— ᠡᠭᠦᠯᠡᠨ ᠬᠦᠯᠦᠭ • 2020 ᠦᠪᠦᠷ ᠮᠤᠩᠭᠤᠯ᠎ᠤᠨ ᠠᠷᠠᠳ᠎ᠤᠨ ᠲᠠᠭᠤᠤ᠎ᠶ᠋ᠢᠨ ᠤᠷᠤᠯᠳᠤᠭᠠᠨ᠎ᠤ ᠵᠡᠭᠦᠨ ᠦᠵᠦᠮᠦᠴᠢᠨ ᠬᠤᠱᠢᠭᠤᠨ᠎ᠳᠠᠬᠢ ᠤᠬᠠᠭᠤᠯᠭ᠎ᠠ᠎ᠶ᠋ᠢᠨ ᠲᠤᠭ᠍ᠯᠠᠯᠳᠠ᠎ᠶ᠋ᠢᠨ ᠲᠠᠳᠠᠯᠠᠭ᠎ᠠ
ᠡᠯᠪᠡᠭ ᠪᠠᠶᠠᠨ᠎ᠤ ᠲᠠᠯ᠎ᠠ᠎ᠯᠤᠭ᠎ᠠ᠎ᠲᠠᠢ ᠦᠩᠱᠢᠭ ᠨᠠᠮᠤᠷ᠎ᠤᠨ ᠡᠬᠢᠨ ᠰᠠᠷ᠎ᠠ ᠦᠵᠦᠮᠦᠴᠢᠨ ᠨᠤᠲᠤᠭ᠎ᠤᠨ ᠠᠭᠤᠯᠠ ᠲᠠᠯ᠎ᠠ᠎ᠳᠤ ᠤᠷᠳᠤ᠎ᠶ᠋ᠢᠨ ᠲᠠᠭᠤᠤ ᠱᠢᠷᠤᠩᠬᠠᠢᠯᠠᠵᠦ᠍᠂ ᠬᠤᠷᠠᠭᠠᠨ ᠡᠭᠦᠯᠡᠰ ᠬᠦᠪᠪᠦᠯᠵᠡᠭ᠌ᠰᠡᠨ ᠬᠦᠬᠡᠮᠳᠦᠭ ᠲᠡᠭ᠌ᠷᠢ᠎ᠲᠠᠢ ᠬᠠᠶᠠᠭ᠎ᠠ ᠨᠡᠢᠯᠡᠭ᠌ᠰᠡᠨ ᠡᠩ ᠦᠭᠡᠢ ᠦᠷᠭᠡᠨ ᠲᠠᠯ᠎ᠠ᠎ᠶ᠋ᠢᠨ ᠦᠷᠦᠴᠡᠨ᠎ᠳᠤ ᠦᠷᠡᠵᠢᠯ᠎ᠳᠤ ᠰᠦᠷᠦᠭ ᠨᠠᠯᠠᠢᠨ ᠪᠡᠯᠴᠢᠭᠡᠳ ᠱᠢᠨ᠎ᠡ ᠡᠷᠡᠨ᠎ᠤ ᠵᠢᠪᠬᠤᠭᠠᠳᠤ ᠮᠠᠯᠴᠢᠳ᠎ᠤᠨ ᠴᠢᠷᠠᠢ᠎ᠳᠤ ᠪᠠᠶᠠᠷ ᠵᠢᠷᠭᠠᠯ᠎ᠤᠨ ᠮᠦᠱᠢᠶᠡᠳᠤ ᠲᠤᠲᠤᠷᠠᠨ᠎ᠠ᠃
8 ᠰᠠᠷ᠎ᠠ᠎ᠶ᠋ᠢᠨ 14 ᠤ ᠦᠳᠡ᠎ᠶ᠋ᠢᠨ ᠬᠤᠢᠨ᠎ᠠ᠂ ᠵᠡᠭᠦᠨ ᠦᠵᠦᠮᠦᠴᠢᠨ ᠬᠤᠱᠢᠭᠤᠨ᠎ᠤ ᠤᠯᠢᠶᠠᠰᠤᠳᠠᠢ ᠪᠠᠯᠭᠠᠰᠤᠨ᠎ᠤ ᠦᠵᠦᠮᠦᠴᠢᠨ ᠠᠭᠤᠳᠠᠮ ᠲᠠᠯᠠᠪᠠᠢ᠎ᠳᠤ ᠳᠠᠭᠤᠤ ᠬᠤᠭᠤᠷ ᠴᠠᠯᠬᠢᠵᠦ᠍᠂ ᠦᠵᠦᠮᠦᠴᠢᠨ ᠵᠠᠰᠠᠯ᠎ᠲᠠᠢ ᠮᠠᠯᠴᠢᠳ᠂ ᠨᠠᠢ᠍ᠮᠠᠨ ᠵᠦᠭ᠎ᠤᠨ ᠬᠡᠢᠴᠢᠳ 《ᠠᠷᠪᠠᠨ ᠲᠤᠯᠤᠳᠤᠭᠠᠷ ᠬᠤᠭᠤᠴᠠᠭᠠᠨ᠎ᠤ ᠲᠤᠮᠳᠠᠳᠤ ᠤᠯᠤᠰ • ᠦᠪᠦᠷ ᠮᠤᠩᠭᠤᠯ᠎ᠤᠨ ᠲᠠᠯ᠎ᠠ ᠨᠤᠲᠤᠭ᠎ᠤᠨ ᠰᠤᠶᠤᠯ᠎ᠤᠨ ᠨᠠᠢᠷ》 ᠤᠨ ᠡᠭᠦᠯᠡᠨ ᠬᠦᠯᠦᠭ •2020 ᠦᠪᠦᠷ ᠮᠤᠩᠭᠤᠯ᠎ᠤᠨ ᠠᠷᠠᠳ᠎ᠤᠨ ᠲᠠᠭᠤᠤ᠎ᠶ᠋ᠢᠨ ᠤᠷᠤᠯᠳᠤᠭᠠᠨ᠎ᠤ ᠤᠬᠠᠭᠤᠯᠭ᠎ᠠ᠎ᠶ᠋ᠢᠨ ᠲᠤᠭ᠍ᠯᠠᠯᠳᠠ᠎ᠶ᠋ᠢᠨ ᠠᠬᠤᠢ ᠲᠠᠯᠠᠪᠠᠢ᠎ᠳᠤ ᠬᠤᠷᠠᠨ ᠴᠤᠭ᠍ᠯᠠᠷᠠᠵᠠᠢ᠃
7 ᠰᠠᠷ᠎ᠠ᠎ᠶ᠋ᠢᠨ 28 ᠠᠴᠠ ᠡᠬᠢᠯᠡᠭ᠌ᠰᠡᠨ ᠡᠭᠦᠯᠡᠨ ᠬᠦᠯᠦᠭ •2020 ᠦᠪᠦᠷ ᠮᠤᠩᠭᠤᠯ᠎ᠤᠨ ᠠᠷᠠᠳ᠎ᠤᠨ ᠲᠠᠭᠤᠤ᠎ᠶ᠋ᠢᠨ ᠤᠷᠤᠯᠳᠤᠭᠠᠨ ᠦᠨᠦᠳᠦᠷ ᠡᠢᠨ ᠬᠦ᠌ ᠲᠦᠮᠡ ᠪᠤᠮᠠᠨ ᠦᠵᠡᠭ᠌ᠴᠢᠳ᠎ᠤᠨ ᠠᠩᠬᠠᠷᠤᠯ᠎ᠢ ᠳᠠᠳᠠᠬ᠍ᠰᠠᠭᠠᠷ ᠤᠷᠳᠤ ᠲᠠᠭᠤᠨ᠎ᠤ ᠦᠯᠦᠭᠡᠢ ᠬᠡᠮᠡᠭ᠌ᠳᠡᠭ᠌ᠰᠡᠨ ᠦᠵᠦᠮᠦᠴᠢᠨ ᠨᠤᠲᠤᠭ᠎ᠲᠤ ᠰᠠᠭᠠᠳᠠᠯ᠎ᠠ᠃
ᠴᠠᠭ᠎ᠤᠨ ᠵᠡᠭᠦᠦ 4 ᠶ᠋ᠢ ᠵᠢᠭᠠᠬᠤ᠎ᠳᠤ ᠲᠤᠭ᠍ᠯᠠᠯᠳᠠ᠎ᠶ᠋ᠢᠨ ᠲᠠᠢᠰᠠᠨ᠎ᠤ ᠲᠦᠪ ᠲᠡᠯᠭᠡᠴᠡ ᠲᠤᠯᠠᠢᠨ ᠭᠡᠷᠡᠯᠳᠤᠬᠦ᠌ ᠭᠱᠠᠨ᠎ᠠ ᠬᠦᠭ᠌ᠵᠢᠮ᠎ᠤᠨ ᠠᠶᠠᠰ ᠰᠤᠯᠢᠭ᠍ᠳᠠᠵᠤ᠂ ᠬᠦᠲᠦᠯᠦᠭ᠌ᠴᠢᠠᠴᠠ ᠲᠤᠭ᠍ᠯᠠᠯᠳᠠ ᠡᠬᠢᠯᠡᠭ᠌ᠰᠡᠨ᠎ᠢ ᠵᠠᠷᠯᠠᠮᠠᠬ᠍ᠴᠠ ᠲᠠᠯᠠᠪᠠᠢ ᠲᠦᠭᠦᠷᠡᠩ ᠠᠯᠠᠭ᠎ᠠ ᠲᠠᠱᠢᠯᠳᠠ᠎ᠶ᠋ᠢᠨ ᠲᠠᠭᠤᠨ ᠨᠢᠵᠢᠭᠢᠨᠡᠵᠤ᠂ ᠵᠡᠭᠦᠨ ᠦᠵᠦᠮᠦᠴᠢᠨ ᠬᠤᠱᠢᠭᠤᠨ᠎ᠤ ᠬᠠᠭᠤᠴᠢᠳ ᠬᠠᠮᠳᠤᠯᠢᠭ᠎ᠤᠨ᠎ᠬᠢᠨ 《ᠲᠦᠭᠦᠷᠡᠩᠵᠠᠭᠠᠨᠠ》 ᠲᠠᠭᠤᠤ᠎ᠪᠠᠷ ᠲᠤᠭ᠍ᠯᠠᠯᠳᠠ᠎ᠶ᠋ᠢᠨ ᠰᠠᠯᠬᠢ᠎ᠶ᠋ᠢ ᠬᠠᠭᠠᠯᠤᠯ᠎ᠠ᠃ ᠬᠦᠭᠡᠮᠡᠢ᠎ᠶ᠋ᠢᠨ ᠭᠠᠢᠬᠠᠮᠱᠢᠭ᠍ᠳᠤ ᠠᠶᠠᠯᠭᠤ ᠤᠷᠢᠳᠤ᠎ᠶ᠋ᠢᠨ ᠲᠡᠤᠬᠡ᠎ᠶ᠋ᠢ ᠬᠥᠤᠷᠨᠢᠵᠤ᠂ ᠦᠵᠦᠮᠦᠴᠢᠨ ᠨᠤᠲᠤᠭ᠎ᠤᠨ ᠲᠤᠮᠤᠭ᠍ᠳᠤ ᠪᠦᠬᠡ᠎ᠶ᠋ᠢᠨ ᠠᠷᠰᠯᠠᠨ ᠵᠠᠭᠠᠨ᠎ᠤ ᠬᠦᠴᠦᠳᠤ ᠲᠡᠪᠢᠯᠳᠡ ᠠᠮᠢᠯᠠᠨ᠂ ᠲᠠᠭᠤᠤ ᠤᠷᠠᠯᠢᠭ᠎ᠤᠨ ᠷᠢᠲᠢ ᠱᠢᠲᠢᠶ᠋ᠢ ᠭᠠᠢᠬᠠᠭᠤᠯᠤᠨ᠎ᠠ᠃ ᠵᠠᠯᠭᠠᠭᠠᠳ ᠤᠷᠳᠤ᠎ᠶ᠋ᠢᠨ ᠲᠠᠭᠤᠤ 《ᠴᠠᠭᠠᠨ ᠲᠤᠬᠤᠢ ᠨᠤᠳᠤᠭ》 ᠤᠯᠠᠨ᠎ᠤ ᠰᠤᠨᠤᠷ᠎ᠲᠤ ᠬᠦᠷᠬᠦ᠌᠎ᠳᠤ ᠲᠠᠯᠠᠪᠠᠢ ᠲᠠᠶᠠᠭᠠᠷ ᠨᠠᠮ ᠵᠢᠮ ᠪᠤᠯᠵᠤ᠂ ᠲᠠᠯ᠎ᠠ ᠱᠢᠬ᠎ᠢᠶᠠᠨ ᠠᠭᠤᠵᠢᠭᠤ ᠮᠤᠩᠭᠤᠯ ᠬᠦᠮᠦᠨ᠎ᠤ ᠵᠢᠷᠦᠬᠡ ᠰᠡᠳᠭᠢᠯ᠎ᠠᠴᠠ ᠤᠨᠳᠤᠷᠤᠭ᠍ᠰᠠᠨ ᠲᠡᠭ᠌ᠷᠢᠯᠢᠭ ᠡᠭᠡᠱᠢᠭ᠌ᠯᠡᠩᠤᠨ ᠭᠠᠢᠬᠠᠮᠱᠢᠬ᠍ᠳᠤ ᠠᠶᠠᠯᠭᠤ ᠦᠵᠡᠭ᠌ᠴᠢᠳ᠎ᠤᠨ ᠡᠰ ᠪᠦᠬᠦᠨ᠎ᠳᠤ ᠱᠢᠩᠬᠡᠨᠠ᠃ ᠮᠠᠨ᠎ᠤ ᠤᠷᠤᠨ᠎ᠤ ᠨᠡᠷᠡᠲᠤ ᠵᠠᠯᠠᠭᠤ ᠲᠠᠭᠤᠴᠢᠨ ᠤᠳᠭᠠᠨᠳᠤᠶᠠᠭᠠ 《ᠦᠵᠡᠰᠭᠦᠯᠡᠩᠳᠤ ᠰᠠᠢᠬᠠᠨ ᠦᠵᠦᠮᠦᠴᠢᠨ ᠨᠤᠲᠤᠭ》 ᠢᠶᠠᠨ ᠬᠠᠯᠬᠢᠵᠦ᠍ ᠴᠠᠯᠬᠢᠳᠠᠯᠠ ᠠᠶ᠎ᠠ ᠪᠠᠷᠢᠬᠤ᠎ᠳᠤ ᠤᠯᠠᠨ᠎ᠤ ᠲᠤᠮᠳᠠ ᠬᠦᠨᠳᠦᠳᠭᠡᠯ᠎ᠲᠠᠢ ᠰᠠᠭᠠᠳᠠᠭ᠍ᠰᠠᠨ ᠰᠤᠮᠢᠶ᠎ᠠ ᠨᠠᠰᠤᠳᠠᠨ᠄ 《ᠮᠦᠨ ᠴᠤ᠌ ᠰᠠᠢᠬᠠᠨ ᠲᠠᠭᠤᠯᠠᠵᠤ ᠪᠠᠢᠨ᠎ᠠ ᠱᠢᠦ》 ᠭᠡᠬᠦ᠌ ᠪᠦᠭᠡᠳ ᠨᠠᠮ ᠵᠠᠰᠠᠬ᠎ᠠᠴᠠ ᠡᠨᠡ ᠮᠡᠳᠤ ᠤᠷᠤᠯᠳᠤᠭᠠᠨ ᠲᠤᠭ᠍ᠯᠠᠯᠳᠠ᠎ᠶ᠋ᠢ ᠵᠤᠬᠢᠶᠠᠨ ᠪᠠᠢᠭᠤᠯᠵᠤ᠂ ᠦᠷᠭᠡᠨ ᠲᠦᠮᠡᠨ᠎ᠳᠡᠭᠡᠨ ᠬᠦᠷᠳᠡᠭᠡᠯ ᠲᠠᠭᠠᠱᠢᠶᠠᠯ ᠪᠤᠯᠭᠠᠭ᠍ᠰᠠᠨᠢ ᠦᠨᠳᠦᠷ ᠦᠨᠡᠯᠡᠵᠦ᠍ ᠰᠠᠭᠤᠨ᠎ᠠ᠃
ᠲᠠᠯ᠎ᠠ᠎ᠶ᠋ᠢᠨ ᠦᠷᠦᠴᠡᠨ᠎ᠠᠴᠠ ᠴᠤᠤᠷᠢᠶᠠᠯᠠᠭ᠍ᠰᠠᠨ ᠤᠷᠳᠤ᠎ᠶ᠋ᠢᠨ ᠲᠠᠭᠤᠨ᠎ᠤ ᠱᠢᠷᠤᠩᠬᠠᠢ ᠠᠭᠤᠯᠠ ᠲᠠᠯ᠎ᠠ ᠤᠰᠤ ᠮᠦᠷᠨᠨ ᠳᠡᠬᠡᠬᠦᠷ᠂ ᠢᠳᠡᠭᠡᠯ ᠨᠦᠬᠦᠷᠯᠡᠯ᠎ᠤᠨ ᠲᠦᠷᠦᠬᠡ᠎ᠶ᠋ᠢ ᠴᠢᠩᠭᠠᠯᠠᠭ᠍ᠰᠠᠭᠠᠷ ᠰᠡᠳᠭᠢᠯ᠎ᠠᠴᠠ ᠰᠡᠳᠭᠢᠯ᠎ᠳᠤ ᠵᠢᠷᠦᠬᠡᠨ᠎ᠠᠴᠠ ᠵᠢᠷᠦᠬᠡᠨ᠎ᠳᠤ ᠤᠶᠠᠩᠭᠠᠷᠠᠨ᠎ᠠ᠃ ᠲᠤᠭ᠍ᠯᠠᠯᠳᠠ᠎ᠶ᠋ᠢᠨ ᠠᠬᠤᠢ ᠲᠠᠯᠠᠪᠠᠢ᠎ᠳᠤ ᠰᠠᠭᠠᠳᠠᠭ᠍ᠰᠠᠨ ᠦᠵᠡᠭ᠌ᠴᠢᠳ ᠨᠢᠵᠢᠬᠢᠨᠡᠭ᠌ᠰᠡᠨ ᠠᠯᠠᠭ᠎ᠠ ᠲᠠᠱᠢᠯᠳᠠᠪᠠᠷᠢᠶᠠᠨ ᠲᠤᠭ᠍ᠯᠠᠭ᠍ᠴᠢᠳᠢᠶᠠᠨ ᠤᠷᠮᠠᠱᠢᠭᠤᠯᠤᠬ᠍ᠰᠠᠭᠠᠷ᠂ ᠲᠤᠭ᠍ᠯᠠᠯᠳᠠ ᠴᠤ᠌ ᠢᠳᠡ ᠭᠦᠭ᠎ᠲᠠᠢ ᠦᠷᠭᠦᠯᠵᠢᠯᠡᠭ᠌ᠰᠡᠭᠡᠷ ᠁
ᠨᠠᠢᠷᠠᠯ ᠲᠠᠭᠤᠤ 《ᠠᠮᠤᠭᠤᠯᠠᠩ ᠲᠦᠷᠦ᠎ᠶ᠋ᠢᠨ ᠲᠤᠪᠴᠢᠶᠠᠨ》 ᠬᠠᠨᠭ᠌ᠭᠢᠨᠠᠬᠤᠲᠠᠢ ᠵᠡᠷᠭᠡ ᠦᠵᠡᠭ᠌ᠴᠢ ᠤᠯᠠᠨ ᠴᠤ᠌ ᠬᠠᠮᠳᠤ᠎ᠪᠠᠷ ᠲᠦᠷᠢᠯᠡᠭᠡ ᠡᠷᠭᠦᠨ ᠡᠭᠦᠰᠭᠡᠬᠦ᠌᠎ᠨᠢ ᠨᠡᠩ ᠴᠤ᠌ ᠵᠢᠪᠬᠤᠭᠠᠯᠢᠭ ᠨᠠᠮᠪᠠᠳᠠᠢ᠃ ᠡᠨᠡ ᠨᠠᠢᠷᠠᠯ ᠲᠠᠭᠤᠤ᠎ᠶ᠋ᠢ ᠳᠠᠭᠤᠯᠠᠬ᠍ᠰᠠᠨᠨᠢ ᠵᠡᠭᠦᠨ ᠦᠵᠦᠮᠦᠴᠢᠨ ᠬᠤᠱᠢᠭᠤᠨ᠎ᠤ ᠤᠷᠳᠤ᠎ᠶ᠋ᠢᠨ ᠲᠠᠭᠤᠨ᠎ᠤ ᠨᠡᠢᠭᠡᠮᠯᠢᠭ᠎ᠤᠨ᠎ᠬᠢᠨ ᠪᠠᠢᠯ᠎ᠠ᠃ ᠡᠳᠡ ᠨᠠᠷ᠎ᠤᠨ ᠳᠤᠮᠳᠠ᠎ᠠᠴᠠ ᠲᠦᠷᠪᠡᠨ ᠦᠶ᠎ᠡ᠎ᠪᠠᠷ ᠤᠷᠳᠤ᠎ᠶ᠋ᠢᠨ ᠲᠠᠭᠤᠤ᠎ᠶ᠋ᠢ ᠠᠪᠢᠶᠠᠰᠤᠯᠢᠭ ᠰᠠᠢᠬᠠᠨ ᠲᠠᠭᠤᠯᠠᠳᠠᠭ ᠵᠢᠪᠰᠧᠮᠠ ᠨᠠᠰᠤᠳᠠᠨ᠎ᠲᠠᠢ ᠲᠤᠭ᠍ᠯᠠᠯᠳᠠ᠎ᠶ᠋ᠢᠨ ᠵᠠᠪᠰᠠᠷ ᠵᠤᠭᠤᠭ᠍ᠳᠠᠬᠤᠳᠤ᠄ 《ᠤᠯᠠᠮᠵᠢᠯᠠᠯᠳᠤ ᠰᠠᠢᠬᠠᠨ ᠠᠷᠠᠳ᠎ᠤᠨ ᠤᠷᠠᠯᠢᠭ ᠭᠡᠭ᠌ᠴᠢ ᠨᠠᠨᠳᠢᠩᠨᠠᠵᠤ ᠬᠢᠮᠠᠭᠠᠳᠠᠬᠤ ᠴᠢᠬᠤᠯᠠᠳᠠᠢ ᠦᠪ ᠶᠡᠭᠡ ᠡᠷᠳᠡᠨᠢ ᠱᠢᠤ᠂ ᠪᠢᠳᠡᠨ᠎ᠤ ᠵᠠᠯᠠᠭᠤ ᠪᠠᠭ᠎ᠠ᠎ᠳᠤ ᠬᠠᠮᠢᠭ᠎ᠠ᠎ᠠᠴᠠ ᠡᠢᠮᠤ ᠰᠠᠢᠬᠠᠨ ᠲᠠᠢᠰᠠ᠂ ᠡᠢᠮᠤ ᠠᠱ᠌ᠢᠳᠠᠢ ᠵᠠᠪᠱᠢᠶᠠᠨ ᠪᠠᠢᠬᠤ ᠪᠢᠯᠡ᠂ ᠬᠠᠷᠢᠨ ᠤᠳᠤ ᠪᠤᠯ ᠵᠠᠯᠠᠭᠤ ᠪᠠᠭ᠎ᠠ ᠬᠡᠤᠬᠡᠳ ᠲᠡᠭᠦᠤ ᠨᠠᠷ᠎ᠲᠠᠭᠠᠨ ᠴᠢᠳᠠᠬᠤ᠎ᠶ᠋ᠢᠨ᠎ᠢᠶᠠᠨ ᠬᠢᠷᠢ᠎ᠪᠠᠷ ᠵᠢᠭᠠᠵᠤ ᠰᠤᠷᠭᠠᠬᠤ᠎ᠶ᠋ᠢ ᠬᠢᠴᠢᠶᠡᠵᠤ ᠶᠠᠪᠤᠨ᠎ᠠ》 ᠭᠡᠵᠤ ᠦᠪᠡᠷ᠎ᠤᠨ ᠰᠡᠳᠭᠢᠭ᠌ᠳᠡᠯ᠎ᠢᠶᠠᠨ ᠶᠠᠷᠢᠵᠤ ᠪᠢᠯᠡ᠃
ᠲᠠᠭᠤᠤ ᠤᠷᠠᠯᠢᠭ᠎ᠲᠤ ᠬᠢᠯᠢ ᠪᠠᠢᠳᠠᠭ ᠦᠭᠡᠢ ᠭᠡᠳᠡᠭ᠌ᠴᠢᠯᠡᠨ ᠲᠡᠯᠡᠭᠡᠢ ᠲᠠᠶᠠᠭᠠᠷ ᠭᠠᠢᠬᠠᠭ᠍ᠳᠠᠨ ᠪᠢᠱᠢᠷᠡᠭ᠌ᠳᠡᠭ᠌ᠰᠡᠨ ᠮᠤᠩᠭᠤᠯ ᠳᠠᠭᠤᠤ ᠤᠷᠠᠯᠢᠬ᠎ᠢ ᠳᠠᠭᠤᠯᠠᠭᠠᠳ ᠪᠠᠷᠠᠰᠢ ᠦᠬᠡᠢ ᠰᠤᠨᠤᠰᠤᠭᠠᠳ ᠨᠡᠩ ᠴᠤ᠌ ᠬᠠᠨᠤᠰᠢ ᠦᠬᠡᠢ ᠡ᠃ 《ᠬᠠᠳᠠᠳᠤ ᠬᠤᠸᠠ》᠂ 《ᠴᠡᠩᠭᠡᠷ ᠬᠠᠨᠭ᠌ᠭᠠᠢ ᠨᠤᠲᠤᠭ》᠂ 《ᠬᠦᠬᠡ ᠲᠤᠷᠭᠠᠨ ᠲᠡᠪᠡᠯ》᠂ 《ᠮᠠᠯᠴᠢᠨ ᠲᠦᠮᠡᠨ ᠡᠪ ᠬᠠᠮᠳᠤ ᠨᠠᠮ᠎ᠢᠶᠠᠨ ᠮᠠᠭ᠍ᠳᠠᠨ ᠲᠠᠭᠤᠯᠠᠨ᠎ᠠ》 ᠵᠡᠷᠭᠡ ᠠᠷᠠᠳ᠎ᠤᠨ ᠲᠤᠮᠳᠠ ᠦᠷᠭᠡᠨ᠎ᠢᠶᠠᠷ ᠤᠯᠠᠮᠵᠢᠯᠠᠭ᠍ᠳᠠᠨ ᠲᠠᠭᠤᠯᠠᠭ᠍ᠳᠠᠭ᠍ᠰᠠᠨ ᠰᠤᠩᠭᠤᠳᠠᠭ ᠰᠠᠢᠬᠠᠨ ᠲᠠᠭᠤᠤᠨᠤᠭᠤᠳ ᠴᠦᠷᠬᠦᠯᠡᠭ᠌ᠰᠡᠬᠡᠷ ᠡᠨᠡ ᠤᠳᠠᠭᠠᠨ᠎ᠤ ᠲᠤᠭ᠍ᠯᠠᠯᠳᠠ ᠴᠠᠭ ᠭᠠᠷᠤᠢ ᠶᠠᠪᠤᠭ᠍ᠳᠠᠭᠠᠳ ᠠᠮᠵᠢᠯᠳᠠ᠎ᠲᠠᠢ ᠰᠠᠢᠬᠠᠨ ᠦᠨᠳᠦᠷᠯᠡᠪᠡ᠃
ᠠᠬᠤᠢ ᠲᠠᠯᠠᠪᠠᠢ᠎ᠶ᠋ᠢᠨ ᠲᠤᠭ᠍ᠯᠠᠯᠳᠠ᠎ᠶ᠋ᠢ ᠦᠪᠦᠷ ᠮᠤᠩᠭᠤᠯ᠎ᠤᠨ ᠡᠳᠦᠷ᠎ᠤᠨ ᠰᠤᠨᠢᠨ᠎ᠤ ᠬᠤᠷᠢᠶ᠎ᠠ ᠬᠢᠭᠡᠳ ᠵᠡᠭᠦᠨ ᠦᠵᠦᠮᠦᠴᠢᠨ ᠬᠤᠱᠢᠭᠤᠨ᠎ᠤ ᠬᠠᠮ ᠵᠠᠭᠤᠴᠢᠯᠠᠭᠤᠷ᠎ᠤᠨ ᠲᠦᠪ ᠬᠠᠮᠵᠢᠯᠴᠠᠨ᠂ ᠬᠦᠯᠦᠭ ᠱᠢᠯᠵᠢᠶ᠎ᠡ᠂ ᠲᠠᠯ᠎ᠠ ᠨᠤᠲᠤᠭ᠎ᠤᠨ ᠡᠭᠦᠯᠡ ᠱᠢᠯᠵᠢᠶ᠎ᠡ᠎ᠪᠠᠷ ᠱᠢᠭᠤᠳ ᠲᠠᠮᠵᠢᠭᠤᠯᠵᠤ᠂ ᠪᠦᠬᠦ᠌ ᠤᠯᠤᠰ᠎ᠤᠨ 24 ᠵᠠᠭᠤᠴᠢᠯᠠᠭᠤᠷ ᠢᠵᠢᠯᠢ ᠠᠯᠬᠤᠮ᠎ᠢᠶᠠᠷ ᠲᠤᠬᠢᠶ᠎ᠠ᠎ᠶ᠋ᠢ ᠲᠠᠮᠵᠢᠭᠤᠯᠤᠨ ᠨᠡᠪᠲᠡᠷᠡᠭᠦᠯᠵᠦ᠍᠂ ᠦᠨᠳᠦᠰᠦᠳᠡᠨ᠎ᠤ ᠲᠠᠭᠤᠤ ᠤᠷᠠᠯᠢᠭ᠎ᠢ ᠲᠠᠭᠠᠱᠢᠶᠠᠨ ᠲᠡᠮᠵᠢᠳᠡᠭ ᠪᠦᠬᠦ᠌ ᠬᠦᠮᠦᠰ᠎ᠲᠤ ᠰᠤᠨᠢᠷᠬᠠᠭᠤᠯᠤᠯ᠎ᠠ᠃