ᠡᠨᠡ ᠵᠢᠯ ᠪᠤᠷᠤᠭᠠᠨ ᠬᠤᠷ᠎ᠠ ᠡᠯᠪᠡᠭ᠎ᠲᠠᠢ ᠦᠡᠭ᠌ᠰᠢᠭᠦᠨ ᠰᠠᠢᠬᠠᠨ ᠵᠤᠨ ᠪᠤᠯᠵᠤ᠂ ᠨᠠᠮᠤᠷ᠎ᠤᠨ ᠰᠡᠭᠦᠯ ᠱᠢᠪᠳᠤᠷᠬᠤ ᠲᠦᠬᠦᠬᠦ᠌ᠳᠤ ᠲᠠᠢᠪᠤᠰᠧ ᠬᠤᠱᠢᠭᠤᠨ᠎ᠤ ᠲᠠᠷᠢᠶᠠᠴᠢᠳ ᠡᠯᠪᠡᠭ ᠬᠤᠷᠢᠶᠠᠯᠳᠠ᠎ᠶ᠋ᠢᠨ ᠪᠠᠶᠠᠨ ᠨᠠᠮᠤᠷ᠎ᠢᠶᠠᠨ ᠤᠭ᠍ᠳᠤᠨ᠂ ᠬᠠᠳᠤᠵᠤ ᠬᠤᠷᠢᠶᠠᠬᠤ᠂ ᠵᠦᠭᠡᠭᠡᠪᠦᠷᠢᠯᠡᠬᠦ᠂ ᠪᠤᠷᠤᠯᠠᠭᠤᠯᠬᠤ ᠭᠡᠳ ᠡᠳᠦᠢ ᠲᠡᠳᠦᠢ ᠵᠦᠢᠯ᠎ᠳᠤ ᠪᠤᠷᠪᠢ ᠪᠤᠬᠢᠰᠭᠢᠯ ᠦᠭᠡᠢ ᠶᠠᠭᠠᠷᠠᠯᠳᠤᠨ᠎ᠠ᠃
9 ᠰᠠᠷ᠎ᠠ᠎ᠶ᠋ᠢᠨ 21 ᠤ ᠡᠳᠦᠷ᠂ ᠲᠠᠢᠪᠤᠰᠧ ᠬᠤᠱᠢᠭᠤᠨ᠎ᠤ ᠳ᠋ᠦᠡᠭ᠌ᠮᠢᠩ ᠲᠤᠰᠭᠤᠨ᠎ᠤ ᠲᠠᠷᠢᠶᠠᠴᠢᠨ ᠯᠢᠦ ᡁᠢ ᠬᠠᠨ᠎ᠤ᠎ᠬᠢᠨ ᠪᠠᠰᠠ ᠨᠢᠭᠡᠨ ᠶᠠᠭᠠᠷᠠᠯᠳᠠᠢ ᠡᠳᠦᠷ᠎ᠢᠶᠠᠨ ᠤᠭ᠍ᠳᠤᠯ᠎ᠠ᠃ ᠤᠤᠯ᠎ᠨᠢ ᠲᠡᠳᠡᠨ᠎ᠤ᠎ᠬᠢᠨ ᠪᠤᠭᠤᠳᠠᠢ᠎ᠪᠠᠨ ᠬᠤᠷᠢᠶᠠᠬᠤ ᠭᠡᠵᠦ᠍ ᠪᠤᠯᠵᠤᠭ᠍ᠰᠠᠨ ᠪᠤᠭᠤᠳᠠᠢ ᠬᠠᠳᠤᠵᠤ ᠬᠤᠷᠢᠶᠠᠬᠤ ᠲᠤᠮᠤ ᠮᠠᠱᠢᠨ ᠦᠨᠦᠳᠦᠷ ᠬᠦᠷᠴᠤ᠌ ᠢᠷᠡᠭ᠌ᠰᠡᠨ ᠪᠠᠢᠵᠠᠢ᠂ ᠲᠦᠷ ᠲᠦᠷ ᠡᠷᠭᠢᠬᠦ᠌ ᠠᠷᠠᠭᠠᠳᠤ ᠬᠦᠷᠳᠦ ᠠᠯᠳᠠᠨ ᠱᠢᠷᠭᠠᠯ ᠪᠤᠭᠤᠳᠠᠢ᠎ᠶ᠋ᠢᠨ ᠲᠦᠷᠦᠭᠦᠦ᠎ᠶ᠋ᠢ 《ᠵᠠᠯᠭᠢᠨ ᠵᠠᠪᠳᠤᠬᠤ》 ᠳᠤ ᠬᠤᠢᠨ᠎ᠡ᠎ᠠᠴᠠ ᠵᠡᠷᠭᠡᠴᠡᠨ ᠲᠠᠭᠠᠯᠴᠠᠬᠤ ᠲᠷᠠᠺᠲ᠋ᠤᠷ᠎ᠤᠨ ᠠᠴᠢᠶᠠᠨ᠎ᠳᠤ ᠮᠦᠬᠦᠯᠢᠭ ᠮᠦᠬᠦᠯᠢᠭ ᠳᠦᠭᠦᠷᠡᠩ ᠪᠤᠭᠤᠳᠠᠢ ᠪᠢᠯᠬᠠᠷᠠᠨ ᠪᠠᠭᠤᠬᠤ᠎ᠶ᠋ᠢ ᠬᠠᠷᠠᠭᠠᠳ ᠬᠠᠪᠰᠤᠷᠤᠯᠴᠠᠬᠤ᠎ᠪᠠᠷ ᠢᠷᠡᠭ᠌ᠰᠡᠨ ᠤᠯᠠᠨ ᠬᠦᠮᠦᠰ ᠯᠢᠤ ᡁᠢ ᠬᠠᠨ ᠤᠷᠤᠭᠤ᠄ 《ᠡᠨᠡ ᠵᠢᠯ ᠴᠢᠨᠤ ᠲᠠᠷᠢᠶ᠎ᠠ ᠴᠤ᠌ ᠲᠡᠯᠪᠡ ᠲᠦᠷᠦᠵᠠᠢ᠂ ᠡᠨᠡ ᠪᠤᠭᠤᠳᠠᠢ᠎ᠶ᠋ᠢᠨ ᠲᠦᠷᠦᠭᠦᠦ ᠴᠤ᠌ ᠭᠡᠵᠦ᠍ ᠭᠠᠵᠠᠷ ᠱᠢᠭᠦᠷᠤᠮᠡ ᠪᠠᠢᠨ᠎ᠠ》 ᠭᠡᠯᠴᠡᠬᠦ᠌ ᠪᠦᠭᠡᠳ ᠬᠦᠮᠦᠨ ᠪᠦᠬᠦᠨ᠎ᠤ ᠴᠢᠷᠠᠢ᠎ᠳᠤ ᠡᠯᠪᠡᠭ ᠬᠤᠷᠢᠶᠠᠯᠳᠠ᠎ᠶ᠋ᠢᠨ ᠪᠠᠶᠠᠷ ᠵᠢᠷᠭᠠᠯ ᠲᠤᠳᠤᠷᠠᠵᠤ ᠪᠠᠢᠯ᠎ᠠ᠃ ᠰᠤᠷᠪᠤᠯᠵᠢᠯᠠᠭ᠍ᠴᠢ ᠯᠢᠤ ᡁᠢ ᠬᠠᠨᠢ ᠰᠤᠷᠪᠤᠯᠵᠢᠯᠠᠬᠤ᠎ᠳᠤ᠄ 《ᠬᠤᠷ᠎ᠠ ᠪᠤᠷᠤᠭᠠᠨ᠎ᠤ ᠠᠴᠢ᠎ᠪᠠᠷ ᠤᠷᠤᠯᠳᠤᠯᠭ᠎ᠠ ᠪᠠᠭ᠎ᠠ ᠤᠷᠤᠭ᠍ᠰᠠᠨ ᠪᠤᠯᠬᠤᠷ ᠵᠠᠷᠤᠯᠭ᠎ᠠ ᠴᠤ᠌ ᠪᠠᠭ᠎ᠠ᠂ ᠬᠠᠷᠢᠨ ᠮᠦ᠍ ᠪᠦᠷᠢ᠎ᠠᠴᠠ 300 ᠭᠠᠷᠤᠢ ᠵᠢᠩ ᠬᠤᠷᠢᠶᠠᠭ᠍ᠰᠠᠨ ᠱᠢᠤ》 ᠭᠡᠯ᠎ᠠ᠃
ᠠᠳᠡ᠎ᠠᠴᠠ ᠴᠢᠨᠠᠭ᠍ᠰᠢᠯᠠᠵᠤ ᠲᠦᠮᠦᠰᠤ᠎ᠶ᠋ᠢᠨ ᠲᠠᠷᠢᠶᠠᠨ᠎ᠳᠤ ᠤᠴᠢᠬᠤ᠎ᠳᠤ ᠮᠦᠨ ᠴᠤ᠌ ᠤᠯᠠᠨ ᠬᠦᠮᠦᠰ ᠤᠨᠠᠭ᠍ᠰᠠᠨ ᠮᠠᠯᠠᠭᠠᠢ ᠠᠪᠬᠤ ᠵᠠᠪ ᠦᠭᠡᠢ ᠮᠤᠩᠭᠠᠨᠢᠯᠳᠤᠵᠤ ᠪᠠᠢᠪᠠ᠃ ᠠᠳᠡᠬᠢ ᠲᠦᠮᠦᠰᠤ ᠴᠤ᠌ ᠮᠦᠨ ᠰᠠᠢᠨ ᠬᠤᠷᠢᠶᠠᠯᠳᠠ᠎ᠲᠠᠢ ᠪᠤᠯᠵᠤ᠂ ᠬᠦᠮᠦᠨ ᠪᠦᠬᠦᠨ ᠬᠦᠳᠡᠯᠮᠦᠷᠢ᠎ᠶ᠋ᠢᠨ ᠵᠢᠷᠭᠠᠯᠳᠤ ᠱᠤᠩᠪᠠᠨ᠂ ᠲᠦᠳᠡᠭᠡᠨ ᠵᠠᠭᠤᠷ᠎ᠠ᠎ᠶ᠋ᠢᠨ ᠠᠯᠵᠢᠶᠠᠯᠢ ᠶᠠᠭᠤᠨ ᠦᠳᠡᠭᠡᠷᠭᠡᠬᠦ᠌ ᠠᠵᠢ᠃
ᠤᠢ᠍ᠢᠯᠠᠭᠠᠭ᠍ᠰᠠᠨ᠎ᠢᠶᠠᠷ᠂ 8 ᠰᠠᠷ᠎ᠠ᠎ᠶ᠋ᠢᠨ 5 ᠠᠴᠠ ᠠᠪᠤᠭᠠᠳ ᠲᠠᠢᠪᠤᠰᠧ ᠬᠤᠱᠢᠭᠤᠨ᠎ᠤ ᠨᠠᠮᠤᠷ᠎ᠤᠨ ᠬᠤᠷᠢᠶᠠᠯᠳᠠ᠎ᠶ᠋ᠢᠨ ᠠᠵᠢᠯ ᠪᠦᠬᠦ᠌ ᠲᠠᠯ᠎ᠠ᠎ᠪᠠᠷ ᠰᠦᠷ ᠲᠠᠯᠠᠢᠴᠠᠳᠠᠢ ᠡᠬᠢᠯᠡᠵᠦ᠍᠂ ᠠᠭᠤᠷ ᠠᠮᠢᠰᠭᠤᠯ᠎ᠤᠨ ᠱᠢᠯᠳᠠᠭᠠᠨ᠎ᠠᠴᠠ ᠪᠤᠯᠵᠤ᠂ ᠡᠨᠡ ᠵᠢᠯ ᠨᠢᠳᠤᠨᠤᠨ᠎ᠤ᠎ᠬᠢ᠎ᠶ᠋ᠢ ᠪᠤᠳᠤᠪᠠᠯ ᠭᠤᠷᠪᠠ ᠲᠦᠷᠪᠡᠨ ᠡᠳᠦᠷ ᠤᠷᠢᠳᠴᠢᠯᠠᠵᠠᠢ᠃ ᠪᠦᠷᠢᠤᠡᠭᠡᠭ᠌ᠰᠡᠨᠢᠶᠠᠷ᠂ ᠤᠳᠤᠬᠠᠨ ᠪᠤᠯᠳᠠᠯ᠎ᠠ ᠲᠤᠰ ᠬᠤᠱᠢᠭᠤ ᠨᠢᠭᠡᠨᠳᠡ 74 ᠲᠦᠮᠡᠨ ᠮᠦ᠍ ᠲᠠᠷᠢᠮᠠᠯ᠎ᠢ ᠬᠠᠳᠤᠵᠤ ᠬᠤᠷᠢᠶᠠᠨ᠂ ᠡᠭᠦᠨ᠎ᠳᠤ 25 ᠲᠦᠮᠡᠨ ᠮᠦ᠍ ᠲᠦᠮᠦᠰᠤ᠂ 20 ᠲᠦᠮᠡᠨ ᠮᠦ᠍ ᠶᠤᠤᠮᠠᠢ᠂ 10 ᠲᠦᠮᠡᠨ ᠮᠦ᠍ ᠪᠤᠭᠤᠳᠠᠢ᠂ 2 ᠲᠦᠮᠡ ᠮᠦ᠍ ᠲᠤᠰ᠎ᠤᠨ ᠲᠠᠷᠢᠮᠠᠯ᠂ 10 ᠲᠦᠮᠡᠨ ᠮᠦ᠍ ᠬᠦᠬᠡ ᠳᠠᠷᠤᠰᠢ᠂ 7 ᠲᠦᠮᠡᠨ ᠮᠦ᠍ ᠪᠤᠰᠤᠳ ᠲᠠᠷᠢᠮᠠᠯ ᠪᠠᠭ᠍ᠳᠠᠵᠤ᠂ ᠡᠨᠡ᠎ᠨᠢ ᠪᠦᠬᠦ᠌ ᠬᠤᠱᠢᠭᠤᠨ᠎ᠤ 52% ᠤᠨ ᠲᠠᠷᠢᠶᠠᠯᠠᠩ᠎ᠢ ᠬᠠᠳᠤᠵᠤ ᠬᠤᠷᠢᠶᠠᠵᠤ ᠲᠠᠭᠤᠰᠭᠠᠨ᠂ 10 ᠰᠠᠷ᠎ᠠ᠎ᠶ᠋ᠢᠨ ᠰᠡᠭᠦᠯᠴᠢ ᠪᠤᠯᠳᠠᠯ᠎ᠠ ᠪᠦᠬᠦᠨ᠎ᠢ ᠪᠡᠶᠡᠯᠡᠭᠦᠯᠬᠦ᠌ ᠪᠤᠯᠤᠨ᠎ᠠ᠃