《ᠲᠠᠶᠠᠭᠠᠷ ᠰᠠᠢᠨ ᠪᠠᠢᠵᠠᠭᠠᠨ᠎ᠠ ᠤᠤ? ᠱᠢᠭᠤᠳ ᠨᠡᠪᠲᠡᠷᠡᠭᠦᠯᠭᠡ᠎ᠶ᠋ᠢᠨ ᠲᠠᠰᠤᠭ᠎ᠲᠤ ᠬᠦᠷᠦᠯᠴᠡᠨ ᠢᠷᠡᠭ᠌ᠰᠡᠨ ᠲᠡ ᠪᠦᠬᠦᠠ᠎ᠢᠶᠠᠨ ᠪᠠᠶᠠᠷᠯᠠᠨ ᠤᠭ᠍ᠲᠤᠵᠤ ᠪᠠᠢᠨ᠎ᠠ᠃ ᠦᠨᠦᠳᠦᠷ ᠲᠠ ᠨᠠᠷ᠎ᠲᠠᠭᠠᠨ ᠮᠠᠨ᠎ᠤ ᠲᠤᠰᠭᠤᠨ᠎ᠤ ᠲᠠᠷᠢᠶᠠᠴᠢᠳ᠎ᠤᠨ ᠦᠪᠡᠷᠲᠡᠭᠡᠨ ᠲᠠᠷᠢᠭ᠍ᠰᠠᠨ ᠱ᠌ᠢᠷᠦᠨ ᠤᠨᠵᠢᠯᠭ᠎ᠠ᠎ᠶ᠋ᠢ ᠲᠡᠨᠢᠯᠴᠠᠭᠤᠯᠤᠶᠠ᠃ ᠵᠢᠩᠬᠢᠨᠢ ᠪᠠᠢᠭᠠᠯᠢᠯᠢᠭ ᠪᠤᠬᠢᠷᠳᠤᠯ ᠦᠭᠡᠢ ᠢᠳᠡᠭᠡᠨ ᠱᠢᠤ᠂ ᠰᠤᠨᠢᠷᠬᠠᠯ᠎ᠲᠠᠢ ᠪᠤᠯ ᠬᠤᠷᠳᠤᠨ ᠵᠠᠬᠢᠶᠠᠯᠠᠭᠠᠷᠠᠢ!》
8 ᠰᠠᠷ᠎ᠠ᠎ᠶ᠋ᠢᠨ 5 ᠤ ᠡᠳᠦᠷ᠂ ᠤᠷᠠᠳ᠎ᠤᠨ ᠡᠮᠦᠨᠡᠲᠦ ᠬᠤᠱᠢᠭᠤᠨ᠎ᠤ ᠱᠢᠶᠠᠨ ᠹᠧᠩ ᠪᠠᠯᠭᠠᠰᠤ᠎ᠶ᠋ᠢᠨ ᠱᠢᠶᠠᠨ ᠹᠧᠩ ᠲᠤᠰᠭᠤᠨ᠎ᠤ ᠱ᠌ᠢᠷᠦᠨ ᠤᠨᠵᠢᠯᠭ᠎ᠠ᠎ᠶ᠋ᠢᠨ ᠲᠠᠷᠢᠶᠠᠨ ᠭᠠᠵᠠᠷ᠎ᠲᠤ᠌᠂ ᠮᠦᠬᠦᠯᠢᠭ ᠮᠦᠬᠦᠯᠢᠭ ᠱ᠌ᠢᠷᠤᠨ ᠤᠨᠵᠢᠯᠭ᠎ᠠ ᠰᠠᠯᠠᠭ᠎ᠠ ᠨᠠᠮᠠᠭ᠎ᠠ᠎ᠪᠠᠨ ᠲᠡᠭᠠᠭᠠᠵᠥ᠍ ᠶᠠᠳᠠᠳᠠᠯ᠎ᠠ ᠰᠠᠭᠤᠵᠤ᠂ ᠲᠤᠬᠠᠢ᠎ᠶ᠋ᠢᠨ ᠭᠠᠵᠠᠷ᠎ᠤᠨ ᠰᠦᠯᠵᠢᠶᠡᠨ ᠨᠡᠪᠲᠡᠷᠡᠭᠦᠯᠦᠭ᠌ᠴᠢ ᠸᠠᠩ ᠱᠢᠨ ᠶᠤᠸᠠᠨ᠂ ᠵᠦ᠍ ᠯᠢᠩ ᠱᠢᠭᠤᠳ ᠨᠡᠪᠲᠡᠷᠡᠭᠦᠯᠭᠡ᠎ᠪᠠᠷ ᠰᠦᠯᠵᠢᠶᠡᠨ ᠠᠨᠲᠠ ᠨᠠᠷ᠎ᠲᠤ ᠱ᠌ᠢᠷᠤᠨ ᠤᠨᠵᠢᠯᠭ᠎ᠠ᠎ᠶ᠋ᠢᠨ ᠲᠠᠷᠢᠬᠤ᠎ᠠᠴᠠ ᠬᠤᠷᠢᠶᠠᠬᠤ ᠬᠦᠷᠲᠡᠯᠡᠬᠢ ᠪᠦᠬᠦ᠌ ᠶᠠᠪᠤᠴᠠ ᠪᠠ ᠲᠡᠭᠦᠨ᠎ᠤ ᠱᠢᠮ᠎ᠡ ᠲᠡᠵᠢᠬᠡᠯ᠎ᠤᠨ ᠲᠤᠬᠠᠢ ᠨᠠᠷᠢᠨ ᠨᠢᠮᠪᠠᠢ ᠲᠠᠨᠢᠯᠴᠠᠭᠤᠯᠤᠨ᠎ᠠ᠃
ᠤᠳᠤ ᠪᠤᠯ ᠶᠠᠭ ᠱ᠌ᠢᠷᠤᠨ ᠤᠨᠵᠢᠯᠭ᠎ᠠ ᠬᠤᠷᠢᠶᠠᠬᠤ ᠤᠯᠠᠷᠢᠯ᠂ ᠡᠩ᠎ᠤᠨ ᠱ᠌ᠢᠷᠦᠨ ᠤᠨᠵᠢᠯᠭ᠎ᠠ ᠵᠢᠩ ᠪᠦᠷᠢ᠎ᠳᠡᠭᠡᠨ 20 ᠲᠦᠭᠦᠷᠢᠭ ᠤᠷᠴᠢᠮ ᠬᠦᠷᠴᠤ᠌ ᠪᠤᠢ᠃ ᠬᠠᠷᠢᠨ ᠱᠢᠶᠠᠨ ᠹᠧᠩ ᠪᠠᠯᠭᠠᠰᠤ᠎ᠶ᠋ᠢᠨ ᠱ᠌ᠢᠷᠦᠨ ᠤᠨᠵᠢᠯᠭ᠎ᠠ ᠵᠢᠩ ᠪᠦᠷᠢ᠎ᠳᠡᠭᠡᠨ 40 — 80 ᠲᠦᠭᠦᠷᠢᠭ ᠬᠦᠷᠴᠦ᠍ ᠪᠠᠢᠨ᠎ᠠ᠃ ᠡᠭᠦᠨ᠎ᠢᠶᠠᠷ ᠪᠠᠷᠠᠬᠤ ᠦᠬᠡᠢ ᠰᠦᠯᠵᠢᠶᠡᠨ ᠳᠡᠭᠡᠷ᠎ᠡ ᠪᠤᠷᠤᠯᠠᠭᠤᠯᠤᠭ᠍ᠰᠠᠨ᠎ᠠᠴᠠ ᠬᠤᠢᠰᠢ ᠲᠤᠬᠠᠢ᠎ᠶ᠋ᠢᠨ ᠭᠠᠵᠠᠷ᠎ᠤᠨ ᠱ᠌ᠢᠷᠦᠨ ᠤᠨᠵᠢᠯᠭ᠎ᠠ᠎ᠶ᠋ᠢᠨ ᠪᠤᠷᠤᠯᠠᠭᠤᠯᠭ᠎ᠠ᠎ᠶ᠋ᠢᠨ ᠬᠡᠮᠵᠢᠶ᠎ᠡ ᠴᠤ᠌ ᠶᠡᠭᠡ᠎ᠪᠠᠷ ᠨᠡᠮᠡᠭ᠌ᠳᠡᠵᠦ᠍᠂ ᠤᠷᠴᠢᠮ᠎ᠤᠨ ᠬᠡᠳᠦᠨ ᠡᠳᠦᠷ ᠸᠠᠩ ᠱᠢᠨ ᠶᠤᠸᠠᠨ ᠬᠠᠮᠲᠤ ᠠᠵᠢᠯᠲᠠᠳ᠎ᠲᠠᠢ᠎ᠪᠠᠨ ᠦᠷᠯᠦᠭᠡ᠎ᠠᠴᠠ ᠦᠳᠡᠰᠢ ᠪᠤᠯᠳᠠᠯ᠎ᠠ ᠵᠠᠬᠢᠶᠠᠯᠠᠭ᠎ᠠ᠎ᠪᠠᠨ ᠪᠦᠷᠢᠳᠭᠡᠡ ᠲᠡᠩᠰᠠᠯᠠᠵᠥ᠍ ᠪᠠᠷᠠᠭ᠎ᠠ᠎ᠪᠠᠨ ᠶᠠᠪᠤᠭᠤᠯᠤᠭᠠᠳ ᠤᠨᠠᠭ᠍ᠰᠠᠨ ᠮᠠᠯᠠᠭᠠᠢ᠎ᠪᠠᠨ ᠠᠪᠬᠤ ᠵᠠᠪ ᠦᠭᠡᠢ ᠶᠠᠭᠠᠷᠠᠵᠤ ᠪᠠᠢᠯ᠎ᠠ᠃
《ᠪᠤᠷᠤᠯᠠᠭᠤᠯᠭ᠎ᠠ ᠮᠠᠰᠢ ᠰᠠᠢᠨ ᠪᠠᠢᠨ᠎ᠠ᠂ ᠬᠡᠳᠦᠭᠡᠨ ᠡᠳᠦᠷ᠎ᠲᠤ ᠵᠠᠬᠢᠶᠠᠯᠠᠭ᠎ᠠ ᠪᠤᠷᠤᠯᠠᠭᠤᠯᠭ᠎ᠠ᠎ᠶ᠋ᠢᠨ ᠬᠡᠮᠵᠢᠶ᠎ᠡ ᠶᠡᠭᠡ᠎ᠪᠠᠷ ᠨᠡᠮᠡᠭ᠌ᠳᠡᠵᠥ᠍᠂ ᠵᠢᠱ᠌ᠢᠯᠳᠡ᠎ᠪᠠᠷ ᠨᠢᠭᠡ ᠰᠠᠷ᠎ᠠ᠎ᠶ᠋ᠢᠨ ᠬᠤᠭᠤᠴᠠᠭᠠᠨ᠎ᠳᠤ ᠪᠤᠷᠤᠯᠠᠭᠤᠯᠭ᠎ᠠ᠎ᠶ᠋ᠢᠨ ᠬᠡᠮᠵᠢᠶ᠎ᠡ 4 ~ 5 ᠲᠤᠨ ᠬᠦᠷᠤᠨ᠎ᠠ》 ᠬᠡᠮᠡᠨ ᠸᠠᠩ ᠱᠢᠨ ᠶᠤᠸᠠᠨ ᠪᠠᠶᠠᠷᠳᠠᠢᠬᠠᠠ ᠶᠠᠷᠢᠨ᠎ᠠ᠃
ᠪᠤᠷᠤᠯᠠᠭᠤᠯᠭ᠎ᠠ᠎ᠶ᠋ᠢᠨ ᠬᠡᠮᠵᠢᠶ᠎ᠡ᠎ᠨᠢ ᠶᠠᠰᠤ ᠴᠢᠨᠠᠷ᠎ᠲᠤ ᠲᠦᠱᠢᠭ᠌ᠯᠡᠨ᠎ᠡ᠃ ᠸᠠᠩ ᠱᠢᠨ ᠶᠤᠸᠠᠨ᠎ᠤ ᠠᠵᠢᠯᠯᠠᠬᠤ ᠪᠠᠭ᠎ᠤᠨ᠎ᠬᠢᠨ ᠪᠤᠬᠢᠷᠳᠤᠯ ᠦᠭᠡᠢ ᠪᠠᠢᠭᠠᠯᠢᠯᠢᠭ ᠢᠳᠡᠭᠡᠨ᠎ᠤ ᠱᠠᠭᠠᠷᠳᠠᠯᠭ᠎ᠠ᠎ᠶ᠋ᠢ ᠴᠢᠩᠭ᠎ᠠ ᠪᠠᠷᠢᠮᠲᠠᠯᠠᠵᠤ᠂ ᠲᠠᠷᠢᠶᠠᠴᠢᠨ ᠡᠷᠦᠬᠡ᠎ᠲᠠᠢ ᠬᠠᠮᠲᠤᠷᠠᠯᠴᠠᠨ᠂ ᠬᠤᠷᠢᠶᠠᠵᠤ ᠠᠪᠴᠢᠷᠠᠭ᠍ᠰᠠᠨ ᠱ᠌ᠢᠷᠤᠨ ᠤᠨᠵᠢᠯᠭ᠎ᠠ᠎ᠪᠠᠨ ᠮᠦᠬᠦᠯᠢᠭ᠎ᠤᠨ ᠲᠤᠮᠤ ᠵᠢᠵᠢᠭᠢᠶᠠᠷᠨᠢ ᠢᠯᠭᠠᠠ ᠪᠤᠭᠤᠳᠠᠯᠯᠠᠵᠤ᠂ ᠠᠳᠠᠯᠢ ᠪᠤᠰᠤ ᠦᠨ᠎ᠡ ᠬᠠᠲᠠᠨ ᠪᠤᠷᠤᠯᠠᠭᠤᠯᠤᠨ᠎ᠠ᠃
《ᠬᠠᠮᠤᠭ᠎ᠤᠨ ᠦᠨᠳᠦᠷ ᠪᠠᠷᠢᠮᠵᠢᠶᠠᠲᠤ ᠱ᠌ᠢᠷᠤᠨ ᠤᠨᠵᠢᠯᠭ᠎ᠠ᠎ᠶ᠋ᠢᠨ ᠮᠦᠬᠦᠯᠢᠭ ᠪᠦᠷᠢ᠎ᠨᠢ ᠨᠢᠭᠡ ᠲᠦᠭᠦᠷᠢᠭ ᠬᠦᠷᠴᠦ᠍ ᠪᠤᠢ᠂ ᠨᠢᠭᠡ ᠮᠦᠬᠦᠯᠢᠭ᠎ᠨᠢ ᠲᠡᠮᠦᠷᠯᠢᠭ ᠵᠤᠭᠤᠰ᠎ᠤᠨ ᠬᠢᠷᠢ ᠲᠤᠮᠤ ᠪᠤᠯᠬᠤᠷ ᠮᠦᠬᠦᠯᠢᠭ ᠮᠦᠬᠦᠯᠢᠭᠢᠶᠠᠷᠨᠢ ᠪᠤᠷᠤᠯᠠᠭᠤᠯᠵᠤ ᠪᠤᠢ》 ᠬᠡᠵᠦ᠍ ᠸᠠᠩ ᠱᠢᠨ ᠶᠤᠸᠠᠨ ᠲᠠᠨᠢᠯᠴᠠᠭᠤᠯᠤᠨ᠎ᠠ᠃
ᠡᠨᠡ ᠵᠢᠯ ᠬᠢᠵᠢᠭ᠎ᠤᠨ ᠪᠠᠢᠳᠠᠯ᠎ᠤᠨ ᠨᠦᠯᠦᠭᠡ᠎ᠠᠴᠠ ᠪᠤᠯᠵᠤ᠂ ᠱ᠌ᠢᠷᠦᠨ ᠤᠨᠵᠢᠯᠭ᠎ᠠ᠎ᠶ᠋ᠢᠨ ᠦᠨ᠎ᠡ ᠲᠤᠭ᠍ᠲᠠᠪᠤᠷᠢ ᠦᠭᠡᠢ ᠪᠠᠢᠯ᠎ᠠ᠃ ᠡᠢᠮᠦᠷᠬᠦᠦ ᠪᠠᠢᠳᠠᠯ ᠲᠤᠤᠷ᠎ᠠ ᠮᠠᠰᠢ ᠤᠯᠠᠨ ᠲᠠᠷᠢᠶᠠᠴᠢᠨ ᠡᠷᠦᠬᠡ ᠦᠪᠡᠷᠲᠡᠭᠡᠨ ᠪᠤᠷᠤᠯᠠᠭᠤᠯᠬᠤ ᠪᠤᠶᠤ ᠴᠠᠬᠢᠮ ᠬᠤᠳᠠᠯᠳᠤᠭᠠᠴᠢᠨ᠎ᠲᠠᠢ ᠬᠠᠮᠲᠤᠷᠠᠵᠤ ᠰᠦᠯᠵᠢᠶᠡᠨ ᠳᠡᠭᠡᠷ᠎ᠡ ᠪᠤᠷᠤᠯᠠᠭᠤᠯᠬᠤ ᠠᠷᠭ᠎ᠠ᠎ᠶ᠋ᠢ ᠰᠤᠩᠭᠤᠨ᠂ ᠱ᠌ᠢᠷᠦᠨ ᠤᠨᠵᠢᠯᠭ᠎ᠠ᠎ᠶ᠋ᠢᠨ᠎ᠢᠶᠠᠨ ᠶᠠᠰᠤ ᠴᠢᠨᠠᠷ᠎ᠢ ᠪᠠᠲᠤᠯᠠᠬᠤ᠎ᠶ᠋ᠢᠨ ᠬᠠᠮᠲᠤ ᠮᠦᠬᠦᠯᠢᠭ᠎ᠤᠨ ᠬᠢᠨᠢ ᠲᠤᠮᠤ ᠵᠢᠵᠢᠭᠢᠶᠠᠷᠨᠢ ᠢᠯᠭᠠᠠ ᠨᠢᠭᠡ ᠵᠢᠩ ᠱ᠌ᠢᠷᠤᠨ ᠤᠨᠵᠢᠯᠭ᠎ᠠ᠎ᠶ᠋ᠢ 40 ~ 80 ᠲᠦᠭᠦᠷᠢᠭ᠎ᠢᠶᠠᠷ ᠪᠤᠷᠤᠯᠠᠭᠤᠯᠵᠤ᠂ ᠲᠤᠬᠠᠢ᠎ᠶ᠋ᠢᠨ ᠭᠠᠵᠠᠷ᠎ᠤᠨ ᠴᠢᠨᠠᠷ ᠰᠠᠢᠳᠠᠢ ᠱ᠌ᠢᠷᠤᠨ ᠤᠨᠵᠢᠯᠭ᠎ᠠ᠎ᠪᠠᠨ ᠵᠢᠩᠬᠢᠨᠢ᠎ᠪᠠᠷ ᠦᠨᠳᠦᠷ ᠦᠷᠳᠡᠭ᠎ᠲᠠᠢ ᠪᠤᠯᠭᠠᠵᠤ ᠴᠢᠳᠠᠪᠠ᠃
ᠰᠦᠯᠵᠢᠶᠡᠨ ᠪᠤᠷᠤᠯᠠᠭᠤᠯᠭ᠎ᠠ᠎ᠶ᠋ᠢ ᠬᠦᠭ᠌ᠵᠢᠶᠡᠨ᠎ᠲᠠᠢ ᠪᠤᠯᠭᠠᠬᠤ᠎ᠶ᠋ᠢᠨ ᠲᠦᠯᠥᠬᠡ ᠱᠢᠶᠠᠠ ᠹᠧᠩ ᠪᠠᠯᠭᠠᠰᠤ ᠰᠦᠯᠵᠢᠶᠠᠠ ᠪᠤᠷᠤᠯᠠᠭᠤᠯᠭ᠎ᠠ ᠬᠢᠬᠦ᠌ ᠬᠦᠰᠡᠯ ᠱᠠᠭᠠᠷᠳᠠᠯᠭ᠎ᠠ᠎ᠲᠠᠢ ᠲᠠᠷᠢᠶᠠᠴᠢᠳ᠎ᠢ ᠵᠤᠬᠢᠶᠠᠨ ᠪᠠᠢᠭᠤᠯᠤᠨ ᠡᠯᠧᠺᠲᠷᠦᠨ ᠬᠤᠳᠠᠯᠳᠤᠭᠠᠨ᠎ᠤ ᠪᠤᠯᠪᠠᠰᠤᠷᠠᠯ᠎ᠳᠤ ᠤᠷᠤᠯᠴᠠᠭᠤᠯᠵᠤ᠂ ᠰᠦᠯᠵᠢᠶᠡᠨ ᠪᠤᠷᠤᠯᠠᠭᠤᠯᠭ᠎ᠠ᠎ᠶ᠋ᠢᠨ ᠠᠷᠭ᠎ᠠ ᠲᠡᠮ ᠤᠷ᠎ᠠ ᠮᠠᠷᠬᠡᠵᠢᠯ ᠡᠵᠡᠮᠱᠢᠬᠦᠯᠵᠥ᠍᠂ ᠲᠦᠷᠭᠡᠨ ᠬᠦᠷᠭᠡᠯᠳᠠ᠎ᠶ᠋ᠢᠨ ᠺᠤᠮᠫᠠᠨᠢ᠎ᠲᠠᠢ ᠬᠠᠮᠲᠤᠷᠠᠯᠴᠠᠭᠠᠨ᠎ᠤ ᠭᠡᠷ᠎ᠡ ᠲᠤᠭ᠍ᠲᠠᠵᠤ᠂ ᠲᠡᠭᠡᠭᠡᠪᠦᠷᠢ᠎ᠶ᠋ᠢᠨ ᠵᠠᠮ ᠬᠤᠯᠠ᠂ ᠦᠪᠡᠷ᠎ᠤᠨ ᠦᠷᠳᠡᠭ ᠦᠨᠳᠦᠷ ᠵᠡᠷᠭᠡ ᠠᠰᠠᠭᠤᠳᠠᠯ᠎ᠢ ᠱᠢᠢᠳᠪᠦᠷᠢᠯᠡᠵᠦ᠍ ᠦᠭ᠌ᠪᠡ᠃ ᠤᠳᠤ ᠪᠤᠯᠲᠠᠯ᠎ᠠ᠂ ᠮᠠᠰᠢ ᠤᠯᠠᠨ ᠬᠦᠮᠥᠰ ᠡᠯᠧᠺᠲᠷᠦᠨ ᠬᠤᠳᠠᠯᠳᠤᠭᠠᠨ᠎ᠤ ᠡᠩᠨᠡᠭᠡᠨ᠎ᠳᠤ ᠢᠳᠡᠪᠬᠢᠲᠡᠢ ᠤᠷᠤᠯᠴᠠᠵᠤ ᠪᠠᠢᠭ᠎ᠠ᠎ᠪᠠᠷ ᠪᠠᠷᠠᠬᠤ ᠦᠭᠡᠢ ᠪᠠᠯᠭᠠᠰᠤᠠ᠎ᠠᠴᠠ ᠲᠠᠷᠢᠶᠠᠴᠢᠳ᠎ᠢ ᠬᠦᠲᠦᠯᠦᠨ ᠵᠢᠯᠤᠭᠤᠳᠴᠤ᠌᠂ ᠪᠤᠬᠢᠷᠳᠤᠯ ᠦᠭᠡᠢ ᠪᠠᠢᠭᠠᠯᠢᠯᠢᠭ ᠱ᠌ᠢᠷᠦᠨ ᠤᠨᠵᠢᠯᠭ᠎ᠠ ᠲᠠᠷᠢᠭᠤᠯᠵᠤ᠂ ᠪᠤᠬᠢᠷᠳᠤᠯ ᠦᠭᠡᠢ ᠱ᠌ᠢᠷᠦᠨ ᠤᠨᠵᠢᠯᠭ᠎ᠠ᠎ᠶ᠋ᠢᠨ ᠨᠡᠷᠡᠲᠦ ᠳᠡᠮᠳᠡᠭ᠎ᠢ ᠴᠤᠭ᠍ᠴᠠᠯᠠᠵᠤ ᠪᠠᠢᠨ᠎ᠠ᠃