ᠬᠢᠨᠭ᠌ᠭᠠᠨ ᠲᠤᠳᠤᠷᠭ᠎ᠠ᠎ᠶ᠋ᠢᠨ ᠲᠦᠷᠦᠯ ᠲᠡᠮᠳᠡᠭ᠎ᠢᠶᠠᠷ ᠰᠦᠯᠵᠢᠶᠡᠨ ᠪᠤᠷᠤᠯᠠᠭᠤᠯᠭ᠎ᠠ᠎ᠶ᠋ᠢᠨ ᠠᠷᠭ᠎ᠠ ᠵᠠᠮ᠎ᠢ ᠦᠷᠬᠡᠳᠭᠡᠬᠦ᠌᠎ᠶ᠋ᠢᠨ ᠲᠦᠯᠥᠬᠡ ᠡᠨᠡ ᠵᠢᠯ ᠬᠢᠨᠭ᠌ᠭᠠᠨ ᠠᠢᠮᠠᠭ᠎ᠤᠨ ᠬᠤᠯᠪᠤᠭ᠍ᠳᠠᠯ ᠪᠦᠬᠦᠢ ᠪᠠᠢᠭᠤᠯᠭ᠎ᠠ ᠲᠢᠶᠠᠨ ᠮᠤᠤ ᠲᠤᠬ᠍ᠴᠢ ᠲᠡᠯᠬᠡᠬᠦᠷ᠎ᠲᠤ ᠬᠢᠨᠭ᠌ᠭᠠᠨ ᠠᠢᠮᠠᠭ᠎ᠤᠨ ᠬᠤᠵᠢᠷᠯᠢᠭ ᠭᠠᠵᠠᠷ᠎ᠤᠨ ᠤᠰᠤᠨ ᠲᠤᠳᠤᠷᠭ᠎ᠠ ᠬᠢᠬᠡᠳ ᠬᠢᠨᠭ᠌ᠭᠠᠨ ᠠᠢᠮᠠᠭ᠎ᠤᠨ ᠱᠢᠯᠢᠳᠡᠭ ᠲᠤᠳᠤᠷᠭ᠎ᠠ᠎ᠶ᠋ᠢ ᠲᠡᠯᠬᠡᠷᠡᠬᠦᠯᠤᠠ ᠪᠤᠷᠤᠯᠠᠭᠤᠯᠬᠤ ᠡᠷᠬᠡ ᠤᠯᠭᠤᠯ᠎ᠠ᠃
ᠲᠢᠶᠠᠨ ᠮᠤᠤ ᠲᠤᠬ᠍ᠴᠢ ᠲᠡᠯᠬᠡᠬᠦᠷ᠎ᠤᠨ ᠵᠢᠶᠠᠩ ᠵᠠᠩ᠎ᠤᠨ ᠡᠷᠬᠢᠯᠡᠭ᠌ᠰᠡᠨ ᠬᠦ᠋ ᠯᠢᠤᠢ ᠲᠠᠷᠢᠶᠠᠯᠠᠩ᠎ᠤᠨ ᠪᠦᠳᠦᠬᠡᠭ᠌ᠳᠡᠬᠦᠨ ᠨᠢᠬᠡ ᠯᠠ ᠵᠢᠯ᠎ᠳᠤ 13 ᠳ᠋ᠦᠡᠭ᠌ᠰᠢᠭᠤᠷ ᠲᠦᠭᠦᠷᠢᠭ᠎ᠤᠨ ᠪᠤᠷᠤᠯᠠᠭᠤᠯᠭ᠎ᠠ᠎ᠶ᠋ᠢᠨ ᠤᠷᠤᠯᠭ᠎ᠠ ᠡᠬᠦᠳᠦᠭ᠌ᠰᠡᠡ ᠲᠡᠤᠬᠡᠡ ᠲᠡᠮᠳᠡᠭ᠌ᠯᠡᠯ᠎ᠲᠠᠢ᠂ ᠲᠤᠰ ᠪᠦᠯᠬᠦᠮ ᠬᠢᠨᠭ᠌ᠭᠠᠨ ᠠᠢᠮᠠᠭ᠎ᠤᠨ ᠲᠤᠳᠤᠷᠭ᠎ᠠ᠎ᠶ᠋ᠢ ᠤᠳᠤ ᠪᠤᠯᠳᠠᠯ᠎ᠠ 5000 ᠲᠤᠨ ᠪᠤᠷᠤᠯᠠᠭᠤᠯᠵᠦ᠍᠂ ᠪᠤᠷᠤᠯᠠᠭᠤᠯᠭ᠎ᠠ᠎ᠶ᠋ᠢᠨ ᠤᠷᠤᠯᠭ᠎ᠠ᠎ᠨᠢ 5300 ᠭᠠᠷᠤᠢ ᠲᠦᠮᠡᠨ ᠲᠦᠭᠦᠷᠢᠭ᠎ᠲᠤ ᠬᠦᠷᠴᠤ᠌ ᠪᠠᠢᠨ᠎ᠠ᠃ ᠨᠢᠳᠤᠨᠤᠠ᠎ᠤ 12 ᠰᠠᠷ᠎ᠠ᠎ᠳᠤ᠂ ᠲᠤᠰ ᠪᠦᠯᠬᠦᠮ ᠬᠢᠨᠭ᠌ᠭᠠᠨ ᠠᠢᠮᠠᠭ᠎ᠲᠠᠬᠢ ᠶᠤᠧᠠᠨ ᠯᠦᠩ ᠫᠢᠩ ᠠᠺᠠᠳᠧᠮᠢᠴᠢ᠎ᠶ᠋ᠢᠨ ᠠᠵᠢᠯᠯᠠᠬᠤ ᠦᠷᠳᠡᠭᠡ᠎ᠲᠠᠢ ᠬᠠᠮᠳᠤᠷᠠᠯᠴᠠᠠ ᠦᠪᠤᠷ ᠮᠤᠩᠭᠤᠯ᠎ᠤᠨ ᠶᠤᠧᠠᠨ ᠮᠧᠩ ᠮᠢ ᠲᠠᠷᠢᠶᠠᠯᠠᠩ᠎ᠤᠨ ᠱᠢᠨᠵᠢᠯᠡᠬᠦ᠌ ᠤᠠᠬ᠍ᠭᠠᠨ ᠮᠡᠷᠬᠡᠵᠢᠯ᠎ᠤᠨ ᠬᠢᠵᠠᠭᠠᠷᠳᠤ ᠺᠤᠮᠫᠠᠨᠢ᠎ᠶ᠋ᠢ ᠲᠠᠩᠰᠠᠯᠠᠭᠤᠯᠤᠠ ᠪᠠᠢᠭᠤᠯᠵᠠᠢ᠃
ᠨᠢᠳᠤᠨᠤᠠ᠎ᠤ 9 ᠰᠠᠷ᠎ᠠ᠎ᠶ᠋ᠢᠨ 24 ᠤ ᠡᠳᠦᠷ᠂ ᠡᠾᠧᠨᠠᠨ ᠮᠤᠵᠢ ᠪᠠ ᠦᠪᠤᠷ ᠮᠤᠩᠭᠤᠯ᠎ᠤᠨ ᠬᠠᠮᠢᠶ᠎ᠠ ᠪᠦᠬᠦᠢ ᠲᠤᠰᠭᠠᠢ ᠮᠡᠷᠬᠡᠵᠢᠯᠳᠡᠨ᠎ᠤ ᠲᠤᠭᠤᠢ᠍ᠢᠯᠠᠩ᠂ ᠬᠢᠨᠭ᠌ᠭᠠᠨ ᠠᠢᠮᠠᠭ᠎ᠲᠠᠬᠢ ᠶᠤᠧᠠᠨ ᠯᠦᠩ ᠫᠢᠩ ᠠᠺᠠᠳᠧᠮᠢᠴᠢ᠎ᠶ᠋ᠢᠨ ᠠᠵᠢᠯᠯᠠᠬᠤ ᠦᠷᠳᠡᠭᠡ᠎ᠲᠠᠢ ᠬᠠᠮᠳᠤᠷᠠᠯᠴᠠᠠ ᠬᠤᠷᠴᠢᠨ ᠪᠠᠷᠠᠭᠤᠨ ᠭᠠᠷᠤᠨ ᠲᠤᠮᠳᠠᠳᠤ ᠬᠤᠱᠢᠭᠤᠨ᠎ᠤ ᠬᠤᠵᠢᠷᠯᠢᠭ ᠭᠠᠵᠠᠷ᠎ᠲᠤ ᠲᠤᠳᠤᠷᠭ᠎ᠠ ᠲᠡᠷᠢᠬᠤ ᠬᠠᠢᠠ ᠬᠡᠮᠵᠢᠯᠳᠠ ᠬᠢᠬᠡᠳ ᠮᠠᠰᠢ ᠰᠠᠢᠠ ᠳ᠋ᠦᠩ ᠤᠯᠪᠠ᠃ ᠡᠨᠡ ᠵᠢᠯ᠎ᠤᠨ 1 ᠰᠠᠷ᠎ᠠ᠎ᠳᠤ ᠬᠠᠢᠨᠠᠨ ᠮᠤᠵᠢ᠎ᠶ᠋ᠢᠨ ᠰᠠᠨ ᠶᠠ ᠬᠤᠳᠠ᠎ᠳᠤ 《ᠶᠤᠸᠠᠨ ᠯᠦᠩ ᠫᠢᠩ᠎ᠤᠨ ᠲᠦᠯᠤᠪᠯᠡᠭᠡ》 ᠶ᠋ᠢ ᠵᠢᠩᠬᠢᠨᠢ᠎ᠪᠠᠷ ᠲᠤᠷᠠᠳᠴᠦ᠍ ᠭᠠᠷᠭᠠᠠ᠂ ᠬᠢᠨᠭ᠌ᠭᠠᠨ ᠠᠢᠮᠠᠭ᠎ᠤᠨ ᠶᠤᠧᠠᠨ ᠯᠦᠩ ᠫᠢᠩ ᠠᠺᠠᠳᠧᠮᠢᠴᠢ ᠠᠵᠢᠯᠯᠠᠬᠤ ᠦᠷᠳᠡᠭᠡ᠂ ᠠᠯᠢᠪᠠᠪᠠ (ᠲᠤᠮᠳᠠᠳᠤ ᠤᠯᠤᠰ) ᠵᠦᠬᠡᠯᠡᠨ ᠲᠤᠨᠤᠭ᠎ᠤᠨ ᠬᠢᠵᠠᠭᠠᠷᠳᠤ ᠺᠤᠮᠫᠠᠨᠢ ᠬᠢᠬᠡᠳ ᠦᠪᠤᠷ ᠮᠤᠩᠭᠤᠯ᠎ᠤᠨ ᠶᠤᠧᠠᠨ ᠮᠧᠩ ᠮᠢ ᠲᠠᠷᠢᠶᠠᠯᠠᠩ᠎ᠤᠨ ᠱᠢᠨᠵᠢᠯᠡᠬᠦ᠌ ᠤᠬᠠᠭᠠᠨ ᠮᠡᠷᠬᠡᠵᠢᠯ᠎ᠤᠨ ᠬᠢᠵᠡᠭᠠᠷ᠎ᠳᠤ ᠺᠤᠮᠫᠠᠨᠢ ᠬᠠᠮᠵᠢᠯᠴᠠᠨ 3 ᠵᠢᠯ᠎ᠤᠨ ᠬᠤᠭᠤᠴᠠᠭᠠᠨ᠎ᠳᠤ᠂ ᠬᠢᠨᠭ᠌ᠭᠠᠨ ᠠᠢᠮᠠᠭ᠎ᠲᠤ 20 ᠲᠦᠮᠡᠨ ᠮᠦ᠍ ᠬᠤᠵᠢᠷᠯᠢᠭ ᠭᠠᠵᠠᠷ᠎ᠤᠨ ᠤᠰᠤᠨ ᠲᠤᠳᠤᠷᠭ᠎ᠠ ᠲᠠᠷᠢᠵᠦ᠍᠂ ᠪᠦᠬᠦ᠌ ᠤᠯᠤᠰ᠎ᠤᠨ ᠬᠡᠪᠴᠢᠶᠠᠠ᠎ᠳᠤ 1 ᠳ᠋ᠦᠡᠭ᠌ᠰᠢᠭᠤᠷ ᠮᠦ᠍ ᠲᠡᠯᠬᠡᠷᠡᠬᠦᠯᠵᠦ᠍᠂ ᠬᠠᠮᠠᠷ ᠬᠠᠳᠭᠤᠬᠤ ᠡᠪᠡᠰᠤ ᠤᠷᠭᠤᠬᠤ ᠦᠬᠡᠢ ᠬᠤᠵᠢᠷᠯᠢᠭ ᠭᠠᠵᠠᠷ᠎ᠢ ᠰᠠᠢᠵᠢᠷᠠᠭᠤᠯᠵᠦ᠍ ᠦᠨᠳᠦᠷ ᠤᠨᠠᠯᠳᠠ᠎ᠲᠠᠢ ᠠᠮᠤ ᠪᠤᠳᠠᠭᠠᠨ᠎ᠤ ᠨᠤᠳᠤᠭ ᠪᠤᠯᠭᠠᠬᠤ ᠲᠦᠯᠤᠪᠯᠡᠭᠡ ᠲᠤᠭ᠍ᠳᠠᠭᠠᠵᠡᠢ᠃ ᠶᠤᠧᠠᠨ ᠯᠦᠩ ᠫᠢᠩ ᠠᠺᠠᠳᠧᠮᠢᠴᠢ 《ᠬᠤᠵᠢᠷᠯᠢᠭ ᠭᠠᠵᠠᠷ᠎ᠲᠤ ᠤᠰᠤᠨ ᠲᠤᠳᠤᠷᠭ᠎ᠠ ᠲᠠᠷᠢᠬᠤ》 ᠶ᠋ᠢ ᠦᠪᠡᠷ᠎ᠤᠨ᠎ᠢᠶᠠᠨ ᠭᠤᠷᠪᠠᠳᠠᠬᠢ ᠬᠠᠷᠠᠯᠳᠠ ᠲᠦᠯᠦᠪᠯᠡᠭᠡ᠎ᠪᠠᠨ ᠪᠤᠯᠭᠠᠠ 《ᠶᠤᠧᠠᠨ ᠮᠧᠩ ᠤᠰᠤᠨ ᠲᠤᠳᠤᠷᠭ᠎ᠠ》 ᠬᠡᠮᠠᠠ ᠨᠡᠷᠠᠯᠠᠵᠥ᠍᠂ ᠮᠡᠷᠬᠡᠵᠢᠯ᠎ᠤᠨ ᠲᠠᠪᠱᠢᠯᠳᠠ ᠬᠢᠬᠡᠳ ᠠᠵᠦ᠍ ᠦᠢᠯᠡᠰᠵᠢᠬᠦᠯᠦᠨ ᠬᠦᠭ᠌ᠵᠢᠬᠦᠯᠬᠦ᠌᠎ᠪᠠᠷ ᠲᠠᠮᠵᠢᠠ ᠬᠢᠨᠭ᠌ᠭᠠᠨ ᠠᠢᠮᠠᠭ᠎ᠤᠨ ᠠᠮᠢ ᠠᠬᠤᠢ᠎ᠶ᠋ᠢᠨ ᠤᠷᠴᠢᠨ ᠲᠤᠭᠤᠷᠢᠨ᠎ᠤ ᠡᠬᠢ ᠪᠠᠶᠠᠯᠢᠭ᠂ ᠲᠠᠪᠠᠭᠤᠯᠢᠭ᠎ᠢ ᠢᠯᠡᠷᠡᠬᠦᠯᠵᠦ᠍᠂ ᠠᠮᠢ ᠠᠬᠤᠢ᠎ᠶ᠋ᠢᠨ ᠤᠷᠴᠢᠨ ᠲᠤᠭᠤᠷᠢᠨ᠎ᠢ ᠰᠠᠢᠵᠢᠷᠠᠭᠤᠯᠤᠠ᠂ ᠤᠨᠢᠨ ᠲᠡᠬᠡᠷ᠎ᠠ᠎ᠨᠢ ᠶᠠᠳᠠᠭᠤ᠎ᠶ᠋ᠢ ᠲᠡᠳᠬᠦᠭ᠌ᠰᠡᠨ ᠦᠷ᠎ᠠ ᠪᠦᠳᠦᠮᠵᠢ᠎ᠶ᠋ᠢ ᠪᠠᠳᠤᠳᠭᠠᠬᠤ᠎ᠪᠠᠷ ᠪᠠᠷᠠᠬᠤ ᠦᠬᠡᠢ ᠤᠯᠤᠰ᠎ᠤᠨ ᠠᠮᠤ ᠪᠤᠳᠠᠭᠠᠨ᠎ᠤ ᠠᠮᠤᠷ ᠲᠦᠪᠱᠢᠨ᠎ᠢ ᠪᠠᠳᠤᠯᠠᠬᠤ ᠪᠤᠯᠤᠨ᠎ᠠ᠃ ᠡᠨᠡ ᠬᠦ᠌ ᠲᠦᠯᠦᠪᠯᠡᠭᠡ᠎ᠨᠢ ᠬᠤᠵᠢᠷᠯᠢᠭ ᠭᠠᠵᠠᠷ᠎ᠤᠨ ᠠᠮᠢ ᠠᠬᠤᠢ᠎ᠶ᠋ᠢᠨ ᠤᠷᠴᠢᠨ ᠲᠤᠭᠤᠷᠢᠨ᠎ᠢ ᠰᠠᠢᠵᠢᠷᠠᠭᠤᠯᠬᠤ᠎ᠶ᠋ᠢᠨ ᠬᠠᠮᠳᠤ ᠲᠤᠬᠠᠢ᠎ᠶ᠋ᠢᠨ ᠭᠠᠵᠠᠷ᠎ᠤᠨ ᠶᠠᠳᠠᠭᠤ ᠬᠦᠴᠢᠷᠳᠡᠯᠳᠡᠢ ᠬᠦᠮᠦᠰ᠎ᠤᠨ ᠠᠮᠤ ᠬᠦᠨᠠᠰᠤᠨᠤ ᠠᠰᠠᠭᠤᠳᠠᠯ᠎ᠢ ᠱᠢᠢᠳᠪᠦᠷᠢᠯᠡᠵᠦ᠍ ᠤᠰᠤᠨ ᠲᠤᠳᠤᠷᠭ᠎ᠠ ᠲᠠᠷᠢᠬ᠍ᠰᠠᠨ ᠲᠠᠷᠢᠶᠠᠴᠢᠳ᠎ᠤᠨ ᠤᠷᠤᠯᠭ᠎ᠠ᠎ᠶ᠋ᠢ ᠲᠠᠬᠢᠨ᠎ᠢᠶᠠᠷ ᠨᠡᠮᠡᠭ᠌ᠳᠡᠬᠦᠯᠬᠦ᠌ ᠪᠤᠯᠤᠨ᠎ᠠ᠃