠯᠠᠭᠤ ᠳᠡᠵᠢᠭᠡᠯᠭᠡᠪᠡ᠃ ᠡᠨᠡ᠎ᠨᠢ ᠳᠤᠭ᠍ᠳᠠᠭᠤᠨ ᠪᠤᠷᠤᠯᠠᠭᠤᠯᠭ᠎ᠠ᠎ᠶ᠋ᠢᠨ ᠵᠠᠮ᠎ᠲᠠᠢ ᠪᠤᠯᠤᠭ᠍ᠰᠠᠨ᠎ᠠᠴᠠ ᠡᠷᠦᠬᠡ ᠪᠦᠷᠢ ᠵᠢᠯ ᠳᠤᠮᠳᠠᠴᠢ᠎ᠪᠠᠷ 2000 ᠲᠦᠭᠦᠷᠢᠭ᠎ᠤᠨ ᠤᠷᠤᠯᠭ᠎ᠠ ᠨᠡᠮᠡᠭ᠌ᠳᠡᠬᠦ᠌ ᠪᠤᠯᠵᠠᠢ᠃ ᠪᠠᠰᠠ ᠬᠦᠷᠢᠶ᠎ᠠ ᠬᠠᠱᠢᠶᠠᠠ᠎ᠤ ᠠᠵᠤ ᠠᠬᠤᠢ᠎ᠶ᠋ᠢᠨ ᠨᠦᠬᠦᠪᠦᠷᠢ ᠮᠦᠩᠬᠦ᠌ ᠦᠭ᠌ᠬᠦ ᠳᠦᠷᠦ᠎ᠶ᠋ᠢᠨ ᠪᠤᠳᠤᠯᠭ᠎ᠠ᠎ᠶ᠋ᠢ ᠦᠨᠳᠦᠰᠦᠯᠡᠨ᠂ ᠳᠡᠵᠢᠭᠡᠪᠤᠷᠢ᠎ᠶ᠋ᠢᠨ ᠦᠢᠯᠡᠰ ᠡᠷᠬᠢᠯᠡᠬᠦ᠌ ᠡᠷᠦᠬᠡ᠎ᠳᠤ ᠵᠢᠯ ᠪᠦᠷᠢ 500 ᠲᠦᠭᠦᠷᠢᠭ᠎ᠤᠨ ᠨᠦᠬᠦᠪᠦᠷᠢ ᠦᠭ᠌ᠴᠤ ᠳᠡᠵᠢᠭᠡᠯ ᠪᠤᠷᠳᠤᠭ᠎ᠠ ᠬᠤᠳᠠᠯᠳᠤᠨ ᠠᠪᠬᠤ᠎ᠶ᠋ᠢ᠎ᠨᠢ ᠳᠡᠮᠵᠢᠪᠡ᠃ ᠶᠠᠳᠠᠭᠤ ᠬᠦᠴᠢᠷᠳᠠᠯᠳᠡᠢ ᠡᠷᠦᠬᠡ᠎ᠶ᠋ᠢᠨ ᠬᠦᠷᠢᠶ᠎ᠡ ᠬᠠᠱᠢᠶᠠᠠ᠎ᠤ ᠠᠵᠤ ᠠᠬᠤᠢ᠎ᠶ᠋ᠢ ᠬᠦᠭ᠌ᠵᠢᠭᠦᠯᠬᠦ᠌ ᠢᠳᠡᠪᠬᠢᠵᠢᠯ᠎ᠢ ᠲᠠᠢᠴᠢᠯᠠᠬᠤ᠎ᠶ᠋ᠢᠨ ᠲᠦᠯᠦᠭᠡ᠂ ᠳᠤᠰᠭᠤᠨ᠎ᠤ ᠠᠷᠠᠳ᠎ᠢ ᠵᠤᠷᠢᠬ᠍ᠵᠢᠭᠤᠯᠤᠨ ᠳᠠᠷᠢᠶᠠᠴᠢᠳ᠎ᠤᠨ ᠰᠦᠨᠢ᠎ᠶ᠋ᠢᠨ ᠰᠤᠷᠭᠠᠭᠤᠯᠢ᠂ ᠡᠮᠡᠭ᠌ᠳᠡᠢᠴᠤᠳ᠎ᠤᠨ ᠪᠤᠳᠤᠯ ᠰᠠᠨᠠᠯ᠎ᠢᠶᠠᠨ ᠰᠤᠯᠢᠯᠴᠬᠠᠤ ᠬᠤᠷᠠᠯ ᠵᠡᠷᠭᠡ ᠳᠠᠪᠴᠠᠩ᠎ᠢᠶᠠᠷ ᠳᠡᠵᠢᠭᠡᠪᠦᠷᠢ᠎ᠶ᠋ᠢᠨ ᠠᠷᠭ᠎ᠠ ᠮᠡᠷᠭᠡᠵᠢᠯ ᠰᠤᠷᠭᠠᠵᠤ ᠡᠵᠡᠮᠱᠢᠬᠦᠯᠦᠨ᠂ ᠳᠡᠵᠢᠭᠡᠪᠦᠷᠢ᠎ᠶ᠋ᠢᠨ ᠦᠢᠯᠡᠰ ᠡᠷᠬᠢᠯᠡᠬᠦ᠌ ᠶᠠᠪᠤᠴᠠ᠎ᠳᠤ ᠬᠦᠴᠢᠷᠳᠡᠯ᠎ᠢᠶᠠᠨ ᠦᠪᠡᠰᠦᠪᠡᠨ ᠱᠢᠢᠳᠪᠦᠷᠢᠯᠡᠵᠤ ᠳᠡᠢᠯᠬᠦ᠌ ᠪᠤᠯᠭᠠᠪᠠ᠃ ᠡᠨᠡ᠎ᠨᠢ ᠠᠵᠥ᠍ ᠠᠬᠤᠢ᠎ᠶ᠋ᠢ ᠬᠦᠭ᠌ᠵᠢᠬᠦᠯᠵᠥ᠍ ᠤᠷᠤᠯᠭ᠎ᠠ᠎ᠪᠠᠨ ᠨᠡᠮᠡᠭ᠌ᠳᠡᠭᠦᠯᠬᠦ᠌᠎ᠶ᠋ᠢᠨ ᠳᠠᠭᠠᠤ ᠬᠦᠷᠰᠢ ᠵᠡᠷᠭᠡᠯᠡᠳᠡᠭᠡ᠎ᠶ᠋ᠢᠨ ᠬᠤᠭᠤᠷᠤᠨᠳᠤᠬᠢ ᠬᠠᠷᠢᠴᠠᠭ᠎ᠠ᠎ᠶ᠋ᠢ ᠨᠢᠬ᠍ᠳᠠᠷᠠᠭᠤᠯᠵᠥ᠍᠂ ᠳᠤᠰᠭᠤᠨ᠎ᠤ ᠬᠡᠪ ᠰᠤᠷᠳᠠᠯ᠎ᠢ ᠰᠠᠢᠵᠢᠷᠠᠭᠤᠯᠵᠠᠢ᠃
ᠲᠠᠢ ᠾᠧ ᠳᠤᠰᠭᠤᠨ ᠬᠦᠳᠡᠯᠮᠦᠷᠢᠯᠡᠬᠦ᠌ ᠴᠢᠳᠠᠪᠤᠷᠢ ᠦᠭᠡᠢ ᠪᠤᠶᠤ ᠳᠡᠵᠢᠭᠡᠪᠦᠷᠢ᠎ᠶ᠋ᠢᠨ ᠦᠢᠯᠡᠰ ᠡᠷᠭᠢᠯᠡᠬᠦ᠌ ᠨᠦᠬᠦᠴᠡᠯ ᠦᠭᠡᠢ ᠳᠠᠷᠢᠶᠠᠴᠢᠨ ᠡᠷᠦᠬᠡ᠎ᠶ᠋ᠢ ᠳᠦᠷᠭᠡᠨ ᠪᠠᠶᠠᠵᠢᠭᠤᠯᠤᠨ ᠴᠢᠨᠡᠬᠡᠯᠢᠭ᠌ᠵᠢᠭᠦᠯᠬᠦ᠌ᠶ᠋ᠢᠨ ᠳᠦᠯᠦᠭᠡ᠂ ᠳᠡᠵᠢᠭᠡᠪᠦᠷᠢ᠎ᠶ᠋ᠢᠨ ᠴᠢᠳᠠᠪᠤᠷᠢᠳᠠᠨ᠂ ᠪᠠᠶᠠᠵᠢᠯ᠎ᠤᠨ ᠴᠢᠳᠠᠪᠤᠷᠢᠳᠠᠨ᠎ᠤ ᠵᠢᠱ᠌ᠢᠶ᠎ᠡ ᠦᠵᠡᠭᠦᠯᠦᠨ ᠳᠠᠭᠠᠭᠤᠯᠬᠤ ᠦᠢᠯᠡᠳᠦᠯ᠎ᠢ ᠪᠠᠳᠠᠷᠠᠭᠤᠯᠵᠤ᠂ ᠡᠷᠭᠢᠨ ᠳᠤᠭᠤᠷᠢᠨ᠎ᠤ ᠳᠠᠷᠢᠶᠠᠴᠢᠳ᠎ᠤᠨ ᠬᠠᠮᠳᠤ᠎ᠪᠠᠷ ᠪᠠᠶᠠᠵᠢᠬᠤ᠎ᠶ᠋ᠢ ᠳᠠᠢᠴᠢᠯᠠᠪᠠ᠃ ᠳᠤᠰᠭᠤᠨ᠎ᠤ ᠠᠷᠠᠳ ᠯᠢᠤ ᠭᠦᠸᠧ ᠬᠤᠧᠨ ᠪᠤᠯ ᠦᠬᠡᠷ ᠳᠡᠵᠢᠭᠡᠬᠦ᠌ ᠴᠢᠳᠠᠪᠤᠷᠢᠳᠠᠨ ᠪᠤᠯᠤᠨ᠎ᠠ᠂ ᠳᠡᠷᠡ 4 ᠳᠠᠷᠢᠶᠠᠴᠢᠨ ᠡᠷᠦᠬᠡ᠎ᠲᠠᠢ ᠬᠤᠯᠪᠤᠭᠠᠯᠠᠨ᠂ 25 ᠳᠦᠮᠡᠨ ᠲᠦᠭᠦᠷᠢᠭ᠎ᠤᠨ ᠳᠦᠷᠦᠯ ᠵᠦᠢᠯ᠎ᠤᠨ ᠪᠡᠯᠡ ᠮᠦᠩᠬᠦ᠌᠎ᠪᠠᠷ 15 ᠦᠨᠢᠶ᠎ᠡ ᠬᠤᠳᠠᠯᠳᠤᠨ ᠠᠪᠴᠢᠷᠠᠵᠤ ᠮᠠᠯᠵᠢᠪᠠ᠃ ᠯᠢᠤ ᠬᠦᠸᠧ ᠬᠤᠸᠠ ᠡᠳᠦᠷ ᠪᠦᠷᠢ ᠦᠤᠷ᠎ᠢᠶᠠᠷ ᠪᠤᠰᠴᠤ᠌᠂ ᠦᠨᠢᠶ᠎ᠡ᠎ᠪᠠᠨ ᠨᠠᠷᠢᠨ ᠨᠢᠮᠪᠠᠢ ᠠᠷᠠᠴᠢᠯᠠᠨ ᠮᠠᠯᠵᠢᠬ᠍ᠰᠠᠠᠢᠶᠠᠷ ᠤᠳᠤ ᠨᠢᠬᠡᠨᠳᠠ 7 ᠳᠤᠭᠤᠯ ᠳᠤᠰᠴᠤ᠌᠂ ᠪᠠᠰᠠ 8 ᠦᠨᠢᠶ᠎ᠠ᠎ᠨᠢ ᠲᠤᠭᠤᠯᠯᠠᠬᠤ᠎ᠪᠠᠷ ᠪᠠᠢᠨ᠎ᠠ᠂ ᠡᠬᠦᠨ᠎ᠢᠶᠠᠷ ᠡᠷᠦᠬᠡ ᠪᠦᠷᠢ᠎ᠶ᠋ᠢᠨ ᠤᠷᠤᠯᠭ᠎ᠠ᠎ᠨᠢ 1.2 ᠳᠦᠮᠡᠨ ᠲᠦᠭᠦᠷᠢᠭ ᠨᠡᠮᠡᠭ᠌ᠳᠡᠨ᠎ᠠ᠃ 《ᠪᠢ 5 ᠲᠦᠮᠡᠨ ᠲᠦᠭᠦᠷᠢᠭ᠎ᠤᠨ ᠵᠢᠭᠡᠯᠡᠯᠭᠡ ᠠᠪᠴᠤ᠌ ᠨᠢᠭᠡ ᠲᠤᠭᠤᠯ᠎ᠲᠠᠢ ᠦᠨᠢᠶ᠎ᠡ ᠬᠤᠳᠠᠯᠳᠤᠨ ᠠᠪᠴᠢᠷᠠᠵᠥ᠍ ᠮᠠᠯᠵᠢᠭᠠᠳ ᠲᠦᠷᠦᠭᠦᠦ ᠭᠤᠷᠪᠠᠨ ᠵᠢᠯ᠎ᠳᠤ ᠵᠢᠯ ᠪᠦᠷᠢ 3000 ᠲᠦᠭᠦᠷᠢᠭ᠎ᠤᠨ ᠵᠢᠭᠡᠯᠡᠯᠭᠡ᠎ᠶ᠋ᠢᠨ ᠬᠦᠤ ᠮᠦᠩᠬᠦ᠌᠎ᠪᠠᠨ ᠪᠤᠴᠠᠭᠠᠵᠤ᠂ ᠳᠦᠷᠪᠡᠳᠦᠭᠡᠷ ᠵᠢᠯ᠎ᠳᠤᠨᠢ 3᠄ 3᠄ 4 ᠶ᠋ᠢᠨ ᠬᠠᠷᠢᠴᠠᠯ᠎ᠢᠶᠠᠷ ᠡᠬᠡ ᠮᠦᠩᠬᠦ᠌᠎ᠶ᠋ᠢ᠎ᠨᠢ ᠪᠤᠴᠠᠭᠠᠨ᠎ᠠ᠃ ᠰᠠᠢᠨ ᠡᠭᠦᠯᠳᠡᠷ᠎ᠤᠨ ᠦᠨᠢᠶ᠎ᠡ ᠬᠤᠳᠠᠯᠳᠤᠨ ᠠᠪᠤᠭ᠍ᠰᠠᠨ᠎ᠠᠴᠠ ᠦᠷᠡᠵᠢᠬᠦ᠌ᠨᠢ ᠳᠦᠷᠭᠡᠨ᠂ ᠠᠱᠢᠭ ᠤᠷᠤᠯᠭ᠎ᠠ ᠴᠤ᠌ ᠦᠨᠳᠦᠷ》 ᠭᠡᠵᠤ ᠯᠢᠤ ᠭᠦᠸᠧ ᠬᠤᠸᠠ ᠪᠠᠶᠠᠷᠳᠠᠢ ᠶᠠᠷᠢᠨ᠎ᠠ᠃
ᠲᠠᠢ ᠾᠧ ᠳᠤᠰᠭᠤᠨ ᠪᠠᠰᠠ 100 ᠳᠦᠮᠡᠨ ᠲᠦᠭᠦᠷᠢᠭ᠎ᠤᠨ ᠬᠠᠮᠳᠤ᠎ᠶ᠋ᠢᠨ ᠠᠵᠤ ᠠᠬᠤᠢ᠎ᠶ᠋ᠢᠨ ᠪᠡᠯᠡ ᠮᠦᠩᠬᠦ᠌᠎ᠪᠠᠨ ᠮᠢᠬᠠᠠ᠎ᠤ ᠦᠬᠡᠷ ᠮᠠᠯᠵᠢᠬᠤ ᠰᠠᠨᠠᠭ᠎ᠠ᠎ᠲᠠᠢ ᠳᠠᠷᠢᠶᠠᠴᠢᠨ ᠡᠷᠦᠬᠡ᠎ᠳᠤ ᠵᠢᠬᠡᠯᠡᠵᠥ᠍ ᠦᠭ᠌ᠬᠦ᠎ᠪᠠᠷ ᠪᠤᠢ᠃ ᠳᠠᠷᠢᠶᠠᠴᠢᠨ ᠡᠷᠦᠬᠡ ᠡᠨᠡ ᠬᠦ᠌ ᠪᠡᠯᠡ ᠮᠦᠩᠬᠦ᠌᠎ᠶ᠋ᠢ 6 ᠵᠢᠯ᠎ᠤᠨ ᠬᠤᠭᠤᠴᠠᠭ᠎ᠠ᠎ᠲᠠᠢ ᠬᠡᠷᠡᠭ᠌ᠯᠡᠵᠤ᠂ ᠡᠮᠦᠨ᠎ᠡ ᠭᠤᠷᠪᠠᠨ ᠵᠢᠯ᠎ᠳᠤᠨᠢ ᠵᠢᠯ ᠪᠦᠷᠢ ᠵᠢᠯ᠎ᠤᠨ ᠠᠱᠢᠭ ᠤᠷᠤᠯᠭ᠎ᠠ᠎ᠶ᠋ᠢᠨ᠎ᠢᠶᠠᠨ 6.25% ᠪᠠᠷ ᠳᠤᠰᠭᠤᠨ᠎ᠤ ᠬᠠᠮᠳᠤ᠎ᠳᠤ ᠠᠱᠢᠭ ᠤᠷᠤᠯᠭ᠎ᠠ᠎ᠶ᠋ᠢᠨ ᠮᠦᠩᠬᠦ᠌ ᠳᠤᠱᠢᠶᠠᠵᠤ᠂ ᠰᠡᠭᠦᠯ᠎ᠤᠨ ᠭᠤᠷᠪᠠᠨ ᠵᠢᠯ᠎ᠳᠤᠨᠢ ᠵᠤᠬᠢᠬᠤ ᠬᠠᠷᠢᠴᠠᠯ᠎ᠢᠶᠠᠷ ᠲᠦᠷᠦᠯ ᠵᠦᠢᠯ᠎ᠤᠨ ᠪᠡᠯᠡ ᠮᠦᠩᠬᠦ᠌᠎ᠶ᠋ᠢ ᠳᠤᠰᠭᠤᠨ᠎ᠤ ᠬᠠᠮᠳᠤ᠎ᠳᠤ ᠪᠤᠴᠠᠭᠠᠨ᠎ᠠ᠃ ᠡᠨᠡ᠎ᠨᠢ ᠳᠤᠰᠭᠤᠨ᠎ᠤ ᠬᠠᠮᠳᠤ᠎ᠶ᠋ᠢᠨ ᠤᠷᠤᠯᠭ᠎ᠠ᠎ᠶ᠋ᠢ ᠵᠢᠯ᠎ᠳᠤ 6.25 ᠳᠦᠮᠡᠨ ᠲᠦᠭᠦᠷᠢᠭ ᠨᠡᠮᠡᠭ᠌ᠳᠡᠭᠦᠯᠬᠦ᠌ ᠪᠤᠯᠤᠨ᠎ᠠ᠃
ᠲᠠᠢ ᠾᠧ ᠳᠤᠰᠭᠤᠨ᠎ᠤ ᠨᠠᠮ᠎ᠤᠨ ᠡᠭᠦᠷ᠎ᠤᠨ ᠱᠦᠵᠢ ᠯᠢᠤ ᠵᠢᠶᠠᠨ ᠵᠢᠶᠦ᠋ᠨ᠄ 《ᠮᠠᠨ᠎ᠤ ᠳᠤᠰᠭᠤᠨ ᠳᠡᠵᠢᠭᠡᠪᠦᠷᠢ᠎ᠶ᠋ᠢᠨ ᠦᠢᠯᠡᠰ᠎ᠢ ᠰᠠᠢᠲᠤᠷ ᠬᠦᠭ᠌ᠵᠢᠭᠦᠯᠵᠤ᠂ ᠪᠠᠰᠠ ᠡᠷᠭᠢᠨ ᠳᠤᠭᠤᠷᠢᠨ᠎ᠤ ᠠᠢᠯ ᠳᠤᠰᠭᠤᠨ᠎ᠳᠤ ᠯᠠᠪᠯᠠᠯᠳᠠ ᠪᠤᠯᠭᠠᠬᠤ ᠵᠠᠬ᠍ᠪᠤᠷ ᠬᠠᠩᠭᠠᠪᠠ᠃ ᠡᠨᠡ ᠪᠤᠯ ᠠᠷᠠᠳ ᠤᠯᠠᠨ᠎ᠢ ᠳᠠᠢᠴᠢᠯᠠᠨ ᠤᠷᠤᠯᠭ᠎ᠠ᠎ᠶ᠋ᠢ᠎ᠨᠢ ᠨᠡᠮᠡᠭ᠌ᠳᠡᠭᠦᠯᠵᠤ᠂ ᠳᠤᠰᠭᠤᠨ᠎ᠤ ᠬᠠᠮᠳᠤ᠎ᠶ᠋ᠢᠨ ᠠᠵᠤ ᠠᠬᠤᠢ ᠪᠠ ᠳᠠᠷᠢᠶᠠᠴᠢᠨ ᠡᠷᠦᠬᠡ᠎ᠶ᠋ᠢᠨ ᠤᠷᠤᠯᠭ᠎ᠠ ᠡᠭᠦᠳᠬᠦ᠌ ᠬᠤᠶᠠᠷ ᠲᠠᠯ᠎ᠠ᠎ᠪᠠᠷ᠎ᠢᠶᠠᠨ ᠠᠱᠢᠭ ᠬᠦᠷᠳᠡᠬᠦ᠌ ᠠᠷᠭ᠎ᠠ ᠵᠠᠮ ᠪᠤᠯᠤᠨ᠎ᠠ》 ᠭᠡᠵᠤ ᠳᠠᠨᠢᠯᠴᠠᠭᠤᠯᠵᠤ ᠪᠠᠢᠯ᠎ᠠ᠃