ᠪᠦᠬᠦ᠌ ᠤᠯᠤᠰ᠎ᠤᠨ ᠠᠷᠠᠳ᠎ᠤᠨ ᠲᠥᠯᠥᠭᠡᠯᠡᠭ᠌ᠴᠢᠳ᠎ᠤᠨ ᠶᠡᠭᠡ ᠬᠤᠷᠠᠯ᠎ᠤᠨ ᠪᠠᠢᠩᠭᠤ᠎ᠶ᠋ᠢᠨ ᠬᠤᠷᠢᠶᠠᠨ᠎ᠤ ᠠᠵᠢᠯ᠎ᠤᠨ ᠮᠡᠳᠡᠭᠦᠯᠦᠯᠳᠡ
2020-06-08 17:13:46
ᠵᠣᠬᠢᠶᠠᠭ᠍ᠴᠢ᠄
ᠣᠩᠱᠢᠭ᠍ᠰᠠᠨ ᠣᠳᠠᠭ᠎ᠠ᠄
★★★☆☆

        — 2020 ᠤᠨ᠎ᠤ 5 ᠰᠠᠷ᠎ᠠ᠎ᠶ᠋ᠢᠨ 25 ᠎ᠤ ᠡᠳᠤᠷ ᠠᠷᠪᠡᠨ ᠭᠤᠷᠪᠠᠳᠤᠭᠠᠷ ᠬᠤᠭᠤᠴᠡᠭᠠᠨ᠎ᠤ ᠪᠦᠭᠦ᠌ ᠤᠯᠤᠰ᠎ᠤᠨ ᠠᠷᠡᠳ᠎ᠤᠨ ᠲᠦᠯᠤᠭᠡᠯᠡᠭ᠌ᠴᠢᠳ᠎ᠤᠨ ᠶᠡᠭᠡ ᠬᠤᠷᠡᠯ᠎ᠤᠨ ᠭᠤᠷᠪᠠᠳᠤᠭᠠᠷ ᠬᠤᠷᠡᠯᠳᠤᠭᠠᠨ ᠲᠡᠭᠡᠷ᠎ᠠ

     ᠪᠦᠭᠦ᠌ ᠤᠯᠤᠰ᠎ᠤᠨ ᠠᠷᠡᠳ᠎ᠤᠨ ᠲᠦᠯᠤᠭᠡᠯᠡᠭ᠌ᠴᠢᠳ᠎ᠤᠨ ᠶᠡᠭᠡ ᠬᠤᠷᠡᠯ᠎ᠤᠨ ᠪᠠᠢᠡᠭ᠌ᠭᠤ᠎ᠶ᠋ᠢᠨ ᠬᠤᠷᠢᠶᠠᠨ᠎ᠤ ᠲᠡᠷᠤᠭ᠎ᠠ                             ᠯᠢ ᠵᠠᠨ ᠱᠦ᠍


ᠲᠥᠯᠥᠭᠡᠯᠡᠭ᠌ᠴᠢᠳ ᠡ᠄
    ᠪᠢ ᠪᠦᠬᠦ᠌ ᠤᠯᠤᠰ᠎ᠤᠨ ᠠᠷᠠᠳ᠎ᠤᠨ ᠲᠥᠯᠥᠭᠡᠯᠡᠭ᠌ᠴᠢᠳ᠎ᠤᠨ ᠶᠡᠭᠡ ᠬᠤᠷᠠᠯ᠎ᠤᠨ ᠪᠠᠢᠩᠭᠤ᠎ᠶ᠋ᠢᠨ ᠬᠤᠷᠢᠶᠠᠨ᠎ᠤ ᠨᠠᠢᠳᠠᠯᠭ᠎ᠠ᠎ᠪᠠᠷ ᠶᠡᠭᠡ ᠬᠤᠷᠠᠯ᠎ᠳᠤ ᠠᠵᠢᠯ᠎ᠢᠶᠠᠨ ᠮᠡᠳᠡᠭᠦᠯᠦᠶ᠎ᠡ᠂ ᠬᠢᠨᠠᠨ ᠶᠠᠷᠢᠯᠴᠠᠬᠤ ᠪᠣᠯᠪᠠ ᠤᠤ᠃
    ᠠᠷᠪᠠᠨ ᠭᠤᠷᠪᠠᠳᠤᠭᠠᠷ ᠬᠤᠭᠤᠴᠠᠭᠠᠨ᠎ᠤ ᠪᠦᠬᠦ᠌ ᠤᠯᠤᠰ᠎ᠤᠨ ᠠᠷᠠᠳ᠎ᠤᠨ ᠲᠥᠯᠥᠭᠡᠯᠡᠭ᠌ᠴᠢᠳ᠎ᠤᠨ ᠶᠡᠭᠡ ᠬᠤᠷᠠᠯ᠎ᠤᠨ ᠬᠤᠶᠠᠳᠤᠭᠠᠷ ᠬᠤᠷᠠᠯᠳᠤᠭᠠᠨ᠎ᠠᠴᠠ ᠨᠠᠭᠠᠱᠢᠬᠢ ᠭᠤᠣᠯ ᠠᠵᠢᠯ᠎ᠤᠳ
    ᠠᠷᠪᠠᠨ ᠭᠤᠷᠪᠠᠳᠤᠭᠠᠷ ᠬᠤᠭᠤᠴᠠᠭᠠᠨ᠎ᠤ ᠪᠦᠬᠦ᠌ ᠤᠯᠤᠰ᠎ᠤᠨ ᠠᠷᠠᠳ᠎ᠤᠨ ᠲᠥᠯᠥᠭᠡᠯᠡᠭ᠌ᠴᠢᠳ᠎ᠤᠨ ᠶᠡᠭᠡ ᠬᠤᠷᠠᠯ᠎ᠤᠨ ᠬᠤᠶᠠᠳᠤᠭᠠᠷ ᠬᠤᠷᠠᠯᠳᠤᠭᠠᠨ᠎ᠠᠴᠠ ᠨᠠᠭᠠᠱᠢᠬᠢ ᠵᠢᠯ ᠭᠠᠷᠤᠶ᠎ᠶ᠋ᠢᠨ ᠬᠤᠭᠤᠴᠠᠭ᠎ᠠ ᠪᠤᠯ ᠮᠠᠨ᠎ᠤ ᠤᠯᠤᠰ᠎ᠤᠨ ᠲᠡᠤᠬᠡᠨ ᠳᠡᠭᠡᠷᠡᠬᠢ ᠲᠦᠢᠯ᠎ᠤᠨ ᠬᠢᠯᠪᠠᠷ ᠪᠤᠰᠤ᠂ ᠲᠦᠢᠯ᠎ᠤᠨ ᠶᠡᠷᠦ᠍ ᠪᠤᠰᠤ᠎ᠶ᠋ᠢᠨ ᠴᠠᠭ ᠬᠤᠭᠤᠴᠠᠭ᠎ᠠ ᠶᠤᠮ᠃ ᠰᠢ᠎ᠶ᠋ᠢᠨ ᠫᠢᠩ ᠨᠥᠬᠦᠷ᠎ᠢᠶᠠᠷ ᠭᠤᠣᠯᠯᠠᠭᠤᠯᠤᠭ᠍ᠰᠠᠨ ᠨᠠᠮ᠎ᠤᠨ ᠲᠥᠪ ᠬᠤᠷᠢᠶ᠎ᠠ ᠠᠭᠤᠤ ᠶᠡᠭᠡ ᠲᠡᠮᠡᠴᠡᠯ᠂ ᠠᠭᠤᠤ ᠶᠡᠭᠡ ᠢᠨᠵᠧᠨᠧᠷᠢᠩ᠂ ᠠᠭᠤᠤ ᠶᠡᠭᠡ ᠦᠢᠯᠡᠰ᠂ ᠠᠭᠤᠤ ᠶᠡᠭᠡ ᠬᠦᠰᠡᠯ ᠡᠷᠡᠮᠡᠯᠵᠡᠯ᠎ᠢ ᠶᠡᠷᠦᠩᠬᠡᠢᠯᠡᠨ ᠵᠢᠯᠤᠭᠤᠳᠴᠦ᠍᠂ ᠲᠦᠯᠭᠢᠭᠡᠨ᠎ᠤ ᠲᠦᠷᠦᠭᠦᠨ᠎ᠳᠤ ᠡᠷᠡᠯᠬᠡᠭ᠌ᠯᠡᠨ ᠵᠤᠭ᠍ᠰᠤᠵᠤ᠂ ᠬᠠᠷᠢᠭᠤᠴᠠᠯᠭ᠎ᠠ ᠡᠭᠦᠷᠭᠡᠯᠡᠨ ᠵᠢᠳᠬᠦᠨ ᠴᠢᠷᠮᠠᠢᠵᠤ᠂ ᠬᠦᠨᠳᠦ ᠶᠡᠭᠡ ᠱᠢᠯᠭᠠᠯᠳᠠ᠎ᠶ᠋ᠢ ᠪᠦᠲᠦᠮᠵᠢᠲᠡᠢ ᠠᠷᠭᠠᠴᠠᠭᠠᠨ᠂ ᠬᠦᠨᠳᠦ ᠶᠡᠭᠡ ᠠᠶᠤᠯ ᠲᠦᠭ᠌ᠰᠢᠭᠦᠷᠢ᠎ᠶ᠋ᠢ ᠡᠰᠡᠷᠭᠦᠴᠡᠨ ᠬᠤᠷᠢᠭ᠍ᠯᠠᠵᠤ᠂ ᠴᠢᠬᠤᠯᠠ ᠶᠡᠭᠡ ᠠᠰᠠᠭᠤᠳᠠᠯ᠎ᠢ ᠱᠢᠢᠳᠪᠦᠷᠢᠯᠡᠵᠦ᠍᠂ ᠨᠠᠮ ᠪᠠ ᠤᠯᠤᠰ᠎ᠤᠨ ᠡᠯ᠎ᠡ ᠵᠦᠢᠯ᠎ᠤᠨ ᠠᠵᠢᠯ ᠦᠢᠯᠡᠰ᠎ᠤᠨ ᠴᠢᠬᠤᠯᠠ ᠶᠡᠭᠡ ᠱᠢᠨ᠎ᠡ ᠠᠬᠢᠯᠳᠡ᠎ᠲᠠᠢ ᠪᠣᠯᠬᠤ᠎ᠶ᠋ᠢ ᠠᠬᠢᠭᠤᠯᠪᠠ᠃ ᠱᠢᠨ᠎ᠠ ᠲᠢᠳᠢᠮᠯᠢᠭ ᠠᠭᠤᠰᠭᠢᠨ ᠦᠷᠪᠢᠰᠦᠯ᠎ᠤᠨ ᠬᠢᠵᠢᠭ᠎ᠤᠨ ᠪᠠᠢᠳᠠᠯ ᠡᠭᠦᠰᠦᠭ᠌ᠰᠡᠨ᠎ᠤ ᠳᠠᠷᠠᠭ᠎ᠠ᠂ ᠰᠢ᠎ᠶ᠋ᠢᠨ ᠫᠢᠩ ᠨᠥᠬᠦᠷ᠎ᠢᠶᠠᠷ ᠭᠤᠣᠯᠯᠠᠭᠤᠯᠤᠭ᠍ᠰᠠᠨ ᠨᠠᠮ᠎ᠤᠨ ᠲᠥᠪ ᠬᠤᠷᠢᠶ᠎ᠠ ᠬᠢᠵᠢᠭ᠎ᠤᠨ ᠪᠠᠢᠳᠠᠯ᠎ᠢ ᠰᠡᠷᠭᠡᠢᠯᠡᠨ ᠬᠢᠵᠠᠭᠠᠷᠯᠠᠬᠤ᠎ᠶ᠋ᠢ ᠲᠡᠷᠢᠭᠦᠨ ᠴᠢᠬᠤᠯᠠ ᠶᠠᠪᠤᠳᠠᠯ ᠪᠤᠯᠭᠠᠨ ᠠᠳᠭᠤᠵᠤ᠂ ᠶᠡᠷᠦᠩᠬᠡᠢ ᠱᠦᠵᠢ ᠰᠢ᠎ᠶ᠋ᠢᠨ ᠫᠢᠩ ᠪᠡᠶ᠎ᠡ᠎ᠪᠠᠷ᠎ᠢᠶᠠᠨ ᠵᠢᠯᠣᠭᠤᠳᠴᠤ᠌᠂ ᠪᠡᠶ᠎ᠡ᠎ᠪᠠᠷ᠎ᠢᠶᠠᠨ ᠪᠠᠢᠷᠢᠯᠠᠭᠤᠯᠵᠦ᠍᠂ ᠠᠷᠠᠳ ᠲᠦᠮᠡᠨ᠎ᠤ ᠠᠮᠢ ᠨᠠᠰᠤᠨ᠎ᠤ ᠠᠮᠤᠷ ᠲᠦᠪᠱᠢᠨ ᠪᠠ ᠪᠡᠶ᠎ᠡ ᠮᠠᠬᠠᠪᠣᠳ᠎ᠤᠨ ᠡᠷᠡᠭᠦᠯ ᠮᠡᠨᠳᠦ᠎ᠶ᠋ᠢ ᠲᠡᠷᠢᠭᠦᠨ ᠪᠠᠢᠷᠢᠨ᠎ᠳᠤ ᠲᠠᠯᠪᠢᠬᠤ᠎ᠶ᠋ᠢ ᠪᠠᠷᠢᠮᠲᠠᠯᠠᠵᠤ᠂ ᠪᠦᠬᠦ᠌ ᠨᠠᠮ ᠪᠦᠬᠦ᠌ ᠴᠡᠷᠢᠭ ᠪᠦᠬᠦ᠌ ᠤᠯᠤᠰ᠎ᠤᠨ ᠦᠨᠳᠦᠰᠦᠲᠡᠨ᠎ᠨᠦᠭᠦᠳ᠎ᠤᠨ ᠠᠷᠠᠳ ᠲᠦᠮᠡᠨ᠎ᠢ ᠤᠳᠤᠷᠢᠳᠤᠨ᠂ ᠬᠢᠵᠢᠭ᠎ᠤᠨ ᠪᠠᠢᠳᠠᠯ᠎ᠢ ᠰᠡᠷᠭᠡᠢᠯᠡᠨ ᠬᠢᠵᠠᠭᠠᠷᠯᠠᠬᠤ ᠠᠷᠠᠳ᠎ᠤᠨ ᠳᠠᠢᠨ᠂ ᠪᠦᠬᠦ᠌ ᠴᠤᠭ᠍ᠴᠠ᠎ᠶ᠋ᠢᠨ ᠳᠠᠢᠨ᠂ ᠬᠤᠷᠢᠭ᠍ᠯᠠᠨ ᠴᠤᠬᠢᠬᠤ ᠳᠠᠢᠨ᠎ᠢ ᠰᠠᠢᠲᠤᠷ ᠬᠢᠪᠡ᠃ ᠱᠢᠷᠭᠠᠭᠤ ᠬᠠᠲᠠᠭᠤᠵᠢᠯᠲᠠᠢ ᠴᠢᠷᠮᠠᠢᠯᠭ᠎ᠠ᠎ᠪᠠᠷ ᠳᠠᠮᠵᠢᠭᠠᠳ᠂ ᠦᠬᠠᠨ᠎ᠢ ᠬᠠᠮᠠᠭᠠᠯᠠᠬᠤ ᠳᠠᠢᠨ᠂ ᠬᠤᠪᠸᠢ᠎ᠶ᠋ᠢ ᠬᠠᠮᠠᠭᠠᠯᠠᠬᠤ ᠳᠠᠢᠨ᠎ᠤ ᠱᠢᠢᠳᠪᠦᠷᠢᠯᠡᠭᠦ᠌ ᠴᠢᠨᠠᠷᠲᠠᠢ ᠦᠷ᠎ᠡ ᠪᠦᠲᠦᠭᠡᠯ᠎ᠢ ᠣᠯᠵᠤ᠂ ᠬᠢᠵᠢᠭ᠎ᠤᠨ ᠪᠠᠢᠳᠠᠯ᠎ᠢ ᠰᠡᠷᠭᠡᠢᠯᠡᠨ ᠬᠢᠵᠠᠭᠠᠷᠯᠠᠬᠤ ᠬᠤᠷᠢᠭ᠍ᠯᠠᠨ ᠴᠣᠬᠢᠬᠤ ᠳᠠᠢᠨ᠎ᠤ ᠴᠢᠬᠤᠯᠠ ᠶᠡᠭᠡ ᠪᠠᠢᠯᠳᠤᠬᠤ ᠪᠤᠳᠤᠯᠭ᠎ᠠ᠎ᠶ᠋ᠢᠨ ᠦᠷ᠎ᠡ ᠪᠦᠲᠦᠭᠡᠯ᠎ᠢ ᠤᠯᠵᠤ᠂ ᠬᠢᠵᠢᠭ᠎ᠤᠨ ᠪᠠᠢᠳᠠᠯ᠎ᠢ ᠰᠡᠷᠭᠡᠢᠯᠡᠨ ᠬᠢᠵᠠᠭᠠᠷᠯᠠᠬᠤ ᠪᠠ ᠠᠵᠤ ᠠᠬᠤᠢ ᠨᠡᠢᠭᠡᠮ᠎ᠤᠨ ᠬᠥᠭ᠌ᠵᠢᠯᠲᠡ᠎ᠶ᠋ᠢ ᠨᠢᠭᠡᠳᠦᠯᠲᠡᠢ ᠲᠥᠯᠥᠪᠵᠢᠭᠦᠯᠦᠨ ᠠᠬᠢᠭᠤᠯᠬᠤ ᠠᠵᠢᠯ᠎ᠤᠨ ᠢᠳᠡᠪᠬᠢᠲᠡᠢ ᠦᠷ᠎ᠡ ᠪᠦᠲᠦᠮᠵᠢ᠎ᠶ᠋ᠢ ᠤᠯᠪᠠ᠃ ᠡᠨᠡ᠎ᠨᠢ ᠰᠢ᠎ᠶ᠋ᠢᠨ ᠫᠢᠩ᠎ᠤᠨ ᠱᠢᠨ᠎ᠡ ᠴᠠᠭ ᠦᠶ᠎ᠡ᠎ᠶ᠋ᠢᠨ ᠳᠤᠮᠳᠠᠳᠤ ᠤᠯᠤᠰ᠎ᠤᠨ ᠣᠨᠴᠠᠯᠢᠭ ᠪᠦᠬᠦᠢ ᠨᠡᠢᠭᠡᠮ ᠵᠢᠷᠤᠮ᠎ᠤᠨ ᠦᠵᠡᠯ ᠰᠠᠨᠠᠭᠠᠨ᠎ᠤ ᠬᠦᠴᠦᠷᠬᠡᠭ ᠶᠡᠭᠡ ᠬᠦᠳᠦᠯᠥᠨ ᠳᠠᠭᠠᠭᠤᠯᠭ᠎ᠠ᠎ᠶ᠋ᠢ ᠳᠠᠬᠢᠨᠲᠠ ᠢᠯᠡᠷᠡᠭᠦᠯᠵᠦ᠍᠂ ᠰᠢ᠎ᠶ᠋ᠢᠨ ᠫᠢᠩ ᠨᠥᠬᠦᠷ᠎ᠢᠶᠠᠷ ᠭᠤᠣᠯᠯᠠᠭᠤᠯᠤᠭ᠍ᠰᠠᠨ ᠨᠠᠮ᠎ᠤᠨ ᠲᠥᠪ ᠬᠤᠷᠢᠶᠠᠨ᠎ᠤ ᠱᠢᠢᠳᠪᠦᠷᠢᠲᠦ ᠪᠤᠳᠤᠯᠭ᠎ᠠ ᠲᠣᠭ᠍ᠲᠠᠭᠠᠨ᠂ ᠡᠷᠡᠰ ᠱᠢᠭᠤᠷᠬᠠᠢ ᠬᠠᠳᠠᠨ ᠵᠤᠷᠢᠭ᠎ᠲᠠᠢ ᠪᠠᠢᠵᠤ᠂ ᠠᠶᠠᠯᠠᠯ᠎ᠢ ᠵᠠᠮᠴᠢᠯᠠᠨ ᠴᠢᠭ᠌ᠯᠡᠯ᠎ᠢ ᠲᠤᠭ᠍ᠳᠠᠭᠠᠵᠤ᠂ ᠵᠠᠯᠠᠭᠤᠷ᠎ᠢ ᠪᠠᠷᠢᠨ ᠤᠷᠤᠭ᠍ᠰᠢᠯᠠᠬᠤ ᠭᠠᠷᠮᠠᠭᠠᠢ ᠤᠳᠤᠷᠢᠳᠭᠤ ᠴᠢᠳᠠᠪᠤᠷᠢ᠎ᠶ᠋ᠢ ᠢᠯᠡᠷᠡᠭᠦᠯᠵᠦ᠍᠂ ᠳᠤᠮᠳᠠᠳᠤ ᠤᠯᠤᠰ᠎ᠤᠨ ᠡᠪ ᠬᠠᠮᠲᠤ ᠨᠠᠮ᠎ᠤᠨ ᠤᠳᠤᠷᠢᠳᠤᠯᠭ᠎ᠠ ᠪᠣᠯᠤᠨ ᠳᠤᠮᠳᠠᠳᠤ ᠤᠯᠤᠰ᠎ᠤᠨ ᠣᠨᠴᠠᠯᠢᠭ ᠪᠦᠬᠦᠢ ᠨᠡᠢᠭᠡᠮ ᠵᠢᠷᠤᠮ᠎ᠤᠨ ᠪᠠᠢᠭᠤᠯᠤᠯ᠎ᠤᠨ ᠢᠯᠡᠳᠲᠡ ᠳᠠᠪᠠᠭᠤᠯᠢᠭ᠎ᠢ ᠭᠦᠢᠴᠡᠳ ᠢᠯᠡᠷᠡᠭᠦᠯᠵᠦ᠍᠂ ᠳᠤᠮᠳᠠᠳᠤ᠎ᠶ᠋ᠢᠨ ᠬᠦᠪᠡᠭᠦᠳ ᠦᠭᠢᠳ᠎ᠤᠨ ᠬᠦᠴᠦᠷᠬᠡᠭ᠌ᠵᠢᠬᠦ᠌᠎ᠪᠠᠷ ᠬᠦᠴᠦᠯᠡᠨ ᠴᠢᠷᠮᠠᠢᠬᠤ᠂ ᠠᠯᠢᠪᠠ ᠬᠦᠴᠢᠷ ᠪᠡᠷᠬᠡᠱᠢᠶᠡᠯ᠎ᠢ ᠵᠣᠷᠢᠭ᠍ᠲᠠᠢ ᠢᠯᠠᠨ ᠳᠠᠪᠠᠭ᠍ᠤ᠎ᠠᠴᠠ ᠪᠢᠰᠢ ᠶᠠᠮᠠᠷᠪᠠ ᠬᠦᠴᠢᠷ ᠪᠡᠷᠬᠡᠱᠢᠶᠡᠯ᠎ᠳᠤ ᠨᠤᠭᠤᠷᠠᠬᠤ ᠦᠭᠡᠢ᠂ ᠬᠦᠴᠢᠷ ᠪᠡᠷᠬᠡᠱᠢᠶᠡᠯ᠎ᠤᠨ ᠳᠤᠮᠳᠠ ᠦᠰᠦᠨ ᠪᠤᠢᠵᠢᠵᠦ᠍᠂ ᠬᠦᠴᠢᠷ ᠪᠡᠷᠬᠡᠱᠢᠶᠡᠯ᠎ᠤᠨ ᠳᠤᠮᠳᠠ᠎ᠠᠴᠠ ᠡᠷᠡᠯᠬᠡᠭ᠌ᠯᠡᠨ ᠪᠤᠰᠭᠤ ᠪᠠᠭᠠᠲᠤᠷᠯᠢᠭ ᠰᠦᠰᠦ ᠵᠤᠷᠢᠭ᠎ᠢ ᠢᠯᠡᠳᠳᠡ ᠬᠠᠷᠠᠭᠤᠯᠤᠭ᠍ᠰᠠᠨ ᠶᠤᠮ᠃
    ᠬᠢᠵᠢᠭ᠎ᠤᠨ ᠪᠠᠢᠳᠠᠯ ᠭᠠᠷᠤᠭ᠍ᠰᠠᠨ᠎ᠠᠴᠠ ᠨᠠᠭᠠᠰᠢ᠂ ᠪᠦᠬᠦ᠌ ᠤᠯᠤᠰ᠎ᠤᠨ ᠠᠷᠠᠳ᠎ᠤᠨ ᠲᠥᠯᠥᠭᠡᠯᠡᠭ᠌ᠴᠢᠳ᠎ᠤᠨ ᠶᠡᠭᠡ ᠬᠤᠷᠠᠯ᠎ᠤᠨ ᠪᠠᠢᠩᠭᠤ᠎ᠶ᠋ᠢᠨ ᠬᠤᠷᠢᠶ᠎ᠠ ᠨᠠᠮ᠎ᠤᠨ ᠲᠥᠪ ᠬᠤᠷᠢᠶᠠᠨ᠎ᠤ ᠱᠢᠢᠳᠪᠦᠷᠢᠲᠦ ᠪᠤᠳᠤᠯᠭ᠎ᠠ ᠪᠠᠢᠷᠢᠯᠠᠭᠤᠯᠤᠯᠲᠠ᠎ᠶ᠋ᠢ ᠡᠷᠡᠰ ᠲᠤᠭᠤᠱᠢᠯᠠᠭᠤᠯᠵᠤ᠂ ᠦᠳᠲᠡᠷ ᠲᠦᠷᠭᠡᠨ ᠬᠥᠳᠡᠯᠦᠯᠴᠡᠨ᠂ ᠬᠠᠤᠯᠢ ᠶᠣᠰᠣᠭᠠᠷ ᠲᠤᠱᠢᠶᠠᠯ ᠬᠠᠷᠢᠭᠤᠴᠠᠯᠭ᠎ᠠ᠎ᠪᠠᠨ ᠭᠦᠢᠴᠡᠳᠭᠡᠵᠦ᠍᠂ ᠬᠡᠭᠡᠷ᠎ᠡ᠎ᠶ᠋ᠢᠨ ᠠᠮᠢᠲᠠᠨ᠎ᠢ ᠬᠠᠤᠯᠢ ᠪᠤᠰᠤ᠎ᠪᠠᠷ ᠠᠷᠠᠯᠵᠢᠶᠠᠯᠠᠬᠤ ᠪᠠ ᠢᠳᠡᠱᠢᠨ᠎ᠳᠤ ᠬᠡᠷᠡᠭ᠌ᠯᠡᠬᠦ᠌᠎ᠶ᠋ᠢ ᠪᠦᠬᠦ᠌ ᠲᠠᠯ᠎ᠠ᠎ᠪᠠᠷ ᠴᠠᠭᠠᠵᠠᠯᠠᠬᠤ ᠲᠤᠬᠠᠶ ᠲᠣᠭ᠍ᠲᠠᠭᠠᠯ ᠭᠠᠷᠭᠠᠵᠤ᠂ ᠤᠯᠠᠨ ᠨᠡᠢᠲᠡ᠎ᠶ᠋ᠢᠨ ᠡᠷᠡᠭᠦᠯ ᠬᠠᠮᠠᠭᠠᠯᠠᠯ᠎ᠤᠨ ᠠᠮᠤᠷ ᠲᠦᠪᠱᠢᠨ᠎ᠤ ᠲᠦᠭ᠌ᠰᠢᠭᠦᠷᠢ᠎ᠶ᠋ᠢ ᠰᠡᠷᠭᠡᠢᠯᠡᠵᠦ᠍᠂ ᠨᠡᠢᠭᠡᠮ᠎ᠤᠨ ᠪᠣᠯᠪᠠᠰᠤᠨ᠎ᠤ ᠲᠠᠪᠱᠢᠯᠳᠠ᠎ᠶ᠋ᠢ ᠠᠬᠢᠭᠤᠯᠪᠠ᠃ ᠲᠦᠷᠦ᠎ᠶ᠋ᠢ ᠵᠠᠰᠠᠬᠤ ᠱᠢᠰᠲ᠋ᠧᠮ ᠪᠠ ᠵᠠᠰᠠᠬᠤ ᠴᠢᠳᠠᠪᠤᠷᠢ᠎ᠶ᠋ᠢᠨ ᠣᠳᠣᠬᠢᠴᠢᠯᠠᠯᠲᠠ᠎ᠶ᠋ᠢᠨ ᠱᠠᠭᠠᠷᠳᠠᠯᠭ᠎ᠠ᠎ᠳᠤ ᠵᠣᠬᠢᠴᠠᠭᠤᠯᠤᠨ᠂ ᠤᠯᠠᠨ ᠨᠡᠢᠲᠡ᠎ᠶ᠋ᠢᠨ ᠡᠷᠡᠭᠦᠯ ᠬᠠᠮᠠᠭᠠᠯᠠᠯ᠎ᠤᠨ ᠬᠦᠷᠢᠶᠡᠨ᠎ᠤ ᠱᠢᠨ᠎ᠡ ᠪᠠᠢᠳᠠᠯ ᠱᠢᠨ᠎ᠡ ᠠᠰᠠᠭᠤᠳᠠᠯ᠎ᠢ ᠦᠨᠳᠦᠰᠦᠯᠡᠨ᠂ ᠤᠯᠠᠨ ᠨᠡᠢᠲᠡ᠎ᠶ᠋ᠢᠨ ᠡᠷᠡᠭᠦᠯ ᠬᠠᠮᠠᠭᠠᠯᠠᠯ᠎ᠤᠨ ᠬᠠᠤᠯᠢ᠎ᠪᠠᠷ ᠵᠠᠰᠠᠬᠤ ᠪᠠᠲᠤᠯᠠᠭ᠎ᠠ᠎ᠶ᠋ᠢᠨ ᠱᠢᠰᠲ᠋ᠧᠮ᠎ᠢ ᠴᠢᠩᠭᠠᠳᠭᠠᠬᠤ ᠲᠤᠬᠠᠢ ᠬᠠᠤᠯᠢ ᠲᠣᠭ᠍ᠲᠠᠭᠠᠯᠳᠠ ᠪᠠ ᠬᠠᠤᠯᠢ ᠴᠠᠭᠠᠵᠠ᠎ᠳᠤ ᠵᠠᠰᠠᠪᠤᠷᠢ ᠣᠷᠣᠭᠤᠯᠬᠤ ᠠᠵᠢᠯ᠎ᠢ ᠪᠠᠢᠷᠢᠯᠠᠭᠤᠯᠤᠨ ᠡᠬᠢᠯᠡᠭᠦᠯᠵᠦ᠍᠂ ᠠᠷᠠᠳ ᠲᠦᠮᠡᠨ᠎ᠤ ᠠᠮᠢ ᠨᠠᠰᠤ ᠡᠷᠡᠭᠦᠯ ᠮᠡᠨᠳᠤ᠎ᠶ᠋ᠢᠨ ᠠᠮᠤᠷ ᠲᠦᠪᠱᠢᠨ᠎ᠢ ᠬᠠᠮᠠᠭᠠᠯᠠᠬᠤ ᠬᠠᠤᠯᠢ᠎ᠪᠠᠷ ᠵᠠᠰᠠᠬᠤ ᠰᠡᠷᠭᠡᠢᠯᠡᠯᠲᠡ᠎ᠶ᠋ᠢᠨ ᠱᠤᠭᠤᠮ᠎ᠢ ᠪᠠᠬᠢᠯᠡᠪᠡ᠃ ᠨᠡᠢᠭᠡᠮ᠎ᠤᠨ ᠠᠩᠬᠠᠷᠤᠯ ᠲᠠᠯᠪᠢᠵᠤ ᠪᠠᠢᠭ᠎ᠠ ᠠᠰᠠᠭᠤᠳᠠᠯ᠎ᠳᠤ ᠬᠠᠷᠢᠭᠤᠯᠲᠠ ᠥᠭ᠌ᠴᠦ᠂ ᠬᠢᠵᠢᠭ᠎ᠤᠨ ᠪᠠᠢᠳᠠᠯ᠎ᠢ ᠰᠡᠷᠭᠡᠢᠯᠡᠨ ᠬᠢᠵᠠᠭᠠᠷᠯᠠᠬᠤ ᠬᠠᠤᠯᠢ ᠴᠠᠭᠠᠵᠠ᠎ᠶ᠋ᠢ ᠰᠠᠨᠠᠭᠠᠴᠢᠯᠠᠭ᠎ᠠ᠎ᠠᠴᠠ᠎ᠪᠠᠨ ᠤᠬᠠᠭᠤᠯᠤᠨ ᠲᠠᠢᠯᠪᠤᠷᠢᠯᠠᠵᠤ᠂ ᠬᠢᠵᠢᠭ᠎ᠤᠨ ᠪᠠᠢᠳᠠᠯ᠎ᠢ ᠰᠡᠷᠭᠡᠢᠯᠡᠨ ᠬᠢᠵᠠᠭᠠᠷᠯᠠᠬᠤ ᠪᠠ ᠠᠵᠤ ᠠᠬᠤᠶ ᠨᠡᠢᠭᠡᠮ᠎ᠤᠨ ᠬᠥᠭ᠌ᠵᠢᠯᠲᠡ᠎ᠳᠤ ᠬᠠᠤᠯᠢ ᠴᠠᠭᠠᠵᠠ᠎ᠶ᠋ᠢᠨ ᠳᠡᠮᠵᠢᠯᠭᠡ ᠬᠠᠩᠭᠠᠪᠠ᠃
    ᠨᠢᠭᠡ ᠵᠢᠯ ᠭᠠᠷᠤᠢ᠎ᠶ᠋ᠢᠨ ᠲᠤᠷᠰᠢ᠂ ᠪᠠᠢᠩᠭᠤ᠎ᠶ᠋ᠢᠨ ᠬᠤᠷᠢᠶ᠎ᠠ ᠬᠠᠤᠯᠢ ᠲᠣᠭ᠍ᠲᠠᠭᠠᠬᠤ ᠡᠷᠬᠡ᠂ ᠬᠢᠨᠠᠯᠲᠠ ᠲᠠᠯᠪᠢᠬᠤ ᠡᠷᠬᠡ᠂ ᠲᠣᠭ᠍ᠲᠠᠭᠠᠬᠤ ᠡᠷᠬᠡ᠂ ᠲᠣᠮᠢᠯᠠᠵᠤ ᠪᠠᠭᠤᠯᠭᠠᠬᠤ ᠡᠷᠬᠡ᠎ᠪᠠᠨ ᠬᠢᠨᠠᠮᠠᠭᠠᠶ ᠬᠡᠷᠡᠭ᠌ᠵᠢᠭᠦᠯᠵᠦ᠍᠂ ᠨᠡᠢᠳᠡ 48 ᠬᠠᠤᠯᠢ ᠴᠠᠭᠠᠵᠠ᠎ᠶ᠋ᠢᠨ ᠲᠥᠰᠦᠯ ᠪᠤᠯᠤᠨ ᠲᠣᠭ᠍ᠲᠠᠭᠠᠯ᠎ᠤᠨ ᠲᠥᠰᠦᠯ᠎ᠢ ᠬᠢᠨᠠᠨ ᠶᠠᠷᠢᠯᠴᠠᠵᠤ᠂ 34 ᠎ᠶ᠋ᠢ᠎ᠨᠢ ᠪᠠᠲᠤᠯᠠᠪᠠ᠂ ᠡᠭᠦᠨ᠎ᠤ ᠳᠤᠲᠤᠷ᠎ᠠ 5 ᠬᠠᠤᠯᠢ᠎ᠶ᠋ᠢ ᠲᠣᠭ᠍ᠲᠠᠭᠠᠵᠤ᠂ 17 ᠬᠠᠤᠯᠢ᠎ᠳᠤ ᠵᠠᠰᠠᠪᠤᠷᠢ ᠣᠷᠣᠭᠤᠯᠵᠤ᠂ 12 ᠬᠠᠤᠯᠢ᠎ᠶ᠋ᠢᠨ ᠠᠰᠠᠭᠤᠳᠠᠯ ᠪᠠ ᠴᠢᠬᠤᠯᠠ ᠶᠡᠭᠡ ᠠᠰᠠᠭᠤᠳᠠᠯ᠎ᠤᠨ ᠲᠤᠬᠠᠶ ᠲᠣᠭ᠍ᠲᠠᠭᠠᠯ ᠭᠠᠷᠭᠠᠪᠠ; 39 ᠮᠡᠳᠡᠭᠦᠯᠦᠯᠲᠡ᠎ᠶ᠋ᠢ ᠰᠣᠨᠣᠰᠤᠨ ᠬᠢᠨᠠᠨ ᠶᠠᠷᠢᠯᠴᠠᠵᠤ᠂ 6 ᠬᠠᠤᠯᠢ᠎ᠶ᠋ᠢᠨ ᠬᠡᠷᠡᠭ᠌ᠵᠢᠭᠦᠯᠦᠯᠳᠠ᠎ᠶ᠋ᠢᠨ ᠪᠠᠢᠳᠠᠯ᠎ᠢ ᠪᠠᠢᠴᠠᠭᠠᠵᠤ᠂ 3 ᠤᠳᠠᠭ᠎ᠠ᠎ᠶ᠋ᠢᠨ ᠲᠤᠰᠭᠠᠢ ᠰᠡᠳᠦᠪᠲᠦ ᠯᠠᠪᠯᠠᠨ ᠠᠰᠠᠭᠤᠯᠭ᠎ᠠ᠂ 7 ᠲᠤᠰᠭᠠᠢ ᠰᠡᠳᠦᠪᠲᠦ ᠪᠠᠢᠴᠠᠭᠠᠨ ᠰᠤᠳᠤᠯᠤᠯᠲᠠ᠎ᠶ᠋ᠢ ᠥᠷᠨᠢᠭᠦᠯᠵᠦ᠍᠂ 1 ᠱᠢᠢᠳᠪᠦᠷᠢ ᠭᠠᠷᠭᠠᠪᠠ; 5 ᠬᠤᠶᠠᠷ ᠲᠠᠯ᠎ᠠ᠎ᠶ᠋ᠢᠨ ᠭᠡᠷ᠎ᠡ᠎ᠶ᠋ᠢ ᠵᠥᠪᠱᠢᠶᠡᠷᠡᠬᠦ᠌᠎ᠪᠠᠷ ᠲᠣᠭ᠍ᠲᠠᠪᠠ; ᠲᠤᠱᠢᠶᠠᠯ᠎ᠳᠤ ᠲᠣᠮᠢᠯᠠᠬᠤ ᠪᠠ ᠲᠤᠱᠢᠶᠠᠯ᠎ᠠᠴᠠ ᠪᠠᠭᠤᠯᠭᠠᠬᠤ 38 ᠲᠥᠰᠦᠯ᠎ᠢ ᠬᠢᠨᠠᠨ ᠶᠠᠷᠢᠯᠴᠠᠵᠤ ᠪᠠᠲᠤᠯᠠᠭᠠᠳ᠂ ᠲᠦᠷᠦ᠎ᠶ᠋ᠢᠨ ᠪᠠᠢᠭᠤᠯᠭ᠎ᠠ᠎ᠶ᠋ᠢᠨ ᠠᠵᠢᠯᠲᠠᠨ᠎ᠢ 282 ᠬᠦᠮᠦᠨ ᠤᠳᠠᠭ᠎ᠠ ᠬᠠᠤᠯᠢ ᠶᠣᠰᠣᠭᠠᠷ ᠲᠣᠮᠢᠯᠠᠵᠤ ᠪᠠᠭᠤᠯᠭᠠᠵᠦ᠍᠂ ᠡᠯ᠎ᠡ ᠵᠦᠢᠯ᠎ᠤᠨ ᠠᠵᠢᠯ ᠱᠢᠨ᠎ᠡ ᠠᠬᠢᠯᠳᠠ᠎ᠲᠠᠢ ᠪᠤᠯᠵᠦ᠍ ᠱᠢᠨ᠎ᠡ ᠦᠷ᠎ᠡ ᠪᠦᠲᠦᠮᠵᠢ ᠤᠯᠪᠠ᠃
    ᠨᠢᠭᠡ᠂ ᠲᠦᠷᠦ᠎ᠶ᠋ᠢ ᠵᠠᠰᠠᠵᠤ ᠵᠠᠰᠠᠭ᠎ᠢ ᠡᠷᠬᠢᠯᠡᠬᠦ᠌ ᠲᠠᠯ᠎ᠠ ᠪᠦᠷᠢ᠎ᠳᠤ ᠦᠨᠳᠦᠰᠦᠨ ᠬᠠᠤᠯᠢ᠎ᠶ᠋ᠢ ᠪᠦᠬᠦ᠌ ᠲᠠᠯ᠎ᠠ᠎ᠪᠠᠷ ᠬᠡᠷᠡᠭ᠌ᠵᠢᠭᠦᠯᠭᠦ᠎ᠶ᠋ᠢ ᠦᠨᠡᠨ ᠬᠦ᠌ ᠪᠠᠲᠤᠯᠠᠪᠠ
    ᠦᠨᠳᠦᠰᠦᠨ ᠬᠠᠤᠯᠢ ᠪᠣᠯ ᠤᠯᠤᠰ᠎ᠤᠨ ᠦᠨᠳᠦᠰᠦ ᠪᠣᠯᠬᠤ ᠬᠠᠤᠯᠢ ᠮᠥᠨ᠂ ᠨᠠᠮ ᠪᠠ ᠠᠷᠠᠳ ᠲᠦᠮᠡᠨ᠎ᠤ ᠬᠦᠰᠡᠯ ᠵᠣᠷᠢᠭ᠎ᠤᠨ ᠲᠥᠪᠯᠡᠷᠡᠩᠭᠦᠶ ᠢᠯᠡᠷᠡᠯ ᠮᠥᠨ᠃ ᠬᠠᠤᠯᠢ ᠶᠣᠰᠣᠭᠠᠷ ᠤᠯᠤᠰ᠎ᠢᠶᠠᠨ ᠵᠠᠰᠠᠬᠤ᠎ᠳᠤ ᠡᠩ ᠲᠡᠷᠢᠭᠦᠨ᠎ᠳᠤ ᠦᠨᠳᠦᠰᠦᠨ ᠬᠠᠤᠯᠢ ᠶᠣᠰᠣᠭᠠᠷ ᠤᠯᠤᠰ᠎ᠢᠶᠠᠨ ᠵᠠᠰᠠᠬᠤ᠎ᠶ᠋ᠢ ᠪᠠᠷᠢᠮᠲᠠᠯᠠᠬᠤ ᠬᠡᠷᠡᠭ᠌ᠲᠡᠶ᠂ ᠬᠠᠤᠯᠢ ᠶᠣᠰᠣᠭᠠᠷ ᠲᠦᠷᠦ᠍ ᠪᠠᠷᠢᠬᠤ᠎ᠳᠤ ᠡᠩ ᠲᠡᠷᠢᠭᠦᠨ᠎ᠳᠤ ᠦᠨᠳᠦᠰᠦᠨ ᠬᠠᠤᠯᠢ ᠶᠣᠰᠣᠭᠠᠷ ᠲᠦᠷᠦ᠍ ᠪᠠᠷᠢᠬᠤ᠎ᠶ᠋ᠢ ᠪᠠᠷᠢᠮᠲᠠᠯᠠᠬᠤ ᠬᠡᠷᠡᠭ᠌ᠲᠡᠶ᠃
    ᠱᠢᠨ᠎ᠡ ᠳᠤᠮᠳᠠᠳᠤ ᠤᠯᠤᠰ ᠪᠠᠢᠭᠤᠯᠤᠭ᠍ᠳᠠᠭ᠍ᠰᠠᠨ 70 ᠵᠢᠯ᠎ᠤᠨ ᠣᠶ᠎ᠶ᠋ᠢᠨ ᠲᠠᠱᠢᠷᠠᠮ᠎ᠳᠤ᠂ ᠨᠠᠮ᠎ᠤᠨ ᠲᠥᠪ ᠬᠤᠷᠢᠶᠠᠨ᠎ᠤ ᠤᠳᠤᠷᠢᠳᠤᠯᠭ᠎ᠠ ᠳᠣᠤᠷ᠎ᠠ᠂ ᠦᠨᠳᠦᠰᠦᠨ ᠬᠠᠤᠯᠢ᠎ᠶ᠋ᠢᠨ ᠲᠤᠭ᠍ᠲᠠᠭᠠᠯ᠎ᠢ ᠦᠨᠳᠦᠰᠦᠯᠡᠨ᠂ ᠪᠠᠢᠩᠭᠤ᠎ᠶ᠋ᠢᠨ ᠬᠤᠷᠢᠶ᠎ᠠ ᠲᠦᠷᠦ᠎ᠶ᠋ᠢᠨ ᠭᠠᠪᠢᠶᠠᠨ ᠲᠡᠮᠳᠡᠭ ᠪᠠ ᠲᠦᠷᠦ᠎ᠶ᠋ᠢᠨ ᠢᠷᠠᠭᠤ ᠠᠯᠳᠠᠷ᠎ᠤᠨ ᠴᠣᠯᠠ ᠣᠯᠭᠤᠬᠤ ᠲᠤᠬᠠᠶ ᠲᠣᠭ᠍ᠲᠠᠭᠠᠯ ᠭᠠᠷᠭᠠᠵᠤ᠂ ᠲᠡᠷᠢᠭᠦᠯᠡᠭ᠌ᠴᠢ ᠰᠢ᠎ᠶ᠋ᠢᠨ ᠫᠢᠩ ᠲᠡᠷᠢᠭᠦᠯᠡᠭ᠌ᠴᠢ᠎ᠶ᠋ᠢᠨ ᠵᠠᠷᠯᠢᠭ᠎ᠲᠤ ᠭᠠᠷ᠎ᠤᠨ ᠥᠰᠥᠭ ᠵᠢᠷᠤᠵᠤ᠂ ᠤᠯᠤᠰ᠎ᠤᠨ ᠬᠠᠮᠤᠭ᠎ᠤᠨ ᠳᠡᠭᠡᠳᠦ ᠢᠷᠠᠭᠤ ᠠᠯᠳᠠᠷ᠎ᠢ ᠱᠢᠨ᠎ᠡ ᠳᠤᠮᠳᠠᠳᠤ ᠤᠯᠤᠰ᠎ᠤᠨ ᠪᠦᠳᠦᠭᠡᠨ ᠪᠠᠢᠭᠤᠯᠤᠯᠲᠠ ᠪᠣᠯᠤᠨ ᠬᠥᠭ᠌ᠵᠢᠯᠲᠡ᠎ᠳᠤ ᠭᠠᠷᠮᠠᠭᠠᠢ ᠭᠠᠪᠢᠶ᠎ᠠ ᠪᠠᠢᠭᠤᠯᠤᠭ᠍ᠰᠠᠨ 36 ᠱᠢᠯᠭᠠᠷᠠᠭ᠍ᠰᠠᠨ ᠬᠥᠮᠦᠰ ᠪᠣᠯᠤᠨ ᠳᠤᠮᠳᠠᠳᠤ ᠭᠠᠳᠠᠭᠠᠳᠤ᠎ᠶ᠋ᠢᠨ ᠰᠣᠯᠢᠯᠴᠠᠭ᠎ᠠ ᠬᠠᠮᠲᠤᠷᠠᠯᠴᠠᠭ᠎ᠠ᠎ᠶ᠋ᠢ ᠠᠬᠢᠭᠤᠯᠬᠤ᠎ᠳᠤ ᠭᠠᠷᠮᠠᠭᠠᠢ ᠬᠤᠪᠢ ᠨᠡᠮᠡᠷᠢ ᠦᠵᠡᠭᠦᠯᠦᠭ᠌ᠰᠡᠨ 6 ᠤᠯᠠᠨ ᠤᠯᠤᠰ᠎ᠤᠨ ᠨᠥᠬᠦᠷᠰᠡᠭ ᠬᠥᠮᠦᠰ᠎ᠲᠤ ᠬᠦᠷᠳᠡᠭᠡᠪᠡ᠃ ᠡᠨᠡ ᠪᠣᠯ ᠤᠳᠤ᠎ᠶ᠋ᠢᠨ ᠬᠡᠷᠡᠭ᠌ᠵᠢᠭᠦᠯᠵᠦ᠍ ᠪᠠᠢᠭ᠎ᠠ ᠦᠨᠳᠦᠰᠦᠨ ᠬᠠᠤᠯᠢ᠎ᠶ᠋ᠢ ᠬᠡᠷᠡᠭ᠌ᠵᠢᠭᠦᠯᠦᠭ᠌ᠰᠡᠨ᠎ᠠᠴᠠ ᠨᠠᠭᠠᠰᠢ ᠠᠩᠬ᠎ᠠ ᠤᠳᠠᠭ᠎ᠠ ᠤᠯᠤᠰ᠎ᠤᠨ ᠭᠠᠪᠢᠶᠠᠨ ᠳᠡᠮᠳᠡᠭ᠎ᠢ ᠲᠥᠪᠯᠡᠷᠡᠭᠦᠯᠦᠨ ᠣᠯᠭᠤᠭ᠍ᠰᠠᠨ ᠶᠠᠪᠤᠳᠠᠯ ᠪᠤᠯᠤᠨ᠎ᠠ᠃ ᠡᠷᠡᠭᠦᠦ ᠱᠢᠢᠳᠭᠡᠯ ᠭᠦᠢᠴᠡᠳᠭᠡᠵᠦ᠍ ᠪᠠᠢᠭ᠎ᠠ ᠬᠡᠰᠡᠭ ᠶᠠᠯᠠᠲᠠᠨ᠎ᠳᠤ ᠣᠨᠴᠠ ᠠᠭᠤᠴᠢᠯᠠᠯ ᠦᠵᠡᠭᠦᠯᠬᠦ᠌ ᠲᠤᠬᠠᠢ ᠲᠣᠭ᠍ᠲᠠᠭᠠᠯ ᠭᠠᠷᠭᠠᠵᠤ᠂ ᠲᠡᠷᠢᠭᠦᠯᠡᠭ᠌ᠴᠢ ᠰᠢ᠎ᠶ᠋ᠢᠨ ᠫᠢᠩ ᠣᠨᠴᠠ ᠠᠭᠤᠴᠢᠯᠠᠯ ᠦᠵᠡᠭᠦᠯᠬᠦ᠌ ᠵᠠᠷᠯᠢᠭ᠎ᠲᠤ ᠭᠠᠷ᠎ᠤᠨ ᠦᠰᠦᠭ ᠵᠢᠷᠤᠵᠤ ᠨᠡᠢᠲᠡᠯᠡᠪᠡ᠃ ᠬᠠᠤᠯᠢ᠎ᠪᠠᠷ ᠲᠣᠭ᠍ᠲᠠᠭᠠᠭ᠍ᠰᠠᠨ ᠴᠢᠩᠭ᠎ᠠ ᠵᠢᠷᠤᠮ᠎ᠢᠶᠠᠷ ᠳᠠᠮᠵᠢᠭᠤᠯᠤᠨ᠂ ᠶᠢᠰᠦᠨ ᠲᠦᠷᠦᠯ᠎ᠤᠨ ᠡᠷᠡᠭᠦᠦ ᠱᠢᠢᠳᠭᠡᠯ ᠭᠦᠢᠴᠡᠳᠭᠡᠵᠦ᠍ ᠪᠠᠢᠭ᠍ᠰᠠᠨ ᠨᠡᠢᠳᠡ 23593 ᠶᠠᠯᠠᠳᠠᠨ᠎ᠳᠤ ᠣᠨᠴᠠ ᠠᠭᠤᠴᠢᠯᠠᠯ ᠦᠵᠡᠭᠦᠯᠪᠡ᠂ ᠡᠨᠡ ᠪᠣᠯ ᠦᠨᠳᠦᠰᠦᠨ ᠬᠠᠤᠯᠢ᠎ᠳᠤ ᠲᠣᠭ᠍ᠲᠠᠭᠠᠭ᠍ᠰᠠᠨ ᠣᠨᠴᠠ ᠠᠭᠤᠴᠢᠯᠠᠬᠤ ᠲᠦᠷᠢᠮ᠎ᠤᠨ ᠪᠠᠰᠠ ᠨᠢᠭᠡ ᠣᠳᠠᠭ᠎ᠠ᠎ᠶ᠋ᠢᠨ ᠴᠢᠬᠤᠯᠠ ᠶᠡᠭᠡ ᠦᠢᠯᠡᠳᠦᠯᠭᠡᠵᠢᠭᠦᠯᠭᠡ ᠮᠥᠨ᠃
ᠨᠠᠮ᠎ᠤᠨ ᠠᠷᠪᠠ ᠶᠢᠰᠦᠳᠦᠭᠡᠷ ᠬᠤᠭᠤᠴᠠᠭᠠᠨ᠎ᠤ ᠲᠦᠪ ᠬᠤᠷᠢᠶᠠᠨ᠎ᠤ ᠳᠥᠷᠪᠡᠳᠦᠭᠡᠷ ᠪᠦᠭᠦᠳᠡ ᠬᠤᠷᠠᠯ᠎ᠤᠨ ᠵᠤᠷᠢᠭ ᠰᠠᠨᠠᠭ᠎ᠠ᠎ᠶ᠋ᠢ ᠲᠤᠭᠤᠱᠢᠯᠠᠭᠤᠯᠵᠤ᠂ ᠪᠠᠢᠩᠭᠤ᠎ᠶ᠋ᠢᠨ ᠬᠤᠷᠢᠶ᠎ᠠ ᠱᠢᠶᠠᠩᠭᠠᠩ᠎ᠤᠨ ᠵᠠᠰᠠᠭ ᠵᠠᠬᠢᠷᠭᠠᠨ᠎ᠤ ᠤᠨᠴᠠᠭᠠᠢ ᠤᠷᠤᠨ᠎ᠤ ᠤᠯᠤᠰ᠎ᠤᠨ ᠠᠮᠤᠷ ᠲᠦᠪᠱᠢᠨ᠎ᠢ ᠬᠠᠮᠠᠭᠠᠯᠠᠭ᠍ᠰᠠᠨ ᠪᠠᠢᠳᠠᠯ᠎ᠤᠨ ᠲᠤᠬᠠᠢ ᠲᠥᠷᠦ᠎ᠶ᠋ᠢᠨ ᠶᠠᠪᠤᠳᠠᠯ᠎ᠤᠨ ᠬᠤᠷᠢᠶᠠᠨ᠎ᠤ ᠮᠡᠳᠡᠭᠦᠯᠦᠯᠲᠡ᠎ᠶ᠋ᠢ ᠰᠤᠨᠤᠰᠴᠤ᠌ ᠬᠢᠨᠠᠨ ᠶᠠᠷᠢᠯᠴᠠᠵᠤ᠂ ᠦᠨᠳᠦᠰᠦᠨ ᠬᠠᠤᠯᠢ ᠪᠠ ᠱᠢᠶᠠᠩᠭᠠᠩ᠎ᠤᠨ ᠭᠤᠤᠯ ᠬᠠᠤᠯᠢ᠎ᠶ᠋ᠢᠨ ᠲᠤᠭ᠍ᠲᠠᠭᠠᠯ᠎ᠢ ᠦᠨᠳᠦᠰᠦᠯᠡᠨ᠂ 《ᠱᠢᠶᠠᠩᠭᠠᠩ᠎ᠤᠨ ᠵᠠᠰᠠᠭ ᠵᠠᠬᠢᠷᠭᠠᠨ᠎ᠤ ᠤᠨᠴᠠᠭᠠᠢ ᠤᠷᠤᠨ᠎ᠤ ᠤᠯᠤᠰ᠎ᠤᠨ ᠠᠮᠤᠷ ᠲᠦᠪᠱᠢᠨ᠎ᠢ ᠬᠠᠮᠠᠭᠠᠯᠠᠬᠤ ᠬᠠᠤᠯᠢ ᠴᠠᠭᠠᠵᠠ᠎ᠶ᠋ᠢᠨ ᠳᠦᠷᠢᠮ ᠪᠠ ᠭᠦᠢᠴᠡᠳᠭᠡᠬᠦ᠌ ᠲᠤᠭ᠍ᠲᠠᠴᠠ᠎ᠶ᠋ᠢ ᠪᠠᠢᠭᠤᠯᠤᠨ ᠪᠦᠷᠢᠨᠱᠢᠭᠦᠯᠬᠦ᠌ ᠲᠤᠬᠠᠢ ᠪᠦᠬᠦ᠌ ᠤᠯᠤᠰ᠎ᠤᠨ ᠠᠷᠠᠳ᠎ᠤᠨ ᠲᠦᠯᠦᠭᠡᠯᠡᠭ᠌ᠴᠢᠳ᠎ᠤᠨ ᠶᠡᠭᠡ ᠬᠤᠷᠠᠯ᠎ᠤᠨ ᠲᠤᠭ᠍ᠲᠠᠭᠠᠯ (ᠲᠦᠰᠦᠯ)》 ᠎ᠢ ᠰᠤᠳᠤᠯᠤᠨ ᠲᠤᠭᠤᠷᠪᠢᠭ᠍ᠰᠠᠨ᠎ᠤ ᠬᠠᠮᠲᠤ ᠬᠢᠨᠠᠨ ᠶᠠᠷᠢᠯᠴᠠᠵᠤ᠂ ᠲᠤᠰ ᠣᠳᠠᠭ᠎ᠠ᠎ᠶ᠋ᠢᠨ ᠶᠡᠭᠡ ᠬᠤᠷᠠᠯ᠎ᠳᠤ ᠳᠡᠪᠱᠢᠭᠦᠯᠦᠨ ᠬᠢᠨᠠᠨ ᠶᠠᠷᠢᠯᠴᠠᠭᠤᠯᠬᠤ᠎ᠪᠠᠷ ᠲᠤᠭ᠍ᠲᠠᠪᠠ᠃ ᠡᠨᠡ ᠪᠤᠯ ᠱᠢᠨ᠎ᠡ ᠪᠠᠢᠳᠠᠯ᠎ᠤᠨ ᠳᠤᠤᠷ᠎ᠠ 《ᠨᠢᠭᠡ ᠤᠯᠤᠰ᠎ᠲᠤ ᠬᠤᠶᠠᠷ ᠪᠠᠢᠭᠤᠯᠤᠯ᠎ᠢ ᠬᠡᠷᠡᠭ᠌ᠵᠢᠭᠦᠯᠬᠦ᠌》 ᠳᠦᠷᠢᠮ᠎ᠤᠨ ᠱᠢᠰᠲ᠋ᠧᠮ᠎ᠢ ᠪᠠᠷᠢᠮᠲᠠᠯᠠᠨ ᠲᠡᠭᠦᠯᠳᠡᠷᠵᠢᠭᠦᠯᠵᠦ᠍᠂ ᠬᠠᠤᠯᠢ ᠶᠤᠰᠤᠭᠠᠷ ᠱᠢᠶᠠᠩᠭᠠᠩ᠎ᠢ ᠵᠠᠰᠠᠬᠤ᠎ᠶ᠋ᠢ ᠪᠠᠷᠢᠮᠲᠠᠯᠠᠵᠤ᠂ ᠦᠨᠳᠦᠰᠦᠨ ᠬᠠᠤᠯᠢ ᠪᠠ ᠭᠤᠤᠯ ᠬᠠᠤᠯᠢ᠎ᠳᠤ ᠲᠤᠭ᠍ᠲᠠᠭᠠᠭ᠍ᠰᠠᠨ ᠵᠠᠰᠠᠭ ᠵᠠᠬᠢᠷᠭᠠᠨ᠎ᠤ ᠤᠨᠴᠠᠭᠠᠢ ᠤᠷᠤᠨ᠎ᠤ ᠦᠨᠳᠦᠰᠦᠨ ᠬᠠᠤᠯᠢᠲᠤ ᠡᠮᠬᠢ ᠵᠢᠷᠤᠮ᠎ᠢ ᠬᠠᠮᠠᠭᠠᠯᠠᠬᠤ ᠴᠢᠬᠤᠯᠠ ᠶᠡᠭᠡ ᠠᠷᠭ᠎ᠠ ᠬᠡᠮᠵᠢᠶ᠎ᠡ ᠮᠥᠨ᠂ ᠱᠢᠶᠠᠩᠭᠠᠩ᠎ᠤᠨ ᠠᠬ᠎ᠠ ᠳᠡᠭᠦᠦ ᠨᠠᠷ᠎ᠢ ᠪᠠᠭ᠍ᠲᠠᠭᠠᠭ᠍ᠰᠠᠨ ᠪᠦᠬᠦ᠌ ᠳᠤᠮᠳᠠᠳᠤ ᠤᠯᠤᠰ᠎ᠤᠨ ᠠᠷᠠᠳ ᠲᠦᠮᠡᠨ᠎ᠤ ᠦᠨᠳᠦᠰᠦᠨ ᠠᠱᠢᠭ ᠲᠤᠰᠠ᠎ᠳᠤ ᠨᠡᠢᠴᠡᠬᠦ᠌ ᠶᠤᠮ᠃ ᠲᠦᠯᠦᠭᠡᠯᠡᠭ᠌ᠴᠢᠳ᠎ᠤᠨ ᠬᠠᠮᠲᠤ᠎ᠶ᠋ᠢᠨ ᠴᠢᠷᠮᠠᠢᠯᠭ᠎ᠠ᠎ᠪᠠᠷ ᠳᠠᠮᠵᠢᠨ᠂ ᠡᠨᠡ ᠬᠦ᠌ ᠴᠢᠬᠤᠯᠠ ᠶᠡᠭᠡ ᠬᠠᠤᠯᠢ ᠲᠤᠭ᠍ᠲᠠᠭᠠᠬᠤ ᠡᠭᠦᠷᠭᠡ᠎ᠶ᠋ᠢ ᠯᠠᠪᠲᠠᠢ ᠤᠷᠤᠭ᠍ᠰᠢᠲᠠᠢ ᠪᠡᠶᠡᠯᠡᠭᠦᠯᠵᠦ᠍᠂ ᠤᠯᠤᠰ᠎ᠤᠨ ᠡᠷᠬᠡ ᠮᠡᠳᠡᠯ᠂ ᠠᠮᠤᠷ ᠲᠦᠪᠱᠢᠨ᠂ ᠬᠥᠭ᠌ᠵᠢᠯᠲᠡ᠎ᠶ᠋ᠢᠨ ᠠᠱᠢᠭ ᠲᠤᠰᠠ᠎ᠶ᠋ᠢ ᠬᠠᠮᠠᠭᠠᠯᠠᠬᠤ᠂ ᠱᠢᠶᠠᠩᠭᠠᠩ᠎ᠤᠨ ᠤᠷᠲᠤ ᠬᠤᠭᠤᠴᠠᠭᠠᠨ᠎ᠤ ᠴᠡᠴᠡᠭ᠌ᠯᠡᠯ ᠬᠦᠭ᠌ᠵᠢᠯ ᠲᠤᠭ᠍ᠲᠠᠭᠤᠨ ᠪᠠᠢᠳᠠᠯ᠎ᠢ ᠦᠨᠡᠨ ᠬᠦ᠌ ᠪᠠᠲᠤᠯᠠᠬᠤ᠎ᠳᠤ ᠨᠡᠩ ᠬᠦᠴᠦᠲᠡᠢ ᠬᠠᠤᠯᠢ᠎ᠪᠠᠷ ᠵᠠᠰᠠᠬᠤ ᠪᠠᠲᠤᠯᠠᠭ᠎ᠠ ᠬᠠᠩᠭᠠᠵᠤ ᠴᠢᠳᠠᠨ᠎ᠠ ᠭᠡᠳᠡᠭ᠎ᠲᠤ ᠢᠳᠡᠭᠡᠵᠦ᠍ ᠪᠠᠢᠨ᠎ᠠ᠃
    ᠦᠨᠳᠦᠰᠦᠨ ᠬᠠᠤᠯᠢ᠎ᠳᠤ ᠨᠡᠢᠴᠡᠬᠦ᠌ ᠡᠰᠡᠭᠦ᠎ᠶ᠋ᠢ ᠬᠢᠨᠠᠨ ᠪᠠᠢᠴᠠᠭᠠᠬᠤ᠂ ᠳᠠᠩᠰᠠᠯᠠᠵᠤ ᠬᠢᠨᠠᠨ ᠪᠠᠢᠴᠠᠭᠠᠬᠤ ᠠᠵᠢᠯ᠎ᠢ ᠬᠠᠤᠯᠢ ᠶᠣᠰᠣᠭᠠᠷ ᠥᠷᠨᠢᠭᠦᠯᠪᠡ᠃ ᠦᠨᠳᠦᠰᠦᠨ ᠬᠠᠤᠯᠢ᠎ᠳᠤ ᠨᠡᠢᠴᠡᠬᠦ᠌ ᠡᠰᠡᠭᠦ᠎ᠶ᠋ᠢ ᠬᠢᠨᠠᠨ ᠪᠠᠢᠴᠠᠭᠠᠬᠤ ᠠᠵᠢᠯ᠎ᠢ ᠠᠬᠢᠭᠤᠯᠬᠤ ᠲᠤᠬᠠᠶ ᠬᠡᠷᠡᠭ᠌ᠵᠢᠭᠦᠯᠬᠦ᠌ ᠰᠠᠨᠠᠯ᠎ᠢ ᠲᠣᠭ᠍ᠲᠠᠭᠠᠵᠤ᠂ ᠦᠨᠳᠦᠰᠦᠨ ᠬᠠᠤᠯᠢ᠎ᠳᠤ ᠬᠤᠯᠪᠣᠭ᠍ᠳᠠᠬᠤ ᠠᠰᠠᠭᠤᠳᠠᠯ᠎ᠤᠨ ᠲᠤᠬᠠᠢ ᠠᠩᠬᠠᠷᠤᠯ᠎ᠳᠤ ᠲᠣᠬᠢᠲᠠᠶ ᠬᠠᠷᠢᠭᠤᠯᠲᠠ ᠥᠭ᠌ᠴᠦ᠂ ᠦᠨᠳᠦᠰᠦᠨ ᠬᠠᠤᠯᠢ ᠪᠠ ᠬᠠᠤᠯᠢ ᠴᠠᠭᠠᠵᠠ᠎ᠠᠴᠠ ᠵᠥᠷᠢᠴᠡᠭ᠌ᠰᠡᠨ ᠵᠢᠷᠤᠮᠵᠢᠯ᠎ᠤᠨ ᠴᠢᠨᠠᠷᠲᠠᠶ ᠪᠢᠴᠢᠭ ᠮᠠᠲ᠋ᠧᠷᠢᠶᠠᠯ᠎ᠢ ᠬᠠᠤᠯᠢ ᠶᠣᠰᠣᠭᠠᠷ ᠵᠠᠯᠠᠷᠠᠭᠤᠯᠵᠤ᠂ ᠦᠨᠳᠦᠰᠦᠨ ᠬᠠᠤᠯᠢ᠎ᠶ᠋ᠢ ᠦᠨᠡᠨ ᠬᠦ᠌ ᠵᠢᠷᠤᠮᠯᠠᠨ ᠬᠡᠷᠡᠭ᠌ᠵᠢᠭᠦᠯᠬᠦ᠌᠎ᠶ᠋ᠢ ᠪᠠᠲᠤᠯᠠᠪᠠ᠃ ᠬᠠᠤᠯᠢ ᠲᠣᠭ᠍ᠲᠠᠭᠠᠯ᠂ ᠬᠠᠤᠯᠢ ᠪᠠᠷᠢᠬᠤ ᠲᠠᠢᠯᠪᠤᠷᠢᠯᠠᠯᠲᠠ᠎ᠶ᠋ᠢ ᠳᠠᠩᠰᠠᠯᠠᠵᠤ ᠬᠢᠨᠠᠨ ᠪᠠᠢᠴᠠᠭᠠᠬᠤ ᠪᠠᠢᠭᠤᠯᠤᠯ ᠲᠣᠭ᠍ᠲᠠᠴᠠ᠎ᠶ᠋ᠢ ᠲᠡᠭᠦᠯᠳᠡᠷᠵᠢᠭᠦᠯᠵᠦ᠍᠂ ᠪᠦᠬᠦ᠌ ᠤᠯᠤᠰ᠎ᠢ ᠬᠠᠮᠤᠷᠤᠭ᠍ᠰᠠᠨ ᠳᠠᠩᠰᠠᠯᠠᠵᠤ ᠬᠢᠨᠠᠨ ᠪᠠᠢᠴᠠᠭᠠᠬᠤ ᠮᠡᠳᠡᠭᠡ ᠵᠠᠩᠭᠢ᠎ᠶ᠋ᠢᠨ ᠨᠢᠭᠡᠳᠦᠯᠲᠡᠶ ᠲᠠᠪᠴᠠᠩ᠎ᠢ ᠪᠠᠢᠭᠤᠯᠵᠤ᠂ ᠤᠯᠤᠰ᠎ᠤᠨ ᠬᠠᠤᠯᠢ ᠴᠠᠭᠠᠵᠠ ᠬᠠᠤᠯᠢ ᠲᠣᠭ᠍ᠲᠠᠭᠠᠯ᠎ᠤᠨ ᠳ᠋ᠠᠢᠲ᠋ᠠ ᠬᠥᠮᠥᠷᠭᠡ᠎ᠶ᠋ᠢ ᠠᠩᠬ᠎ᠠ ᠠᠯᠬᠤᠮ ᠪᠠᠢᠭᠤᠯᠪᠠ᠃ 3 ᠵᠢᠯ ᠳᠠᠷᠠᠭᠠᠯᠠᠨ ᠳᠠᠩᠰᠠᠯᠠᠵᠤ ᠬᠢᠨᠠᠨ ᠪᠠᠢᠴᠠᠭᠠᠭ᠍ᠰᠠᠨ ᠠᠵᠢᠯ᠎ᠤᠨ ᠪᠠᠢᠳᠠᠯ᠎ᠤᠨ ᠮᠡᠳᠡᠭᠦᠯᠦᠯᠲᠡ᠎ᠶ᠋ᠢ ᠰᠣᠨᠣᠰᠴᠤ᠌ ᠬᠢᠨᠠᠨ ᠶᠠᠷᠢᠯᠴᠠᠭ᠍ᠰᠠᠨ ᠪᠦᠭᠡᠳ ᠨᠡᠢᠭᠡᠮ ᠳᠠᠶᠠᠭᠠᠷ᠎ᠲᠤ ᠢᠯᠡ ᠪᠣᠯᠭᠠᠪᠠ᠃ 2019 ᠤᠨ᠎ᠳᠤ ᠮᠡᠳᠡᠭᠦᠯᠦᠨ ᠬᠦᠷᠭᠡᠵᠦ᠍ ᠳᠠᠩᠰᠠᠯᠠᠭᠤᠯᠤᠭ᠍ᠰᠠᠨ ᠵᠠᠰᠠᠭ ᠵᠠᠬᠢᠷᠭᠠᠨ᠎ᠤ ᠬᠠᠤᠯᠢ ᠲᠣᠭ᠍ᠲᠠᠭᠠᠯ᠂ ᠣᠷᠣᠨ ᠨᠤᠲᠤᠭ᠎ᠤᠨ ᠴᠢᠨᠠᠷᠲᠠᠶ ᠬᠠᠤᠯᠢ ᠲᠣᠭ᠍ᠲᠠᠭᠠᠯ᠂ ᠬᠠᠤᠯᠢ ᠪᠠᠷᠢᠬᠤ ᠲᠠᠢᠯᠪᠤᠷᠢᠯᠠᠯᠲᠠ 1995 ᠬᠤᠪᠢ ᠪᠠᠢᠵᠤ᠂ ᠮᠡᠳᠡᠭᠦᠯᠦᠨ ᠬᠦᠷᠭᠡᠵᠦ᠍ ᠳᠠᠩᠰᠠᠯᠠᠭᠤᠯᠤᠭ᠍ᠰᠠᠨ ᠵᠠᠰᠠᠭ ᠵᠠᠬᠢᠷᠭᠠᠨ᠎ᠤ ᠤᠨᠴᠠᠭᠠᠢ ᠤᠷᠤᠨ᠎ᠤ ᠲᠤᠰ ᠤᠷᠤᠨ᠎ᠤ ᠬᠠᠤᠯᠢ ᠴᠠᠭᠠᠵᠠ 33 ᠬᠤᠪᠢ ᠪᠠᠢᠵᠤ᠂ ᠠᠷᠠᠳ ᠢᠷᠭᠡᠨ᠂ ᠵᠣᠬᠢᠶᠠᠨ ᠪᠠᠢᠭᠤᠯᠤᠯᠲᠠ᠎ᠶ᠋ᠢᠨ ᠳᠤᠷᠠᠳᠤᠭ᠍ᠰᠠᠨ 138 ᠬᠤᠪᠢ ᠬᠢᠨᠠᠨ ᠪᠠᠢᠴᠠᠭᠠᠬᠤ ᠰᠠᠨᠠᠭᠤᠯᠭ᠎ᠠ᠎ᠶ᠋ᠢ ᠰᠤᠳᠤᠯᠤᠨ ᠱᠢᠢᠳᠪᠦᠷᠢᠯᠡᠪᠡ᠃ ᠬᠢᠨᠠᠨ ᠪᠠᠢᠴᠠᠭᠠᠬᠤ᠎ᠪᠠᠷ ᠳᠠᠮᠵᠢᠭᠠᠳ᠂ ᠲᠣᠭ᠍ᠲᠠᠭᠠᠬ᠍ᠰᠠᠨ ᠪᠠᠢᠭᠤᠯᠭ᠎ᠠ᠎ᠶ᠋ᠢ᠎ᠨᠢ ᠱᠢᠪᠠᠳᠠᠵᠤ ᠪᠠᠢᠭᠠᠳ ᠦᠨᠳᠦᠰᠦᠨ ᠬᠠᠤᠯᠢ ᠪᠠ ᠬᠠᠤᠯᠢ ᠴᠠᠭᠠᠵᠠ᠎ᠶ᠋ᠢᠨ ᠲᠣᠭ᠍ᠲᠠᠭᠠᠯ᠂ ᠵᠣᠷᠢᠭ ᠰᠠᠨᠠᠭ᠎ᠠ᠎ᠯᠤᠭ᠎ᠠ ᠬᠠᠷᠱᠢᠯᠳᠤᠭ᠍ᠰᠠᠨ᠂ ᠨᠡᠢᠴᠡᠬᠦ᠌ ᠦᠭᠡᠢ᠂ ᠵᠣᠬᠢᠴᠠᠬᠤ ᠦᠭᠡᠢ ᠵᠢᠷᠤᠮᠵᠢᠯ᠎ᠤᠨ ᠴᠢᠨᠠᠷᠲᠠᠶ ᠪᠢᠴᠢᠭ ᠮᠠᠲ᠋ᠧᠷᠢᠶᠠᠯ᠎ᠢ 506 ᠬᠤᠪᠢ ᠵᠠᠯᠠᠷᠠᠭᠤᠯᠤᠭᠤᠯᠵᠤ᠂ ᠤᠯᠤᠰ᠎ᠤᠨ ᠬᠠᠤᠯᠢ ᠲᠦᠷᠢᠮ᠎ᠤᠨ ᠨᠢᠭᠡᠳᠦᠯ᠂ ᠨᠡᠷ᠎ᠡ ᠬᠦᠨᠳᠦ ᠪᠠ ᠡᠷᠬᠡ ᠰᠦᠷ᠎ᠢ ᠬᠠᠮᠠᠭᠠᠯᠠᠪᠠ᠃
    ᠦᠨᠳᠦᠰᠦᠨ ᠬᠠᠤᠯᠢ᠎ᠶ᠋ᠢᠨ ᠤᠬᠠᠭᠤᠯᠭ᠎ᠠ ᠬᠥᠮᠦᠵᠢᠯ᠎ᠤᠨ ᠠᠵᠢᠯᠯᠠᠭ᠎ᠠ᠎ᠶ᠋ᠢ ᠥᠷᠨᠢᠭᠦᠯᠪᠠ᠃ 6 ᠤᠳᠠᠭ᠎ᠠ᠎ᠶ᠋ᠢᠨ ᠦᠨᠳᠦᠰᠦᠨ ᠬᠠᠤᠯᠢ᠎ᠳᠤ ᠲᠠᠩᠭᠠᠷᠢᠬ᠍ᠯᠠᠬᠤ ᠶᠣᠰᠣᠯᠠᠯ᠎ᠢ ᠵᠣᠬᠢᠶᠠᠨ ᠪᠠᠢᠭᠤᠯᠵᠤ᠂ 18 ᠲᠣᠮᠢᠯᠠᠭ᠍ᠳᠠᠭ᠍ᠰᠠᠨ ᠬᠥᠮᠦᠰ ᠲᠠᠩᠭᠠᠷᠢᠬ᠍ᠯᠠᠵᠤ᠂ ᠬᠤᠷᠢᠶᠠᠨ ᠳᠠᠷᠤᠭ᠎ᠠ ᠨᠠᠷ᠎ᠤᠨ ᠬᠤᠷᠠᠯ᠎ᠤᠨ ᠪᠦᠷᠢᠯᠳᠦᠬᠦᠨ ᠶᠤᠰᠤᠯᠠᠯ᠎ᠢ ᠡᠷᠬᠢᠯᠡᠨ ᠲᠠᠩᠭᠠᠷᠢᠭ᠍ᠯᠠᠯ᠎ᠢ ᠬᠢᠨᠠᠵᠤ᠂ ᠲᠦᠷᠦ᠎ᠶ᠋ᠢᠨ ᠠᠵᠢᠯᠳᠠᠨ᠎ᠤ ᠦᠨᠳᠦᠰᠦᠨ ᠬᠠᠤᠯᠢ᠎ᠶ᠋ᠢᠨ ᠤᠢ᠍ᠢᠯᠠᠭᠠᠭ᠍ᠳᠠᠬᠤᠨ᠎ᠢ ᠴᠢᠩᠭᠠᠳᠭᠠᠪᠠ᠃ 《ᠦᠨᠳᠦᠰᠦᠨ ᠬᠠᠤᠯᠢ᠎ᠶ᠋ᠢᠨ ᠵᠣᠷᠢᠭ ᠰᠠᠨᠠᠭ᠎ᠠ᠎ᠶ᠋ᠢ ᠪᠠᠳᠠᠷᠠᠭᠤᠯᠵᠤ᠂ ᠲᠦᠷᠦ᠎ᠶ᠋ᠢ ᠵᠠᠰᠠᠬᠤ ᠱᠢᠰᠲ᠋ᠧᠮ ᠪᠣᠯᠤᠨ ᠵᠠᠰᠠᠬᠤ ᠴᠢᠳᠠᠪᠤᠷᠢ᠎ᠶ᠋ᠢᠨ ᠣᠳᠣᠬᠢᠴᠢᠯᠠᠯᠲᠠ᠎ᠶ᠋ᠢ ᠠᠬᠢᠭᠤᠯᠬᠤ》 ᠎ᠪᠠᠷ ᠭᠤᠤᠯ ᠰᠡᠳᠦᠪ ᠪᠣᠯᠭᠠᠨ᠂ ᠵᠢᠷᠭᠤᠳᠡᠬᠢ ᠤᠯᠤᠰ᠎ᠤᠨ ᠦᠨᠳᠦᠰᠦᠨ ᠬᠠᠤᠯᠢ᠎ᠶ᠋ᠢᠨ ᠡᠳᠦᠷ᠎ᠤᠨ ᠶᠠᠷᠢᠯᠴᠠᠬᠤ ᠬᠤᠷᠠᠯ᠎ᠢ ᠬᠤᠷᠠᠯᠳᠤᠭᠤᠯᠵᠤ᠂ ᠡᠯ᠎ᠡ ᠱᠠᠲᠤ ᠡᠯ᠎ᠡ ᠭᠠᠵᠠᠷ ᠤᠷᠤᠨ᠎ᠢ ᠳᠠᠢᠴᠢᠯᠠᠨ ᠦᠨᠳᠦᠰᠦᠨ ᠬᠠᠤᠯᠢ᠎ᠶ᠋ᠢ ᠤᠬᠠᠭᠤᠯᠬᠤ ᠪᠠᠶᠠᠯᠢᠭ ᠰᠠᠢᠬᠠᠨ ᠠᠵᠢᠯᠯᠠᠭ᠎ᠠ᠎ᠶ᠋ᠢ ᠥᠷᠨᠢᠭᠦᠯᠪᠡ᠃ ᠣᠣᠮᠧᠨ᠎ᠤ ᠵᠠᠰᠠᠭ ᠵᠠᠬᠢᠷᠭᠠᠨ᠎ᠤ ᠣᠨᠴᠠᠭᠠᠶ ᠣᠷᠣᠨ᠎ᠤ ᠭᠤᠤᠯ ᠬᠠᠤᠯᠢ᠎ᠶ᠋ᠢ ᠬᠡᠷᠡᠭ᠌ᠵᠢᠭᠦᠯᠦᠭ᠌ᠰᠡᠨ 20 ᠵᠢᠯ᠎ᠤᠨ ᠤᠢ᠎ᠶ᠋ᠢ ᠳᠤᠷᠠᠰᠭᠠᠬᠤ ᠶᠠᠷᠢᠯᠴᠠᠬᠤ ᠬᠤᠷᠠᠯ᠎ᠢ ᠬᠤᠷᠠᠯᠳᠤᠭᠤᠯᠵᠤ᠂ 《ᠨᠢᠭᠡ ᠤᠯᠤᠰ᠎ᠲᠤ ᠬᠤᠶᠠᠷ ᠪᠠᠢᠭᠤᠯᠤᠯ᠎ᠢ ᠬᠡᠷᠡᠭ᠌ᠵᠢᠭᠦᠯᠬᠦ᠌》 ᠴᠢᠭ᠌ᠯᠡᠯᠲᠡ ᠪᠠ ᠦᠨᠳᠦᠰᠦᠨ ᠬᠠᠤᠯᠢ᠂ ᠭᠤᠤᠯ ᠬᠠᠤᠯᠢ᠎ᠶ᠋ᠢ ᠤᠬᠠᠭᠤᠯᠬᠤ᠂ ᠲᠤᠭᠤᠱᠢᠯᠠᠭᠤᠯᠤᠨ ᠨᠠᠢᠳᠠᠪᠤᠷᠢᠵᠢᠭᠤᠯᠬᠤ᠎ᠶ᠋ᠢ ᠠᠬᠢᠭᠤᠯᠪᠠ᠃
    ᠬᠤᠶᠠᠷ᠂ ᠳᠤᠮᠳᠠᠳᠤ ᠤᠯᠤᠰ᠎ᠤᠨ ᠣᠨᠴᠠᠯᠢᠭ ᠪᠦᠬᠦᠢ ᠨᠡᠢᠭᠡᠮ ᠵᠢᠷᠤᠮ᠎ᠤᠨ ᠬᠠᠤᠯᠢ ᠴᠠᠭᠠᠵᠠ᠎ᠶ᠋ᠢᠨ ᠱᠢᠰᠲ᠋ᠧᠮ᠎ᠢ ᠲᠠᠰᠤᠷᠠᠯᠲᠠ ᠦᠭᠡᠢ ᠲᠡᠭᠦᠯᠳᠡᠷᠵᠢᠭᠦᠯᠪᠠ
    ᠪᠦᠬᠦ᠌ ᠲᠠᠯ᠎ᠠ᠎ᠪᠠᠷ ᠬᠠᠤᠯᠢ ᠶᠣᠰᠣᠭᠠᠷ ᠤᠯᠤᠰ᠎ᠢᠶᠠᠨ ᠵᠠᠰᠠᠬᠤ᠎ᠲᠠᠢ ᠨᠢᠭ᠍ᠲᠠ ᠤᠶᠠᠯᠳᠤᠭᠤᠯᠤᠨ᠂ ᠲᠣᠭ᠍ᠲᠠᠭᠠᠬᠤ ᠵᠠᠰᠠᠬᠤ ᠬᠦᠴᠦᠨ ᠦᠭᠡᠢ ᠪᠣᠯᠭᠠᠬᠤ ᠲᠠᠢᠯᠪᠤᠷᠢᠯᠠᠬᠤ᠎ᠶ᠋ᠢ ᠵᠡᠷᠭᠡ᠎ᠳᠤᠨᠢ ᠴᠢᠬᠤᠯᠠᠴᠢᠯᠠᠬᠤ᠎ᠶ᠋ᠢ ᠪᠠᠷᠢᠮᠲᠠᠯᠠᠵᠤ᠂ ᠴᠢᠨᠠᠷ ᠴᠢᠨᠰᠠᠭ᠎ᠠ ᠪᠣᠯᠤᠨ ᠦᠷ᠎ᠡ ᠪᠦᠲᠦᠮᠵᠢ᠎ᠶ᠋ᠢ ᠵᠡᠷᠭᠡ᠎ᠪᠠᠷ ᠴᠢᠬᠤᠯᠠᠴᠢᠯᠠᠬᠤ᠎ᠶ᠋ᠢ ᠪᠠᠷᠢᠮᠲᠠᠯᠠᠵᠤ᠂ ᠴᠢᠬᠤᠯᠠ ᠬᠦᠷᠢᠶᠡᠨ᠎ᠳᠠᠬᠢ ᠬᠠᠤᠯᠢ ᠲᠣᠭ᠍ᠲᠠᠭᠠᠯᠲᠠ᠎ᠶ᠋ᠢ ᠴᠢᠩᠭᠠᠳᠭᠠᠵᠤ᠂ ᠱᠢᠨᠵᠢᠯᠡᠬᠦ᠌ ᠤᠬᠠᠭᠠᠨᠴᠢ᠎ᠪᠠᠷ ᠬᠠᠤᠯᠢ ᠲᠣᠭ᠍ᠲᠠᠭᠠᠬᠤ᠂ ᠠᠷᠠᠳᠴᠢᠯᠠᠯ᠎ᠢᠶᠠᠷ ᠬᠠᠤᠯᠢ ᠲᠣᠭ᠍ᠲᠠᠭᠠᠬᠤ᠂ ᠬᠠᠤᠯᠢ ᠶᠣᠰᠣᠭᠠᠷ ᠬᠠᠤᠯᠢ ᠲᠣᠭ᠍ᠲᠠᠭᠠᠬᠤ ᠲᠦᠪᠱᠢᠨ᠎ᠢ ᠲᠠᠰᠤᠷᠠᠯᠲᠠ ᠦᠭᠡᠢ ᠳᠡᠭᠡᠭ᠌ᠰᠢᠯᠡᠭᠦᠯᠪᠠ᠃
    ᠥᠭᠡᠷᠡᠴᠢᠯᠡᠯᠲᠡ᠎ᠶ᠋ᠢ ᠪᠦᠬᠦ᠌ ᠲᠠᠯ᠎ᠠ᠎ᠪᠠᠷ ᠭᠦᠨᠵᠡᠭᠡᠢᠷᠡᠭᠦᠯᠬᠦ᠌᠎ᠶ᠋ᠢ ᠬᠠᠮᠵᠢᠯᠴᠠᠨ ᠠᠬᠢᠭᠤᠯᠵᠤ᠂ ᠴᠢᠬᠤᠯᠠ ᠶᠡᠭᠡ ᠥᠭᠡᠷᠡᠴᠢᠯᠡᠯᠲᠡ᠎ᠶ᠋ᠢᠨ ᠬᠠᠤᠯᠢ᠎ᠶ᠋ᠢᠨ ᠦᠨᠳᠦᠰᠦᠯᠡᠯ᠎ᠲᠠᠢ ᠪᠠᠢᠬᠤ᠎ᠶ᠋ᠢ ᠦᠨᠡᠨ ᠬᠦ᠌ ᠪᠠᠲᠤᠯᠠᠪᠠ᠃ ᠭᠠᠳᠠᠭᠠᠳᠤ᠎ᠶ᠋ᠢᠨ ᠬᠤᠳᠠᠯᠳᠤᠭᠠᠴᠢᠨ᠎ᠤ ᠪᠡᠯᠡ ᠣᠷᠣᠭᠤᠯᠤᠯᠲᠠ᠎ᠶ᠋ᠢᠨ ᠬᠠᠤᠯᠢ᠎ᠶ᠋ᠢ ᠪᠠᠲᠤᠯᠠᠭ᠍ᠰᠠᠨ᠎ᠤ ᠲᠠᠷᠠᠭ᠎ᠠ᠂ ᠪᠠᠷᠢᠯᠭ᠎ᠠ᠎ᠶ᠋ᠢᠨ ᠬᠠᠤᠯᠢ᠂ ᠭᠠᠯ ᠰᠡᠷᠭᠡᠢᠯᠡᠨ ᠤᠨᠲᠠᠷᠠᠭᠠᠬᠤ ᠬᠠᠤᠯᠢ᠂ ᠡᠯᠧᠺᠳ᠋ᠷᠣᠨ ᠭᠠᠷ᠎ᠤᠨ ᠦᠰᠦᠭ᠎ᠤᠨ ᠬᠠᠤᠯᠢ᠂ ᠬᠤᠳᠠ ᠬᠥᠳᠡᠭᠡ᠎ᠶ᠋ᠢᠨ ᠲᠥᠯᠥᠪᠵᠢᠭᠦᠯᠭᠡ᠎ᠶ᠋ᠢᠨ ᠬᠠᠤᠯᠢ᠂ ᠲᠡᠷᠭᠡ ᠣᠩᠭᠤᠴᠠ᠎ᠶ᠋ᠢᠨ ᠭᠠᠢᠯᠢ᠎ᠶ᠋ᠢᠨ ᠬᠠᠤᠯᠢ᠂ ᠲᠠᠸᠠᠷ᠎ᠤᠨ ᠲᠡᠮᠳᠡᠭ᠌ᠲᠦ᠎ᠶ᠋ᠢᠨ ᠬᠠᠤᠯᠢ᠂ ᠵᠦᠶ ᠪᠤᠰᠤ ᠥᠷᠢᠰᠥᠯᠳᠦᠭᠡᠨ᠎ᠢ ᠡᠰᠡᠷᠭᠦᠴᠡᠬᠦ᠌ ᠬᠠᠤᠯᠢ᠂ ᠵᠠᠰᠠᠭ ᠵᠠᠬᠢᠷᠭᠠᠨ᠎ᠤ ᠵᠥᠪᠱᠢᠶᠡᠷᠡᠯ᠎ᠤᠨ ᠬᠠᠤᠯᠢ ᠵᠡᠷᠭᠡ ᠤᠯᠠᠨ ᠬᠠᠤᠯᠢ᠎ᠳᠤ ᠵᠠᠰᠠᠪᠤᠷᠢ ᠣᠷᠣᠭᠤᠯᠵᠤ᠂ ᠬᠤᠯᠪᠣᠭ᠍ᠳᠠᠯ ᠪᠦᠬᠦᠢ ᠬᠠᠤᠯᠢ ᠴᠠᠭᠠᠵᠠ᠎ᠶ᠋ᠢ ᠵᠤᠯᠭᠠᠯᠳᠤᠭᠤᠯᠬᠤ᠎ᠶ᠋ᠢ ᠪᠡᠶᠡᠯᠡᠭᠦᠯᠪᠡ; ᠲᠠᠢᠸᠠᠨ᠎ᠤ ᠠᠬ᠎ᠠ ᠳᠡᠭᠦᠤ ᠨᠡᠷ᠎ᠤᠨ ᠪᠡᠯᠡ ᠣᠷᠣᠭᠤᠯᠤᠯᠲᠠ᠎ᠶ᠋ᠢ ᠬᠠᠮᠠᠭᠠᠯᠠᠬᠤ ᠬᠠᠤᠯᠢ᠎ᠳᠤ ᠵᠠᠰᠠᠪᠤᠷᠢ ᠣᠷᠣᠭᠤᠯᠵᠤ᠂ ᠥᠭᠡᠷᠡᠴᠢᠯᠡᠯᠲᠡ᠎ᠶ᠋ᠢᠨ ᠦᠷ᠎ᠡ ᠪᠦᠲᠦᠭᠡᠯ᠎ᠢ ᠲᠠᠢᠸᠠᠨ᠎ᠤ ᠠᠬ᠎ᠠ ᠳᠡᠭᠦᠤ ᠨᠡᠷ᠎ᠲᠤ ᠵᠡᠷᠭᠡ᠎ᠪᠠᠷ ᠬᠦᠷᠲᠡᠭᠡᠬᠦ᠌᠎ᠶ᠋ᠢ ᠦᠨᠡᠨ ᠬᠦ᠌ ᠪᠠᠲᠤᠯᠠᠪᠠ᠃ ᠬᠤᠳᠠ᠎ᠶ᠋ᠢᠨ ᠬᠠᠮᠠᠭᠠᠯᠠᠯᠲᠠ ᠪᠦᠳᠦᠭᠡᠨ ᠪᠠᠢᠭᠤᠯᠤᠯᠲᠠ᠎ᠶ᠋ᠢᠨ ᠭᠠᠢᠯᠢ᠎ᠶ᠋ᠢᠨ ᠬᠠᠤᠯᠢ᠂ ᠭᠡᠷ᠎ᠡ᠎ᠶ᠋ᠢᠨ ᠭᠠᠢᠯᠢ᠎ᠶ᠋ᠢᠨ ᠬᠠᠤᠯᠢ᠂ ᠭᠠᠳᠠᠭᠠᠳᠤ ᠭᠠᠷᠭᠠᠯᠲᠠ᠎ᠶ᠋ᠢ ᠵᠠᠬᠢᠷᠤᠨ ᠬᠠᠮᠢᠶᠠᠷᠬᠤ ᠬᠠᠤᠯᠢ᠎ᠶ᠋ᠢᠨ ᠲᠥᠰᠦᠯ᠎ᠢ ᠬᠢᠨᠠᠨ ᠶᠠᠷᠢᠯᠴᠠᠵᠤ᠂ ᠲᠦᠷᠦ᠎ᠶ᠋ᠢᠨ ᠶᠠᠪᠤᠳᠠᠯ᠎ᠤᠨ ᠬᠤᠷᠢᠶ᠎ᠠ᠎ᠳᠤ ᠡᠷᠬᠡ ᠣᠯᠭᠤᠵᠤ ᠴᠢᠯᠥᠭᠡᠲᠦ ᠠᠷᠠᠯᠵᠢᠶᠠᠨ᠎ᠤ ᠲᠤᠷᠱᠢᠯᠲᠠ᠎ᠶ᠋ᠢᠨ ᠣᠷᠣᠨ᠎ᠳᠤ ᠬᠤᠯᠪᠣᠭ᠍ᠳᠠᠯ ᠪᠦᠬᠦᠢ ᠬᠠᠤᠯᠢ ᠴᠠᠭᠠᠵᠠ᠎ᠶ᠋ᠢᠨ ᠲᠣᠭ᠍ᠲᠠᠭᠠᠯ᠎ᠢ ᠲᠦᠷ ᠴᠠᠭ ᠲᠣᠬᠢᠷᠠᠭᠤᠯᠤᠨ ᠬᠡᠷᠡᠭ᠌ᠯᠡᠬᠦ᠌ ᠲᠤᠬᠠᠶ ᠲᠣᠭ᠍ᠲᠠᠭᠠᠯ᠂ ᠣᠣᠮᠧᠨ᠎ᠤ ᠵᠠᠰᠠᠭ ᠵᠠᠬᠢᠷᠭᠠᠨ᠎ᠤ ᠣᠨᠴᠠᠭᠠᠶ ᠣᠷᠣᠨ᠎ᠳᠤ ᠡᠷᠬᠡ ᠣᠯᠭᠤᠵᠤ ᠡᠾᠧᠩᠴᠢᠨ ᠪᠣᠭᠤᠮᠲᠠ᠎ᠶ᠋ᠢᠨ ᠤᠤᠮᠧᠨ᠎ᠤ ᠲᠠᠯ᠎ᠠ᠎ᠶ᠋ᠢᠨ ᠪᠣᠭᠤᠮᠲᠠ᠎ᠶ᠋ᠢᠨ ᠣᠷᠣᠨ ᠵᠢᠴᠢ ᠬᠤᠯᠪᠣᠭ᠍ᠳᠠᠯ ᠪᠦᠬᠦᠢ ᠤᠷᠲᠤᠳᠭᠠᠭ᠍ᠰᠠᠨ ᠣᠷᠣᠨ᠎ᠳᠤ ᠬᠠᠮᠢᠶᠠᠷᠬᠤ ᠬᠠᠷᠢᠶᠠᠯᠠᠯ ᠬᠡᠷᠡᠭ᠌ᠵᠢᠭᠦᠯᠬᠦ᠌ ᠲᠣᠭ᠍ᠲᠠᠭᠠᠯ ᠭᠠᠷᠭᠠᠵᠤ᠂ ᠴᠠᠭ ᠦᠶ᠎ᠡ ᠪᠠ ᠥᠭᠡᠷᠡᠴᠢᠯᠡᠯᠲᠡ᠎ᠶ᠋ᠢᠨ ᠬᠠᠤᠯᠢ᠎ᠪᠠᠷ ᠵᠠᠰᠠᠬᠤ ᠬᠡᠷᠡᠭ᠌ᠴᠡᠭᠡ᠎ᠳᠤ ᠬᠠᠷᠢᠭᠤᠯᠳᠡ ᠥᠭ᠌ᠪᠠ᠃ ᠲᠦᠷᠦ᠎ᠶ᠋ᠢᠨ ᠶᠠᠪᠤᠳᠠᠯ᠎ᠤᠨ ᠬᠤᠷᠢᠶ᠎ᠠ᠎ᠳᠤ ᠡᠷᠬᠡ ᠣᠯᠭᠤᠵᠤ ᠬᠠᠢᠨᠠᠨ᠎ᠤ ᠴᠢᠯᠥᠭᠡᠲᠦ ᠠᠷᠠᠯᠵᠢᠶᠠᠨ᠎ᠤ ᠲᠤᠷᠱᠢᠯᠲᠠ᠎ᠶ᠋ᠢᠨ ᠤᠷᠤᠨ᠎ᠳᠤ ᠭᠠᠵᠠᠷ ᠱᠢᠷᠣᠶ᠎ᠶ᠋ᠢᠨ ᠬᠠᠮᠢᠶᠠᠷᠤᠯᠲᠠ᠎ᠶ᠋ᠢᠨ ᠬᠠᠤᠯᠢ᠂ ᠦᠷ᠎ᠡ᠎ᠶ᠋ᠢᠨ ᠬᠠᠤᠯᠢ᠂ ᠳᠠᠯᠠᠢ᠎ᠶ᠋ᠢᠨ ᠬᠤᠳᠠᠯᠳᠤᠭ᠎ᠠ᠎ᠶ᠋ᠢᠨ ᠬᠠᠤᠯᠢ᠎ᠶ᠋ᠢᠨ ᠬᠤᠯᠪᠣᠭ᠍ᠳᠠᠯ ᠪᠦᠬᠦᠢ ᠲᠣᠭ᠍ᠲᠠᠭᠠᠯ᠎ᠢ ᠲᠦᠷ ᠲᠣᠬᠢᠷᠠᠭᠤᠯᠤᠨ ᠬᠡᠷᠡᠭ᠌ᠯᠡᠵᠦ᠍᠂ ᠬᠠᠢᠨᠠᠨ᠎ᠳᠤ ᠴᠢᠯᠥᠭᠡᠲᠦ ᠠᠷᠠᠯᠵᠢᠶᠠᠨ᠎ᠤ ᠲᠤᠷᠱᠢᠯᠲᠠ᠎ᠶ᠋ᠢᠨ ᠣᠷᠣᠨ ᠪᠠ ᠳᠤᠮᠳᠠᠳᠤ ᠤᠯᠤᠰ᠎ᠤᠨ ᠣᠨᠴᠠᠯᠢᠭ ᠪᠦᠬᠦᠢ ᠴᠢᠯᠥᠭᠡᠲᠦ ᠠᠷᠠᠯᠵᠢᠶᠠᠨ᠎ᠤ ᠭᠠᠷᠠᠮ ᠪᠠᠢᠭᠤᠯᠬᠤ᠎ᠶ᠋ᠢ ᠳᠡᠮᠵᠢᠪᠠ᠃ ᠦᠨᠡᠲᠦ ᠲᠡᠮᠳᠡᠭ᠌ᠲᠦ᠎ᠶ᠋ᠢᠨ ᠬᠠᠤᠯᠢ᠎ᠳᠤ ᠵᠠᠰᠠᠪᠤᠷᠢ ᠣᠷᠣᠭᠤᠯᠬᠤ᠎ᠳᠠᠭᠠᠨ ᠲᠦᠷᠪᠡᠨ ᠬᠢᠨᠠᠯᠲᠠ᠎ᠶ᠋ᠢ ᠥᠩᠭᠡᠷᠡᠭᠡᠵᠦ᠍᠂ ᠥᠭᠡᠷᠡᠴᠢᠯᠡᠯᠲᠡ᠎ᠶ᠋ᠢ ᠠᠬᠢᠭᠤᠯᠬᠤ᠂ ᠪᠡᠯᠡ ᠤᠷᠤᠭᠤᠯᠤᠭ᠍ᠴᠢ᠎ᠶ᠋ᠢᠨ ᠡᠷᠬᠡ ᠠᠱᠢᠭ᠎ᠢ ᠬᠠᠮᠠᠭᠠᠯᠠᠬᠤ᠂ ᠬᠢᠨᠠᠯᠲᠠ ᠬᠠᠮᠢᠶᠠᠷᠤᠯᠲᠠ᠎ᠶ᠋ᠢ ᠴᠢᠩᠭᠠᠳᠭᠠᠬᠤ ᠬᠠᠤᠯᠢ ᠲᠤᠭ᠍ᠲᠠᠭᠠᠬᠤ ᠴᠢᠭ᠌ᠯᠡᠯ᠎ᠢ ᠪᠠᠲᠤ ᠪᠠᠷᠢᠮᠳᠠᠯᠠᠵᠦ᠍᠂ ᠳᠠᠩᠰᠠᠯᠠᠭᠤᠯᠬᠤ ᠲᠦᠷᠢᠮ ᠵᠡᠷᠭᠡ ᠥᠭᠡᠷᠡᠴᠢᠯᠡᠯᠲᠡ᠎ᠶ᠋ᠢᠨ ᠦᠷ᠎ᠡ ᠪᠦᠲᠦᠭᠡᠯ᠎ᠢ ᠨᠤᠲᠠᠯᠠᠵᠤ᠂ ᠬᠦᠷᠦᠩᠭᠡ᠎ᠶ᠋ᠢᠨ ᠵᠠᠬ᠎ᠠ ᠳᠡᠯᠭᠡᠭᠦᠷ᠎ᠤᠨ ᠥᠭᠡᠷᠡᠴᠢᠯᠡᠯᠲᠡ ᠪᠠ ᠡᠷᠡᠭᠦᠯ ᠬᠥᠭ᠌ᠵᠢᠯᠳᠡ᠎ᠳᠤ ᠬᠠᠤᠯᠢ᠎ᠪᠠᠷ ᠵᠠᠰᠠᠬᠤ ᠪᠠᠲᠤᠯᠠᠭ᠎ᠠ ᠬᠠᠩᠭᠠᠪᠠ᠃
    ᠱᠢᠨ᠎ᠡ ᠬᠥᠭ᠌ᠵᠢᠯᠲᠡ᠎ᠶ᠋ᠢᠨ ᠣᠢᠯᠠᠭᠠᠭ᠍ᠳᠠᠬᠤᠨ᠎ᠢ ᠲᠤᠭᠤᠱᠢᠯᠠᠭᠤᠯᠵᠤ᠂ ᠴᠢᠨᠠᠷ ᠰᠠᠢᠲᠠᠢ ᠬᠠᠤᠯᠢ ᠲᠣᠭ᠍ᠲᠠᠭᠠᠯᠳᠠ᠎ᠪᠠᠷ ᠴᠢᠨᠠᠷ ᠰᠠᠢᠲᠠᠢ ᠬᠥᠭ᠌ᠵᠢᠯᠲᠡ᠎ᠶ᠋ᠢ ᠠᠬᠢᠭᠤᠯᠪᠠ᠃ ᠡᠬᠢ ᠪᠠᠶᠠᠯᠢᠭ᠎ᠤᠨ ᠭᠠᠢᠯᠢ᠎ᠶ᠋ᠢᠨ ᠬᠠᠤᠯᠢ᠎ᠶ᠋ᠢ ᠲᠣᠭ᠍ᠲᠠᠭᠠᠵᠤ᠂ ᠬᠠᠲᠠᠭᠤ ᠪᠡᠶᠡᠲᠦ ᠬᠠᠶᠠᠭ᠍ᠳᠠᠮᠠᠯ ᠪᠣᠳᠠᠰ᠎ᠤᠨ ᠣᠷᠴᠢᠨ ᠠᠬᠤᠶ᠎ᠶ᠋ᠢ ᠪᠣᠬᠢᠷᠲᠤᠭᠤᠯᠬᠤ᠎ᠶ᠋ᠢ ᠰᠡᠷᠭᠡᠢᠯᠡᠨ ᠵᠠᠰᠠᠬᠤ ᠬᠠᠤᠯᠢ᠂ ᠤᠢ ᠱᠢᠭᠤᠶ᠎ᠶ᠋ᠢᠨ ᠬᠠᠤᠯᠢ᠎ᠳᠤ ᠵᠠᠰᠠᠪᠤᠷᠢ ᠣᠷᠣᠭᠤᠯᠵᠤ᠂ ᠠᠮᠢ ᠠᠬᠤᠶ᠎ᠶ᠋ᠢ ᠲᠡᠷᠢᠭᠦᠨ᠎ᠳᠤ ᠲᠠᠯᠪᠢᠬᠤ᠂ ᠨᠤᠭᠤᠭᠠᠨ ᠭᠦᠭ᠌ᠵᠢᠯᠳᠡ᠂ ᠬᠦᠮᠦᠨ ᠪᠠ ᠪᠠᠢᠭᠠᠯᠢ ᠡᠶ᠎ᠡ ᠵᠤᠬᠢᠴᠠᠯ᠎ᠲᠠᠢ ᠬᠠᠮᠲᠤ ᠤᠷᠤᠱᠢᠬᠤ ᠣᠢᠯᠠᠭᠠᠭ᠍ᠳᠠᠬᠤᠨ᠎ᠢ ᠤᠯᠠᠨ ᠲᠠᠯ᠎ᠠ᠂ ᠤᠯᠠᠨ ᠳᠡᠰ ᠳᠠᠪᠬᠤᠷᠭ᠎ᠠ᠎ᠪᠠᠷ ᠬᠠᠤᠯᠢ ᠲᠣᠭ᠍ᠲᠠᠭᠠᠯᠲᠠ᠎ᠳᠤ ᠠᠭᠤᠰᠭᠠᠨ ᠣᠷᠣᠭᠤᠯᠪᠠ᠃ ᠬᠥᠬᠡᠮᠥ᠋ᠷᠡᠨ᠎ᠢ ᠬᠠᠮᠠᠭᠠᠯᠠᠬᠤ ᠬᠠᠤᠯᠢ᠎ᠶ᠋ᠢᠨ ᠲᠥᠰᠦᠯ᠎ᠢ ᠲᠤᠭᠤᠷᠪᠢᠨ ᠪᠢᠴᠢᠭ᠌ᠰᠡᠨ ᠪᠦᠭᠡᠳ ᠬᠢᠨᠠᠨ ᠶᠠᠷᠢᠯᠴᠠᠵᠤ᠂ 《ᠶᠡᠭᠡ᠎ᠪᠠᠷ ᠬᠠᠮᠠᠭᠠᠯᠠᠬᠤ᠎ᠶ᠋ᠢ ᠬᠠᠮᠲᠤ᠎ᠪᠠᠷ ᠠᠳᠭᠤᠵᠤ᠂ ᠶᠡᠭᠡ᠎ᠪᠠᠷ ᠨᠡᠭᠡᠭᠡᠨ ᠭᠦᠭ᠌ᠵᠢᠭᠦᠯᠭᠦ᠎ᠶ᠋ᠢ ᠲᠡᠪᠴᠢᠭᠦ᠌》 ᠣᠢᠯᠠᠭᠠᠭ᠍ᠳᠠᠬᠤᠨ᠎ᠢ ᠲᠤᠭᠤᠱᠢᠯᠠᠭᠤᠯᠵᠤ᠂ ᠬᠠᠤᠯᠢ ᠴᠠᠭᠠᠵᠠ᠎ᠶ᠋ᠢᠨ ᠵᠡᠪᠰᠡᠭ᠂ ᠬᠠᠤᠯᠢ᠎ᠪᠠᠷ ᠵᠠᠰᠠᠬᠤ ᠬᠦᠴᠦᠨ᠎ᠢᠶᠠᠷ ᠡᠵᠢ ᠭᠤᠤᠯ ᠬᠥᠬᠡᠮᠥ᠋ᠷᠡᠨ᠎ᠢ ᠬᠠᠮᠠᠭᠠᠯᠠᠪᠠ᠃ ᠵᠣᠬᠢᠶᠠᠯ ᠪᠦᠲᠦᠭᠡᠯ᠎ᠤᠨ ᠡᠷᠬᠡ᠎ᠶ᠋ᠢᠨ ᠬᠠᠤᠯᠢ᠎ᠳᠤ ᠵᠠᠰᠠᠪᠤᠷᠢ ᠣᠷᠣᠭᠤᠯᠬᠤ ᠲᠥᠰᠦᠯ᠎ᠢ ᠬᠢᠨᠠᠨ ᠶᠠᠷᠢᠯᠴᠠᠵᠤ᠂ ᠡᠷᠬᠡ᠎ᠳᠤ ᠬᠠᠯᠳᠠᠵᠦ᠍ ᠬᠠᠤᠯᠢ᠎ᠠᠴᠠ ᠵᠥᠷᠢᠴᠡᠭ᠌ᠰᠡᠨ ᠦᠢᠯᠡ ᠠᠵᠢᠯᠯᠠᠭ᠎ᠠ᠎ᠳᠤ ᠴᠣᠬᠢᠯᠲᠠ ᠥᠭ᠌ᠬᠦ ᠡᠷᠴᠢᠮ᠎ᠢᠶᠠᠨ ᠴᠢᠩᠭᠠᠷᠠᠭᠤᠯᠵᠤ᠂ ᠮᠡᠳᠡᠯᠭᠡ᠎ᠶ᠋ᠢᠨ ᠪᠦᠲᠦᠭᠡᠭ᠌ᠳᠡᠬᠦᠨ᠎ᠤ ᠥᠮᠴᠢᠯᠡᠬᠦ᠌ ᠡᠷᠬᠡ᠎ᠶ᠋ᠢᠨ ᠬᠠᠮᠠᠭᠠᠯᠠᠯᠲᠠ᠎ᠶ᠋ᠢ ᠴᠢᠩᠭᠠᠳᠭᠠᠪᠠ᠃ ᠭᠠᠵᠠᠷ ᠱᠢᠷᠣᠶ᠎ᠶ᠋ᠢᠨ ᠬᠠᠮᠢᠶᠠᠷᠤᠯᠲᠠ᠎ᠶ᠋ᠢᠨ ᠬᠠᠤᠯᠢ᠂ ᠬᠤᠳᠠ᠎ᠶ᠋ᠢᠨ ᠭᠡᠷ ᠪᠠᠢᠱᠢᠩ ᠭᠠᠵᠠᠷ ᠱᠢᠷᠣᠶ᠎ᠶ᠋ᠢᠨ ᠬᠦᠷᠦᠩᠭᠡ᠎ᠶ᠋ᠢᠨ ᠬᠠᠮᠢᠶᠠᠷᠤᠯᠲᠠ᠎ᠶ᠋ᠢᠨ ᠬᠠᠤᠯᠢ᠎ᠳᠤ ᠵᠠᠰᠠᠪᠤᠷᠢ ᠣᠷᠣᠭᠤᠯᠵᠤ᠂ ᠲᠠᠷᠢᠶᠠᠴᠢᠳ᠎ᠤᠨ ᠠᠱᠢᠭ ᠲᠤᠰᠠ᠎ᠶ᠋ᠢ ᠨᠡᠮᠡᠭ᠌ᠳᠡᠭᠦᠯᠬᠦ᠌᠎ᠠᠴᠠ ᠪᠢᠰᠢ ᠬᠠᠰᠤᠭ᠍ᠳᠠᠭᠤᠯᠬᠤ ᠦᠭᠡᠢ ᠭᠡᠭᠦ᠌ ᠬᠢᠵᠠᠭᠠᠷ ᠱᠤᠭᠤᠮ᠎ᠤᠨ ᠵᠣᠭ᠍ᠰᠣᠯᠲᠠ ᠪᠠ ᠵᠠᠰᠠᠪᠤᠷᠢ ᠣᠷᠣᠭᠤᠯᠬᠤ ᠴᠢᠭ᠌ᠯᠡᠯ᠎ᠢ ᠪᠠᠷᠢᠮᠲᠠᠯᠠᠵᠤ᠂ ᠭᠠᠵᠠᠷ ᠱᠢᠷᠣᠶ᠎ᠶ᠋ᠢᠨ ᠡᠬᠢ ᠪᠠᠶᠠᠯᠢᠭ᠎ᠢ ᠠᠮᠢᠳᠤᠯᠢᠭ ᠪᠣᠯᠭᠠᠬᠤ᠂ ᠲᠠᠷᠢᠶᠠᠴᠢᠳ᠎ᠤᠨ ᠡᠳ᠋ ᠬᠦᠷᠦᠩᠭᠡ᠎ᠶ᠋ᠢᠨ ᠴᠢᠨᠠᠷᠲᠠᠶ ᠣᠷᠣᠯᠭ᠎ᠠ᠎ᠶ᠋ᠢ ᠨᠡᠮᠡᠭ᠌ᠳᠡᠭᠦᠯᠬᠦ᠂ ᠲᠠᠷᠢᠶᠠᠨ ᠭᠠᠵᠠᠷ᠎ᠤᠨ ᠬᠠᠮᠠᠭᠠᠯᠠᠯᠲᠠ᠎ᠶ᠋ᠢ ᠴᠢᠩᠭᠠᠳᠭᠠᠬᠤ᠂ ᠬᠤᠳᠠ ᠬᠥᠳᠡᠭᠡ᠎ᠶ᠋ᠢᠨ ᠠᠭᠤᠰᠤᠯᠴᠠᠨ ᠬᠥᠭ᠌ᠵᠢᠬᠦ᠌᠎ᠶ᠋ᠢ ᠠᠬᠢᠭᠤᠯᠬᠤ᠎ᠳᠤ ᠲᠦᠷᠢᠮ᠎ᠤᠨ ᠪᠠᠲᠤᠯᠠᠭ᠎ᠠ ᠬᠠᠩᠭᠠᠪᠠ᠃
    ᠠᠷᠠᠳ ᠲᠦᠮᠡᠨ᠎ᠤ ᠰᠠᠢᠨ ᠰᠠᠢᠬᠠᠨ ᠠᠮᠢᠳᠤᠷᠠᠯ᠎ᠤᠨ ᠬᠦᠰᠡᠯ ᠡᠷᠡᠮᠡᠯᠵᠡᠯ᠎ᠢᠶᠠᠷ ᠲᠡᠮᠡᠴᠡᠬᠦ᠌ ᠬᠠᠷᠠᠯᠲᠠ᠎ᠪᠠᠨ ᠪᠣᠯᠭᠠᠵᠤ᠂ ᠠᠷᠠᠳ᠎ᠤᠨ ᠠᠮᠢᠳᠤᠷᠠᠯ᠎ᠤᠨ ᠬᠦᠷᠢᠶᠡᠨ᠎ᠳᠠᠬᠢ ᠬᠠᠤᠯᠢ ᠲᠣᠭ᠍ᠲᠠᠭᠠᠯᠲᠠ᠎ᠶ᠋ᠢ ᠲᠦᠷᠭᠡᠳᠭᠡᠪᠠ᠃ ᠦᠨᠳᠦᠰᠦᠨ ᠡᠮᠨᠡᠯᠭᠡ ᠡᠷᠡᠭᠦᠯ ᠬᠠᠮᠠᠭᠠᠯᠠᠯ ᠬᠢᠭᠡᠳ ᠡᠷᠡᠭᠦᠯ ᠮᠡᠨᠳᠦ᠎ᠶ᠋ᠢ ᠠᠬᠢᠭᠤᠯᠬᠤ ᠬᠠᠤᠯᠢ᠎ᠶ᠋ᠢ ᠲᠣᠭ᠍ᠲᠠᠭᠠᠵᠤ᠂ ᠠᠷᠠᠳ ᠲᠦᠮᠡᠨ᠎ᠤ ᠡᠷᠡᠭᠦᠯ ᠮᠡᠨᠳᠦ᠎ᠶ᠋ᠢ ᠪᠦᠬᠦ᠌ ᠲᠠᠯ᠎ᠠ᠎ᠪᠠᠷ ᠪᠦᠬᠦ᠌ ᠦᠶᠡᠯᠡᠯ᠎ᠢᠶᠠᠷ ᠬᠠᠮᠠᠭᠠᠯᠠᠬᠤ᠎ᠳᠤ ᠬᠠᠤᠯᠢ ᠴᠠᠭᠠᠵᠠ᠎ᠶ᠋ᠢᠨ ᠪᠠᠲᠤᠯᠠᠭ᠎ᠠ ᠬᠠᠩᠭᠠᠪᠠ᠃ ᠡᠮ᠎ᠤᠨ ᠵᠦᠢᠯ᠎ᠤᠨ ᠬᠠᠮᠢᠶᠠᠷᠤᠯᠲᠠ᠎ᠶ᠋ᠢᠨ ᠬᠠᠤᠯᠢ᠎ᠳᠤ ᠵᠠᠰᠠᠪᠤᠷᠢ ᠣᠷᠣᠭᠤᠯᠵᠤ᠂ ᠠᠷᠠᠳ ᠣᠯᠠᠨ᠎ᠤ ᠲᠤᠰᠭᠠᠯ ᠴᠢᠩᠭ᠎ᠠ ᠪᠠᠢᠭ᠎ᠠ ᠬᠠᠭᠤᠷᠮᠠᠭ ᠡᠮ᠂ ᠮᠠᠭᠤ ᠡᠮ᠂ ᠡᠮ ᠦᠨᠡᠲᠡᠢ ᠪᠠᠢᠬᠤ᠂ ᠡᠮ᠎ᠤᠨ ᠵᠦᠢᠯ ᠳᠤᠲᠠᠭ᠍ᠳᠠᠵᠤ ᠪᠠᠢᠬᠤ ᠵᠡᠷᠭᠡ ᠠᠰᠠᠭᠤᠳᠠᠯ᠎ᠢ ᠦᠨᠡᠨ ᠬᠦ᠌ ᠱᠢᠢᠳᠪᠦᠷᠢᠯᠡᠬᠦ᠌᠎ᠶ᠋ᠢ ᠠᠬᠢᠭᠤᠯᠪᠠ᠃ ᠸᠠᠺᠼᠢᠨ᠎ᠤ ᠬᠠᠮᠢᠶᠠᠷᠤᠯᠲᠠ᠎ᠶ᠋ᠢᠨ ᠬᠠᠤᠯᠢ᠎ᠶ᠋ᠢ ᠲᠣᠭ᠍ᠲᠠᠭᠠᠵᠤ᠂ ᠸᠠᠺᠼᠢᠨ᠎ᠢ ᠰᠤᠳᠤᠯᠤᠨ ᠨᠡᠭᠡᠭᠡᠬᠦ᠂ ᠦᠢᠯᠡᠳᠪᠦᠷᠢᠯᠡᠬᠦ᠂ ᠭᠦᠢᠯᠭᠡᠭᠡᠨ᠎ᠳᠤ ᠤᠷᠤᠭᠤᠯᠬᠤ᠂ ᠲᠠᠷᠢᠯᠭ᠎ᠠ ᠲᠠᠷᠢᠬᠤ᠎ᠳᠤ 《ᠠᠮᠤᠷ ᠲᠦᠪᠱᠢᠨ᠎ᠤ ᠣᠨᠢᠰᠤ》 ᠳᠠᠭᠠᠷᠠᠭᠤᠯᠪᠠ᠃ ᠱᠢᠨ᠎ᠡ ᠲᠢᠲᠢᠮᠯᠢᠭ ᠠᠭᠤᠰᠭᠢᠨ ᠦᠷᠪᠢᠰᠦᠯ᠎ᠤᠨ ᠬᠢᠵᠢᠭ᠎ᠢ ᠰᠡᠷᠭᠡᠢᠯᠡᠨ ᠬᠢᠵᠠᠭᠠᠷᠯᠠᠬᠤ ᠠᠵᠢᠯ᠎ᠤᠨ ᠲᠤᠷᠱᠢᠯᠭ᠎ᠠ᠎ᠶ᠋ᠢ ᠳ᠋ᠦᠩᠨᠡᠵᠦ᠍᠂ ᠣᠯᠠᠨ ᠨᠡᠢᠲᠡ᠎ᠶ᠋ᠢᠨ ᠡᠷᠡᠭᠦᠯ ᠬᠠᠮᠠᠭᠠᠯᠠᠯ᠎ᠤᠨ ᠬᠠᠤᠯᠢ᠎ᠪᠠᠷ ᠵᠠᠰᠠᠬᠤ ᠪᠠᠲᠤᠯᠠᠭ᠎ᠠ᠎ᠶ᠋ᠢᠨ ᠱᠢᠰᠲ᠋ᠧᠮ᠎ᠢ ᠴᠢᠩᠭᠠᠳᠭᠠᠬᠤ ᠱᠠᠭᠠᠷᠳᠠᠯᠭ᠎ᠠ ᠶᠣᠰᠣᠭᠠᠷ᠂ ᠲᠤᠰᠭᠠᠶ ᠵᠦᠢᠯ᠎ᠤᠨ ᠬᠠᠤᠯᠢ ᠲᠣᠭ᠍ᠲᠠᠭᠠᠬᠤ ᠪᠠ ᠬᠠᠤᠯᠢ᠎ᠳᠤ ᠵᠠᠰᠠᠪᠤᠷᠢ ᠤᠷᠤᠭᠤᠯᠬᠤ ᠲᠥᠯᠥᠪᠯᠡᠭᠡ᠎ᠶ᠋ᠢ ᠲᠣᠭ᠍ᠲᠠᠭᠠᠨ ᠬᠡᠷᠡᠭ᠌ᠵᠢᠭᠦᠯᠵᠦ᠍᠂ ᠠᠵᠢᠯ᠎ᠤᠨ ᠲᠤᠰᠭᠠᠶ ᠠᠩᠭᠢ ᠪᠠᠢᠭᠤᠯᠤᠨ᠂ 30 ᠬᠠᠤᠯᠢ ᠲᠣᠭ᠍ᠲᠠᠭᠠᠬᠤ ᠪᠠ ᠬᠠᠤᠯᠢ᠎ᠳᠤ ᠵᠠᠰᠠᠪᠤᠷᠢ ᠤᠷᠤᠭᠤᠯᠬᠤ ᠵᠦᠢᠯᠡᠰ᠎ᠢ ᠨᠢᠭᠡᠳᠦᠯᠲᠡᠶ ᠲᠥᠯᠥᠪᠯᠡᠨ ᠲᠣᠬᠢᠷᠠᠭᠤᠯᠵᠤ᠂ 1 ᠎ᠠᠴᠠ 2 ᠵᠢᠯ᠎ᠤᠨ ᠬᠤᠭᠤᠴᠠᠭᠠᠨ᠎ᠳᠤ ᠶᠡᠬᠡᠩᠬᠢ ᠬᠠᠤᠯᠢ ᠲᠣᠭ᠍ᠲᠠᠭᠠᠬᠤ ᠡᠭᠦᠷᠭᠡ᠎ᠶ᠋ᠢ ᠪᠡᠶᠡᠯᠡᠭᠦᠯᠬᠦ᠌᠎ᠪᠠᠷ ᠴᠢᠷᠮᠠᠢᠪᠠ᠃ ᠠᠮᠢᠲᠠᠨ᠎ᠤ ᠬᠢᠵᠢᠭ᠎ᠢ ᠰᠡᠷᠭᠡᠢᠯᠡᠬᠦ᠌ ᠬᠠᠤᠯᠢ᠎ᠳᠤ ᠵᠠᠰᠠᠪᠤᠷᠢ ᠤᠷᠤᠭᠤᠯᠬᠤ ᠲᠥᠰᠦᠯ᠎ᠢ ᠬᠢᠨᠠᠨ ᠶᠠᠷᠢᠯᠴᠠᠵᠤ᠂ ᠠᠮᠢᠲᠠᠨ᠎ᠤ ᠬᠢᠵᠢᠭ᠎ᠤᠨ ᠢᠷᠡᠯᠲᠡᠲᠦ ᠬᠢᠵᠢᠭ᠎ᠤᠨ ᠪᠠᠢᠳᠠᠯ᠎ᠢ ᠬᠢᠨᠠᠨ ᠬᠡᠮᠵᠢᠵᠦ᠍ ᠤᠷᠢᠳᠴᠢᠯᠡᠨ ᠰᠡᠷᠡᠮᠵᠢᠯᠡᠭᠦᠯᠬᠦ᠌᠎ᠶ᠋ᠢ ᠴᠢᠩᠭᠠᠳᠭᠠᠪᠠ᠃ ᠠᠮᠢᠳᠤ ᠪᠣᠳᠠᠰ᠎ᠤᠨ ᠠᠮᠤᠷ ᠲᠦᠪᠱᠢᠨ᠎ᠤ ᠬᠠᠤᠯᠢ᠎ᠶ᠋ᠢᠨ ᠲᠥᠰᠦᠯ᠎ᠢ ᠲᠤᠭᠤᠷᠪᠢᠨ ᠪᠢᠴᠢᠭ᠌ᠰᠡᠨ ᠪᠦᠭᠡᠳ ᠬᠢᠨᠠᠨ ᠶᠠᠷᠢᠯᠴᠠᠵᠤ᠂ ᠠᠮᠢᠳᠤ ᠪᠣᠳᠠᠰ᠎ᠤᠨ ᠲᠦᠭ᠌ᠰᠢᠭᠦᠷᠢ᠎ᠶ᠋ᠢ ᠰᠡᠷᠭᠡᠢᠯᠡᠬᠦ᠂ ᠠᠮᠢᠳᠤ ᠪᠣᠳᠠᠰ᠎ᠤᠨ ᠮᠡᠷᠭᠡᠵᠢᠯ᠎ᠤᠨ ᠬᠥᠭ᠌ᠵᠢᠯᠲᠡ᠎ᠶ᠋ᠢ ᠠᠬᠢᠭᠤᠯᠬᠤ᠂ ᠤᠯᠤᠰ᠎ᠤᠨ ᠠᠮᠢᠳᠤ ᠪᠣᠳᠠᠰ᠎ᠤᠨ ᠠᠮᠤᠷ ᠲᠦᠪᠱᠢᠨ᠎ᠤ ᠱᠢᠰᠲ᠋ᠧᠮ᠎ᠢ ᠲᠤᠯᠭᠠᠭᠤᠷᠢᠯᠠᠬᠤ ᠬᠠᠤᠯᠢ ᠴᠠᠭᠠᠵᠠ᠎ᠶ᠋ᠢ ᠲᠣᠭ᠍ᠲᠠᠭᠠᠬᠤ᠎ᠪᠠᠷ ᠴᠢᠷᠮᠡᠢᠪᠡ᠃
    ᠲᠦᠷᠦ᠎ᠶ᠋ᠢᠨ ᠪᠠᠢᠭᠤᠯᠤᠯ ᠪᠠ ᠲᠦᠷᠦ᠎ᠶ᠋ᠢ ᠵᠠᠰᠠᠬᠤ ᠱᠢᠰᠲ᠋ᠧᠮ᠎ᠤᠨ ᠪᠠᠢᠭᠤᠯᠤᠯᠲᠠ᠎ᠲᠠᠢ ᠤᠶᠠᠯᠳᠤᠭᠤᠯᠤᠨ ᠬᠢᠨᠠᠨ ᠪᠠᠢᠴᠠᠭᠠᠯᠳᠠ᠂ ᠬᠠᠤᠯᠢ ᠪᠠᠷᠢᠯᠳᠠ᠂ ᠨᠡᠢᠭᠡᠮ᠎ᠤᠨ ᠵᠠᠰᠠᠯᠲᠠ᠂ ᠤᠯᠤᠰ᠎ᠤᠨ ᠠᠮᠤᠷ ᠲᠦᠪᠱᠢᠨ ᠵᠡᠷᠭᠡ ᠬᠦᠷᠢᠶᠡᠨ᠎ᠳᠠᠬᠢ ᠬᠠᠤᠯᠢ ᠲᠣᠭ᠍ᠲᠠᠭᠠᠯᠲᠠ᠎ᠶ᠋ᠢ ᠴᠢᠩᠭᠠᠳᠭᠠᠪᠠ᠃ ᠤᠯᠤᠰ᠎ᠤᠨ ᠬᠢᠨᠠᠨ ᠪᠠᠢᠴᠠᠭᠠᠬᠤ ᠪᠠᠢᠭᠤᠯᠤᠯ᠎ᠤᠨ ᠥᠭᠡᠷᠡᠴᠢᠯᠡᠯᠲᠡ᠎ᠶ᠋ᠢ ᠭᠦᠨᠵᠡᠭᠡᠢᠷᠡᠭᠦᠯᠵᠦ᠍᠂ ᠤᠯᠤᠰ᠎ᠤᠨ ᠬᠢᠨᠠᠨ ᠪᠠᠢᠴᠠᠭᠠᠬᠤ ᠵᠥᠪᠯᠡᠯ᠎ᠤᠨ ᠬᠢᠨᠠᠨ ᠪᠠᠢᠴᠠᠭᠠᠬᠤ ᠬᠠᠤᠯᠢ ᠲᠣᠭ᠍ᠲᠠᠭᠠᠯ ᠲᠣᠭ᠍ᠲᠠᠭᠠᠬᠤ ᠲᠤᠬᠠᠶ ᠲᠣᠭ᠍ᠲᠠᠭᠠᠯ᠎ᠢ ᠭᠠᠷᠭᠠᠵᠤ᠂ ᠠᠯᠪᠠᠨ ᠲᠤᠱᠢᠶᠠᠯᠲᠠᠨ᠎ᠤ ᠵᠠᠰᠠᠭ᠎ᠤᠨ ᠶᠠᠪᠤᠳᠠᠯ᠎ᠤᠨ ᠱᠢᠢᠳᠭᠡᠯ ᠦᠭ᠌ᠭᠦ ᠬᠠᠤᠯᠢ᠎ᠶ᠋ᠢᠨ ᠲᠥᠰᠦᠯ᠎ᠢ ᠬᠢᠨᠠᠨ ᠶᠠᠷᠢᠯᠴᠠᠪᠠ᠃ ᠨᠡᠢᠭᠡᠮ ᠲᠣᠭᠤᠷᠢᠭ᠎ᠠᠴᠠ ᠰᠤᠷᠭᠠᠨ ᠵᠠᠰᠠᠬᠤ ᠬᠠᠤᠯᠢ᠎ᠶ᠋ᠢ ᠲᠣᠭ᠍ᠲᠠᠭᠠᠵᠤ᠂ ᠨᠠᠰᠤᠨ᠎ᠳᠤ ᠦᠯᠦ᠍ ᠬᠦᠷᠦᠭ᠌ᠰᠡᠳ᠎ᠢ ᠬᠠᠮᠠᠭᠠᠯᠠᠬᠤ ᠬᠠᠤᠯᠢ᠂ ᠨᠠᠰᠤᠨ᠎ᠳᠤ ᠦᠯᠦ᠍ ᠬᠦᠷᠦᠭ᠌ᠰᠡᠳ᠎ᠤᠨ ᠶᠠᠯ᠎ᠠ ᠬᠢᠬᠦ᠌᠎ᠶ᠋ᠢ ᠰᠡᠷᠭᠡᠢᠯᠡᠬᠦ᠌ ᠬᠠᠤᠯᠢ᠎ᠳᠤ ᠵᠠᠰᠠᠪᠤᠷᠢ ᠣᠷᠣᠭᠤᠯᠬᠤ ᠲᠥᠰᠦᠯ᠎ᠢ ᠬᠢᠨᠠᠨ ᠶᠠᠷᠢᠯᠴᠠᠵᠤ᠂ ᠬᠤᠷᠢᠶᠠᠮᠵᠢᠯᠠᠨ ᠬᠥᠮᠦᠵᠢᠭᠦᠯᠬᠦ᠌ ᠲᠤᠬᠠᠶ ᠬᠤᠯᠪᠣᠭ᠍ᠳᠠᠯ ᠪᠦᠬᠦᠢ ᠬᠠᠤᠯᠢ ᠴᠠᠭᠠᠵᠠ᠎ᠶ᠋ᠢᠨ ᠲᠣᠭ᠍ᠲᠠᠭᠠᠯ ᠪᠠ ᠲᠦᠷᠢᠮ᠎ᠢ ᠬᠦᠴᠦᠨ ᠦᠭᠡᠢ ᠪᠣᠯᠭᠠᠬᠤ ᠲᠤᠬᠠᠶ ᠲᠣᠭ᠍ᠲᠠᠭᠠᠯ ᠭᠠᠷᠭᠠᠵᠤ᠂ ᠱᠢᠨ᠎ᠡ ᠴᠠᠭ ᠦᠶ᠎ᠡ᠎ᠶ᠋ᠢᠨ ᠨᠡᠢᠭᠡᠮ᠎ᠤᠨ ᠵᠠᠰᠠᠯᠲᠠ᠎ᠶ᠋ᠢᠨ ᠱᠠᠭᠠᠷᠳᠠᠯᠭ᠎ᠠ᠎ᠳᠤ ᠨᠡᠩ ᠰᠠᠢᠨ ᠵᠣᠬᠢᠴᠠᠭᠤᠯᠪᠠ᠃ ᠱᠢᠭᠦᠬᠦ᠌ ᠲᠤᠱᠢᠶᠠᠯᠲᠠᠨ᠎ᠤ ᠬᠠᠤᠯᠢ᠂ ᠪᠠᠢᠴᠠᠭᠠᠬᠤ ᠲᠤᠱᠢᠶᠠᠯᠲᠠᠨ᠎ᠤ ᠬᠠᠤᠯᠢ᠎ᠳᠤ ᠵᠠᠰᠠᠪᠤᠷᠢ ᠣᠷᠣᠭᠤᠯᠵᠤ᠂ ᠢᠷᠭᠡᠨ᠎ᠤ ᠭᠡᠷᠡᠭ᠎ᠤᠨ ᠵᠠᠷᠭᠤ᠎ᠶ᠋ᠢᠨ ᠵᠢᠷᠤᠮ᠎ᠤᠨ ᠲᠦᠪᠡᠭ᠌ᠲᠡᠶ ᠲᠦᠪᠡᠭ ᠦᠭᠡᠢ᠎ᠶ᠋ᠢ ᠰᠠᠯᠭᠠᠬᠤ ᠥᠭᠡᠷᠡᠴᠢᠯᠡᠯᠲᠡ᠎ᠶ᠋ᠢᠨ ᠲᠤᠷᠱᠢᠯᠲᠠ᠎ᠶ᠋ᠢᠨ ᠠᠵᠢᠯ᠎ᠢ ᠥᠷᠨᠢᠭᠦᠯᠬᠦ᠌ ᠡᠷᠬᠡ ᠤᠯᠭᠤᠬᠤ ᠲᠤᠬᠠᠶ ᠲᠣᠭ᠍ᠲᠠᠭᠠᠯ ᠭᠠᠷᠭᠠᠵᠤ᠂ ᠬᠠᠤᠯᠢ ᠪᠠᠷᠢᠬᠤ ᠪᠠᠢᠭᠤᠯᠤᠯ᠎ᠤᠨ ᠥᠭᠡᠷᠡᠴᠢᠯᠡᠯᠲᠡ᠎ᠶ᠋ᠢᠨ ᠦᠷ᠎ᠡ ᠪᠦᠲᠦᠭᠡᠯ᠎ᠢ ᠪᠠᠬᠢᠵᠢᠭᠦᠯᠦᠨ ᠭᠦᠨᠵᠡᠭᠡᠢᠷᠡᠭᠦᠯᠪᠡ᠃ ᠨᠢᠭᠤᠴᠠ ᠨᠤᠮᠧᠷ᠎ᠤᠨ ᠬᠠᠤᠯᠢ᠎ᠶ᠋ᠢ ᠲᠣᠭ᠍ᠲᠠᠭᠠᠵᠤ᠂ ᠲᠠᠩᠰᠠ ᠡᠪᠬᠡᠮᠡᠯ᠎ᠤᠨ ᠬᠠᠤᠯᠢ᠎ᠳᠤ ᠵᠠᠰᠠᠪᠤᠷᠢ ᠣᠷᠣᠭᠤᠯᠬᠤ ᠲᠥᠰᠦᠯ᠎ᠢ ᠬᠢᠨᠠᠨ ᠶᠠᠷᠢᠯᠴᠠᠵᠦ᠍᠂ ᠬᠤᠯᠪᠤᠭ᠍ᠳᠠᠯ ᠪᠥᠬᠦᠶ ᠬᠦᠷᠢᠶᠡᠨ᠎ᠳᠠᠬᠢ ᠵᠠᠰᠠᠯᠲᠠ᠎ᠶ᠋ᠢᠨ ᠬᠠᠤᠯᠢ ᠴᠠᠭᠠᠵᠠ᠎ᠶ᠋ᠢᠨ ᠲᠦᠷᠢᠮ᠎ᠢ ᠲᠡᠭᠦᠯᠳᠡᠷᠵᠢᠭᠦᠯᠪᠠ᠃
    ᠲᠤᠰ ᠣᠳᠠᠭ᠎ᠠ᠎ᠶ᠋ᠢᠨ ᠶᠡᠭᠡ ᠬᠤᠷᠠᠯ᠎ᠳᠤ ᠬᠢᠨᠠᠨ ᠶᠠᠷᠢᠯᠴᠠᠭᠤᠯᠬᠤ᠎ᠪᠠᠷ ᠳᠡᠪᠱᠢᠭᠦᠯᠦᠭ᠌ᠰᠡᠨ ᠢᠷᠭᠡᠨ᠎ᠤ ᠬᠠᠤᠯᠢ᠎ᠶ᠋ᠢᠨ ᠪᠢᠴᠢᠭ᠎ᠤᠨ ᠲᠥᠰᠦᠯ ᠪᠣᠯ ᠮᠠᠨ᠎ᠤ ᠤᠯᠤᠰ᠎ᠤᠨ ᠬᠠᠤᠯᠢ᠎ᠪᠠᠷ ᠵᠠᠰᠠᠬᠤ ᠪᠠᠢᠭᠤᠯᠤᠯᠲᠠ᠎ᠶ᠋ᠢᠨ ᠪᠡᠯᠭᠡ ᠲᠡᠮᠳᠡᠭ᠎ᠤᠨ ᠴᠢᠨᠠᠷᠲᠠᠶ ᠴᠢᠬᠤᠯᠠ ᠶᠡᠭᠡ ᠦᠷ᠎ᠡ ᠪᠦᠲᠦᠭᠡᠯ ᠮᠥᠨ᠃ ᠲᠤᠰ ᠬᠤᠭᠤᠴᠠᠭᠠᠨ᠎ᠤ ᠪᠠᠢᠩᠭᠤ᠎ᠶ᠋ᠢᠨ ᠬᠤᠷᠢᠶ᠎ᠠ ᠳᠡᠭᠡᠷ᠎ᠠ ᠬᠤᠭᠤᠴᠠᠭᠠᠨ᠎ᠤ ᠠᠵᠢᠯ᠎ᠤᠨ ᠰᠠᠭᠤᠷᠢᠨ ᠳᠡᠭᠡᠷ᠎ᠡ ᠢᠷᠭᠡᠨ᠎ᠤ ᠬᠠᠤᠯᠢ᠎ᠶ᠋ᠢᠨ ᠪᠢᠴᠢᠭ᠎ᠢ ᠨᠠᠢᠷᠠᠭᠤᠯᠤᠨ ᠪᠢᠴᠢᠬᠦ᠌ ᠠᠵᠢᠯ᠎ᠢ ᠲᠦᠷᠭᠡᠯᠡᠨ ᠠᠬᠢᠭᠤᠯᠵᠤ᠂ 2018 ᠣᠨ᠎ᠤ 8 ᠰᠠᠷ᠎ᠠ᠎ᠳᠤ ᠡᠯ᠎ᠡ ᠬᠤᠪᠢᠶᠠᠷᠢ ᠠᠩᠭᠢ᠎ᠶ᠋ᠢᠨ ᠲᠥᠰᠦᠯ᠎ᠢ ᠪᠦᠬᠦᠯᠢ᠎ᠳᠤᠨᠢ ᠬᠢᠨᠠᠨ ᠶᠠᠷᠢᠯᠴᠠᠵᠤ᠂ ᠲᠠᠷᠠᠭ᠎ᠠ᠎ᠨᠢ ᠤᠯᠠᠨ ᠤᠳᠠᠭ᠎ᠠ ᠨᠢᠭᠡᠴᠢ ᠬᠤᠪᠢᠶᠠᠨ ᠬᠢᠨᠠᠨ ᠶᠠᠷᠢᠯᠴᠠᠭ᠍ᠰᠠᠨ᠎ᠤ ᠬᠠᠮᠲᠤ ᠪᠦᠷᠢᠨ ᠪᠦᠲᠦᠨ ᠢᠷᠭᠡᠨ᠎ᠤ ᠬᠠᠤᠯᠢ᠎ᠶ᠋ᠢᠨ ᠪᠢᠴᠢᠭ᠎ᠤᠨ ᠲᠦᠰᠦᠯ᠎ᠢ ᠬᠢᠨᠠᠨ ᠶᠠᠷᠢᠯᠴᠠᠵᠤ᠂ ᠤᠷᠢᠳ ᠬᠤᠵᠢᠳ 7 ᠤᠳᠠᠭ᠎ᠠ ᠢᠯᠡ᠎ᠪᠠᠷ ᠰᠠᠨᠠᠯ ᠬᠤᠷᠢᠶᠠᠵᠤ᠂ ᠡᠯ᠎ᠡ ᠲᠠᠯ᠎ᠠ᠎ᠶ᠋ᠢᠨ ᠰᠠᠨᠠᠯ᠎ᠢ 90 ᠭᠠᠷᠤᠶ ᠲᠦᠮᠡᠨ ᠵᠤᠷᠪᠤᠰ ᠬᠤᠷᠢᠶᠠᠵᠤ ᠤᠯᠪᠠ᠃ ᠲᠠᠬᠢᠨ ᠳᠠᠪᠲᠠᠨ ᠨᠠᠷᠢᠨ ᠨᠢᠮᠪᠠᠢ ᠵᠠᠰᠠᠬᠤ᠎ᠪᠠᠷ ᠳᠠᠮᠵᠢᠨ᠂ ᠤᠳᠤᠬᠠᠨ᠎ᠤ ᠨᠡᠢᠳᠡ 7 ᠠᠩᠭᠢ 1260 ᠵᠦᠢᠯ᠎ᠲᠠᠢ ᠢᠷᠭᠡᠨ᠎ᠤ ᠬᠠᠤᠯᠢ᠎ᠶ᠋ᠢᠨ ᠪᠢᠴᠢᠭ᠎ᠤᠨ ᠲᠥᠰᠦᠯ᠎ᠢ ᠪᠦᠷᠢᠯᠳᠦᠭᠦᠯᠪᠡ᠃ ᠪᠦᠬᠦ᠌ ᠲᠥᠯᠥᠭᠡᠯᠡᠭ᠌ᠴᠢᠳ᠎ᠤᠨ ᠬᠢᠨᠠᠮᠠᠭᠠᠶ ᠬᠢᠨᠠᠨ ᠶᠠᠷᠢᠯᠴᠠᠬᠤ᠎ᠪᠠᠷ ᠳᠠᠮᠵᠢᠨ᠂ ᠳᠤᠮᠳᠠᠳᠤ ᠤᠯᠤᠰ᠎ᠤᠨ ᠣᠨᠴᠠᠯᠢᠭ ᠪᠦᠬᠦᠢ᠂ ᠴᠠᠭ ᠦᠶ᠎ᠡ᠎ᠶ᠋ᠢᠨ ᠵᠣᠷᠢᠭ ᠰᠠᠨᠠᠭ᠎ᠠ᠎ᠶ᠋ᠢ ᠢᠯᠡᠷᠡᠭᠦᠯᠦᠭ᠌ᠰᠡᠨ᠂ ᠠᠷᠠᠳ ᠲᠦᠮᠡᠨ᠎ᠤ ᠬᠦᠰᠡᠯ ᠰᠠᠨᠠᠭ᠎ᠠ᠎ᠶ᠋ᠢ ᠲᠤᠰᠭᠠᠬ᠍ᠰᠠᠨ᠂ ᠢᠷᠭᠡᠨ᠎ᠤ ᠬᠡᠷᠡᠭ᠎ᠤᠨ ᠡᠷᠬᠡ᠎ᠶ᠋ᠢ ᠪᠠᠲᠤᠯᠠᠭ᠍ᠰᠠᠨ᠂ ᠨᠡᠢᠭᠡᠮ᠎ᠤᠨ ᠲᠥᠪ ᠭᠤᠤᠯᠴᠢ ᠱᠢᠳᠤᠷᠭᠤ ᠶᠣᠰᠣ᠎ᠶ᠋ᠢ ᠬᠠᠮᠠᠭᠠᠯᠠᠭ᠍ᠰᠠᠨ ᠢᠷᠭᠡᠨ᠎ᠤ ᠬᠠᠤᠯᠢ᠎ᠶ᠋ᠢᠨ ᠪᠢᠴᠢᠭ᠎ᠢ ᠲᠣᠭ᠍ᠲᠠᠭᠠᠨ ᠭᠠᠷᠭᠠᠵᠦ᠍ ᠯᠠᠪᠲᠠᠶ ᠴᠢᠳᠠᠨ᠎ᠠ ᠭᠡᠳᠡᠭ᠎ᠲᠤ ᠢᠲᠡᠭᠡᠵᠦ᠍ ᠪᠠᠢᠨ᠎ᠠ᠃
    ᠥᠩᠭᠡᠷᠡᠭ᠌ᠰᠡᠨ ᠵᠢᠯ ᠭᠠᠷᠤᠶ᠎ᠶ᠋ᠢᠨ ᠬᠤᠭᠤᠴᠠᠭᠠᠨ᠎ᠤ ᠬᠠᠤᠯᠢ ᠲᠣᠭ᠍ᠲᠠᠭᠠᠬᠤ ᠠᠵᠢᠯ᠎ᠨᠢ ᠪᠢᠳᠡᠨ᠎ᠳᠤ ᠴᠢᠬᠤᠯᠠ ᠰᠡᠩᠭᠡᠷᠡᠭᠦᠯᠦᠯ ᠪᠤᠯᠵᠠᠢ᠂ ᠲᠡᠷᠡ᠎ᠨᠢ ᠳᠠᠷᠤᠢ᠄ ᠳᠤᠮᠳᠠᠳᠤ ᠤᠯᠤᠰ᠎ᠤᠨ ᠣᠨᠴᠠᠯᠢᠭ ᠪᠦᠬᠦᠢ ᠨᠡᠢᠭᠡᠮ ᠵᠢᠷᠤᠮ ᠱᠢᠨ᠎ᠡ ᠴᠠᠭ ᠦᠶ᠎ᠡ᠎ᠳᠤ ᠤᠷᠤᠭ᠍ᠰᠠᠨ ᠪᠣᠯᠬᠤᠷ ᠬᠠᠤᠯᠢ ᠲᠣᠭ᠍ᠲᠠᠭᠠᠬᠤ ᠠᠵᠢᠯ᠎ᠨᠢ ᠡᠷᠬᠡᠪᠰᠢ ᠨᠠᠮ ᠪᠠ ᠤᠯᠤᠰ᠎ᠤᠨ ᠠᠵᠢᠯ ᠦᠢᠯᠡᠰ᠎ᠤᠨ ᠬᠥᠭ᠌ᠵᠢᠯᠲᠡ᠎ᠶ᠋ᠢᠨ ᠱᠢᠨ᠎ᠡ ᠱᠠᠭᠠᠷᠳᠠᠯᠭ᠎ᠠ᠎ᠳᠤ ᠵᠣᠬᠢᠴᠠᠵᠤ᠂ ᠢᠮᠠᠭ᠍ᠲᠠ ᠠᠷᠠᠳ ᠲᠦᠮᠡᠨ᠎ᠢᠶᠠᠷ ᠭᠤᠤᠯ ᠪᠤᠯᠭᠠᠬᠤ᠎ᠶ᠋ᠢ ᠪᠠᠷᠢᠮᠲᠠᠯᠠᠵᠤ᠂ ᠨᠠᠮ᠎ᠤᠨ ᠵᠤᠷᠢᠯᠲᠠ᠎ᠶ᠋ᠢ ᠬᠠᠤᠯᠢ᠎ᠳᠤ ᠲᠤᠭ᠍ᠲᠠᠭᠠᠭ᠍ᠰᠠᠨ ᠵᠢᠷᠤᠮ᠎ᠢᠶᠠᠷ ᠳᠠᠮᠵᠢᠭᠤᠯᠤᠨ ᠤᠯᠤᠰ᠎ᠤᠨ ᠬᠦᠰᠡᠯ ᠵᠤᠷᠢᠭ ᠪᠤᠯᠭᠠᠬᠤ᠎ᠶ᠋ᠢ ᠦᠨᠡᠨ ᠬᠦ᠌ ᠪᠠᠲᠤᠯᠠᠬᠤ ᠬᠡᠷᠡᠭ᠌ᠲᠡᠢ᠃ ᠥᠭᠡᠷᠡᠴᠢᠯᠡᠯᠲᠡ ᠨᠡᠭᠡᠭᠡᠯᠳᠡ᠎ᠶ᠋ᠢᠨ ᠱᠢᠨ᠎ᠡ ᠲᠤᠷᠱᠢᠯᠭ᠎ᠠ ᠱᠢᠨ᠎ᠡ ᠦᠷ᠎ᠡ ᠪᠦᠲᠦᠭᠡᠯ᠎ᠢ ᠴᠠᠭ ᠲᠤᠬᠠᠶ᠎ᠳᠤᠨᠢ ᠲᠤᠰᠭᠠᠵᠤ᠂ ᠬᠠᠤᠯᠢ ᠲᠣᠭ᠍ᠲᠠᠭᠠᠬᠤ ᠱᠢᠢᠳᠪᠦᠷᠢᠲᠦ ᠪᠤᠳᠤᠯᠭ᠎ᠠ ᠪᠣᠯᠤᠨ ᠥᠭᠡᠷᠡᠴᠢᠯᠡᠯᠲᠡ᠎ᠶ᠋ᠢᠨ ᠱᠢᠢᠳᠪᠦᠷᠢᠲᠦ ᠪᠤᠳᠤᠯᠭ᠎ᠠ᠎ᠶ᠋ᠢ ᠠᠪᠴᠠᠯᠳᠤᠭᠤᠯᠤᠨ ᠨᠢᠭᠡᠳᠦᠭᠦᠯᠭᠦ᠎ᠶ᠋ᠢ ᠪᠠᠷᠢᠮᠲᠠᠯᠠᠵᠤ᠂ ᠬᠠᠤᠯᠢ ᠴᠠᠭᠠᠵᠠ᠎ᠶ᠋ᠢᠨ ᠴᠠᠭ ᠲᠤᠬᠠᠢᠴᠢ ᠴᠢᠨᠠᠷ᠂ ᠱᠢᠰᠲ᠋ᠧᠮᠲᠦ ᠴᠢᠨᠠᠷ᠂ ᠬᠠᠨᠳᠤᠯᠭᠠᠲᠤ ᠴᠢᠨᠠᠷ᠂ ᠪᠦᠲᠦᠮᠵᠢᠲᠦ ᠴᠢᠨᠠᠷ᠎ᠢ ᠴᠢᠩᠭᠠᠳᠭᠠᠵᠤ᠂ ᠳᠤᠮᠳᠠᠳᠤ ᠤᠯᠤᠰ᠎ᠤᠨ ᠣᠨᠴᠠᠯᠢᠭ ᠪᠦᠬᠦᠢ ᠨᠡᠢᠭᠡᠮ ᠵᠢᠷᠤᠮ᠎ᠤᠨ ᠬᠠᠤᠯᠢ ᠴᠠᠭᠠᠵᠠ᠎ᠶ᠋ᠢᠨ ᠱᠢᠰᠲ᠋ᠧᠮ᠎ᠢ ᠲᠠᠰᠤᠷᠠᠯᠲᠠ ᠦᠭᠡᠢ ᠲᠡᠭᠦᠯᠳᠡᠷᠵᠢᠭᠦᠯᠬᠦ᠌ ᠬᠡᠷᠡᠭ᠌ᠲᠡᠶ᠃
    ᠭᠤᠷᠪᠠ᠂ ᠬᠠᠤᠯᠢ᠎ᠪᠠᠷ ᠲᠣᠭ᠍ᠲᠠᠭᠠᠭ᠍ᠰᠠᠨ ᠲᠤᠱᠢᠶᠠᠯ ᠬᠠᠷᠢᠭᠤᠴᠠᠯᠭ᠎ᠠ᠎ᠶ᠋ᠢᠨ ᠶᠣᠰᠣᠭᠠᠷ ᠴᠢᠬᠤᠯᠠ ᠶᠡᠭᠡ ᠥᠭᠡᠷᠡᠴᠢᠯᠡᠯᠲᠡ ᠬᠥᠭ᠌ᠵᠢᠯᠲᠡ᠎ᠶ᠋ᠢᠨ ᠡᠭᠦᠷᠭᠡ᠎ᠲᠠᠢ ᠤᠶᠠᠯᠳᠤᠭᠤᠯᠵᠦ᠍ ᠬᠢᠨᠠᠯᠲᠠ ᠲᠠᠯᠪᠢᠬᠤ ᠠᠵᠢᠯ᠎ᠢ ᠠᠬᠢᠭᠤᠯᠪᠠ
    ᠵᠥᠪ ᠬᠢᠨᠠᠯᠲᠠ ᠲᠠᠯᠪᠢᠬᠤ᠂ ᠪᠦᠲᠦᠮᠵᠢᠲᠡᠶ ᠬᠢᠨᠠᠯᠲᠠ ᠲᠠᠯᠪᠢᠬᠤ᠎ᠶ᠋ᠢ ᠪᠠᠷᠢᠮᠲᠠᠯᠠᠵᠤ᠂ ᠵᠠᠰᠠᠭ ᠵᠠᠬᠢᠷᠭᠠᠨ᠎ᠤ ᠡᠷᠬᠡ᠂ ᠬᠢᠨᠠᠨ ᠪᠠᠢᠴᠠᠭᠠᠬᠤ ᠡᠷᠬᠡ᠂ ᠱᠢᠭᠦᠨ ᠲᠠᠰᠤᠯᠬᠤ ᠡᠷᠬᠡ᠂ ᠪᠠᠢᠴᠠᠭᠠᠬᠤ ᠡᠷᠬᠡ᠎ᠶ᠋ᠢ ᠬᠠᠤᠯᠢ ᠶᠣᠰᠣᠭᠠᠷ ᠵᠥᠪ ᠬᠡᠷᠡᠭ᠌ᠵᠢᠭᠦᠯᠬᠦ᠌᠎ᠳᠤ ᠠᠩᠬᠠᠷᠤᠯ᠎ᠢᠶᠠᠨ ᠲᠥᠪᠯᠡᠷᠡᠭᠦᠯᠵᠦ᠍᠂ ᠠᠷᠠᠳ ᠤᠯᠠᠨ᠎ᠤ ᠰᠡᠳᠭᠢᠯ ᠵᠢᠷᠦᠭᠡ᠎ᠲᠠᠢ ᠨᠢᠭ᠍ᠳᠠ ᠬᠤᠯᠪᠤᠭᠠᠳᠠᠢ ᠪᠠᠴᠢᠮ ᠶᠠᠪᠤᠳᠠᠯ ᠬᠦᠴᠢᠷ ᠶᠠᠪᠤᠳᠠᠯ᠎ᠳᠤ ᠠᠩᠬᠠᠷᠤᠯ᠎ᠢᠶᠠᠨ ᠬᠠᠨᠳᠤᠭᠤᠯᠵᠤ᠂ ᠥᠭᠡᠷᠡᠴᠢᠯᠡᠯᠲᠡ ᠬᠥᠭ᠌ᠵᠢᠯᠲᠡ᠎ᠶ᠋ᠢᠨ ᠦᠷ᠎ᠡ ᠪᠦᠲᠦᠭᠡᠯ᠎ᠢ ᠪᠦᠬᠦ᠌ ᠠᠷᠠᠳ ᠲᠦᠮᠡᠨ᠎ᠳᠤ ᠨᠡᠩ ᠤᠯᠠᠨ ᠨᠡᠩ ᠭᠤᠤᠯᠴᠢ᠎ᠪᠠᠷ ᠬᠦᠷᠲᠡᠭᠡᠵᠦ᠍᠂ ᠠᠵᠤ ᠠᠬᠤᠶ ᠨᠡᠢᠭᠡᠮ᠎ᠤᠨ ᠬᠥᠭ᠌ᠵᠢᠯᠲᠡ ᠪᠠ ᠥᠭᠡᠷᠡᠴᠢᠯᠡᠯᠲᠡ᠎ᠶ᠋ᠢᠨ ᠪᠡᠷᠬᠡ ᠰᠡᠳᠦᠪ᠎ᠢ ᠱᠢᠢᠳᠪᠦᠷᠢᠯᠡᠬᠦ᠌ ᠡᠭᠦᠷᠭᠡ᠎ᠳᠤ ᠨᠡᠩ ᠰᠠᠢᠨ ᠬᠦᠴᠦᠨ ᠨᠡᠮᠡᠷᠢᠯᠡᠪᠡ᠃
    ᠲᠥᠯᠥᠪᠯᠡᠭᠡ ᠪᠠ ᠲᠥᠰᠦᠪ᠎ᠲᠤ ᠬᠢᠨᠠᠯᠲᠠ ᠲᠠᠯᠪᠢᠬᠤ ᠠᠵᠢᠯ᠎ᠢ ᠬᠠᠤᠯᠢ ᠶᠣᠰᠣᠭᠠᠷ ᠥᠷᠨᠢᠭᠦᠯᠪᠠ᠃ ᠤᠯᠤᠰ ᠠᠷᠠᠳ᠎ᠤᠨ ᠠᠵᠤ ᠠᠬᠤᠶ ᠪᠠ ᠨᠡᠢᠭᠡᠮ᠎ᠤᠨ ᠬᠥᠭ᠌ᠵᠢᠯᠲᠡ᠎ᠶ᠋ᠢᠨ ᠲᠥᠯᠥᠪᠯᠡᠭᠡ᠎ᠶ᠋ᠢ ᠭᠦᠢᠴᠡᠳᠭᠡᠭ᠌ᠰᠡᠨ ᠪᠠᠢᠳᠠᠯ᠂ ᠲᠥᠰᠦᠪ᠎ᠢ ᠭᠦᠢᠴᠡᠳᠭᠡᠭ᠌ᠰᠡᠨ ᠪᠠᠢᠳᠠᠯ᠎ᠤᠨ ᠲᠤᠬᠠᠶ ᠮᠡᠳᠡᠭᠦᠯᠦᠯᠲᠡ᠎ᠶ᠋ᠢ ᠰᠣᠨᠣᠰᠤᠨ ᠬᠢᠨᠠᠨ ᠶᠠᠷᠢᠯᠴᠠᠵᠤ᠂ ᠭᠤᠤᠯ ᠭᠦᠢᠴᠡᠳᠭᠡᠯ ᠲᠤᠭ᠎ᠠ᠂ ᠭᠤᠤᠯᠳᠠᠯᠭ᠎ᠠ᠎ᠲᠠᠢ ᠡᠭᠦᠷᠭᠡ᠎ᠶ᠋ᠢ ᠨᠠᠢᠳᠠᠪᠤᠷᠢᠵᠢᠭᠤᠯᠬᠤ ᠪᠠ ᠪᠡᠯᠡ ᠮᠥᠩᠭᠦ᠎ᠶ᠋ᠢᠨ ᠬᠡᠷᠡᠭ᠌ᠯᠡᠯᠳᠡ᠎ᠶ᠋ᠢᠨ ᠦᠷ᠎ᠠ ᠪᠦᠲᠦᠮᠵᠢ᠎ᠶ᠋ᠢ ᠳᠡᠭᠡᠭ᠌ᠰᠢᠯᠡᠭᠦᠯᠬᠦ᠌ ᠵᠡᠷᠭᠡ᠎ᠲᠠᠢ ᠤᠶᠠᠯᠳᠤᠭᠤᠯᠤᠨ 300 ᠭᠠᠷᠤᠶ ᠰᠠᠨᠠᠯ ᠰᠠᠨᠠᠭᠤᠯᠭ᠎ᠠ ᠳᠤᠷᠠᠳᠴᠤ᠌᠂ ᠭᠤᠷᠪᠠᠨ ᠶᠡᠭᠡ ᠪᠡᠷᠬᠡ ᠰᠡᠳᠦᠪ᠎ᠢ ᠱᠢᠢᠳᠪᠦᠷᠢᠯᠡᠬᠦ᠌ ᠳᠠᠢᠯᠠᠯᠳᠤᠭᠠᠨ᠎ᠢ ᠰᠠᠢᠲᠤᠷ ᠬᠢᠬᠦ᠌ ᠪᠠ 《ᠵᠢᠷᠭᠤᠭ᠎ᠠ᠎ᠶ᠋ᠢ ᠲᠣᠭ᠍ᠲᠠᠭᠤᠨ ᠪᠠᠢᠯᠭᠠᠬᠤ》 ᠠᠵᠢᠯ᠎ᠢ ᠰᠠᠢᠲᠤᠷ ᠬᠢᠬᠦ᠌᠎ᠳᠤ ᠬᠦᠴᠦᠨ ᠨᠡᠮᠡᠷᠢᠯᠡᠪᠡ᠃ 2018 ᠣᠨ᠎ᠤ ᠲᠥᠪ᠎ᠤᠨ ᠲᠥᠰᠦᠪ᠎ᠢ ᠭᠦᠢᠴᠡᠳᠭᠡᠭ᠌ᠰᠡᠨ ᠪᠠ ᠪᠤᠰᠤᠳ ᠡᠳ᠋᠎ᠤᠨ ᠵᠠᠰᠠᠭ᠎ᠤᠨ ᠣᠷᠣᠯᠭ᠎ᠠ ᠵᠠᠷᠤᠯᠭ᠎ᠠ᠎ᠶ᠋ᠢ ᠬᠢᠨᠠᠨ ᠪᠤᠳᠤᠬ᠍ᠰᠠᠨ ᠠᠵᠢᠯ᠎ᠤᠨ ᠮᠡᠳᠡᠭᠦᠯᠦᠯᠲᠡ᠂ ᠬᠢᠨᠠᠨ ᠪᠤᠳᠤᠯᠲᠠ᠎ᠪᠠᠷ ᠪᠠᠢᠴᠠᠭᠠᠨ ᠭᠠᠷᠭᠠᠭ᠍ᠰᠠᠨ ᠠᠰᠠᠭᠤᠳᠠᠯ᠎ᠢ ᠴᠡᠭ᠌ᠴᠡᠯᠡᠨ ᠰᠠᠢᠵᠢᠷᠠᠭᠤᠯᠤᠭ᠍ᠰᠠᠨ ᠪᠠᠢᠳᠠᠯ᠎ᠤᠨ ᠮᠡᠳᠡᠭᠦᠯᠦᠯᠲᠡ᠎ᠶ᠋ᠢ ᠰᠣᠨᠣᠰᠤᠨ ᠬᠢᠨᠠᠨ ᠶᠠᠷᠢᠯᠴᠠᠵᠤ᠂ ᠬᠤᠯᠪᠣᠭ᠍ᠳᠠᠯ ᠪᠦᠬᠦᠢ ᠰᠠᠯᠠᠭ᠎ᠠ ᠮᠥᠴᠢᠷ᠎ᠢ ᠱᠢᠪᠠᠳᠠᠵᠤ ᠪᠠᠢᠭᠠᠳ ᠡᠳ᠋᠎ᠤᠨ ᠵᠠᠰᠠᠭ ᠠᠵᠤ ᠠᠬᠤᠶ᠎ᠶ᠋ᠢᠨ ᠬᠠᠤᠯᠢ ᠴᠠᠭᠠᠵᠠ ᠬᠠᠤᠯᠢ ᠲᠣᠭ᠍ᠲᠠᠭᠠᠯ᠎ᠢ ᠴᠢᠩᠭ᠎ᠠ ᠬᠡᠷᠡᠭ᠌ᠵᠢᠭᠦᠯᠵᠦ᠍᠂ ᠠᠰᠠᠭᠤᠳᠠᠯ᠎ᠢ ᠭᠦᠨᠵᠡᠭᠡᠶ ᠴᠡᠭ᠌ᠴᠡᠯᠡᠨ ᠰᠠᠢᠵᠢᠷᠠᠭᠤᠯᠪᠠ᠃
    ᠠᠷᠠᠳ᠎ᠤᠨ ᠲᠥᠯᠥᠭᠡᠯᠡᠭ᠌ᠴᠢᠳ᠎ᠤᠨ ᠶᠡᠭᠡ ᠬᠤᠷᠠᠯ᠎ᠤᠨ ᠲᠥᠰᠦᠪ᠎ᠢ ᠬᠢᠨᠠᠨ ᠪᠠᠢᠴᠠᠭᠠᠵᠤ ᠬᠢᠨᠠᠯᠲᠠ ᠲᠠᠯᠪᠢᠬᠤ ᠭᠤᠤᠯᠳᠠᠯᠭ᠎ᠠ᠎ᠶ᠋ᠢ ᠵᠠᠷᠤᠯᠭ᠎ᠠ᠎ᠶ᠋ᠢᠨ ᠲᠥᠰᠦᠪ ᠪᠠ ᠲᠦᠷᠦ᠎ᠶ᠋ᠢᠨ ᠪᠤᠳᠤᠯᠭ᠎ᠠ ᠲᠡᠢᠰᠢ ᠥᠷᠭᠡᠳᠭᠡᠬᠦ᠌᠎ᠶ᠋ᠢ ᠠᠬᠢᠭᠤᠯᠤᠨ᠂ ᠤᠯᠤᠰ᠎ᠤᠨ ᠥᠮᠴᠢᠯᠡᠯ᠎ᠤᠨ ᠡᠳ᠋ ᠬᠦᠷᠦᠩᠭᠡ᠎ᠶ᠋ᠢᠨ ᠬᠠᠮᠢᠶᠠᠷᠤᠯᠲᠠ᠎ᠳᠠᠬᠢ ᠬᠢᠨᠠᠯᠲᠠ᠎ᠶ᠋ᠢ ᠴᠢᠩᠭᠠᠳᠭᠠᠬᠤ ᠶᠠᠪᠤᠳᠠᠯ ᠪᠣᠯ ᠨᠠᠮ᠎ᠤᠨ ᠲᠥᠪ ᠬᠤᠷᠢᠶ᠎ᠠ᠎ᠠᠴᠠ ᠠᠷᠠᠳ᠎ᠤᠨ ᠲᠥᠯᠥᠭᠡᠯᠡᠭ᠌ᠴᠢᠳ᠎ᠤᠨ ᠶᠡᠭᠡ ᠬᠤᠷᠠᠯ᠎ᠳᠤ ᠣᠯᠭᠤᠭ᠍ᠰᠠᠨ ᠬᠤᠶᠠᠷ ᠵᠦᠢᠯ᠎ᠤᠨ ᠴᠢᠬᠤᠯᠠ ᠲᠤᠱᠢᠶᠠᠯ ᠬᠠᠷᠢᠭᠤᠴᠠᠯᠭ᠎ᠠ ᠮᠥᠨ᠃ ᠪᠠᠢᠩᠭᠤ᠎ᠶ᠋ᠢᠨ ᠬᠤᠷᠢᠶ᠎ᠠ 《ᠪᠦᠬᠦ᠌ ᠱᠢᠰᠲ᠋ᠧᠮ᠎ᠢᠶᠠᠷ ᠬᠢᠨᠠᠨ ᠪᠠᠢᠴᠠᠭᠠᠵᠤ᠂ ᠪᠦᠬᠦ᠌ ᠶᠠᠪᠤᠴᠠ᠎ᠪᠠᠷ᠎ᠨᠢ ᠬᠢᠨᠠᠨ ᠬᠠᠮᠢᠶᠠᠷᠬᠤ》 ᠱᠠᠭᠠᠷᠳᠠᠯᠭ᠎ᠠ ᠶᠣᠰᠣᠭᠠᠷ᠂ ᠬᠢᠨᠠᠨ ᠪᠤᠳᠤᠯᠲᠠ᠎ᠪᠠᠷ ᠪᠠᠢᠴᠠᠭᠠᠨ ᠭᠠᠷᠭᠠᠭ᠍ᠰᠠᠨ ᠲᠤᠪᠤᠢᠮ᠎ᠠ ᠠᠰᠠᠭᠤᠳᠠᠯ᠎ᠢ ᠴᠡᠭ᠌ᠴᠡᠯᠡᠨ ᠰᠠᠢᠵᠢᠷᠠᠭᠤᠯᠤᠭ᠍ᠰᠠᠨ ᠪᠠᠢᠳᠠᠯ᠎ᠳᠤ ᠲᠠᠯᠪᠢᠬᠤ ᠡᠯ᠎ᠡ ᠱᠠᠲᠤᠨ᠎ᠤ ᠠᠷᠠᠳ᠎ᠤᠨ ᠲᠥᠯᠥᠭᠡᠯᠡᠭ᠌ᠴᠢᠳ᠎ᠤᠨ ᠶᠡᠭᠡ ᠬᠤᠷᠠᠯ᠎ᠤᠨ ᠪᠠᠢᠩᠭᠤ᠎ᠶ᠋ᠢᠨ ᠬᠤᠷᠢᠶᠠᠨ᠎ᠤ ᠬᠢᠨᠠᠯᠲᠠ᠎ᠶ᠋ᠢ ᠤᠯᠠᠮ ᠨᠢᠭᠡ ᠠᠯᠬᠤᠮ ᠴᠢᠩᠭᠠᠳᠭᠠᠬᠤ ᠲᠤᠬᠠᠶ ᠰᠠᠨᠠᠯ᠎ᠢ ᠲᠣᠭ᠍ᠲᠠᠭᠠᠵᠤ᠂ ᠨᠠᠮ᠎ᠤᠨ ᠲᠥᠪ ᠬᠤᠷᠢᠶᠠᠨ᠎ᠤ ᠱᠢᠢᠳᠪᠦᠷᠢᠲᠦ ᠪᠤᠳᠤᠯᠭ᠎ᠠ ᠪᠠᠢᠷᠢᠯᠠᠭᠤᠯᠤᠯᠲᠠ᠎ᠶ᠋ᠢ ᠲᠥᠰᠦᠪ᠎ᠢ ᠨᠠᠢᠷᠠᠭᠤᠯᠤᠨ ᠵᠣᠬᠢᠶᠠᠬᠤ ᠪᠠ ᠲᠥᠰᠦᠪ᠎ᠢ ᠬᠡᠷᠡᠭ᠌ᠵᠢᠭᠦᠯᠬᠦ᠌ ᠳᠤᠮᠳᠠ ᠲᠤᠭᠤᠱᠢᠯᠠᠭᠤᠯᠤᠨ ᠨᠠᠢᠳᠠᠪᠤᠷᠢᠵᠢᠭᠤᠯᠬᠤ᠎ᠶ᠋ᠢ ᠠᠬᠢᠭᠤᠯᠪᠠ᠃ ᠡᠳ᠋᠎ᠤᠨ ᠵᠠᠰᠠᠭ᠎ᠤᠨ ᠲᠦᠷᠦ᠎ᠶ᠋ᠢᠨ ᠪᠤᠳᠤᠯᠭ᠎ᠠ᠎ᠶ᠋ᠢ ᠬᠡᠷᠡᠭ᠌ᠵᠢᠭᠦᠯᠬᠦ᠂ ᠰᠠᠯᠠᠭ᠎ᠠ ᠮᠥᠴᠢᠷ᠎ᠤᠨ ᠲᠥᠰᠦᠪ᠎ᠢ ᠭᠦᠢᠴᠡᠳᠭᠡᠬᠦ᠂ ᠱᠢᠯᠵᠢᠭᠦᠯᠦᠨ ᠥᠭ᠌ᠬᠦ ᠵᠠᠷᠤᠯᠭ᠎ᠠ᠎ᠶ᠋ᠢ ᠪᠠᠭᠤᠯᠭᠠᠬᠤ᠂ ᠣᠷᠣᠨ ᠨᠤᠲᠤᠭ᠎ᠤᠨ ᠵᠠᠰᠠᠭ᠎ᠤᠨ ᠣᠷᠳᠣᠨ᠎ᠤ ᠵᠢᠭᠡᠯᠡᠯᠭᠡ᠎ᠶ᠋ᠢᠨ ᠲᠡᠮᠳᠡᠭ᠌ᠲᠦ᠎ᠶ᠋ᠢ ᠲᠠᠷᠬᠠᠭᠠᠵᠤ ᠬᠡᠷᠡᠭ᠌ᠯᠡᠬᠦ᠂ ᠪᠣᠬᠢᠷᠲᠤᠯ᠎ᠢ ᠰᠡᠷᠭᠡᠢᠯᠡᠨ ᠵᠠᠰᠠᠬᠤ ᠲᠦᠷᠦ᠎ᠶ᠋ᠢᠨ ᠪᠤᠳᠤᠯᠭ᠎ᠠ ᠠᠷᠭ᠎ᠠ ᠬᠡᠮᠵᠢᠶ᠎ᠡ ᠵᠢᠴᠢ ᠡᠳ᠋᠎ᠤᠨ ᠵᠠᠰᠠᠭ᠎ᠤᠨ ᠪᠡᠯᠡ ᠮᠥᠩᠭᠦ᠎ᠶ᠋ᠢ ᠲᠣᠬᠢᠷᠠᠭᠤᠯᠤᠭ᠍ᠰᠠᠨ ᠪᠠᠢᠳᠠᠯ ᠵᠡᠷᠭᠡ ᠭᠤᠤᠯᠳᠠᠯᠭ᠎ᠠ᠎ᠳᠤ ᠲᠥᠪᠯᠡᠷᠡᠭᠦᠯᠵᠦ᠍᠂ ᠮᠥᠷᠳᠡᠨ ᠬᠢᠨᠠᠯᠲᠠ ᠲᠠᠯᠪᠢᠬᠤ ᠠᠵᠢᠯ᠎ᠢ ᠦᠷᠭᠦᠯᠵᠢᠯᠡᠨ ᠬᠢᠵᠦ᠍᠂ 25 ᠣᠳᠠᠭ᠎ᠠ᠎ᠶ᠋ᠢᠨ ᠲᠤᠰᠭᠠᠶ ᠵᠦᠢᠯ᠎ᠤᠨ ᠪᠠᠢᠴᠠᠭᠠᠨ ᠰᠤᠳᠤᠯᠤᠯᠲᠠ᠎ᠶ᠋ᠢ ᠵᠣᠬᠢᠶᠠᠨ ᠪᠠᠢᠭᠤᠯᠵᠤ᠂ 35 ᠤᠳᠠᠭ᠎ᠠ᠎ᠶ᠋ᠢᠨ ᠠᠵᠢᠯ᠎ᠤᠨ ᠬᠠᠷᠢᠭᠤ ᠮᠡᠳᠡᠭᠦᠯᠦᠯᠲᠡ᠎ᠶ᠋ᠢ ᠰᠣᠨᠣᠰᠴᠤ᠌᠂ 4 ᠤᠳᠠᠭ᠎ᠠ᠎ᠶ᠋ᠢᠨ ᠲᠤᠰᠭᠠᠶ ᠰᠡᠳᠦᠪᠲᠦ ᠬᠢᠨᠠᠨ ᠶᠠᠷᠢᠯᠴᠠᠬᠤ᠎ᠶ᠋ᠢ ᠥᠷᠨᠢᠭᠦᠯᠵᠦ᠍᠂ 9 ᠵᠦᠢᠯ᠎ᠤᠨ ᠲᠤᠰᠭᠠᠶ ᠪᠡᠯᠡ ᠮᠥᠩᠭᠦ᠎ᠶ᠋ᠢ ᠬᠢᠨᠠᠨ ᠪᠠᠢᠴᠠᠭᠠᠵᠤ᠂ ᠡᠳ᠋᠎ᠤᠨ ᠵᠠᠰᠠᠭ᠎ᠤᠨ ᠪᠡᠯᠡ ᠮᠥᠩᠭᠦ᠎ᠶ᠋ᠢ ᠬᠡᠷᠡᠭ᠌ᠯᠡᠭ᠌ᠰᠡᠨ ᠠᠮᠵᠢᠯᠳᠠ ᠪᠦᠲᠦᠮᠵᠢ ᠪᠠ ᠲᠦᠷᠦ᠎ᠶ᠋ᠢᠨ ᠪᠤᠳᠤᠯᠭ᠎ᠠ᠎ᠶ᠋ᠢ ᠬᠡᠷᠡᠭ᠌ᠵᠢᠭᠦᠯᠦᠭ᠌ᠰᠡᠨ ᠦᠷ᠎ᠡ ᠪᠦᠲᠦᠮᠵᠢ᠎ᠶ᠋ᠢ ᠬᠢᠨᠠᠨ ᠪᠠᠢᠴᠠᠭᠠᠵᠤ ᠬᠢᠨᠠᠯᠲᠠ ᠲᠠᠯᠪᠢᠬᠤ᠎ᠪᠠᠨ ᠤᠯᠠᠮ ᠨᠢᠭᠡ ᠠᠯᠬᠤᠮ ᠴᠢᠩᠭᠠᠳᠭᠠᠪᠠ᠃ ᠣᠷᠣᠨ ᠨᠤᠲᠤᠭ᠎ᠤᠨ ᠠᠷᠠᠳ᠎ᠤᠨ ᠲᠥᠯᠥᠭᠡᠯᠡᠭ᠌ᠴᠢᠳ᠎ᠤᠨ ᠶᠡᠭᠡ ᠬᠤᠷᠠᠯ᠎ᠤᠨ ᠲᠥᠰᠦᠪ᠎ᠢ ᠬᠢᠨᠠᠨ ᠪᠠᠢᠴᠠᠭᠠᠵᠤ ᠬᠢᠨᠠᠯᠲᠠ ᠲᠠᠯᠪᠢᠬᠤ ᠭᠤᠤᠯᠳᠠᠯᠭ᠎ᠠ᠎ᠪᠠᠨ ᠵᠠᠷᠤᠯᠭ᠎ᠠ᠎ᠶ᠋ᠢᠨ ᠲᠥᠰᠦᠪ ᠪᠠ ᠲᠦᠷᠦ᠎ᠶ᠋ᠢᠨ ᠪᠤᠳᠤᠯᠭ᠎ᠠ ᠲᠡᠢᠰᠢ ᠥᠷᠭᠡᠳᠭᠡᠬᠦ᠌ ᠥᠭᠡᠷᠡᠴᠢᠯᠡᠯᠲᠡ᠎ᠶ᠋ᠢᠨ ᠠᠷᠭ᠎ᠠ ᠬᠡᠮᠵᠢᠶ᠎ᠡ᠎ᠶ᠋ᠢ ᠨᠠᠢᠳᠠᠪᠤᠷᠢᠵᠢᠭᠤᠯᠬᠤ᠎ᠶ᠋ᠢ ᠠᠬᠢᠭᠤᠯᠵᠤ᠂ ᠪᠦᠬᠦ᠌ ᠮᠤᠵᠢ (ᠣᠷᠣᠨ᠂ ᠬᠤᠳᠠ) ᠴᠥᠮ ᠬᠡᠷᠡᠭ᠌ᠵᠢᠭᠦᠯᠬᠦ᠌ ᠰᠠᠨᠠᠯ ᠲᠣᠭ᠍ᠲᠠᠭᠠᠪᠠ᠃ ᠪᠦᠬᠦ᠌ ᠲᠠᠯ᠎ᠠ᠎ᠪᠠᠷ ᠵᠢᠷᠤᠮᠵᠢᠭ᠍ᠰᠠᠨ᠂ ᠢᠯᠡ ᠲᠣᠳᠣ᠂ ᠬᠢᠨᠠᠯᠲᠠ᠎ᠨᠢ ᠬᠦᠴᠦᠲᠡᠶ ᠪᠠᠢᠬᠤ ᠬᠠᠷᠠᠯᠲᠠ᠎ᠶ᠋ᠢᠨ ᠶᠣᠰᠣᠭᠠᠷ᠂ ᠤᠯᠤᠰ᠎ᠤᠨ ᠥᠮᠴᠢᠯᠡᠯ᠎ᠤᠨ ᠡᠳ᠋ ᠬᠦᠷᠦᠩᠭᠡ᠎ᠶ᠋ᠢᠨ ᠬᠠᠮᠢᠶᠠᠷᠤᠯᠲᠠ᠎ᠳᠤ ᠬᠢᠨᠠᠯᠲᠠ ᠲᠠᠯᠪᠢᠬᠤ ᠲᠠᠪᠤᠨ ᠵᠢᠯ᠎ᠤᠨ ᠲᠥᠯᠥᠪᠵᠢᠭᠦᠯᠭᠡ᠎ᠶ᠋ᠢ ᠲᠣᠭ᠍ᠲᠠᠭᠠᠵᠤ᠂ 2018 ᠣᠨ᠎ᠤ ᠤᠯᠤᠰ᠎ᠤᠨ ᠥᠮᠴᠢᠯᠡᠯ᠎ᠤᠨ ᠡᠳ᠋ ᠬᠦᠷᠦᠩᠭᠡ᠎ᠶ᠋ᠢᠨ ᠬᠠᠮᠢᠶᠠᠷᠤᠯᠲᠠ᠎ᠶ᠋ᠢᠨ ᠪᠠᠢᠳᠠᠯ᠎ᠤᠨ ᠶᠡᠷᠦᠩᠬᠡᠢᠯᠡᠭ᠌ᠰᠡᠨ ᠮᠡᠳᠡᠭᠦᠯᠦᠯᠲᠡ ᠪᠠ ᠪᠦᠬᠦ᠌ ᠤᠯᠤᠰ᠎ᠤᠨ ᠵᠠᠰᠠᠭ ᠵᠠᠬᠢᠷᠭᠠᠨ᠎ᠤ ᠠᠵᠢᠯ ᠦᠢᠯᠡᠰ᠎ᠤᠨ ᠴᠢᠨᠠᠷᠲᠠᠶ ᠤᠯᠤᠰ᠎ᠤᠨ ᠥᠮᠴᠢᠯᠡᠯ᠎ᠤᠨ ᠡᠳ᠋ ᠬᠦᠷᠦᠩᠭᠡ᠎ᠶ᠋ᠢᠨ ᠬᠠᠮᠢᠶᠠᠷᠤᠯᠲᠠ᠎ᠶ᠋ᠢᠨ ᠪᠠᠢᠳᠠᠯ᠎ᠤᠨ ᠲᠤᠬᠠᠶ ᠲᠤᠰᠭᠠᠶ ᠮᠡᠳᠡᠭᠦᠯᠦᠯᠲᠡ᠎ᠶ᠋ᠢ ᠬᠢᠨᠠᠨ ᠶᠠᠷᠢᠯᠴᠠᠵᠤ᠂ ᠤᠯᠤᠰ᠎ᠤᠨ ᠥᠮᠴᠢᠯᠡᠯ᠎ᠤᠨ ᠡᠳ᠋ ᠬᠦᠷᠦᠩᠭᠡ᠎ᠶ᠋ᠢᠨ ᠬᠠᠮᠢᠶᠠᠷᠤᠯᠲᠠ᠎ᠳᠤ ᠬᠢᠨᠠᠯᠲᠠ ᠲᠠᠯᠪᠢᠬᠤ᠎ᠶ᠋ᠢ ᠭᠦᠨᠵᠡᠭᠡᠢᠷᠡᠭᠦᠯᠦᠨ ᠥᠷᠭᠡᠳᠭᠡᠬᠦ᠂ ᠶᠠᠰᠤ ᠴᠢᠨᠠᠷ᠎ᠢ ᠳᠡᠭᠡᠭ᠌ᠰᠢᠯᠡᠭᠦᠯᠦᠨ ᠦᠷ᠎ᠡ ᠠᠱᠢᠭ᠎ᠢ ᠨᠡᠮᠡᠭ᠌ᠳᠡᠭᠦᠯᠬᠦ᠌᠎ᠶ᠋ᠢ ᠠᠬᠢᠭᠤᠯᠪᠠ᠃ ᠣᠷᠣᠨ ᠨᠤᠲᠤᠭ᠎ᠤᠨ ᠤᠯᠤᠰ᠎ᠤᠨ ᠥᠮᠴᠢᠯᠡᠯ᠎ᠤᠨ ᠡᠳ᠋ ᠬᠦᠷᠦᠩᠭᠡ᠎ᠶ᠋ᠢᠨ ᠬᠠᠮᠢᠶᠠᠷᠤᠯᠲᠠ᠎ᠶ᠋ᠢᠨ ᠪᠠᠢᠳᠠᠯ᠎ᠢ ᠮᠡᠳᠡᠭᠦᠯᠬᠦ᠌ ᠲᠦᠷᠢᠮ᠎ᠢ ᠲᠣᠭᠤᠷᠢᠭ᠎ᠲᠠᠢ ᠬᠤᠳᠠ ᠪᠠ ᠥᠪᠡᠷᠲᠡᠭᠡᠨ ᠵᠠᠰᠠᠬᠤ ᠵᠧᠤ ᠬᠦᠷᠲᠡᠯ᠎ᠡ ᠤᠷᠲᠤᠳᠭᠠᠬᠤ᠎ᠶ᠋ᠢ ᠠᠬᠢᠭᠤᠯᠪᠠ᠃
    ᠲᠤᠰᠭᠠᠶ ᠠᠵᠢᠯ᠎ᠳᠤ ᠬᠢᠨᠠᠯᠲᠠ ᠲᠠᠯᠪᠢᠬᠤ᠎ᠶ᠋ᠢ ᠯᠠᠪᠳᠠᠭᠤᠨ ᠪᠠᠲᠤᠲᠠᠶ ᠰᠠᠢᠲᠤᠷ ᠬᠢᠪᠠ᠃ ᠲᠦᠷᠦ᠎ᠶ᠋ᠢᠨ ᠶᠠᠪᠤᠳᠠᠯ᠎ᠤᠨ ᠬᠤᠷᠢᠶᠠᠨ᠎ᠤ ᠡᠮᠴᠢ᠎ᠶ᠋ᠢᠨ ᠡᠩᠨᠡᠬᠡᠨ᠎ᠤ ᠬᠠᠮᠢᠶᠠᠷᠤᠯᠲᠠ ᠪᠠ ᠠᠵᠢᠯ ᠡᠷᠬᠢᠯᠡᠬᠦ᠌ ᠡᠮᠴᠢ᠎ᠶ᠋ᠢᠨ ᠬᠠᠤᠯᠢ᠎ᠶ᠋ᠢᠨ ᠬᠡᠷᠡᠭ᠌ᠵᠢᠭᠦᠯᠤᠯᠳᠠ᠂ ᠰᠤᠷᠬᠤ ᠨᠠᠰᠤᠨ᠎ᠠᠴᠠ ᠡᠮᠦᠨᠡᠬᠢ ᠰᠤᠷᠭᠠᠨ ᠬᠥᠮᠦᠵᠢᠯ᠎ᠤᠨ ᠦᠢᠯᠡᠰ᠎ᠤᠨ ᠥᠭᠡᠷᠡᠴᠢᠯᠡᠯᠲᠡ ᠪᠠ ᠬᠥᠭ᠌ᠵᠢᠯᠲᠡ᠂ ᠨᠡᠢᠭᠡᠮ᠎ᠤᠨ ᠠᠪᠤᠷᠠᠨ ᠲᠤᠰᠠᠯᠠᠬᠤ ᠠᠵᠢᠯ᠎ᠢ ᠠᠬᠢᠭᠤᠯᠬᠤ᠂ ᠬᠥᠳᠡᠭᠡ ᠲᠣᠰᠭᠤᠨ᠎ᠤ ᠠᠵᠤ ᠦᠢᠯᠡᠰ᠎ᠤᠨ ᠬᠥᠭ᠌ᠵᠢᠯᠲᠡ᠂ ᠬᠥᠳᠡᠭᠡ ᠲᠣᠰᠭᠤᠨ᠎ᠤ ᠬᠠᠮᠲᠤ᠎ᠶ᠋ᠢᠨ ᠥᠮᠴᠢᠯᠡᠯ᠎ᠤᠨ ᠡᠷᠬᠡ᠎ᠶ᠋ᠢᠨ ᠳᠦᠷᠢᠮ᠎ᠤᠨ ᠥᠭᠡᠷᠡᠴᠢᠯᠡᠯᠲᠡ᠂ ᠰᠣᠶᠣᠯ᠎ᠤᠨ ᠠᠵᠤ ᠦᠢᠯᠡᠰ᠎ᠤᠨ ᠬᠥᠭ᠌ᠵᠢᠯᠲᠡ᠂ ᠭᠠᠳᠠᠭᠠᠳᠤ ᠠᠷᠠᠯᠵᠢᠶᠠᠨ᠎ᠤ ᠬᠡᠯᠪᠡᠷᠢ᠎ᠪᠠᠨ ᠬᠤᠪᠢᠷᠠᠭᠤᠯᠤᠨ ᠳᠡᠰ ᠳᠡᠪᠱᠢᠬᠦ᠌᠎ᠶ᠋ᠢ ᠲᠦᠷᠭᠡᠳᠭᠡᠬᠦ᠂ ᠭᠠᠢᠯᠢ ᠬᠦᠡᠭ᠌ᠭᠡᠯᠡᠵᠦ᠍ ᠰᠦᠢᠳᠭᠡᠯ ᠪᠠᠭᠤᠷᠠᠭᠤᠯᠬᠤ᠂ ᠡᠳ᠋᠎ᠤᠨ ᠵᠠᠰᠠᠭ᠎ᠤᠨ ᠠᠮᠢ ᠠᠬᠤᠢ᠎ᠶ᠋ᠢᠨ ᠣᠷᠴᠢᠨ ᠨᠦᠭᠦᠴᠡᠯ᠎ᠤᠨ ᠬᠠᠮᠠᠭᠠᠯᠠᠯᠲᠠ᠎ᠶ᠋ᠢᠨ ᠪᠡᠯᠡ ᠮᠥᠩᠭᠦ᠎ᠶ᠋ᠢ ᠬᠤᠪᠢᠶᠠᠷᠢᠯᠠᠬᠤ ᠪᠠ ᠬᠡᠷᠡᠭ᠌ᠯᠡᠬᠦ᠂ 2018 ᠣᠨ ᠪᠤᠯᠤᠨ 2019 ᠣᠨ᠎ᠤ ᠣᠷᠴᠢᠨ ᠠᠬᠤᠢ᠎ᠶ᠋ᠢᠨ ᠪᠠᠢᠳᠠᠯ ᠪᠠ ᠣᠷᠴᠢᠨ ᠠᠬᠤᠢ᠎ᠶ᠋ᠢᠨ ᠬᠠᠮᠠᠭᠠᠯᠠᠯᠲᠠ᠎ᠶ᠋ᠢᠨ ᠬᠠᠷᠠᠯᠲᠠ᠎ᠶ᠋ᠢ ᠪᠡᠶᠡᠯᠡᠭᠦᠯᠦᠭ᠌ᠰᠡᠨ ᠪᠠᠢᠳᠠᠯ ᠵᠡᠷᠭᠡ 11 ᠲᠤᠰᠭᠠᠢ ᠠᠵᠢᠯ᠎ᠤᠨ ᠮᠡᠳᠡᠭᠦᠯᠦᠯᠲᠡ᠎ᠶ᠋ᠢ ᠰᠣᠨᠣᠰᠴᠤ᠌ ᠬᠢᠨᠠᠨ ᠶᠠᠷᠢᠯᠴᠠᠵᠦ᠍᠂ ᠠᠷᠠᠳ ᠣᠯᠠᠨ᠎ᠤ ᠬᠤᠪᠢ ᠪᠡᠶ᠎ᠡ᠎ᠶ᠋ᠢᠨ ᠠᠱᠢᠭ ᠲᠤᠰᠠ᠎ᠳᠤ ᠬᠤᠯᠪᠣᠭ᠍ᠳᠠᠭ᠍ᠰᠠᠨ ᠳᠣᠪᠤᠢᠮ᠎ᠠ ᠠᠰᠠᠭᠤᠳᠠᠯ᠎ᠢ ᠱᠢᠢᠳᠪᠦᠷᠢᠯᠡᠬᠦ᠌᠎ᠶ᠋ᠢ ᠠᠬᠢᠭᠤᠯᠵᠤ᠂ ᠬᠠᠩᠭᠠᠯᠭ᠎ᠠ᠎ᠶ᠋ᠢᠨ ᠲᠠᠯ᠎ᠠ᠎ᠶ᠋ᠢᠨ ᠪᠦᠲᠦᠴᠡ᠎ᠶ᠋ᠢᠨ ᠴᠢᠨᠠᠷᠲᠠᠢ ᠥᠭᠡᠷᠡᠴᠢᠯᠡᠯᠲᠡ ᠪᠠ ᠠᠵᠤ ᠠᠬᠤᠢ᠎ᠶ᠋ᠢᠨ ᠴᠢᠨᠠᠷ ᠰᠠᠢᠲᠠᠢ ᠬᠥᠭ᠌ᠵᠢᠯᠲᠡ᠎ᠳᠤ ᠬᠦᠴᠦᠨ ᠨᠡᠮᠡᠷᠢᠯᠡᠪᠡ᠃ ᠶᠠᠳᠠᠭᠤ᠎ᠠᠴᠠ ᠠᠩᠭᠢᠵᠢᠷᠠᠭᠤᠯᠬᠤ ᠪᠡᠷᠬᠡ ᠰᠡᠳᠦᠪ᠎ᠢ ᠱᠢᠢᠳᠪᠦᠷᠢᠯᠡᠬᠦ᠂ ᠦᠨᠳᠦᠰᠦᠲᠡᠨ᠎ᠤ ᠭᠠᠵᠠᠷ ᠣᠷᠣᠨ᠎ᠤ ᠬᠢᠯᠢ ᠬᠢᠵᠠᠭᠠᠷ ᠣᠷᠣᠨ᠎ᠢ ᠬᠥᠭ᠌ᠵᠢᠭᠦᠯᠦᠨ ᠠᠷᠠᠳ᠎ᠢ ᠪᠠᠶᠠᠵᠢᠭᠤᠯᠬᠤ ᠠᠵᠢᠯᠯᠠᠭᠠᠨ᠂ ᠱᠢᠰᠲ᠋ᠧᠮ᠎ᠤᠨ ᠴᠢᠨᠠᠷᠲᠠᠶ ᠮᠥᠩᠭᠦᠨ ᠭᠦᠢᠯᠭᠡᠭᠡᠨ᠎ᠤ ᠠᠶᠤᠯ ᠲᠦᠭ᠌ᠰᠢᠭᠦᠷᠢ᠎ᠶ᠋ᠢ ᠰᠡᠷᠭᠡᠢᠯᠡᠨ ᠠᠷᠢᠯᠭᠠᠬᠤ᠂ ᠬᠥᠮᠦᠨ ᠠᠮᠠ᠎ᠶ᠋ᠢᠨ ᠨᠠᠰᠤᠵᠢᠯᠲᠠ᠎ᠶ᠋ᠢ ᠠᠷᠭᠠᠴᠠᠭᠠᠬᠤ᠂ ᠨᠠᠰᠤᠵᠢᠯ᠎ᠤᠨ ᠠᠰᠠᠷᠠᠮᠵᠢ᠎ᠶ᠋ᠢᠨ ᠳᠠᠭᠠᠳᠭᠠᠯ᠎ᠤᠨ ᠰᠠᠭᠤᠷᠢ ᠮᠥᠩᠭᠦ᠎ᠶ᠋ᠢᠨ ᠬᠠᠮᠢᠶᠠᠷᠤᠯᠲᠠ ᠬᠢᠭᠡᠳ ᠥᠭᠡᠷᠡᠴᠢᠯᠡᠯᠲᠡ᠂ ᠤᠯᠤᠰ᠎ᠤᠨ ᠠᠮᠤᠷ ᠲᠦᠪᠱᠢᠨ᠎ᠤ ᠬᠠᠤᠯᠢ᠎ᠶ᠋ᠢᠨ ᠬᠡᠷᠡᠭ᠌ᠵᠢᠭᠦᠯᠤᠯᠳᠠ᠂ ᠬᠢᠨᠠᠨ ᠪᠠᠢᠴᠠᠭᠠᠬᠤ ᠪᠠᠢᠭᠤᠯᠤᠯ᠎ᠤᠨ ᠥᠭᠡᠷᠡᠴᠢᠯᠡᠯᠲᠡ ᠪᠠ ᠬᠢᠨᠠᠨ ᠪᠠᠢᠴᠠᠭᠠᠬᠤ ᠬᠠᠤᠯᠢ᠎ᠶ᠋ᠢᠨ ᠬᠡᠷᠡᠭ᠌ᠵᠢᠭᠦᠯᠤᠯᠳᠠ ᠵᠡᠷᠭᠡ 7 ᠵᠦᠢᠯ᠎ᠤᠨ ᠲᠤᠰᠭᠠᠶ ᠰᠡᠳᠦᠪᠲᠦ ᠪᠠᠢᠴᠠᠭᠠᠨ ᠰᠤᠳᠤᠯᠤᠯᠲᠠ᠎ᠶ᠋ᠢ ᠥᠷᠨᠢᠭᠦᠯᠵᠦ᠍᠂ ᠠᠵᠢᠯ᠎ᠢᠶᠠᠨ ᠴᠢᠩᠭᠠᠳᠭᠠᠨ ᠰᠠᠢᠵᠢᠷᠠᠭᠤᠯᠬᠤ ᠰᠠᠨᠠᠭᠤᠯᠭ᠎ᠠ ᠳᠤᠷᠠᠳᠪᠠ᠃
    ᠬᠠᠤᠯᠢ ᠪᠠᠷᠢᠬᠤ ᠠᠵᠢᠯ᠎ᠳᠠᠬᠢ ᠬᠢᠨᠠᠯᠲᠠ᠎ᠶ᠋ᠢ ᠴᠢᠩᠭᠠᠳᠭᠠᠪᠠ᠃ 2018 ᠣᠨ᠎ᠳᠤ ᠠᠷᠠᠳ᠎ᠤᠨ ᠱᠢᠭᠦᠬᠦ᠌ ᠬᠤᠷᠢᠶᠠᠨ᠎ᠤ 《ᠭᠦᠢᠴᠡᠳᠭᠡᠬᠦ᠌᠎ᠳᠤ ᠪᠡᠷᠭᠡᠳᠡᠢ》 ᠠᠰᠠᠭᠤᠳᠠᠯ᠎ᠢ ᠱᠢᠢᠳᠪᠤᠷᠢᠯᠡᠭ᠌ᠰᠡᠨ ᠠᠵᠢᠯ᠎ᠤᠨ ᠪᠠᠢᠳᠠᠯ᠎ᠤᠨ ᠲᠤᠬᠠᠶ ᠮᠡᠳᠡᠭᠦᠯᠦᠯᠲᠡ᠎ᠶ᠋ᠢ ᠰᠣᠨᠣᠰᠴᠤ᠌ ᠬᠢᠨᠠᠨ ᠶᠠᠷᠢᠯᠴᠠᠭ᠍ᠰᠠᠨ᠎ᠤ ᠲᠠᠷᠠᠭ᠎ᠠ᠂ 2019 ᠣᠨ᠎ᠳᠤ ᠦᠷᠭᠦᠯᠵᠢᠯᠡᠨ ᠮᠥᠷᠳᠡᠨ ᠬᠢᠨᠠᠯᠲᠠ ᠲᠠᠯᠪᠢᠵᠤ᠂ ᠪᠠᠢᠩᠭᠤ᠎ᠶ᠋ᠢᠨ ᠬᠤᠷᠢᠶᠠᠨ᠎ᠤ ᠪᠦᠷᠢᠯᠳᠦᠬᠦᠨ ᠨᠡᠷ᠎ᠤᠨ ᠬᠢᠨᠠᠨ ᠶᠠᠷᠢᠯᠴᠠᠭ᠍ᠰᠠᠨ ᠰᠠᠨᠠᠯ᠎ᠢ ᠱᠢᠢᠳᠪᠦᠷᠢᠯᠡᠭ᠌ᠰᠡᠨ ᠪᠠᠢᠳᠠᠯ᠎ᠤᠨ ᠲᠤᠬᠠᠶ ᠮᠡᠳᠡᠭᠦᠯᠦᠯᠲᠡ᠎ᠶ᠋ᠢ ᠲᠤᠰᠭᠠᠢᠯᠠᠨ ᠰᠣᠨᠣᠰᠴᠦ᠍ ᠬᠢᠨᠠᠨ ᠶᠠᠷᠢᠯᠴᠠᠭᠠᠳ᠂ 《ᠭᠦᠢᠴᠡᠳᠭᠡᠬᠦ᠌᠎ᠳᠤ ᠪᠡᠷᠭᠡᠳᠡᠢ》 ᠠᠰᠠᠭᠤᠳᠠᠯ᠎ᠢ ᠦᠨᠳᠦᠰᠦᠨ᠎ᠳᠡᠭᠡᠨ ᠱᠢᠢᠳᠪᠦᠷᠢᠯᠡᠭ᠌ᠰᠡᠨ ᠦᠷ᠎ᠡ ᠪᠦᠲᠦᠭᠡᠯ᠎ᠢ ᠪᠠᠬᠢᠵᠢᠭᠦᠯᠪᠡ᠃ ᠡᠷᠡᠭᠦᠦ᠎ᠶ᠋ᠢᠨ ᠬᠡᠷᠡᠭ᠎ᠤᠨ ᠱᠢᠭᠦᠨ ᠲᠠᠰᠤᠯᠬᠤ ᠠᠵᠢᠯ᠎ᠢ ᠴᠢᠩᠭᠠᠳᠭᠠᠭ᠍ᠰᠠᠨ ᠪᠠᠢᠳᠠᠯ᠎ᠤᠨ ᠲᠤᠬᠠᠶ ᠮᠡᠳᠡᠭᠦᠯᠦᠯᠲᠡ᠎ᠶ᠋ᠢ ᠰᠣᠨᠣᠰᠤᠨ ᠬᠢᠨᠠᠨ ᠶᠠᠷᠢᠯᠴᠠᠵᠤ᠂ ᠱᠢᠭᠦᠨ ᠲᠠᠰᠤᠯᠤᠯᠳᠠ᠎ᠪᠠᠷ ᠭᠤᠤᠯ ᠪᠣᠯᠭᠠᠭ᠍ᠰᠠᠨ ᠡᠷᠡᠭᠦᠦ᠎ᠶ᠋ᠢᠨ ᠭᠡᠷᠡᠭ᠎ᠤᠨ ᠵᠠᠷᠭᠤ᠎ᠶ᠋ᠢᠨ ᠲᠦᠷᠢᠮ᠎ᠤᠨ ᠥᠭᠡᠷᠡᠴᠢᠯᠡᠯᠲᠡ᠎ᠶ᠋ᠢ ᠠᠬᠢᠭᠤᠯᠪᠠ᠃ ᠨᠡᠢᠲᠡ᠎ᠶ᠋ᠢᠨ ᠠᠰᠠᠷᠠᠮᠵᠢ᠎ᠶ᠋ᠢᠨ ᠵᠠᠷᠭᠤ᠎ᠶ᠋ᠢᠨ ᠪᠠᠢᠴᠠᠭᠠᠬᠤ ᠠᠵᠢᠯ᠎ᠢ ᠥᠷᠨᠢᠭᠦᠯᠦᠭ᠌ᠰᠡᠨ ᠪᠠᠢᠳᠠᠯ᠎ᠤᠨ ᠲᠤᠬᠠᠶ ᠮᠡᠳᠡᠭᠦᠯᠦᠯᠲᠡ᠎ᠶ᠋ᠢ ᠰᠣᠨᠣᠰᠴᠤ᠌ ᠬᠢᠨᠠᠨ ᠶᠠᠷᠢᠯᠴᠠᠬᠤ᠎ᠶ᠋ᠢᠨ ᠬᠠᠮᠲᠤ ᠲᠤᠰᠭᠠᠶ ᠰᠡᠳᠦᠪ᠎ᠢᠶᠠᠷ ᠯᠠᠪᠯᠠᠨ ᠠᠰᠠᠭᠤᠵᠤ᠂ ᠪᠠᠢᠴᠠᠭᠠᠬᠤ ᠪᠠᠢᠭᠤᠯᠭ᠎ᠠ᠎ᠶ᠋ᠢᠨ ᠤᠯᠤᠰ ᠣᠷᠣᠨ ᠪᠠ ᠨᠡᠢᠭᠡᠮ ᠨᠡᠢᠲᠡ᠎ᠶ᠋ᠢᠨ ᠠᠱᠢᠭ ᠲᠤᠰᠠ᠎ᠶ᠋ᠢ ᠬᠠᠮᠠᠭᠠᠯᠠᠬᠤ ᠬᠠᠤᠯᠢ᠎ᠪᠠᠷ ᠲᠣᠭ᠍ᠲᠠᠭᠠᠭ᠍ᠰᠠᠨ ᠲᠤᠱᠢᠶᠠᠯ ᠬᠠᠷᠢᠭᠤᠴᠠᠯᠭ᠎ᠠ᠎ᠪᠠᠨ ᠰᠠᠢᠲᠤᠷ ᠭᠦᠢᠴᠡᠳᠭᠡᠬᠦ᠌᠎ᠶ᠋ᠢ ᠠᠬᠢᠭᠤᠯᠪᠠ᠃
    ᠬᠠᠤᠯᠢ ᠴᠠᠭᠠᠵᠠ᠎ᠶ᠋ᠢᠨ ᠲᠣᠭ᠍ᠲᠠᠭᠠᠯ᠎ᠤᠨ ᠶᠣᠰᠣᠭᠠᠷ ᠬᠠᠤᠯᠢ ᠬᠡᠷᠡᠭ᠌ᠵᠢᠭᠦᠯᠦᠯᠲᠡ᠎ᠶ᠋ᠢᠨ ᠪᠠᠢᠴᠠᠭᠠᠯᠲᠠ᠎ᠶ᠋ᠢ ᠥᠷᠨᠢᠭᠦᠯᠪᠡ᠃ ᠬᠠᠤᠯᠢ ᠬᠡᠷᠡᠭ᠌ᠵᠢᠭᠦᠯᠦᠯᠲᠡ᠎ᠶ᠋ᠢᠨ ᠪᠠᠢᠴᠠᠭᠠᠯᠲᠠ᠎ᠶ᠋ᠢᠨ ᠠᠵᠢᠯ᠎ᠤᠨ ᠲᠣᠭ᠍ᠲᠠᠴᠠ ᠪᠠ ᠠᠷᠭ᠎ᠠ ᠮᠠᠶᠢᠭ ᠠᠷᠭ᠎ᠠ ᠬᠡᠮᠵᠢᠶ᠎ᠡ᠎ᠶ᠋ᠢ ᠲᠡᠭᠦᠯᠳᠡᠷᠵᠢᠭᠦᠯᠵᠦ᠍᠂ ᠬᠠᠤᠯᠢ ᠴᠠᠭᠠᠵᠠ᠎ᠶ᠋ᠢᠨ ᠲᠣᠭ᠍ᠲᠠᠭᠠᠯ᠎ᠲᠠᠢ ᠵᠦᠢᠯ ᠳᠠᠷᠠᠭᠠᠯᠠᠨ ᠬᠠᠷᠢᠴᠠᠭᠤᠯᠤᠨ ᠪᠠᠢᠴᠠᠭᠠᠯᠲᠠ ᠬᠢᠵᠦ᠍᠂ ᠬᠤᠯᠪᠣᠭ᠍ᠳᠠᠯ ᠪᠦᠬᠦᠢ ᠲᠠᠯ᠎ᠠ᠎ᠶ᠋ᠢᠨ᠎ᠬᠢᠨ᠎ᠤ ᠬᠠᠤᠯᠢ ᠴᠠᠭᠠᠵᠠ᠎ᠶ᠋ᠢᠨ ᠲᠦᠷᠢᠮ ᠪᠠ ᠬᠠᠤᠯᠢ᠎ᠪᠠᠷ ᠲᠣᠭ᠍ᠲᠠᠭᠠᠭ᠍ᠰᠠᠨ ᠲᠤᠱᠢᠶᠠᠯ ᠬᠠᠷᠢᠭᠤᠴᠠᠯᠭ᠎ᠠ᠎ᠶ᠋ᠢ ᠴᠢᠩᠭ᠎ᠠ ᠨᠠᠢᠳᠠᠪᠤᠷᠢᠵᠢᠭᠤᠯᠬᠤ᠎ᠶ᠋ᠢ ᠠᠬᠢᠭᠤᠯᠪᠠ᠃ ᠳᠤᠮᠳᠠ ᠵᠢᠵᠢᠭ ᠠᠵᠤ ᠠᠬᠤᠢᠯᠠᠯ᠎ᠢ ᠠᠬᠢᠭᠤᠯᠬᠤ ᠬᠠᠤᠯᠢ᠂ ᠤᠰᠤᠨ᠎ᠤ ᠪᠣᠬᠢᠷᠲᠤᠯ᠎ᠢ ᠰᠡᠷᠭᠡᠢᠯᠡᠨ ᠵᠠᠰᠠᠬᠤ ᠬᠠᠤᠯᠢ᠂ ᠳᠡᠭᠡᠳᠦ ᠵᠡᠷᠭᠡ᠎ᠶ᠋ᠢᠨ ᠰᠤᠷᠭᠠᠨ ᠬᠥᠮᠦᠵᠢᠯ᠎ᠤᠨ ᠬᠠᠤᠯᠢ᠂ ᠠᠵᠢᠯ ᠣᠯᠭᠤᠯᠲᠠ᠎ᠶ᠋ᠢ ᠠᠬᠢᠭᠤᠯᠬᠤ ᠬᠠᠤᠯᠢ᠂ ᠳᠠᠬᠢᠠ ᠡᠭᠦᠰᠴᠦ᠍ ᠪᠣᠯᠬᠤ ᠡᠨᠧᠷᠭᠢ᠎ᠶ᠋ᠢᠨ ᠰᠤᠷᠪᠤᠯᠵᠢ᠎ᠶ᠋ᠢᠨ ᠬᠠᠤᠯᠢ᠂ ᠵᠢᠭᠠᠰᠤᠨ ᠠᠵᠤ ᠠᠬᠤᠶ᠎ᠶ᠋ᠢᠨ ᠬᠠᠤᠯᠢ ᠵᠡᠷᠭᠡ 6 ᠬᠠᠤᠯᠢ᠎ᠶ᠋ᠢ ᠬᠡᠷᠡᠭ᠌ᠵᠢᠭᠦᠯᠦᠭ᠌ᠰᠡᠨ ᠪᠠᠢᠳᠠᠯ᠎ᠢ ᠪᠠᠢᠴᠠᠭᠠᠵᠤ᠂ ᠳᠤᠮᠳᠠ ᠵᠢᠵᠢᠭ ᠠᠵᠤ ᠠᠬᠤᠢᠯᠠᠯ᠎ᠢ ᠠᠬᠢᠭᠤᠯᠬᠤ ᠬᠠᠤᠯᠢ᠂ ᠤᠰᠤᠨ᠎ᠤ ᠪᠣᠬᠢᠷᠲᠤᠯ᠎ᠢ ᠰᠡᠷᠭᠡᠢᠯᠡᠨ ᠵᠠᠰᠠᠬᠤ ᠬᠠᠤᠯᠢ᠎ᠶ᠋ᠢᠨ ᠬᠠᠤᠯᠢ ᠬᠡᠷᠡᠭ᠌ᠵᠢᠭᠦᠯᠦᠯᠲᠡ᠎ᠶ᠋ᠢᠨ ᠪᠠᠢᠴᠠᠭᠠᠯᠲᠠ᠎ᠶ᠋ᠢᠨ ᠮᠡᠳᠡᠭᠦᠯᠦᠯᠲᠡ᠎ᠶ᠋ᠢ ᠬᠢᠨᠠᠨ ᠶᠠᠷᠢᠯᠴᠠᠬᠤ᠎ᠲᠠᠢ ᠤᠶᠠᠯᠳᠤᠭᠤᠯᠤᠨ 2 ᠣᠳᠠᠭ᠎ᠠ᠎ᠶ᠋ᠢᠨ ᠲᠤᠰᠭᠠᠶ ᠰᠡᠳᠦᠪᠲᠦ ᠯᠠᠪᠯᠠᠨ ᠠᠰᠠᠭᠤᠬᠤ᠎ᠶ᠋ᠢ ᠥᠷᠨᠢᠭᠦᠯᠪᠡ᠃ ᠤᠰᠤᠨ᠎ᠤ ᠪᠣᠬᠢᠷᠲᠤᠯ᠎ᠢ ᠰᠡᠷᠭᠡᠢᠯᠡᠨ ᠵᠠᠰᠠᠬᠤ ᠬᠠᠤᠯᠢ ᠵᠡᠷᠭᠡ 4 ᠬᠠᠤᠯᠢ ᠬᠡᠷᠡᠭ᠌ᠵᠢᠭᠦᠯᠦᠯᠲᠡ᠎ᠶ᠋ᠢᠨ ᠪᠠᠢᠴᠠᠭᠠᠯᠲᠠ ᠳᠤᠮᠳᠠ᠂ ᠭᠤᠷᠪᠠᠳᠠᠬᠢ ᠲᠠᠯ᠎ᠠ᠎ᠶ᠋ᠢᠨ ᠦᠨᠡᠯᠡᠨ ᠵᠢᠱ᠌ᠢᠯᠲᠡ᠎ᠶ᠋ᠢ ᠣᠷᠣᠭᠤᠯᠵᠤ᠂ ᠪᠠᠢᠴᠠᠭᠠᠯᠲᠠ᠎ᠶ᠋ᠢᠨ ᠱᠢᠨᠵᠢᠯᠡᠬᠦ᠌ ᠤᠬᠠᠭᠠᠨᠴᠢ ᠴᠢᠨᠠᠷ᠂ ᠪᠤᠰᠤᠳᠴᠢ ᠴᠢᠨᠠᠷ᠂ ᠡᠷᠬᠡ ᠰᠦᠷᠲᠦ ᠴᠢᠨᠠᠷ᠎ᠢ ᠳᠡᠭᠡᠭ᠌ᠰᠢᠯᠡᠭᠦᠯᠪᠡ᠃ ᠬᠠᠤᠯᠢ ᠴᠠᠭᠠᠵᠠ᠎ᠶ᠋ᠢ ᠬᠡᠷᠡᠭ᠌ᠵᠢᠭᠦᠯᠦᠭ᠌ᠰᠡᠨ ᠪᠠᠢᠳᠠᠯ᠎ᠢ ᠦᠨᠡᠯᠡᠬᠦ᠌ ᠱᠢᠨ᠎ᠡ ᠬᠡᠯᠪᠡᠷᠢ ᠱᠢᠨ᠎ᠡ ᠠᠷᠭ᠎ᠠ᠎ᠶ᠋ᠢ ᠢᠳᠡᠪᠬᠢᠲᠡᠶ᠎ᠪᠠᠷ ᠬᠠᠢᠨ ᠰᠦᠪᠡᠭ᠌ᠴᠢᠯᠡᠵᠦ᠍᠂ ᠳᠤᠮᠳᠠ ᠵᠢᠵᠢᠭ ᠠᠵᠤ ᠠᠬᠤᠢᠯᠠᠯ᠎ᠢ ᠠᠬᠢᠭᠤᠯᠬᠤ ᠬᠠᠤᠯᠢ᠂ ᠠᠵᠤ ᠠᠬᠤᠢᠯᠠᠯ᠎ᠤᠨ ᠳᠠᠮᠫᠤᠷᠠᠯ᠎ᠤᠨ ᠬᠠᠤᠯᠢ᠂ ᠦᠢᠯᠡᠳᠬᠦᠨ᠎ᠤ ᠶᠠᠰᠤ ᠴᠢᠨᠠᠷ᠎ᠤᠨ ᠬᠠᠤᠯᠢ᠎ᠳᠤ ᠬᠠᠤᠯᠢ ᠲᠣᠭ᠍ᠲᠠᠭᠠᠭ᠍ᠰᠠᠨ᠎ᠤ ᠳᠠᠷᠠᠭᠠᠬᠢ ᠦᠨᠡᠯᠡᠨ ᠵᠢᠱ᠌ᠢᠯᠳᠠ ᠥᠷᠨᠢᠭᠦᠯᠵᠦ᠍᠂ ᠬᠠᠤᠯᠢ ᠲᠣᠭ᠍ᠲᠠᠭᠠᠬᠤ ᠱᠢᠢᠳᠪᠦᠷᠢᠲᠦ ᠪᠤᠳᠤᠯᠭ᠎ᠠ᠂ ᠲᠦᠷᠢᠮ᠎ᠤᠨ ᠵᠢᠷᠤᠭ ᠲᠥᠯᠥᠪᠯᠡᠭᠡ᠂ ᠬᠠᠤᠯᠢ ᠴᠠᠭᠠᠵᠠ᠎ᠶ᠋ᠢᠨ ᠬᠡᠷᠡᠭ᠌ᠵᠢᠭᠦᠯᠦᠯᠲᠡ ᠪᠠ ᠦᠷ᠎ᠡ ᠪᠦᠲᠦᠮᠵᠢ᠎ᠶ᠋ᠢᠨ ᠬᠠᠷᠢᠭᠤ ᠲᠤᠰᠭᠠᠯ᠎ᠤᠨ ᠪᠢᠲᠡᠭᠦᠦ ᠴᠠᠭᠠᠷᠢᠭ᠎ᠢ ᠪᠤᠢ ᠪᠣᠯᠭᠠᠵᠤ᠂ ᠬᠠᠤᠯᠢ ᠲᠣᠭ᠍ᠲᠠᠭᠠᠬᠤ ᠪᠠ ᠬᠢᠨᠠᠯᠲᠠ ᠲᠠᠯᠪᠢᠬᠤ ᠠᠵᠢᠯ᠎ᠤᠨ ᠴᠢᠨᠠᠷ ᠴᠢᠨᠰᠠᠭ᠎ᠠ᠎ᠶ᠋ᠢ ᠳᠡᠭᠡᠭ᠌ᠰᠢᠯᠡᠭᠦᠯᠪᠠ᠃
    ᠳᠥᠷᠪᠡ᠂ ᠲᠥᠯᠦᠭᠡᠯᠡᠭ᠌ᠴᠢᠳ᠎ᠤᠨ ᠬᠠᠤᠯᠢ ᠶᠣᠰᠤᠭᠠᠷ ᠲᠤᠱᠢᠶᠠᠯ ᠬᠠᠷᠢᠭᠤᠴᠠᠯᠭ᠎ᠠ᠎ᠪᠠᠨ ᠭᠦᠢᠴᠡᠳᠭᠡᠬᠦ᠌᠎ᠶ᠋ᠢ ᠳᠡᠮᠵᠢᠬᠦ᠌ ᠪᠠ ᠲᠡᠭᠦᠨ᠎ᠳᠤ ᠦᠢᠯᠡᠴᠢᠯᠡᠬᠦ᠌ ᠠᠵᠢᠯ᠎ᠤᠨ ᠳᠥᠷᠢᠮ ᠲᠣᠭ᠍ᠲᠠᠴᠠ᠎ᠶ᠋ᠢᠨ ᠪᠠᠢᠭᠤᠯᠤᠯᠲᠠ᠎ᠶ᠋ᠢ ᠪᠥᠬᠦ᠌ ᠲᠠᠯ᠎ᠠ᠎ᠪᠠᠷ ᠴᠢᠩᠭᠠᠳᠭᠠᠪᠠ
    ᠪᠦᠬᠦ᠌ ᠤᠯᠤᠰ᠎ᠤᠨ ᠠᠷᠠᠳ᠎ᠤᠨ ᠲᠦᠯᠦᠭᠡᠯᠡᠭ᠌ᠴᠢᠳ᠎ᠤᠨ ᠶᠡᠭᠡ ᠬᠤᠷᠠᠯ᠎ᠤᠨ ᠲᠥᠯᠦᠭᠡᠯᠡᠭ᠌ᠴᠢ ᠪᠤᠯ ᠳᠦᠷᠦ᠎ᠶ᠋ᠢᠨ ᠲᠡᠭᠡᠳᠦ ᠡᠷᠭᠡᠳᠦ ᠪᠠᠢᠭᠤᠯᠭ᠎ᠠ᠎ᠶ᠋ᠢᠨ ᠪᠥᠷᠢᠯᠳᠦᠬᠦᠨ ᠮᠦᠨ᠃ ᠲᠥᠯᠦᠭᠡᠯᠡᠭ᠌ᠴᠢᠳ᠎ᠤᠨ ᠡᠷᠬᠡ᠎ᠶ᠋ᠢ ᠬᠦᠨᠳᠦᠳᠭᠡᠬᠦ᠌ ᠪᠣᠯ ᠳᠠᠷᠤᠢ ᠠᠷᠠᠳ ᠲᠥᠮᠡᠨ᠎ᠤ ᠡᠷᠬᠡ᠎ᠶ᠋ᠢ ᠬᠦᠨᠳᠦᠳᠭᠡᠬᠦ᠌ ᠶᠠᠪᠤᠳᠠᠯ ᠮᠦᠨ᠂ ᠲᠥᠯᠦᠭᠡᠯᠡᠭ᠌ᠴᠢᠳ᠎ᠤᠨ ᠬᠠᠤᠯᠢ ᠶᠤᠰᠤᠭᠠᠷ ᠲᠤᠱᠢᠶᠠᠯ ᠬᠠᠷᠢᠭᠤᠴᠠᠯᠭ᠎ᠠ᠎ᠪᠠᠨ ᠭᠦᠢᠴᠡᠳᠭᠡᠬᠦ᠌᠎ᠶ᠋ᠢ ᠪᠠᠲᠤᠯᠠᠬᠤ ᠪᠣᠯ ᠳᠠᠷᠤᠢ ᠠᠷᠠᠳ ᠲᠥᠮᠡᠨ᠎ᠤ ᠡᠷᠬᠡ ᠮᠡᠳᠡᠵᠦ᠍ ᠡᠵᠡᠨ ᠰᠠᠭᠤᠬᠤ᠎ᠶ᠋ᠢ ᠪᠡᠲᠤᠯᠠᠬᠤ ᠶᠠᠪᠤᠳᠠᠯ ᠮᠦᠨ᠃ ᠡᠭᠦᠨ᠎ᠤ ᠲᠤᠯᠠᠳᠠ᠂ ᠪᠠᠢᠩᠭᠤ᠎ᠶ᠋ᠢᠨ ᠬᠤᠷᠢᠶ᠎ᠠ ᠪᠦᠬᠦ᠌ ᠤᠯᠤᠰ᠎ᠤᠨ ᠠᠷᠠᠳ᠎ᠤᠨ ᠲᠥᠯᠦᠭᠡᠯᠡᠭ᠌ᠴᠢᠳ᠎ᠤᠨ ᠶᠡᠭᠡ ᠬᠤᠷᠠᠯ᠎ᠤᠨ ᠲᠥᠯᠦᠭᠡᠯᠡᠭ᠌ᠴᠢ᠎ᠶ᠋ᠢᠨ ᠠᠵᠢᠯ᠎ᠢ ᠴᠢᠩᠭᠠᠳᠭᠠᠨ ᠰᠠᠢᠵᠢᠷᠠᠭᠤᠯᠬᠤ ᠲᠤᠬᠠᠢ 35 ᠵᠣᠷᠪᠤᠰ ᠪᠤᠳᠠᠲᠠᠢ ᠠᠷᠭ᠎ᠠ ᠬᠡᠮᠵᠢᠶ᠎ᠡ᠎ᠶ᠋ᠢ ᠲᠣᠭ᠍ᠲᠠᠭᠠᠵᠤ᠂ ᠲᠥᠯᠦᠭᠡᠯᠡᠭ᠌ᠴᠢᠳ᠎ᠤᠨ ᠬᠠᠤᠯᠢ ᠶᠣᠰᠤᠭᠠᠷ ᠲᠤᠱᠢᠶᠠᠯ ᠬᠠᠷᠢᠭᠤᠴᠠᠯᠭ᠎ᠠ᠎ᠪᠠᠨ ᠭᠦᠢᠴᠡᠳᠭᠡᠬᠦ᠌᠎ᠶ᠋ᠢ ᠨᠡᠩ ᠰᠠᠢᠨ ᠳᠡᠮᠵᠢᠨ ᠪᠠᠲᠤᠯᠠᠪᠠ᠃
    ᠲᠥᠯᠦᠭᠡᠯᠡᠭ᠌ᠴᠢᠳ᠎ᠤᠨ ᠰᠠᠨᠠᠯ ᠵᠥᠪᠯᠡᠯᠭᠡ ᠪᠠ ᠰᠠᠨᠠᠭᠤᠯᠭ᠎ᠠ᠎ᠶ᠋ᠢ ᠬᠢᠨᠠᠮᠠᠭᠠᠢ ᠱᠢᠢᠳᠪᠦᠷᠢᠯᠡᠪᠠ᠃ ᠠᠷᠪᠠᠨ ᠭᠤᠷᠪᠠᠳᠤᠭᠠᠷ ᠬᠤᠭᠤᠴᠠᠭᠠᠨ᠎ᠤ ᠪᠦᠬᠦ᠌ ᠤᠯᠤᠰ᠎ᠤᠨ ᠠᠷᠠᠳ᠎ᠤᠨ ᠲᠥᠯᠦᠭᠡᠯᠡᠭ᠌ᠴᠢᠳ᠎ᠤᠨ ᠶᠡᠭᠡ ᠬᠤᠷᠠᠯ᠎ᠤᠨ ᠬᠤᠶᠠᠳᠤᠭᠠᠷ ᠬᠤᠷᠠᠯᠳᠤᠭᠠᠨ᠎ᠤ ᠬᠤᠭᠤᠴᠠᠭᠠᠨ᠎ᠳᠤ ᠲᠥᠯᠦᠭᠡᠯᠡᠭ᠌ᠴᠢᠳ᠎ᠤᠨ ᠳᠤᠷᠠᠳᠤᠭ᠍ᠰᠠᠨ ᠰᠠᠨᠠᠯ ᠵᠥᠪᠯᠡᠯᠭᠡ ᠪᠠ ᠰᠠᠨᠠᠭᠤᠯᠭ᠎ᠠ᠎ᠶ᠋ᠢ ᠪᠦᠬᠦ᠌ ᠤᠯᠤᠰ᠎ᠤᠨ ᠠᠷᠠᠳ᠎ᠤᠨ ᠲᠥᠯᠦᠭᠡᠯᠡᠭ᠌ᠴᠢᠳ᠎ᠤᠨ ᠶᠡᠭᠡ ᠬᠤᠷᠠᠯ᠎ᠤᠨ ᠲᠤᠰᠭᠠᠢ ᠵᠥᠪᠯᠡᠯ ᠬᠠᠤᠯᠢ ᠶᠣᠰᠤᠭᠠᠷ ᠬᠢᠨᠠᠨ ᠶᠠᠷᠢᠯᠴᠠᠵᠤ᠂ ᠬᠤᠯᠪᠤᠭ᠍ᠳᠠᠯ ᠪᠦᠬᠦᠢ ᠳᠠᠭᠠᠭᠠᠨ ᠱᠢᠢᠳᠪᠦᠷᠢᠯᠡᠬᠦ᠌ ᠨᠢᠭᠡᠴᠢ ᠦᠷ᠎ᠡ ᠳ᠋ᠦᠩ ᠪᠠ ᠶᠠᠪᠤᠴᠠ᠎ᠶ᠋ᠢ ᠵᠡᠷᠭᠡ᠎ᠪᠠᠷ ᠴᠢᠬᠤᠯᠠᠴᠢᠯᠠᠬᠤ᠎ᠶ᠋ᠢ ᠪᠠᠷᠢᠮᠲᠠᠯᠠᠵᠤ᠂ ᠨᠢᠭᠡ ᠨᠢᠭᠡ᠎ᠪᠠᠷ ᠬᠠᠷᠢᠯᠴᠠᠵᠤ᠂ ᠨᠢᠭᠤᠷᠳᠠᠨ ᠨᠡᠪᠲᠠᠷᠡᠯᠴᠡᠵᠦ᠍᠂ ᠰᠶ᠋ᠢᠳᠪᠦᠷᠢᠯᠡᠭ᠌ᠰᠡᠨ ᠪᠠᠢᠳᠠᠯ ᠪᠠ ᠦᠷ᠎ᠡ ᠳ᠋ᠦᠩ᠎ᠢᠶᠠᠨ ᠲᠥᠯᠥᠭᠡᠯᠡᠭ᠌ᠴᠢ ᠵᠢᠴᠢ ᠤᠤᠯ ᠰᠣᠩᠭᠤᠭᠤᠯᠢ᠎ᠶ᠋ᠢᠨ ᠨᠢᠭᠡᠴᠢ᠎ᠳᠤ ᠴᠠᠭ ᠲᠤᠬᠠᠶ᠎ᠳᠤᠨᠢ ᠮᠡᠳᠡᠭ᠌ᠳᠡᠪᠡ᠃ ᠲᠡᠷᠢᠭᠦᠯᠡᠭ᠌ᠴᠢᠳ᠎ᠤᠨ ᠪᠦᠯᠬᠦᠮ᠎ᠤᠨ ᠬᠢᠨᠠᠨ ᠶᠠᠷᠢᠯᠴᠠᠭᠤᠯᠬᠤ᠎ᠪᠠᠷ ᠲᠤᠱᠢᠶᠠᠭ᠍ᠰᠠᠨ 491 ᠬᠤᠪᠢ ᠲᠥᠯᠥᠭᠡᠯᠡᠭ᠌ᠴᠢ᠎ᠶ᠋ᠢᠨ ᠰᠠᠨᠠᠯ ᠵᠥᠪᠯᠡᠯᠭᠡ᠎ᠶ᠋ᠢ ᠴᠥᠮ ᠰᠶ᠋ᠢᠳᠪᠦᠷᠢᠯᠡᠵᠦ᠍ ᠳᠠᠭᠤᠰᠭᠠᠪᠠ᠂ ᠡᠭᠦᠨ᠎ᠤ ᠳᠣᠲᠣᠷᠠᠬᠢ 27 ᠬᠤᠪᠢ ᠰᠠᠨᠠᠯ ᠵᠥᠪᠯᠡᠯᠭᠡ᠎ᠳᠤ ᠬᠤᠯᠪᠣᠭ᠍ᠳᠠᠭ᠍ᠰᠠᠨ 12 ᠬᠠᠤᠯᠢ ᠲᠣᠭ᠍ᠲᠠᠭᠠᠬᠤ ᠵᠦᠢᠯᠡᠰ᠎ᠢ ᠨᠢᠭᠡᠨᠲᠡ ᠬᠢᠨᠠᠨ ᠶᠠᠷᠢᠯᠴᠠᠨ ᠪᠠᠲᠤᠯᠠᠵᠤ᠂ 56 ᠬᠤᠪᠢ ᠰᠠᠨᠠᠯ ᠵᠥᠪᠯᠡᠯᠭᠡ᠎ᠳᠤ ᠬᠤᠯᠪᠣᠭ᠍ᠳᠠᠭ᠍ᠰᠠᠨ 9 ᠬᠠᠤᠯᠢ ᠲᠣᠭ᠍ᠲᠠᠭᠠᠬᠤ ᠵᠦᠢᠯᠡᠰ᠎ᠢ ᠨᠢᠭᠡᠨᠲᠡ ᠬᠢᠨᠠᠨ ᠶᠠᠷᠢᠯᠴᠠᠭᠤᠯᠬᠤ᠎ᠪᠠᠷ ᠳᠡᠪᠱᠢᠭᠦᠯᠵᠦ᠍᠂ 191 ᠬᠤᠪᠢ ᠰᠠᠨᠠᠯ ᠵᠥᠪᠯᠡᠯᠭᠡ᠎ᠳᠤ ᠬᠤᠯᠪᠣᠭ᠍ᠳᠠᠭ᠍ᠰᠠᠨ 65 ᠬᠠᠤᠯᠢ ᠲᠣᠭ᠍ᠲᠠᠭᠠᠬᠤ ᠵᠦᠢᠯᠡᠰ᠎ᠢ ᠨᠢᠭᠡᠨᠲᠡ ᠬᠠᠤᠯᠢ ᠲᠣᠭ᠍ᠲᠠᠭᠠᠬᠤ ᠲᠥᠯᠥᠪᠵᠢᠭᠦᠯᠭᠡ ᠪᠤᠶᠤ ᠲᠥᠯᠥᠪᠯᠡᠭᠡ᠎ᠳᠤ ᠣᠷᠣᠭᠤᠯᠵᠠᠢ᠃ 8160 ᠬᠤᠪᠢ ᠰᠠᠨᠠᠭᠤᠯᠭ᠎ᠠ᠎ᠶ᠋ᠢ 193 ᠳᠠᠭᠠᠭᠠᠨ ᠰᠶ᠋ᠢᠳᠪᠦᠷᠢᠯᠡᠬᠦ᠌ ᠨᠢᠭᠡᠴᠢ᠎ᠳᠤ ᠲᠤᠱᠢᠶᠠᠨ ᠥᠭ᠌ᠴᠦ ᠰᠶ᠋ᠢᠳᠪᠦᠷᠢᠯᠡᠭᠦᠯᠬᠦ᠌᠎ᠶ᠋ᠢᠨ ᠬᠠᠮᠲᠤ ᠲᠥᠯᠥᠭᠡᠯᠡᠭ᠌ᠴᠢᠳ᠎ᠲᠤ ᠬᠠᠷᠢᠭᠤᠯᠲᠠ ᠥᠭ᠌ᠴᠦ᠂ ᠳᠤᠷᠠᠳᠤᠭ᠍ᠰᠠᠨ ᠠᠰᠠᠭᠤᠳᠠᠯ᠎ᠢ᠎ᠨᠢ ᠰᠶ᠋ᠢᠳᠪᠦᠷᠢᠯᠡᠭ᠌ᠰᠡᠨ ᠪᠤᠶᠤ ᠠᠯᠬᠤᠮ ᠠᠯᠬᠤᠮ᠎ᠢᠶᠠᠷ ᠰᠶ᠋ᠢᠳᠪᠦᠷᠢᠯᠡᠬᠦ᠌᠎ᠪᠠᠷ ᠲᠥᠯᠥᠪᠯᠡᠵᠦ᠍ ᠪᠠᠢᠭ᠎ᠠ᠎ᠨᠢ ᠰᠠᠨᠠᠭᠤᠯᠭ᠎ᠠ᠎ᠶ᠋ᠢᠨ ᠶᠡᠷᠦᠩᠬᠡᠶ ᠲᠣᠭᠠᠨ᠎ᠤ 71.3% ᠎ᠶ᠋ᠢ ᠡᠵᠡᠯᠡᠪᠡ᠃ ᠲᠣᠭ᠍ᠲᠠᠭᠠᠭ᠍ᠰᠠᠨ 22 ᠵᠦᠢᠯ᠎ᠤᠨ ᠭᠤᠤᠯᠳᠠᠯᠭ᠎ᠠ᠎ᠲᠠᠢ ᠱᠢᠪᠠᠳᠠᠨ ᠰᠶ᠋ᠢᠳᠪᠦᠷᠢᠯᠡᠭᠦᠯᠬᠦ᠌ ᠰᠠᠨᠠᠭᠤᠯᠭ᠎ᠠ᠎ᠨᠢ 276 ᠬᠤᠪᠢ ᠲᠥᠯᠥᠭᠡᠯᠡᠭ᠌ᠴᠢ᠎ᠶ᠋ᠢᠨ ᠰᠠᠨᠠᠭᠤᠯᠭ᠎ᠠ᠎ᠳᠤ ᠬᠤᠯᠪᠣᠭ᠍ᠳᠠᠵᠤ᠂ 7 ᠲᠤᠰᠭᠠᠶ ᠵᠥᠪᠯᠡᠯ᠎ᠠᠴᠠ ᠬᠠᠷᠢᠭᠤᠴᠠᠨ ᠱᠢᠪᠠᠳᠠᠨ ᠰᠶ᠋ᠢᠳᠪᠦᠷᠢᠯᠡᠭᠦᠯᠵᠦ᠍᠂ ᠨᠢᠭᠡ ᠪᠦᠯᠦᠭ ᠪᠣᠳᠠᠲᠠᠶ ᠠᠰᠠᠭᠤᠳᠠᠯ᠎ᠢ ᠠᠬᠢᠭᠤᠯᠤᠨ ᠰᠶ᠋ᠢᠳᠪᠦᠷᠢᠯᠡᠪᠡ᠃ ᠬᠤᠷᠠᠯ ᠲᠡᠭᠦᠰᠦᠭ᠌ᠰᠡᠨ ᠬᠤᠭᠤᠴᠠᠭᠠᠨ᠎ᠳᠤ ᠲᠥᠯᠥᠭᠡᠯᠡᠭ᠌ᠴᠢᠳ᠎ᠤᠨ ᠳᠤᠷᠠᠳᠤᠭ᠍ᠰᠠᠨ 560 ᠬᠤᠪᠢ ᠰᠠᠨᠠᠯ ᠰᠠᠨᠠᠭᠤᠯᠭ᠎ᠠ᠎ᠶ᠋ᠢ ᠨᠠᠷᠢᠨ ᠬᠢᠨᠠᠮᠠᠭᠠᠶ ᠰᠶ᠋ᠢᠳᠪᠦᠷᠢᠯᠡᠪᠡ᠂ ᠡᠭᠦᠨ᠎ᠳᠤ ᠲᠥᠯᠥᠭᠡᠯᠡᠭ᠌ᠴᠢᠳ᠎ᠤᠨ ᠱᠢᠭᠤᠳ ᠳᠤᠷᠠᠳᠤᠭ᠍ᠰᠠᠨ 210 ᠬᠤᠪᠢ᠂ ᠬᠤᠷᠢᠶᠠᠨ ᠳᠠᠷᠤᠭ᠎ᠠ ᠨᠠᠷ᠎ᠤᠨ ᠬᠤᠷᠠᠯᠳᠤᠭᠠᠨ᠎ᠤ ᠪᠦᠷᠢᠯᠳᠦᠬᠦᠨ ᠨᠠᠷ᠎ᠤᠨ ᠳᠠᠮᠵᠢᠭᠤᠯᠤᠨ ᠲᠤᠱᠢᠶᠠᠭ᠍ᠰᠠᠨ 63 ᠬᠤᠪᠢ᠂ ᠪᠠᠢᠩᠭᠤ᠎ᠶ᠋ᠢᠨ ᠬᠤᠷᠢᠶᠠᠨ᠎ᠤ ᠭᠡᠱᠢᠭᠦᠳ᠎ᠤᠨ ᠳᠠᠮᠵᠢᠭᠤᠯᠤᠨ ᠲᠤᠱᠢᠶᠠᠭ᠍ᠰᠠᠨ 10 ᠬᠤᠪᠢ᠂ ᠪᠠᠢᠩᠭᠤ᠎ᠶ᠋ᠢᠨ ᠬᠤᠷᠢᠶᠠᠨ᠎ᠤ ᠬᠤᠷᠠᠯᠳᠤᠭᠠᠨ᠎ᠤ ᠬᠤᠭᠤᠴᠠᠭᠠᠨ᠎ᠳᠤ ᠰᠤᠯᠠ ᠣᠷᠣᠯᠴᠠᠭ᠍ᠰᠠᠨ ᠲᠥᠯᠥᠭᠡᠯᠡᠭ᠌ᠴᠢᠳ᠎ᠤᠨ ᠳᠤᠷᠠᠳᠤᠭ᠍ᠰᠠᠨ 277 ᠬᠤᠪᠢ ᠪᠠᠭ᠍ᠲᠠᠨ᠎ᠠ᠃
    ᠬᠠᠤᠯᠢ ᠲᠣᠭ᠍ᠲᠠᠭᠠᠬᠤ ᠠᠵᠢᠯ᠎ᠳᠠᠬᠢ ᠲᠥᠯᠥᠭᠡᠯᠡᠭ᠌ᠴᠢᠳ᠎ᠤᠨ ᠦᠢᠯᠡᠳᠦᠯ᠎ᠢ ᠪᠠᠳᠠᠷᠠᠭᠤᠯᠪᠠ᠃ ᠲᠥᠯᠥᠭᠡᠯᠡᠭ᠌ᠴᠢᠳ᠎ᠤᠨ ᠰᠠᠨᠠᠯ ᠵᠥᠪᠯᠡᠯᠭᠡ ᠰᠠᠨᠠᠭᠤᠯᠭ᠎ᠠ᠎ᠶ᠋ᠢ ᠦᠨᠳᠦᠰᠦᠯᠡᠨ ᠬᠠᠤᠯᠢ ᠲᠣᠭ᠍ᠲᠠᠭᠠᠬᠤ ᠵᠦᠢᠯᠡᠰ᠎ᠢ ᠰᠤᠳᠤᠯᠤᠨ ᠲᠣᠭ᠍ᠲᠠᠭᠠᠵᠤ᠂ ᠲᠥᠯᠥᠭᠡᠯᠡᠭ᠌ᠴᠢᠳ᠎ᠢ ᠤᠷᠢᠵᠤ ᠬᠠᠤᠯᠢ ᠴᠠᠭᠠᠵᠠ᠎ᠶ᠋ᠢᠨ ᠲᠥᠰᠦᠯ᠎ᠢ ᠪᠠᠢᠴᠠᠭᠠᠨ ᠰᠤᠳᠤᠯᠬᠤ᠂ ᠲᠤᠭᠤᠷᠪᠢᠬᠤ᠂ ᠨᠤᠲᠠᠯᠠᠬᠤ᠂ ᠬᠢᠨᠠᠨ ᠶᠠᠷᠢᠯᠴᠠᠬᠤ᠂ ᠦᠨᠡᠯᠡᠨ ᠵᠢᠱ᠌ᠢᠬᠦ᠌ ᠵᠡᠷᠭᠡ ᠠᠵᠢᠯ᠎ᠳᠤ ᠱᠢᠭᠤᠳ ᠣᠷᠣᠯᠴᠠᠭᠤᠯᠪᠠ᠃ ᠶᠡᠷᠦᠩᠬᠡᠢᠯᠡᠭ᠌ᠰᠡᠨ ᠴᠢᠨᠠᠷᠲᠠᠶ᠂ ᠰᠠᠭᠤᠷᠢ ᠴᠢᠨᠠᠷᠲᠠᠶ ᠴᠢᠬᠤᠯᠠ ᠬᠠᠤᠯᠢ ᠴᠠᠭᠠᠵᠠ᠎ᠶ᠋ᠢᠨ ᠲᠥᠰᠦᠯ᠎ᠢ ᠪᠦᠬᠦ᠌ ᠲᠥᠯᠥᠭᠡᠯᠡᠭ᠌ᠴᠢᠳ᠎ᠲᠤ ᠳᠠᠷᠤᠮᠠᠯᠯᠠᠨ ᠲᠠᠷᠬᠠᠭᠠᠵᠤ ᠰᠠᠨᠠᠯ᠎ᠢ᠎ᠨᠢ ᠬᠤᠷᠢᠶᠠᠵᠤ᠂ ᠲᠤᠰᠭᠠᠶ ᠮᠡᠷᠭᠡᠵᠢᠯ᠎ᠤᠨ ᠴᠢᠨᠠᠷ᠎ᠢᠶᠠᠷ ᠴᠢᠩᠭ᠎ᠠ ᠬᠠᠤᠯᠢ ᠴᠠᠭᠠᠵᠠ᠎ᠶ᠋ᠢᠨ ᠲᠥᠰᠦᠯ᠎ᠢ ᠬᠤᠯᠪᠣᠭ᠍ᠳᠠᠯ ᠪᠦᠬᠦᠢ ᠲᠤᠰᠭᠠᠶ ᠮᠡᠷᠭᠡᠵᠢᠯ᠎ᠤᠨ ᠪᠤᠶᠤ ᠬᠦᠷᠢᠶᠡᠨ᠎ᠤ ᠲᠥᠯᠥᠭᠡᠯᠡᠭ᠌ᠴᠢᠳ᠎ᠲᠤ ᠳᠠᠷᠤᠮᠠᠯᠯᠠᠨ ᠲᠠᠷᠬᠠᠭᠠᠵᠤ ᠰᠠᠨᠠᠯ ᠬᠤᠷᠢᠶᠠᠪᠠ᠃
    ᠪᠠᠢᠩᠭᠤ᠎ᠶ᠋ᠢᠨ ᠬᠤᠷᠢᠶ᠎ᠠ ᠪᠣᠯᠤᠨ ᠲᠥᠯᠥᠭᠡᠯᠡᠭ᠌ᠴᠢᠳ᠎ᠤᠨ ᠬᠠᠷᠢᠯᠴᠠᠭ᠎ᠠ᠎ᠶ᠋ᠢ ᠴᠢᠩᠭᠠᠳᠭᠠᠪᠠ᠃ ᠪᠠᠢᠩᠭᠤ᠎ᠶ᠋ᠢᠨ ᠬᠤᠷᠢᠶᠠᠨ᠎ᠤ ᠪᠦᠷᠢᠯᠳᠦᠬᠦᠨ ᠨᠡᠷ ᠲᠥᠯᠥᠭᠡᠯᠡᠭ᠌ᠴᠢᠳ᠎ᠲᠠᠢ ᠬᠠᠷᠢᠯᠴᠠᠬᠤ ᠲᠣᠭ᠍ᠲᠠᠴᠠ᠎ᠶ᠋ᠢ ᠲᠡᠭᠦᠯᠳᠡᠷᠵᠢᠭᠦᠯᠵᠦ᠍᠂ ᠲᠤᠰᠭᠠᠶ ᠵᠥᠪᠯᠡᠯ᠂ ᠠᠵᠢᠯ᠎ᠤᠨ ᠵᠥᠪᠯᠡᠯ ᠪᠣᠯᠤᠨ ᠲᠥᠯᠥᠭᠡᠯᠡᠭ᠌ᠴᠢᠳ᠎ᠤᠨ ᠬᠠᠷᠢᠯᠴᠠᠭ᠎ᠠ᠎ᠶ᠋ᠢ ᠴᠢᠩᠭᠠᠳᠭᠠᠬᠤ᠎ᠶ᠋ᠢ ᠠᠬᠢᠭᠤᠯᠪᠠ᠃ ᠪᠠᠢᠩᠭᠤ᠎ᠶ᠋ᠢᠨ ᠬᠤᠷᠢᠶᠠᠨ᠎ᠤ ᠪᠦᠷᠢᠯᠳᠦᠬᠦᠨ ᠨᠡᠷ ᠤᠯᠠᠨ ᠵᠦᠢᠯ᠎ᠤᠨ ᠬᠡᠯᠪᠡᠷᠢ᠎ᠪᠠᠷ ᠲᠥᠯᠥᠭᠡᠯᠡᠭ᠌ᠴᠢᠳ᠎ᠲᠠᠢ ᠬᠠᠷᠢᠯᠴᠠᠨ᠂ ᠪᠠᠢᠳᠠᠯ᠎ᠢ ᠲᠤᠰᠭᠠᠬᠤ᠂ ᠰᠠᠨᠠᠯ ᠰᠣᠨᠣᠰᠭᠤ ᠠᠷᠭ᠎ᠠ ᠵᠠᠮ᠎ᠢ ᠱᠢᠯᠤᠭᠤᠳᠭᠠᠵᠤ᠂ ᠦᠨᠳᠦᠰᠦᠨ ᠱᠠᠲᠤᠨ᠎ᠤ ᠪᠠᠢᠳᠠᠯ᠎ᠢ ᠨᠡᠩ ᠰᠠᠢᠨ ᠣᠢᠯᠠᠭᠠᠨ᠂ ᠠᠷᠠᠳ ᠲᠦᠮᠡᠨ᠎ᠤ ᠬᠦᠰᠡᠯ ᠱᠠᠭᠠᠷᠳᠠᠯᠭ᠎ᠠ᠎ᠶ᠋ᠢ ᠨᠡᠩ ᠰᠠᠢᠨ ᠲᠤᠰᠭᠠᠪᠠ᠃ ᠲᠥᠯᠥᠭᠡᠯᠡᠭ᠌ᠴᠢᠳ᠎ᠤᠨ ᠪᠠᠢᠩᠭᠤ᠎ᠶ᠋ᠢᠨ ᠬᠤᠷᠢᠶ᠎ᠠ᠂ ᠲᠤᠰᠭᠠᠶ ᠵᠥᠪᠯᠡᠯ᠎ᠤᠨ ᠠᠵᠢᠯ᠎ᠳᠤ ᠣᠷᠣᠯᠴᠠᠬᠤ ᠲᠣᠭ᠍ᠲᠠᠴᠠ᠎ᠶ᠋ᠢ ᠪᠠᠢᠭᠤᠯᠤᠨ ᠪᠥᠷᠢᠨᠱᠢᠭᠦᠯᠵᠦ᠍᠂ ᠲᠥᠯᠥᠭᠡᠯᠡᠭ᠌ᠴᠢᠳ᠎ᠢ 74 ᠬᠥᠮᠦᠨ ᠤᠳᠠᠭ᠎ᠠ ᠵᠣᠬᠢᠶᠠᠨ ᠪᠠᠢᠭᠤᠯᠤᠨ ᠬᠠᠤᠯᠢ ᠬᠡᠷᠡᠭ᠌ᠵᠢᠭᠦᠯᠦᠯᠲᠡ᠎ᠶ᠋ᠢᠨ ᠪᠠᠢᠴᠠᠭᠠᠯᠲᠠ᠎ᠳᠤ ᠣᠷᠣᠯᠴᠠᠭᠤᠯᠵᠤ᠂ ᠲᠦᠯᠦᠭᠡᠯᠡᠭ᠌ᠴᠢᠳ᠎ᠢ 73 ᠬᠦᠮᠦᠨ ᠤᠳᠠᠭ᠎ᠠ ᠤᠷᠢᠨ ᠲᠦᠰᠦᠪ᠎ᠢ ᠬᠢᠨᠠᠨ ᠪᠠᠢᠴᠠᠭᠠᠵᠤ ᠬᠢᠨᠠᠯᠲᠠ ᠲᠠᠯᠪᠢᠬᠤ᠎ᠳᠤ ᠤᠷᠤᠯᠴᠠᠭᠤᠯᠤᠨ᠂ ᠲᠥᠯᠥᠭᠡᠯᠡᠭ᠌ᠴᠢᠳ᠎ᠢ 298 ᠬᠥᠮᠦᠨ ᠤᠳᠠᠭ᠎ᠠ ᠤᠷᠢᠵᠤ ᠪᠠᠢᠩᠭᠤ᠎ᠶ᠋ᠢᠨ ᠬᠤᠷᠢᠶᠠᠨ᠎ᠤ ᠬᠤᠷᠠᠯᠳᠤᠭᠠᠨ᠎ᠳᠤ ᠰᠤᠯᠠ ᠣᠷᠣᠯᠴᠠᠭᠤᠯᠵᠤ᠂ ᠰᠤᠯᠠ ᠣᠷᠣᠯᠴᠠᠭ᠍ᠰᠠᠨ ᠲᠥᠯᠥᠭᠡᠯᠡᠭ᠌ᠴᠢᠳ᠎ᠤᠨ ᠶᠠᠷᠢᠯᠴᠠᠬᠤ ᠬᠤᠷᠠᠯ᠎ᠢ 5 ᠤᠳᠠᠭ᠎ᠠ ᠬᠤᠷᠠᠯᠳᠤᠭᠤᠯᠪᠠ᠃
    ᠲᠥᠯᠥᠭᠡᠯᠡᠭ᠌ᠴᠢᠳ ᠪᠣᠯᠤᠨ ᠠᠷᠠᠳ ᠤᠯᠠᠨ᠎ᠤ ᠬᠤᠭᠤᠷᠣᠨᠳᠣᠬᠢ ᠬᠠᠷᠢᠯᠴᠠᠭ᠎ᠠ᠎ᠶ᠋ᠢ ᠨᠢᠭ᠍ᠲᠠᠷᠠᠭᠤᠯᠪᠠ᠃ ᠣᠷᠣᠨ ᠨᠤᠲᠤᠭ᠎ᠤᠨ ᠠᠷᠠᠳ᠎ᠤᠨ ᠲᠥᠯᠥᠭᠡᠯᠡᠭ᠌ᠴᠢᠳ᠎ᠤᠨ ᠶᠡᠭᠡ ᠬᠤᠷᠠᠯ᠎ᠠᠴᠠ ᠪᠦᠬᠦ᠌ ᠤᠯᠤᠰ᠎ᠤᠨ ᠠᠷᠠᠳ᠎ᠤᠨ ᠲᠥᠯᠥᠭᠡᠯᠡᠭ᠌ᠴᠢᠳ᠎ᠤᠨ ᠶᠡᠭᠡ ᠬᠤᠷᠠᠯ᠎ᠤᠨ ᠲᠥᠯᠥᠭᠡᠯᠡᠭ᠌ᠴᠢ᠎ᠶ᠋ᠢ ᠵᠣᠬᠢᠶᠠᠨ ᠪᠠᠢᠭᠤᠯᠵᠤ ᠤᠢᠷ᠎ᠠ ᠬᠠᠪᠢ᠎ᠳᠤᠨᠢ ᠪᠠᠢᠭ᠎ᠠ ᠲᠥᠯᠥᠭᠡᠯᠡᠭ᠌ᠴᠢᠳ᠎ᠤᠨ ᠬᠤᠯᠪᠣᠭ᠎ᠠ ᠠᠪᠬᠤ ᠦᠷᠳᠡᠭᠡ᠂ ᠲᠥᠯᠥᠭᠡᠯᠡᠭ᠌ᠴᠢᠳ᠎ᠤᠨ ᠭᠡᠷ ᠪᠠ ᠦᠨᠳᠦᠰᠦᠨ ᠱᠠᠲᠤᠨ᠎ᠤ ᠬᠠᠤᠯᠢ ᠲᠣᠭ᠍ᠲᠠᠭᠠᠬᠤ ᠬᠠᠷᠢᠯᠴᠠᠬᠤ ᠴᠡᠭ᠎ᠤᠨ ᠠᠵᠢᠯᠯᠠᠭ᠎ᠠ᠎ᠳᠤ ᠣᠷᠣᠯᠴᠠᠭᠤᠯᠬᠤ᠎ᠶ᠋ᠢ ᠠᠬᠢᠭᠤᠯᠪᠠ᠃ ᠣᠷᠣᠨ ᠨᠤᠲᠤᠭ᠎ᠤᠨ ᠡᠯ᠎ᠡ ᠱᠠᠲᠤᠨ᠎ᠤ ᠠᠷᠠᠳ᠎ᠤᠨ ᠲᠥᠯᠥᠭᠡᠯᠡᠭ᠌ᠴᠢᠳ᠎ᠤᠨ ᠶᠡᠭᠡ ᠬᠤᠷᠠᠯ ᠲᠥᠯᠥᠭᠡᠯᠡᠭ᠌ᠴᠢᠳ᠎ᠤᠨ ᠬᠤᠯᠪᠣᠭ᠎ᠠ ᠠᠪᠬᠤ ᠦᠷᠳᠡᠭᠡ ᠪᠠ ᠲᠥᠯᠥᠭᠡᠯᠡᠭ᠌ᠴᠢᠳ᠎ᠤᠨ ᠭᠡᠷ᠎ᠢ ᠨᠢᠭᠡᠨᠲᠡ 22.8 ᠲᠦᠮᠡ ᠪᠠᠢᠭᠤᠯᠵᠤ᠂ ᠲᠥᠯᠥᠭᠡᠯᠡᠭ᠌ᠴᠢᠳ᠎ᠤᠨ ᠲᠤᠱᠢᠶᠠᠯ ᠬᠠᠷᠢᠭᠤᠴᠠᠯᠭ᠎ᠠ᠎ᠪᠠᠨ ᠭᠦᠢᠴᠡᠳᠭᠡᠬᠦ᠌᠎ᠳᠤ ᠦᠨᠳᠦᠰᠦᠨ ᠱᠠᠲᠤᠨ᠎ᠳᠤ ᠰᠠᠭᠤᠷᠢᠯᠠᠬ᠍ᠰᠠᠨ᠂ ᠤᠯᠠᠨ ᠲᠦᠮᠡᠨ᠎ᠲᠠᠢ ᠣᠢᠷᠠᠲᠤᠭ᠍ᠰᠠᠨ᠂ ᠬᠤᠳᠠ ᠬᠥᠳᠡᠭᠡ᠎ᠶ᠋ᠢ ᠨᠡᠢᠳᠡᠮ ᠬᠠᠮᠤᠷᠤᠭ᠍ᠰᠠᠨ ᠠᠵᠢᠯ᠎ᠤᠨ ᠲᠠᠪᠴᠠᠩ᠎ᠢ ᠪᠠᠢᠭᠤᠯᠵᠤ ᠥᠭ᠌ᠪᠡ᠃ ᠥᠷᠭᠡᠨ ᠤᠯᠠᠨ ᠲᠥᠯᠥᠭᠡᠯᠡᠭ᠌ᠴᠢᠳ ᠤᠯᠠᠨ ᠵᠦᠢᠯ᠎ᠤᠨ ᠬᠡᠯᠪᠡᠷᠢ᠎ᠪᠠᠷ ᠳᠠᠮᠵᠢᠭᠤᠯᠤᠨ ᠤᠯᠠᠨ ᠲᠦᠮᠡᠨ᠎ᠤ ᠰᠠᠨᠠᠯ ᠰᠠᠨᠠᠭᠤᠯᠭ᠎ᠠ᠎ᠶ᠋ᠢ ᠰᠣᠨᠣᠰᠤᠨ ᠲᠤᠰᠭᠠᠵᠤ᠂ ᠳᠡᠭᠡᠳᠦ ᠱᠠᠲᠤᠨ᠎ᠤ ᠪᠠᠢᠳᠠᠯ᠎ᠢ ᠳᠣᠷᠣᠭ᠍ᠰᠢ ᠳᠠᠮᠵᠢᠭᠤᠯᠬᠤ᠂ ᠲᠤᠤᠷᠠᠳᠤ ᠱᠠᠲᠤᠨ᠎ᠤ ᠪᠠᠢᠳᠠᠯ᠎ᠢ ᠳᠡᠭᠡᠭ᠌ᠰᠢ ᠲᠤᠰᠭᠠᠬᠤ ᠴᠢᠬᠤᠯᠠ ᠦᠢᠯᠡᠳᠦᠯ᠎ᠢ ᠪᠠᠳᠠᠷᠠᠭᠤᠯᠪᠠ᠃
    ᠲᠥᠯᠥᠭᠡᠯᠡᠭ᠌ᠴᠢᠳ᠎ᠲᠤ ᠬᠠᠨᠳᠤᠭᠤᠯᠤᠭ᠍ᠰᠠᠨ ᠦᠢᠯᠡᠴᠢᠯᠡᠭᠡ ᠪᠠᠲᠤᠯᠠᠭ᠎ᠠ᠎ᠶ᠋ᠢᠨ ᠠᠵᠢᠯ᠎ᠤᠨ ᠬᠢᠷᠢ ᠬᠡᠮᠵᠢᠶ᠎ᠡ᠎ᠪᠠᠨ ᠳᠡᠭᠡᠭ᠌ᠰᠢᠯᠡᠭᠦᠯᠪᠡ᠃ 1830 ᠨᠡᠷᠡᠰ ᠲᠥᠯᠥᠭᠡᠯᠡᠭ᠌ᠴᠢ᠎ᠶ᠋ᠢ ᠵᠣᠬᠢᠶᠠᠨ ᠪᠠᠢᠭᠤᠯᠤᠨ ᠲᠤᠰᠭᠠᠶ ᠰᠡᠳᠦᠪᠲᠦ ᠪᠠᠢᠴᠠᠭᠠᠨ ᠰᠤᠳᠤᠯᠤᠯᠲᠠ᠂ ᠬᠢᠨᠠᠨ ᠪᠠᠢᠴᠠᠭᠠᠯᠲᠠ ᠪᠠ ᠪᠠᠢᠴᠠᠭᠠᠨ ᠦᠵᠡᠬᠦ᠌ ᠠᠵᠢᠯ ᠥᠷᠨᠢᠭᠦᠯᠵᠦ᠍᠂ 91 ᠬᠤᠪᠢ ᠪᠠᠢᠴᠠᠭᠠᠨ ᠰᠤᠳᠤᠯᠤᠯᠲᠠ᠎ᠶ᠋ᠢᠨ ᠮᠡᠳᠡᠭᠦᠯᠦᠯᠲᠡ᠎ᠶ᠋ᠢ ᠪᠤᠢ ᠪᠣᠯᠭᠠᠪᠠ᠃ ᠪᠣᠯᠪᠠᠰᠤᠷᠠᠭᠤᠯᠤᠯ᠎ᠤᠨ ᠡᠬᠢ ᠪᠠᠶᠠᠯᠢᠭ᠎ᠢ ᠦᠨᠳᠦᠰᠦᠨ ᠱᠠᠲᠤᠨ᠎ᠤ ᠲᠥᠯᠥᠭᠡᠯᠡᠭ᠌ᠴᠢ ᠲᠡᠢᠰᠢ ᠬᠡᠯᠪᠠᠢᠯᠭᠡᠬᠦ᠌᠎ᠶ᠋ᠢ ᠪᠠᠷᠢᠮᠲᠠᠯᠠᠵᠤ᠂ ᠪᠦᠬᠦ᠌ ᠵᠢᠯ᠎ᠳᠤ 1900 ᠭᠠᠷᠤᠶ ᠬᠥᠮᠦᠨ ᠤᠳᠠᠭ᠎ᠠ ᠲᠥᠯᠥᠭᠡᠯᠡᠭ᠌ᠴᠢ᠎ᠶ᠋ᠢ ᠳᠥᠪᠯᠡᠷᠡᠭᠦᠯᠦᠨ ᠪᠣᠯᠪᠠᠰᠤᠷᠠᠭᠤᠯᠬᠤ᠎ᠳᠤ ᠣᠷᠣᠯᠴᠠᠭᠤᠯᠵᠤ᠂ ᠠᠷᠪᠠᠨ ᠭᠤᠷᠪᠠᠳᠤᠭᠠᠷ ᠬᠤᠭᠤᠴᠠᠭ᠎ᠠ᠎ᠠᠴᠠ ᠨᠠᠭᠠᠰᠢ ᠨᠡᠢᠲᠡ 3200 ᠭᠠᠷᠤᠶ ᠬᠥᠮᠦᠨ ᠤᠳᠠᠭ᠎ᠠ ᠲᠥᠯᠦᠭᠡᠯᠡᠭ᠌ᠴᠢ᠎ᠶ᠋ᠢ ᠲᠥᠪᠯᠡᠷᠡᠭᠦᠯᠦᠨ ᠪᠣᠯᠪᠠᠰᠤᠷᠠᠭᠤᠯᠵᠤ᠂ ᠦᠨᠳᠦᠰᠦᠨ ᠱᠠᠲᠤᠨ᠎ᠤ ᠲᠥᠯᠥᠭᠡᠯᠡᠭ᠌ᠴᠢᠳ᠎ᠢ ᠲᠤᠱᠢᠶᠠᠯ ᠬᠠᠷᠢᠭᠤᠴᠠᠯᠭ᠎ᠠ ᠭᠦᠢᠴᠡᠳᠭᠡᠬᠦ᠌ ᠰᠤᠷᠤᠯᠴᠠᠯᠭ᠎ᠠ᠎ᠳᠤ ᠨᠡᠢᠳᠡᠮ ᠣᠷᠤᠯᠴᠠᠭᠤᠯᠬᠤ᠎ᠶ᠋ᠢ ᠦᠨᠳᠦᠰᠦᠨ᠎ᠳᠡᠭᠡᠨ ᠪᠡᠶᠡᠯᠡᠭᠦᠯᠵᠡᠶ᠃ ᠲᠥᠯᠥᠭᠡᠯᠡᠭ᠌ᠴᠢᠳ᠎ᠢ 1254 ᠬᠥᠮᠦᠨ ᠤᠳᠠᠭ᠎ᠠ ᠨᠢᠭᠡᠳᠦᠯᠲᠡᠶ ᠲᠥᠯᠥᠪᠯᠡᠨ ᠲᠣᠬᠢᠷᠠᠭᠤᠯᠵᠤ 《ᠨᠢᠭᠡ ᠵᠠᠰᠠᠭ᠎ᠤᠨ ᠣᠷᠳᠣᠨ ᠨᠢᠭᠡ ᠵᠥᠪᠯᠡᠯ ᠬᠤᠶᠠᠷ ᠬᠤᠷᠢᠶ᠎ᠠ》 ᠎ᠶ᠋ᠢᠨ ᠲᠥᠯᠥᠭᠡᠯᠡᠭ᠌ᠴᠢᠳ᠎ᠲᠠᠢ ᠬᠠᠷᠢᠯᠴᠠᠬᠤ ᠠᠵᠢᠯᠯᠠᠭ᠎ᠠ᠎ᠳᠤ ᠣᠷᠣᠯᠴᠠᠭᠤᠯᠪᠠ᠃ ᠲᠥᠯᠥᠭᠡᠯᠡᠭ᠌ᠴᠢᠳ᠎ᠤᠨ ᠪᠠᠢᠭ᠎ᠠ ᠨᠢᠭᠡᠴᠢ᠎ᠯᠦᠭᠡ᠎ᠶ᠋ᠢᠨ ᠨᠡᠪᠲᠡᠷᠡᠯᠴᠡᠭᠡ᠎ᠪᠠᠨ ᠴᠢᠩᠭᠠᠳᠭᠠᠵᠤ᠂ ᠲᠥᠯᠥᠭᠡᠯᠡᠭ᠌ᠴᠢᠳ᠎ᠤᠨ ᠲᠤᠱᠢᠶᠠᠯ ᠬᠠᠷᠢᠭᠤᠴᠠᠯᠭ᠎ᠠ᠎ᠪᠠᠨ ᠭᠦᠢᠴᠡᠳᠭᠡᠬᠦ᠌᠎ᠳᠤ ᠰᠠᠢᠨ ᠰᠠᠢᠬᠠᠨ ᠨᠥᠬᠦᠴᠡᠯ ᠪᠦᠷᠢᠯᠳᠦᠭᠦᠯᠵᠦ᠍ ᠥᠭ᠌ᠪᠡ᠃
    ᠡᠨᠡ ᠣᠳᠠᠭ᠎ᠠ᠎ᠶ᠋ᠢᠨ ᠬᠢᠵᠢᠭ᠎ᠤᠨ ᠪᠠᠢᠳᠠᠯ᠎ᠢ ᠰᠡᠷᠭᠡᠢᠯᠡᠨ ᠬᠢᠵᠠᠭᠠᠷᠯᠠᠬᠤ ᠳᠠᠢᠨ᠎ᠤ ᠳᠤᠮᠳᠠ᠂ ᠪᠦᠬᠦ᠌ ᠤᠯᠤᠰ᠎ᠤᠨ ᠠᠷᠠᠳ᠎ᠤᠨ ᠲᠥᠯᠦᠭᠡᠯᠡᠭ᠌ᠴᠢᠳ᠎ᠤᠨ ᠶᠡᠭᠡ ᠬᠤᠷᠠᠯ᠎ᠤᠨ ᠲᠥᠯᠦᠭᠡᠯᠡᠭ᠌ᠴᠢᠳ ᠪᠠ ᠣᠷᠤᠨ ᠨᠤᠳᠤᠭ᠎ᠤᠨ ᠠᠷᠠᠳ᠎ᠤᠨ ᠲᠥᠯᠦᠭᠡᠯᠡᠭ᠌ᠴᠢᠳ᠎ᠤᠨ ᠶᠡᠭᠡ ᠬᠤᠷᠠᠯ᠎ᠤᠨ ᠲᠥᠯᠦᠭᠡᠯᠡᠭ᠌ᠴᠢᠳ ᠨᠠᠮ᠎ᠤᠨ ᠲᠥᠪ ᠬᠤᠷᠢᠶᠠᠨ᠎ᠤ ᠵᠠᠷᠯᠢᠭ ᠵᠠᠬᠢᠶ᠎ᠠ᠎ᠶ᠋ᠢ ᠢᠳᠡᠪᠬᠢᠲᠡᠢ ᠴᠤᠤᠷᠢᠶᠠᠳᠤᠨ ᠳᠠᠭᠠᠵᠤ᠂ ᠡᠯ᠎ᠡ ᠱᠠᠲᠤᠨ᠎ᠤ ᠨᠠᠮ᠎ᠤᠨ ᠬᠤᠷᠢᠶ᠎ᠠ᠂ ᠵᠠᠰᠠᠭ᠎ᠤᠨ ᠣᠷᠳᠤᠨ᠎ᠤ ᠤᠳᠤᠷᠢᠳᠤᠯᠭ᠎ᠠ ᠪᠠ ᠵᠣᠬᠢᠶᠠᠨ ᠪᠠᠢᠭᠤᠯᠤᠯᠲᠠ᠎ᠶ᠋ᠢᠨ ᠳᠣᠣᠷ᠎ᠠ᠂ ᠬᠢᠵᠢᠭ᠎ᠲᠠᠢ ᠲᠡᠮᠡᠴᠡᠬᠦ᠌ ᠡᠮᠦᠨ᠎ᠡ ᠹᠷᠤᠨᠲ᠎ᠲᠤ ᠬᠦᠷᠴᠦ᠍᠂ ᠱᠢᠨᠵᠢᠯᠡᠬᠦ᠌ ᠤᠬᠠᠭᠠᠨ᠎ᠤ ᠰᠤᠳᠤᠯᠭᠠᠨ᠎ᠤ ᠪᠤᠭᠤᠮᠲᠠ ᠱᠢᠪᠲᠤᠯᠤᠯᠲᠠ᠎ᠳᠤ ᠤᠷᠤᠯᠴᠠᠵᠤ᠂ ᠡᠳ᠋ ᠪᠤᠳᠠᠰ᠎ᠤᠨ ᠬᠠᠩᠭᠠᠯᠭ᠎ᠠ᠎ᠶ᠋ᠢ ᠪᠠᠲᠤᠯᠠᠨ᠂ ᠡᠳ᠋ ᠮᠥᠩᠭᠦ᠌ ᠢᠳᠡᠪᠬᠢᠯᠡᠨ ᠬᠠᠨᠳᠢᠪᠯᠠᠵᠤ᠂ ᠰᠠᠨᠠᠭᠠᠴᠢᠯᠠᠭ᠎ᠠ᠎ᠠᠴᠠ᠎ᠪᠠᠨ ᠰᠠᠨᠠᠯ ᠰᠠᠨᠠᠭᠤᠯᠭ᠎ᠠ ᠳᠤᠷᠠᠳᠤᠨ ᠠᠷᠭ᠎ᠠ ᠤᠬᠠᠭᠠᠨ ᠭᠠᠷᠭᠠᠵᠤ᠂ ᠡᠯ᠎ᠡ ᠳᠠᠢᠨ᠎ᠤ ᠹᠷᠤᠨᠲ ᠪᠠ ᠥᠪᠡᠷ ᠥᠪᠡᠷ᠎ᠤᠨ᠎ᠢᠶᠠᠨ ᠠᠵᠢᠯ᠎ᠤᠨ ᠪᠠᠢᠷᠢ ᠳᠡᠭᠡᠷ᠎ᠡ ᠢᠳᠡᠪᠬᠢᠲᠡᠢ ᠦᠢᠯᠡᠳᠦᠯ ᠪᠠᠳᠠᠷᠠᠭᠤᠯᠤᠨ᠂ ᠪᠤᠳᠠᠲᠠᠢ ᠦᠢᠯᠡ ᠠᠵᠢᠯᠯᠠᠭ᠎ᠠ᠎ᠪᠠᠷ᠎ᠢᠶᠠᠨ ᠠᠷᠠᠳ ᠲᠥᠮᠡᠨ᠎ᠢ ᠲᠥᠯᠦᠭᠡᠯᠡᠬᠦ᠂ ᠠᠷᠠᠳ ᠲᠥᠮᠡᠨ᠎ᠤ ᠲᠥᠯᠦᠭᠡ ᠪᠠᠢᠬᠤ᠂ ᠠᠷᠠᠳ ᠲᠥᠮᠡᠨ᠎ᠳᠤ ᠦᠢᠯᠡᠴᠢᠯᠡᠬᠦ᠌ ᠢᠷᠠᠭᠤ ᠠᠯᠳᠠᠷᠲᠦ ᠡᠭᠦᠷᠭᠡ ᠬᠠᠷᠢᠭᠤᠴᠠᠯᠭ᠎ᠠ᠎ᠪᠠᠨ ᠦᠢᠯᠡᠳᠦᠯᠭᠡᠵᠢᠭᠦᠯᠦᠭ᠌ᠰᠡᠨ ᠪᠠᠢᠨ᠎ᠠ᠃
    ᠲᠠᠪᠤ᠂ ᠨᠠᠮ ᠪᠠ ᠤᠯᠤᠰ᠎ᠤᠨ ᠭᠠᠳᠠᠭᠠᠳᠤ ᠬᠠᠷᠢᠯᠴᠠᠭᠠᠨ᠎ᠤ ᠶᠡᠭᠡ ᠲᠠᠯ᠎ᠠ᠎ᠳᠤ ᠦᠢᠯᠡᠴᠢᠯᠡᠬᠦ᠌᠎ᠲᠠᠢ ᠤᠶᠠᠯᠳᠤᠭᠤᠯᠤᠨ ᠭᠠᠳᠠᠭᠠᠳᠤ ᠬᠠᠷᠢᠯᠴᠠᠭᠠᠨ᠎ᠤ ᠠᠵᠢᠯ᠎ᠢ ᠥᠷᠨᠢᠭᠦᠯᠪᠡ
    ᠰᠢ᠎ᠶ᠋ᠢᠨ ᠫᠢᠩ᠎ᠤᠨ ᠭᠠᠳᠠᠭᠠᠳᠤ ᠬᠠᠷᠢᠯᠴᠠᠭᠠᠨ᠎ᠤ ᠦᠵᠡᠯ ᠰᠠᠨᠠᠭ᠎ᠠ᠎ᠶ᠋ᠢ ᠪᠦᠬᠦ᠌ ᠲᠠᠯ᠎ᠠ᠎ᠪᠠᠷ ᠲᠤᠭᠤᠱᠢᠯᠠᠭᠤᠯᠵᠤ᠂ ᠤᠯᠤᠰ᠎ᠤᠨ ᠭᠠᠳᠠᠭᠠᠳᠤ ᠬᠠᠷᠢᠯᠴᠠᠭ᠎ᠠ᠎ᠳᠠᠬᠢ ᠠᠷᠠᠳ᠎ᠤᠨ ᠲᠥᠯᠥᠭᠡᠯᠡᠭ᠌ᠴᠢᠳ᠎ᠤᠨ ᠶᠡᠭᠡ ᠬᠤᠷᠠᠯ᠎ᠤᠨ ᠡᠭᠦᠷᠭᠡ ᠴᠢᠳᠠᠪᠤᠷᠢ᠎ᠶ᠋ᠢᠨ ᠦᠢᠯᠡᠳᠦᠯ᠎ᠢ ᠪᠠᠳᠠᠷᠠᠭᠤᠯᠵᠤ᠂ ᠠᠷᠠᠳ᠎ᠤᠨ ᠲᠥᠯᠥᠭᠡᠯᠡᠭ᠌ᠴᠢᠳ᠎ᠤᠨ ᠶᠡᠭᠡ ᠬᠤᠷᠠᠯ᠎ᠤᠨ ᠭᠠᠳᠠᠭᠠᠳᠤ ᠬᠠᠷᠢᠯᠴᠠᠭᠠᠨ᠎ᠤ ᠠᠵᠢᠯ᠎ᠤᠨ ᠰᠠᠨᠠᠭᠠᠴᠢᠯᠠᠭᠠᠲᠤ ᠴᠢᠨᠠᠷ᠂ ᠬᠠᠨᠳᠤᠯᠭᠠᠲᠤ ᠴᠢᠨᠠᠷ᠂ ᠨᠢᠭᠡᠳᠦᠯᠲᠡᠶ ᠲᠥᠯᠥᠪᠯᠡᠬᠦ᠌ ᠴᠢᠨᠠᠷ᠎ᠢ ᠤᠯᠠᠮ ᠨᠢᠭᠡ ᠠᠯᠬᠤᠮ ᠴᠢᠩᠭᠠᠳᠭᠠᠪᠠ᠃ ᠨᠡᠢᠲᠡ 36 ᠤᠯᠤᠰ ᠪᠠ ᠡᠯ᠎ᠡ ᠤᠯᠤᠰ᠎ᠤᠨ ᠵᠥᠪᠯᠡᠯᠭᠡᠨ᠎ᠤ ᠬᠤᠷᠠᠯ᠎ᠤᠨ ᠬᠤᠯᠪᠣᠭᠠᠨ᠎ᠤ 53 ᠪᠦᠯᠬᠦᠮ ᠳᠤᠭᠤᠢᠯᠠᠩ᠎ᠤᠨ ᠳᠤᠮᠳᠠᠳᠤ ᠤᠯᠤᠰ᠎ᠲᠠᠬᠢ ᠠᠢᠯᠴᠢᠯᠠᠯᠲᠠ᠎ᠶ᠋ᠢ ᠬᠦᠯᠢᠶᠡᠨ ᠠᠪᠴᠤ᠌᠂ 65 ᠪᠦᠯᠬᠦᠮ ᠳᠤᠭᠤᠢᠯᠠᠩ ᠲᠣᠮᠢᠯᠠᠨ 60 ᠤᠯᠤᠰ ᠪᠠ 1 ᠭᠠᠵᠠᠷ ᠣᠷᠣᠨ᠎ᠤ ᠵᠥᠪᠯᠡᠯᠭᠡᠨ᠎ᠤ ᠬᠤᠷᠠᠯ᠎ᠤᠨ ᠵᠣᠬᠢᠶᠠᠨ ᠪᠠᠢᠭᠤᠯᠤᠯᠲᠠ᠎ᠳᠤ ᠠᠢᠯᠴᠢᠯᠠᠯᠲᠠ ᠬᠢᠯᠭᠡᠪᠡ᠃
    ᠲᠦᠷᠦ᠎ᠶ᠋ᠢᠨ ᠲᠡᠷᠢᠭᠦᠨ᠎ᠤ ᠭᠠᠳᠠᠭᠠᠳᠤ ᠬᠠᠷᠢᠯᠴᠠᠭᠠᠨ᠎ᠤ ᠦᠷ᠎ᠡ ᠪᠦᠲᠦᠭᠡᠯ ᠪᠠ ᠬᠠᠮᠲᠤ᠎ᠶ᠋ᠢᠨ ᠲᠠᠨᠢᠯᠲᠠ᠎ᠶ᠋ᠢ ᠨᠠᠢᠳᠠᠪᠤᠷᠢᠵᠢᠭᠤᠯᠬᠤ᠎ᠪᠠᠷ ᠲᠡᠷᠢᠭᠦᠨ ᠴᠢᠬᠤᠯᠠ ᠡᠭᠦᠷᠭᠡ ᠪᠣᠯᠭᠠᠵᠤ᠂ ᠪᠦᠬᠦ᠌ ᠤᠯᠤᠰ᠎ᠤᠨ ᠠᠷᠠᠳ᠎ᠤᠨ ᠲᠥᠯᠥᠭᠡᠯᠡᠭ᠌ᠴᠢᠳ᠎ᠤᠨ ᠶᠡᠭᠡ ᠬᠤᠷᠠᠯ᠎ᠤᠨ ᠡᠯ᠎ᠡ ᠤᠯᠤᠰ᠎ᠤᠨ ᠵᠥᠪᠯᠡᠯᠭᠡᠨ᠎ᠤ ᠬᠤᠷᠠᠯ᠎ᠯᠤᠭ᠎ᠠ᠎ᠶ᠋ᠢᠨ ᠨᠥᠬᠦᠷᠰᠡᠭ ᠶᠠᠪᠤᠯᠴᠠᠭ᠎ᠠ᠎ᠶ᠋ᠢ ᠴᠢᠩᠭᠠᠳᠭᠠᠪᠠ᠃ ᠲᠤᠮᠤ ᠤᠯᠤᠰ᠎ᠤᠨ ᠬᠠᠷᠢᠴᠠᠭ᠎ᠠ᠎ᠶ᠋ᠢ ᠬᠥᠭ᠌ᠵᠢᠭᠦᠯᠬᠦ᠂ ᠡᠷᠬᠢᠨ ᠲᠣᠭᠤᠷᠢᠨ᠎ᠤ ᠤᠯᠤᠰ᠎ᠤᠳ᠎ᠯᠤᠭ᠎ᠠ᠎ᠶ᠋ᠢᠨ ᠡᠶᠡᠯᠳᠡᠭ ᠬᠥᠷᠰᠢ᠎ᠶ᠋ᠢᠨ ᠨᠥᠬᠦᠷᠯᠡᠯ᠎ᠢᠶᠠᠨ ᠴᠢᠩᠭᠠᠳᠭᠠᠬᠤ᠂ ᠬᠥᠭ᠌ᠵᠢᠵᠦ᠍ ᠪᠠᠢᠭ᠎ᠠ ᠤᠯᠤᠰ᠎ᠤᠳ᠎ᠯᠤᠭ᠎ᠠ᠎ᠶ᠋ᠢᠨ ᠪᠦᠯᠬᠦᠮᠳᠡᠯ ᠬᠠᠮᠲᠤᠷᠠᠯᠴᠠᠭ᠎ᠠ᠎ᠪᠠᠨ ᠭᠦᠨᠵᠡᠭᠡᠢᠷᠡᠭᠦᠯᠬᠦ᠌ ᠵᠡᠷᠭᠡ ᠭᠠᠳᠠᠭᠠᠳᠤ ᠬᠠᠷᠢᠯᠴᠠᠭᠠᠨ᠎ᠤ ᠠᠵᠢᠯ᠎ᠤᠨ ᠲᠤᠬᠠᠢ ᠦᠨᠳᠦᠰᠦᠨ ᠪᠤᠳᠤᠯᠭ᠎ᠠ ᠴᠢᠭ᠌ᠯᠡᠯᠲᠡ᠎ᠶ᠋ᠢᠨ ᠲᠣᠭᠤᠷᠢᠨ᠎ᠳᠤ᠂ ᠡᠯ᠎ᠡ ᠬᠦᠷᠢᠶᠡᠨ᠎ᠤ ᠪᠣᠳᠠᠲᠠᠶ᠎ᠶ᠋ᠢ ᠡᠷᠬᠢᠮᠯᠡᠬᠦ᠌ ᠬᠠᠮᠲᠤᠷᠠᠯᠴᠠᠭ᠎ᠠ᠎ᠶ᠋ᠢ ᠭᠦᠨᠵᠡᠭᠡᠢᠷᠡᠭᠦᠯᠬᠦ᠌᠎ᠳᠤ ᠬᠠᠤᠯᠢ ᠴᠠᠭᠠᠵᠠ ᠪᠠ ᠲᠦᠷᠦ᠎ᠶ᠋ᠢᠨ ᠪᠤᠳᠤᠯᠭ᠎ᠠ᠎ᠶ᠋ᠢᠨ ᠪᠠᠲᠤᠯᠠᠭ᠎ᠠ ᠬᠠᠩᠭᠠᠪᠠ᠃ ᠰᠢ᠎ᠶ᠋ᠢᠨ ᠫᠢᠩ᠎ᠤᠨ ᠱᠢᠨ᠎ᠡ ᠴᠠᠭ ᠦᠶ᠎ᠡ᠎ᠶ᠋ᠢᠨ ᠳᠤᠮᠳᠠᠳᠤ ᠤᠯᠤᠰ᠎ᠤᠨ ᠣᠨᠴᠠᠯᠢᠭ ᠪᠦᠬᠦᠢ ᠨᠡᠢᠭᠡᠮ ᠵᠢᠷᠤᠮ᠎ᠤᠨ ᠦᠵᠡᠯ ᠰᠠᠨᠠᠭ᠎ᠠ᠎ᠶ᠋ᠢ ᠢᠳᠡᠪᠬᠢᠲᠡᠢ ᠤᠬᠠᠭᠤᠯᠤᠨ ᠲᠠᠨᠢᠯᠴᠠᠭᠤᠯᠵᠤ᠂ ᠳᠤᠮᠳᠠᠳᠤ ᠤᠯᠤᠰ᠎ᠤᠨ ᠵᠠᠮ᠂ ᠳᠤᠮᠳᠠᠳᠤ ᠤᠯᠤᠰ᠎ᠤᠨ ᠤᠨᠤᠯ᠂ ᠳᠤᠮᠳᠠᠳᠤ ᠤᠯᠤᠰ᠎ᠤᠨ ᠪᠠᠢᠭᠤᠯᠤᠯ᠂ ᠳᠤᠮᠳᠠᠳᠤ ᠤᠯᠤᠰ᠎ᠤᠨ ᠰᠣᠶᠣᠯ ᠪᠤᠯᠤᠨ ᠲᠦᠷᠦ᠎ᠶ᠋ᠢ ᠵᠠᠰᠠᠭ᠍ᠰᠠᠨ ᠦᠢᠯᠡᠳᠦᠯᠭᠡ᠎ᠶ᠋ᠢ ᠲᠠᠨᠢᠯᠴᠠᠭᠤᠯᠤᠨ ᠲᠠᠢᠯᠪᠤᠷᠢᠯᠠᠵᠤ᠂ ᠳᠡᠯᠡᠬᠡᠢ ᠳ᠋ᠠᠬᠢᠨ᠎ᠳᠤ ᠳᠤᠮᠳᠠᠳᠤ ᠤᠯᠤᠰ᠎ᠢ ᠨᠡᠩ ᠢᠯᠡᠭᠦᠦ ᠣᠢᠯᠠᠭᠠᠭᠤᠯᠵᠤ᠂ ᠳᠤᠮᠳᠠᠳᠤ ᠤᠯᠤᠰ᠎ᠤᠨ ᠡᠪ ᠬᠠᠮᠲᠤ ᠨᠠᠮ᠎ᠢ ᠨᠡᠩ ᠢᠯᠡᠭᠦᠦ ᠣᠢᠯᠠᠭᠠᠭᠤᠯᠵᠤ᠂ ᠳᠤᠮᠳᠠᠳᠤ ᠤᠯᠤᠰ᠎ᠤᠨ ᠣᠨᠴᠠᠯᠢᠭ ᠪᠦᠬᠦᠢ ᠨᠡᠢᠭᠡᠮ ᠵᠢᠷᠤᠮ᠎ᠢ ᠨᠡᠩ ᠢᠯᠡᠭᠦᠦ ᠣᠢᠯᠠᠭᠠᠭᠤᠯᠪᠠ᠃ ᠬᠤᠶᠠᠳᠤᠭᠠᠷ ᠬᠤᠭᠤᠴᠠᠭᠠᠨ᠎ᠤ 《ᠨᠢᠭᠡ ᠪᠦᠰᠡ ᠨᠢᠭᠡ ᠵᠠᠮ》 ᠎ᠤᠨ ᠣᠯᠠᠨ ᠤᠯᠤᠰ᠎ᠤᠨ ᠬᠠᠮᠲᠤᠷᠠᠯᠴᠠᠭᠠᠨ᠎ᠤ ᠲᠦᠷᠦᠭᠦᠴᠦᠳ᠎ᠤᠨ ᠶᠠᠷᠢᠯᠴᠠᠭᠠᠨ᠎ᠤ ᠲᠠᠪᠴᠠᠩ᠂ ᠬᠤᠶᠠᠳᠤᠭᠠᠷ ᠬᠤᠭᠤᠴᠠᠭᠠᠨ᠎ᠤ ᠳᠤᠮᠳᠠᠳᠤ ᠤᠯᠤᠰ᠎ᠤᠨ ᠣᠯᠠᠨ ᠤᠯᠤᠰ᠎ᠤᠨ ᠭᠠᠳᠠᠭᠠᠳᠤ ᠣᠷᠣᠭᠤᠯᠤᠯᠲᠠ᠎ᠶ᠋ᠢᠨ ᠦᠵᠡᠰᠭᠦᠯᠡᠩ᠎ᠤᠨ ᠴᠤᠭ᠍ᠯᠠᠭᠠᠨ ᠵᠡᠷᠭᠡ ᠴᠢᠬᠤᠯᠠ ᠡᠵᠡᠨ ᠲᠠᠯᠠᠪᠤᠷ᠎ᠤᠨ ᠭᠠᠳᠠᠭᠠᠳᠤ ᠬᠠᠷᠢᠯᠴᠠᠭᠠᠨ᠎ᠤ ᠠᠵᠢᠯᠯᠠᠭ᠎ᠠ᠎ᠲᠠᠢ ᠬᠠᠮᠵᠢᠯᠴᠠᠵᠤ᠂ ᠬᠠᠮᠢᠶ᠎ᠠ ᠪᠥᠬᠦᠶ ᠤᠯᠤᠰ᠎ᠤᠨ ᠵᠥᠪᠯᠡᠯᠭᠡᠨ᠎ᠤ ᠬᠤᠷᠠᠯ᠎ᠯᠤᠭ᠎ᠠ᠎ᠶ᠋ᠢᠨ ᠰᠣᠯᠢᠯᠴᠠᠭ᠎ᠠ ᠬᠠᠮᠲᠤᠷᠠᠯᠴᠠᠭ᠎ᠠ᠎ᠶ᠋ᠢ ᠭᠦᠨᠵᠡᠭᠡᠢᠷᠡᠭᠦᠯᠪᠠ᠃ ᠬᠠᠤᠯᠢ ᠲᠣᠭ᠍ᠲᠠᠭᠠᠬᠤ ᠪᠠᠢᠭᠤᠯᠭ᠎ᠠ᠎ᠶ᠋ᠢᠨ ᠡᠭᠦᠳᠡᠨ᠎ᠠᠴᠠ᠂ ᠮᠠᠨ᠎ᠤ ᠤᠯᠤᠰ᠎ᠤᠨ ᠭᠠᠳᠠᠭᠠᠳᠤ᠎ᠳᠠᠬᠢ ᠠᠱᠢᠭ ᠲᠤᠰᠠ ᠪᠠ ᠠᠵᠢᠯᠲᠠᠨ᠎ᠤ ᠠᠮᠤᠷ ᠲᠦᠪᠱᠢᠨ᠎ᠢ ᠬᠠᠮᠠᠭᠠᠯᠠᠬᠤ᠎ᠶ᠋ᠢ ᠬᠤᠯᠪᠣᠭ᠍ᠳᠠᠯ ᠪᠦᠬᠦᠢ ᠤᠯᠤᠰ᠎ᠲᠤ ᠱᠠᠭᠠᠷᠳᠠᠵᠤ᠂ ᠤᠯᠤᠰ᠎ᠤᠨ ᠭᠠᠳᠠᠭ᠍ᠰᠢ ᠨᠡᠭᠡᠭᠡᠯᠲᠡ ᠬᠢᠬᠦ᠌ ᠪᠠᠢᠯᠳᠤᠬᠤ ᠪᠣᠳᠣᠯᠭ᠎ᠠ᠎ᠳᠤ ᠬᠦᠴᠦᠨ ᠨᠡᠮᠡᠷᠢᠯᠡᠪᠠ᠃
    ᠭᠠᠳᠠᠭᠠᠳᠤ ᠤᠯᠤᠰ᠎ᠤᠨ ᠵᠥᠪᠯᠡᠯᠭᠡᠨ᠎ᠤ ᠬᠤᠷᠠᠯ᠎ᠯᠤᠭ᠎ᠠ᠎ᠶ᠋ᠢᠨ ᠬᠤᠶᠠᠷ ᠲᠠᠯ᠎ᠠ᠎ᠶ᠋ᠢᠨ ᠲᠣᠭ᠍ᠲᠠᠴᠠ᠎ᠶ᠋ᠢᠨ ᠴᠢᠨᠠᠷᠲᠠᠶ ᠰᠣᠯᠢᠯᠴᠠᠭ᠎ᠠ᠎ᠶ᠋ᠢ ᠴᠢᠩᠭᠠᠳᠭᠠᠵᠤ᠂ ᠤᠯᠠᠨ ᠲᠠᠯᠠᠲᠤ ᠵᠥᠪᠯᠡᠯᠭᠡᠨ᠎ᠤ ᠬᠤᠷᠠᠯ᠎ᠤᠨ ᠶᠠᠪᠤᠯᠴᠠᠭ᠎ᠠ᠎ᠳᠤ ᠢᠳᠡᠪᠬᠢᠲᠡᠶ ᠣᠷᠣᠯᠴᠠᠪᠠ᠃ ᠳᠤᠮᠳᠠᠳᠤ ᠤᠯᠤᠰ᠎ᠤᠨ ᠪᠦᠬᠦ᠌ ᠤᠯᠤᠰ᠎ᠤᠨ ᠠᠷᠠᠳ᠎ᠤᠨ ᠲᠥᠯᠥᠭᠡᠯᠡᠭ᠌ᠴᠢᠳ᠎ᠤᠨ ᠶᠡᠭᠡ ᠬᠤᠷᠠᠯ ᠪᠣᠯᠤᠨ ᠣᠷᠣᠰ᠎ᠤᠨ ᠵᠥᠪᠯᠡᠯᠭᠡᠨ᠎ᠤ ᠬᠤᠷᠠᠯ᠎ᠤᠨ ᠬᠠᠮᠵᠢᠯᠴᠠᠭᠠᠨ᠎ᠤ ᠵᠥᠪᠯᠡᠯ᠎ᠤᠨ ᠲᠠᠪᠤᠳᠤᠭᠠᠷ ᠣᠳᠠᠭ᠎ᠠ᠎ᠶ᠋ᠢᠨ ᠬᠤᠷᠠᠯ᠎ᠢ ᠬᠠᠮᠲᠤ᠎ᠪᠠᠷ ᠡᠷᠬᠢᠯᠡᠵᠦ᠍᠂ ᠹᠷᠠᠨᠼᠢ᠂ ᠶᠠᠫᠣᠨ᠂ ᠪᠷᠠᠽᠢᠯ ᠵᠡᠷᠭᠡ ᠤᠯᠤᠰ᠎ᠤᠨ ᠵᠥᠪᠯᠡᠯᠭᠡᠨ᠎ᠤ ᠬᠤᠷᠠᠯ᠎ᠲᠠᠢ ᠲᠣᠭ᠍ᠲᠠᠴᠠ᠎ᠶ᠋ᠢᠨ ᠰᠣᠯᠢᠯᠴᠠᠭᠠᠨ᠎ᠤ ᠠᠵᠢᠯᠯᠠᠭ᠎ᠠ ᠥᠷᠨᠢᠭᠦᠯᠪᠠ᠃ 4 ᠬᠤᠶᠠᠷ ᠲᠠᠯ᠎ᠠ᠎ᠶ᠋ᠢᠨ ᠨᠥᠬᠦᠷᠰᠡᠭ ᠳᠤᠭᠤᠢᠯᠠᠩ᠎ᠢ ᠱᠢᠨ᠎ᠡ᠎ᠪᠠᠷ ᠪᠠᠢᠭᠤᠯᠵᠤ᠂ ᠪᠦᠬᠦ᠌ ᠤᠯᠤᠰ᠎ᠤᠨ ᠠᠷᠠᠳ᠎ᠤᠨ ᠲᠥᠯᠥᠭᠡᠯᠡᠭ᠌ᠴᠢᠳ᠎ᠤᠨ ᠶᠡᠭᠡ ᠬᠤᠷᠠᠯ ᠪᠣᠯᠤᠨ ᠭᠠᠳᠠᠭᠠᠳᠤ ᠤᠯᠤᠰ᠎ᠤᠨ ᠵᠥᠪᠯᠡᠯᠭᠡᠨ᠎ᠤ ᠬᠤᠷᠠᠯ᠎ᠤᠨ ᠬᠤᠭᠤᠷᠣᠨᠳᠣᠬᠢ ᠨᠥᠬᠦᠷᠰᠡᠭ ᠵᠣᠬᠢᠶᠠᠨ ᠪᠠᠢᠭᠤᠯᠤᠯᠲᠠ ᠨᠡᠢᠳᠡ 129 ᠪᠤᠯᠵᠤ᠂ ᠮᠠᠨ᠎ᠤ ᠤᠯᠤᠰ ᠪᠣᠯᠤᠨ ᠬᠤᠯᠪᠣᠭ᠍ᠳᠠᠯ ᠪᠦᠬᠦᠢ ᠤᠯᠤᠰ᠎ᠤᠨ ᠣᠢᠯᠠᠭᠠᠯᠴᠠᠭ᠎ᠠ᠎ᠪᠠᠨ ᠭᠦᠨᠵᠡᠭᠡᠢᠷᠡᠭᠦᠯᠵᠦ᠍ ᠨᠥᠬᠦᠷᠯᠡᠯ᠎ᠢᠶᠠᠨ ᠵᠤᠵᠠᠭᠠᠳᠭᠠᠬᠤ᠎ᠳᠤ ᠬᠦᠴᠦᠨ ᠨᠡᠮᠡᠷᠢᠯᠡᠪᠡ᠃ ᠡᠯ᠎ᠡ ᠤᠯᠤᠰ᠎ᠤᠨ ᠵᠥᠪᠯᠡᠯᠭᠡᠨ᠎ᠤ ᠬᠤᠷᠠᠯ᠎ᠤᠨ ᠬᠤᠯᠪᠣᠭ᠎ᠠ᠎ᠶ᠋ᠢᠨ 140 ᠳ᠋ᠦ᠍ᠭᠡᠷ ᠬᠤᠭᠤᠴᠠᠭᠠᠨ᠎ᠤ ᠪᠠ 141 ᠳ᠋ᠦ᠍ᠭᠡᠷ ᠬᠤᠭᠤᠴᠠᠭᠠᠨ᠎ᠤ ᠶᠡᠭᠡ ᠬᠤᠷᠠᠯ᠂ ᠬᠤᠷᠢᠨ ᠤᠯᠤᠰ᠎ᠤᠨ ᠪᠦᠯᠦᠭ᠌ᠯᠡᠯ᠎ᠤᠨ ᠵᠥᠪᠯᠡᠯᠭᠡᠨ᠎ᠤ ᠬᠤᠷᠠᠯ᠎ᠤᠨ ᠳᠠᠷᠤᠭ᠎ᠠ ᠨᠠᠷ᠎ᠤᠨ ᠬᠤᠷᠠᠯᠳᠤᠭᠠᠨ᠂ ᠠᠽᠢᠶ᠎ᠠ ᠨᠣᠮᠣᠬᠠᠨ ᠲᠠᠯᠠᠢ᠎ᠶ᠋ᠢᠨ ᠣᠷᠣᠨ᠎ᠤ ᠵᠥᠪᠯᠡᠯᠭᠡᠨ᠎ᠤ ᠬᠤᠷᠠᠯ᠎ᠤᠨ ᠶᠠᠷᠢᠶᠠᠨ᠎ᠤ ᠲᠠᠪᠴᠠᠩ᠎ᠤᠨ 28 ᠳ᠋ᠤᠭᠠᠷ ᠬᠤᠭᠤᠴᠠᠭᠠᠨ᠎ᠤ ᠤᠨ᠎ᠤ ᠬᠤᠷᠠᠯ᠂ ᠳᠥᠷᠪᠡᠳᠦᠭᠡᠷ ᠬᠤᠭᠤᠴᠠᠭᠠᠨ᠎ᠤ ᠧᠦ᠋ᠷᠣᠫᠠ ᠠᠽᠢᠶ᠎ᠠ᠎ᠶ᠋ᠢᠨ ᠤᠯᠤᠰ᠎ᠤᠳ᠎ᠤᠨ ᠵᠥᠪᠯᠡᠯᠭᠡᠨ᠎ᠤ ᠬᠤᠷᠠᠯ᠎ᠤᠨ ᠳᠠᠷᠤᠭ᠎ᠠ ᠨᠠᠷ᠎ᠤᠨ ᠬᠤᠷᠠᠯ᠂ ᠭᠤᠷᠪᠠᠳᠤᠭᠠᠷ ᠤᠳᠠᠭ᠎ᠠ᠎ᠶ᠋ᠢᠨ ᠵᠢᠷᠭᠤᠭᠠᠨ ᠤᠯᠤᠰ᠎ᠤᠨ ᠵᠥᠪᠯᠡᠯᠭᠡᠨ᠎ᠤ ᠬᠤᠷᠠᠯ᠎ᠤᠨ ᠳᠠᠷᠤᠭ᠎ᠠ ᠨᠠᠷ᠎ᠤᠨ ᠬᠤᠷᠠᠯ᠂ ᠠᠯᠳᠠᠨ ᠲᠤᠭᠤᠰᠭ᠎ᠠ᠎ᠶ᠋ᠢᠨ ᠤᠯᠤᠰ᠎ᠤᠳ᠎ᠤᠨ ᠵᠥᠪᠯᠡᠯᠭᠡᠨ᠎ᠤ ᠬᠤᠷᠠᠯ᠎ᠤᠨ ᠶᠠᠷᠢᠶᠠᠨ᠎ᠤ ᠲᠠᠪᠴᠠᠩ᠂ ᠭᠤᠷᠪᠠᠳᠤᠭᠠᠷ ᠬᠤᠭᠤᠴᠠᠭᠠᠨ᠎ᠤ ᠦᠷᠭᠦᠯᠵᠢᠯᠡᠬᠦ᠌ ᠬᠥᠭ᠌ᠵᠢᠯᠲᠡ᠎ᠶ᠋ᠢᠨ ᠳᠡᠯᠡᠬᠡᠢ᠎ᠶ᠋ᠢᠨ ᠵᠥᠪᠯᠡᠯᠭᠡᠨ᠎ᠤ ᠬᠤᠷᠠᠯ᠎ᠤᠨ ᠶᠠᠷᠢᠶᠠᠨ᠎ᠤ ᠲᠠᠪᠴᠠᠩ᠂ ᠵᠥᠪᠯᠡᠯᠭᠡᠨ᠎ᠤ ᠬᠤᠷᠠᠯ᠎ᠤᠨ ᠳᠡᠯᠡᠬᠡᠢ᠎ᠶ᠋ᠢᠨ ᠠᠷᠠᠯᠵᠢᠶᠠᠨ᠎ᠤ ᠶᠡᠭᠡ ᠬᠤᠷᠠᠯ᠎ᠤᠨ ᠵᠢᠯᠣᠭᠤᠳᠭᠤ ᠵᠥᠪᠯᠡᠯ᠂ ᠠᠽᠢᠶ᠎ᠠ ᠨᠣᠮᠣᠬᠠᠨ ᠲᠠᠯᠠᠢ᠎ᠶ᠋ᠢᠨ ᠣᠷᠣᠨ᠎ᠤ ᠵᠥᠪᠯᠡᠯᠭᠡᠨ᠎ᠤ ᠭᠡᠱᠢᠭᠦᠳ᠎ᠤᠨ ᠣᠷᠴᠢᠨ ᠠᠬᠤᠢ — ᠬᠥᠭ᠌ᠵᠢᠯᠲᠡ᠎ᠶ᠋ᠢᠨ ᠶᠡᠭᠡ ᠬᠤᠷᠠᠯ᠂ ᠡᠮᠦᠨᠡᠲᠦ ᠲᠦᠢᠯ᠎ᠤᠨ ᠵᠥᠪᠯᠡᠯᠭᠡᠨ᠎ᠤ ᠭᠡᠱᠢᠭᠦᠳ᠎ᠤᠨ ᠶᠡᠭᠡ ᠬᠤᠷᠠᠯ ᠵᠡᠷᠭᠡ ᠬᠤᠷᠠᠯ᠎ᠳᠤ ᠪᠥᠯᠬᠦᠮ ᠲᠣᠮᠢᠯᠠᠨ ᠣᠷᠣᠯᠴᠠᠭᠤᠯᠵᠤ᠂ ᠤᠯᠠᠨ ᠲᠠᠯᠠᠲᠤ ᠲᠠᠯᠠᠪᠤᠷ᠎ᠢ ᠠᠱᠢᠭ᠍ᠯᠠᠨ ᠤᠯᠤᠯᠴᠠᠭ᠎ᠠ ᠵᠣᠬᠢᠴᠠᠭᠤᠯᠭ᠎ᠠ᠎ᠪᠠᠨ ᠴᠢᠩᠭᠠᠳᠭᠠᠪᠠ᠃ ᠬᠥᠭ᠌ᠵᠢᠵᠦ᠍ ᠪᠠᠢᠭ᠎ᠠ ᠤᠯᠤᠰ᠎ᠤᠳ᠎ᠤᠨ ᠵᠥᠪᠯᠡᠯᠭᠡᠨ᠎ᠤ ᠭᠡᠱᠢᠭᠦᠳ᠎ᠤᠨ ᠰᠤᠳᠤᠯᠤᠨ ᠶᠠᠷᠢᠯᠴᠠᠬᠤ ᠠᠩᠬᠢ᠂ ᠠᠹᠷᠢᠺᠠ ᠲᠢᠪ᠎ᠤᠨ ᠹᠷᠠᠨᠼᠢ ᠬᠡᠯᠡᠨ᠎ᠤ ᠤᠯᠤᠰ᠎ᠤᠳ᠎ᠤᠨ ᠵᠥᠪᠯᠡᠯᠭᠡᠨ᠎ᠤ ᠭᠡᠱᠢᠭᠦᠳ᠎ᠤᠨ ᠰᠤᠳᠤᠯᠤᠨ ᠶᠠᠷᠢᠯᠴᠠᠬᠤ ᠠᠩᠬᠢ᠂ ᠪᠢᠷᠮᠠ᠎ᠶ᠋ᠢᠨ ᠵᠥᠪᠯᠡᠯᠭᠡᠨ᠎ᠤ ᠭᠡᠱᠢᠭᠦᠳ᠎ᠤᠨ ᠰᠤᠳᠤᠯᠤᠨ ᠶᠠᠷᠢᠯᠴᠠᠬᠤ ᠠᠩᠬᠢ᠎ᠶ᠋ᠢ ᠡᠷᠬᠢᠯᠡᠨ ᠶᠠᠪᠤᠭ᠍ᠳᠠᠭᠤᠯᠵᠤ᠂ 14 ᠤᠯᠤᠰ᠎ᠤᠨ 74 ᠵᠥᠪᠯᠡᠯᠭᠡᠨ᠎ᠤ ᠭᠡᠱᠢᠭᠦᠨ ᠳᠤᠮᠳᠠᠳᠤ ᠤᠯᠤᠰ᠎ᠲᠤ ᠢᠷᠡᠵᠦ᠍ ᠰᠣᠯᠢᠯᠴᠠᠨ ᠰᠤᠷᠤᠯᠴᠠᠵᠤ᠂ ᠲᠦᠷᠦ᠎ᠶ᠋ᠢ ᠵᠠᠰᠠᠵᠤ ᠵᠠᠰᠠᠭ᠎ᠢ ᠡᠷᠬᠢᠯᠡᠬᠦ᠌ ᠲᠤᠷᠱᠢᠯᠭ᠎ᠠ᠎ᠪᠠᠨ ᠰᠣᠯᠢᠯᠴᠠᠵᠤ ᠬᠠᠷᠢᠯᠴᠠᠨ ᠲᠣᠯᠢᠯᠠᠬᠤ᠎ᠪᠠᠨ ᠨᠡᠮᠡᠭ᠌ᠳᠡᠭᠦᠯᠪᠡ᠃
    ᠬᠠᠤᠯᠢ ᠲᠣᠭ᠍ᠲᠠᠭᠠᠬᠤ ᠰᠣᠯᠢᠯᠴᠠᠭ᠎ᠠ᠎ᠶ᠋ᠢ ᠭᠦᠨᠵᠡᠭᠡᠢᠷᠡᠭᠦᠯᠪᠠ᠃ ᠬᠤᠯᠪᠣᠭ᠍ᠳᠠᠯ ᠪᠦᠬᠦᠢ ᠤᠯᠤᠰ᠎ᠯᠤᠭ᠎ᠠ᠎ᠶ᠋ᠢᠨ ᠬᠠᠤᠯᠢ ᠴᠠᠭᠠᠵᠠ᠎ᠶ᠋ᠢᠨ ᠰᠣᠯᠢᠯᠴᠠᠭ᠎ᠠ ᠬᠠᠮᠲᠤᠷᠠᠯᠴᠠᠭ᠎ᠠ᠎ᠶ᠋ᠢᠨ ᠲᠣᠭ᠍ᠲᠠᠴᠠ᠎ᠶ᠋ᠢ ᠭᠦᠢᠴᠡᠳ ᠰᠠᠢᠲᠤᠷ ᠠᠱᠢᠭ᠍ᠯᠠᠵᠤ᠂ ᠬᠠᠤᠯᠢ ᠲᠣᠭ᠍ᠲᠠᠭᠠᠬᠤ ᠤᠨᠤᠯ᠂ ᠲᠦᠷᠢᠮ ᠬᠢᠭᠡᠳ ᠦᠢᠯᠡᠳᠦᠯᠭᠡ᠎ᠶ᠋ᠢᠨ ᠲᠠᠯ᠎ᠠ᠎ᠪᠠᠷ᠎ᠬᠢ ᠰᠣᠯᠢᠯᠴᠠᠭ᠎ᠠ᠎ᠶ᠋ᠢ ᠴᠢᠩᠭᠠᠳᠭᠠᠪᠠ᠃ ᠬᠠᠤᠯᠢ ᠲᠣᠭ᠍ᠲᠠᠭᠠᠬᠤ ᠮᠡᠷᠭᠡᠵᠢᠯ᠎ᠤᠨ ᠵᠢᠷᠤᠮᠵᠢᠯ᠂ ᠣᠷᠣᠨ ᠪᠦᠰᠡ᠎ᠶ᠋ᠢᠨ ᠬᠠᠮᠵᠢᠯᠴᠠᠨ ᠬᠠᠤᠯᠢ ᠲᠣᠭ᠍ᠲᠠᠭᠠᠬᠤ ᠪᠠ ᠢᠷᠭᠡᠨ᠎ᠤ ᠬᠠᠤᠯᠢ᠎ᠶ᠋ᠢᠨ ᠪᠢᠴᠢᠭ᠂ ᠲᠤᠰᠭᠠᠶ ᠠᠱᠢᠭ᠂ ᠨᠠᠰᠤᠨ᠎ᠳᠤ ᠦᠯᠤ ᠬᠥᠷᠦᠭ᠌ᠰᠡᠳ᠎ᠢ ᠬᠠᠮᠠᠭᠠᠯᠠᠬᠤ᠂ ᠵᠠᠰᠠᠭ ᠵᠠᠬᠢᠷᠭᠠᠨ᠎ᠤ ᠱᠢᠢᠳᠭᠡᠯ᠂ ᠣᠷᠴᠢᠨ ᠠᠬᠤᠶ᠎ᠶ᠋ᠢᠨ ᠬᠠᠮᠠᠭᠠᠯᠠᠯᠲᠠ ᠵᠡᠷᠭᠡ ᠬᠠᠤᠯᠢ ᠲᠣᠭ᠍ᠲᠠᠭᠠᠬᠤ ᠠᠵᠢᠯ᠎ᠲᠠᠢ ᠤᠶᠠᠯᠳᠤᠭᠤᠯᠤᠨ᠂ ᠬᠤᠯᠪᠣᠭ᠍ᠳᠠᠯ ᠪᠦᠬᠦᠢ ᠤᠯᠤᠰ᠎ᠯᠤᠭ᠎ᠠ ᠲᠤᠰᠭᠠᠶ ᠰᠡᠳᠦᠪᠲᠦ ᠱᠢᠨᠵᠢᠯᠡᠨ ᠪᠠᠢᠴᠠᠭᠠᠯᠲᠠ ᠰᠤᠳᠤᠯᠤᠨ ᠶᠠᠷᠢᠯᠴᠠᠭ᠎ᠠ᠎ᠶ᠋ᠢ ᠥᠷᠨᠢᠭᠦᠯᠪᠡ᠃ ᠮᠠᠨ᠎ᠤ ᠤᠯᠤᠰ᠎ᠤᠨ ᠠᠷᠠᠳ᠎ᠤᠨ ᠲᠥᠯᠥᠭᠡᠯᠡᠭ᠌ᠴᠢᠳ᠎ᠤᠨ ᠶᠡᠭᠡ ᠬᠤᠷᠠᠯ᠎ᠤᠨ ᠪᠠᠢᠭᠤᠯᠤᠯ᠎ᠢ ᠰᠠᠨᠠᠭᠠᠴᠢᠯᠠᠭ᠎ᠠ᠎ᠠᠴᠠ᠎ᠪᠠᠨ ᠤᠬᠠᠭᠤᠯᠵᠤ᠂ ᠦᠨᠳᠦᠰᠦᠨ ᠬᠠᠤᠯᠢ᠂ ᠭᠠᠳᠠᠭᠠᠳᠤ᠎ᠶ᠋ᠢᠨ ᠬᠤᠳᠠᠯᠳᠤᠭᠠᠴᠢᠨ᠎ᠤ ᠪᠡᠯᠡ ᠣᠷᠣᠭᠤᠯᠤᠯᠲᠠ᠎ᠶ᠋ᠢᠨ ᠬᠠᠤᠯᠢ᠎ᠶ᠋ᠢᠨ ᠭᠠᠳᠠᠭᠠᠳᠤ ᠤᠬᠠᠭᠤᠯᠭ᠎ᠠ ᠲᠠᠢᠯᠪᠤᠷᠢᠯᠠᠯᠲᠠ᠎ᠶ᠋ᠢ ᠰᠠᠢᠲᠤᠷ ᠬᠢᠵᠦ᠍᠂ ᠮᠠᠨ᠎ᠤ ᠤᠯᠤᠰ᠎ᠤᠨ ᠵᠣᠭᠤᠰ ᠤᠬᠢᠶᠠᠬᠤ ᠶᠠᠯᠠᠲᠤ ᠠᠵᠢᠯᠯᠠᠭ᠎ᠠ᠎ᠳᠤ ᠴᠣᠬᠢᠯᠲᠠ ᠥᠭ᠌ᠬᠦ᠂ ᠮᠡᠳᠡᠯᠭᠡ᠎ᠶ᠋ᠢᠨ ᠪᠦᠲᠦᠭᠡᠭ᠌ᠳᠡᠬᠦᠨ᠎ᠤ ᠥᠮᠴᠢᠯᠡᠬᠦ᠌ ᠡᠷᠬᠡ ᠪᠣᠯᠤᠨ ᠠᠮᠢ ᠠᠬᠤᠶ᠎ᠶ᠋ᠢᠨ ᠣᠷᠴᠢᠨ ᠲᠣᠭᠤᠷᠢᠨ᠎ᠢ ᠬᠠᠮᠠᠭᠠᠯᠠᠬᠤ᠂ ᠨᠡᠩ ᠶᠡᠭᠡ ᠡᠷᠴᠢᠮ᠎ᠲᠠᠢ᠎ᠪᠠᠷ ᠭᠠᠳᠠᠭ᠍ᠰᠢ ᠨᠡᠭᠡᠭᠡᠯᠲᠡ ᠬᠢᠬᠦ᠌ ᠵᠡᠷᠭᠡ ᠲᠠᠯ᠎ᠠ᠎ᠶ᠋ᠢᠨ ᠬᠠᠤᠯᠢ ᠲᠣᠭ᠍ᠲᠠᠭᠠᠯᠲᠠ᠎ᠶ᠋ᠢᠨ ᠦᠷ᠎ᠡ ᠪᠦᠲᠦᠭᠡᠯ᠎ᠢ ᠲᠠᠨᠢᠯᠴᠠᠭᠤᠯᠪᠠ᠃
    ᠪᠦᠬᠦ᠌ ᠤᠯᠤᠰ᠎ᠤᠨ ᠠᠷᠠᠳ᠎ᠤᠨ ᠲᠥᠯᠥᠭᠡᠯᠡᠭ᠌ᠴᠢᠳ᠎ᠤᠨ ᠶᠡᠭᠡ ᠬᠤᠷᠠᠯ᠎ᠤᠨ ᠲᠥᠪᠡᠳ᠎ᠤᠨ ᠲᠥᠯᠥᠭᠡᠯᠡᠭ᠌ᠴᠢᠳ᠎ᠤᠨ 3 ᠪᠦᠯᠬᠦᠮ᠎ᠢ ᠵᠣᠬᠢᠶᠠᠨ ᠪᠠᠢᠭᠤᠯᠤᠨ ᠲᠣᠮᠢᠯᠠᠵᠤ ᠬᠤᠯᠪᠣᠭ᠍ᠳᠠᠯ ᠪᠦᠬᠦᠢ ᠤᠯᠤᠰ ᠪᠠ ᠭᠠᠵᠠᠷ ᠣᠷᠣᠨ᠎ᠳᠤ ᠠᠢᠯᠴᠢᠯᠠᠭᠤᠯᠵᠤ᠂ ᠮᠠᠨ᠎ᠤ ᠤᠯᠤᠰ᠎ᠤᠨ ᠦᠨᠳᠦᠰᠦᠲᠡᠨ ᠱᠠᠱᠢᠨ ᠰᠤᠷᠲᠠᠬᠤᠨ᠎ᠤ ᠲᠦᠷᠦ᠎ᠶ᠋ᠢᠨ ᠪᠤᠳᠤᠯᠭ᠎ᠠ ᠪᠠ ᠦᠨᠳᠦᠰᠦᠲᠡᠨ᠎ᠤ ᠣᠷᠣᠨ᠎ᠤ ᠥᠪᠡᠷᠲᠡᠭᠡᠨ ᠵᠠᠰᠠᠬᠤ ᠪᠠᠢᠭᠤᠯᠤᠯ᠎ᠢ ᠤᠬᠠᠭᠤᠯᠤᠨ ᠲᠠᠢᠯᠪᠤᠷᠢᠯᠠᠵᠤ᠂ ᠦᠨᠳᠦᠰᠦᠲᠡᠨ᠎ᠤ ᠥᠪᠡᠷᠲᠡᠭᠡᠨ ᠵᠠᠰᠠᠬᠤ ᠣᠷᠣᠨ ᠨᠤᠲᠤᠭ᠎ᠤᠨ ᠠᠵᠤ ᠠᠬᠤᠶ ᠨᠡᠢᠭᠡᠮ᠎ᠤᠨ ᠬᠥᠭ᠌ᠵᠢᠯᠲᠡ᠎ᠶ᠋ᠢᠨ ᠠᠮᠵᠢᠯᠲᠠ ᠪᠦᠲᠦᠮᠵᠢ᠎ᠶ᠋ᠢ ᠲᠠᠨᠢᠯᠴᠠᠭᠤᠯᠪᠠ᠃ 27 ᠦᠨᠳᠦᠰᠦᠨ ᠱᠠᠲᠤᠨ᠎ᠤ ᠪᠦᠬᠦ᠌ ᠤᠯᠤᠰ᠎ᠤᠨ ᠠᠷᠠᠳ᠎ᠤᠨ ᠲᠥᠯᠥᠭᠡᠯᠡᠭ᠌ᠴᠢᠳ᠎ᠤᠨ ᠶᠡᠭᠡ ᠬᠤᠷᠠᠯ᠎ᠤᠨ ᠲᠥᠯᠥᠭᠡᠯᠡᠭ᠌ᠴᠢ ᠪᠠ ᠣᠷᠣᠨ ᠨᠤᠲᠤᠭ᠎ᠤᠨ ᠠᠷᠠᠳ᠎ᠤᠨ ᠲᠥᠯᠥᠭᠡᠯᠡᠭ᠌ᠴᠢᠳ᠎ᠤᠨ ᠶᠡᠭᠡ ᠬᠤᠷᠠᠯ᠎ᠤᠨ ᠲᠥᠯᠥᠭᠡᠯᠡᠭ᠌ᠴᠢ᠎ᠶ᠋ᠢ ᠵᠣᠬᠢᠶᠠᠨ ᠪᠠᠢᠭᠤᠯᠵᠤ ᠪᠦᠬᠦ᠌ ᠤᠯᠤᠰ᠎ᠤᠨ ᠠᠷᠠᠳ᠎ᠤᠨ ᠲᠥᠯᠥᠭᠡᠯᠡᠭ᠌ᠴᠢᠳ᠎ᠤᠨ ᠶᠡᠭᠡ ᠬᠤᠷᠠᠯ᠎ᠤᠨ ᠭᠠᠳᠠᠭᠠᠳᠤ ᠬᠠᠷᠢᠯᠴᠠᠭᠠᠨ᠎ᠤ ᠠᠵᠢᠯᠯᠠᠭ᠎ᠠ᠎ᠳᠤ ᠣᠷᠣᠯᠴᠠᠭᠤᠯᠤᠨ᠂ ᠥᠪᠡᠷ᠎ᠤᠨ ᠲᠤᠱᠢᠶᠠᠯ ᠬᠠᠷᠢᠭᠤᠴᠠᠯᠭ᠎ᠠ᠎ᠪᠠᠨ ᠭᠦᠢᠴᠡᠳᠭᠡᠭ᠌ᠰᠡᠨ ᠦᠯᠢᠭᠡᠷ᠎ᠢ᠎ᠨᠢ ᠶᠠᠷᠢᠭᠤᠯᠵᠤ᠂ ᠳᠤᠮᠳᠠᠳᠤ ᠤᠯᠤᠰ᠎ᠤᠨ ᠠᠷᠠᠳ ᠲᠦᠮᠡᠨ᠎ᠤ ᠡᠵᠡᠨ ᠰᠠᠭᠤᠵᠤ ᠡᠷᠬᠡ ᠮᠡᠳᠡᠭ᠌ᠰᠡᠨ ᠠᠮᠢᠳᠤᠯᠢᠭ ᠦᠢᠯᠡᠳᠦᠯᠭᠡ᠎ᠶ᠋ᠢ ᠳᠡᠯᠡᠬᠡᠢ ᠨᠡᠢᠲᠡ᠎ᠳᠤ ᠬᠠᠷᠠᠭᠤᠯᠪᠠ᠃
    ᠵᠢᠷᠭᠤᠭ᠎ᠠ᠂ ᠨᠠᠮ᠎ᠤᠨ ᠤᠳᠤᠷᠢᠳᠤᠯᠭ᠎ᠠ᠎ᠶ᠋ᠢ ᠪᠠᠷᠢᠮᠲᠠᠯᠠᠬᠤ᠂ ᠠᠷᠠᠳ ᠲᠦᠮᠡᠨ ᠡᠵᠡᠨ ᠰᠠᠭᠤᠵᠤ ᠡᠷᠬᠡ ᠮᠡᠳᠡᠬᠦ᠂ ᠬᠠᠤᠯᠢ ᠶᠣᠰᠣᠭᠠᠷ ᠤᠯᠤᠰ᠎ᠢᠶᠠᠨ ᠵᠠᠰᠠᠬᠤ᠎ᠶ᠋ᠢ ᠣᠷᠭᠠᠨᠢᠭ᠎ᠢᠶᠠᠷ ᠨᠢᠭᠡᠳᠭᠡᠬᠦ᠌᠎ᠲᠠᠢ ᠨᠢᠭ᠍ᠲᠠ ᠤᠶᠠᠯᠳᠤᠭᠤᠯᠤᠨ ᠲᠤᠰ ᠪᠡᠶ᠎ᠡ᠎ᠶ᠋ᠢᠨ ᠪᠠᠢᠭᠤᠯᠤᠯᠲᠠ᠎ᠪᠠᠨ ᠴᠢᠩᠭᠠᠳᠭᠠᠪᠠ
    ᠨᠠᠮ᠎ᠤᠨ ᠤᠳᠤᠷᠢᠳᠤᠯᠭ᠎ᠠ᠎ᠶ᠋ᠢ ᠪᠠᠷᠢᠮᠲᠠᠯᠠᠬᠤ᠂ ᠠᠷᠠᠳ ᠲᠦᠮᠡᠨ ᠡᠵᠡᠨ ᠰᠠᠭᠤᠵᠤ ᠡᠷᠬᠡ ᠮᠡᠳᠡᠬᠦ᠂ ᠬᠠᠤᠯᠢ ᠶᠣᠰᠣᠭᠠᠷ ᠤᠯᠤᠰ᠎ᠢᠶᠠᠨ ᠵᠠᠰᠠᠬᠤ᠎ᠶ᠋ᠢ ᠣᠷᠭᠠᠨᠢᠭ᠎ᠢᠶᠠᠷ ᠨᠢᠭᠡᠳᠭᠡᠬᠦ᠌ ᠪᠣᠯ ᠨᠡᠢᠭᠡᠮ ᠵᠢᠷᠤᠮ᠎ᠤᠨ ᠤᠯᠤᠰ ᠲᠦᠷᠦ᠎ᠶ᠋ᠢᠨ ᠬᠦᠭ᠌ᠵᠢᠯᠲᠡ᠎ᠶ᠋ᠢᠨ ᠵᠠᠢᠯᠠᠰᠢ ᠦᠭᠡᠢ ᠱᠠᠭᠠᠷᠳᠠᠯᠭ᠎ᠠ ᠮᠥᠨ᠂ ᠠᠷᠠᠳ᠎ᠤᠨ ᠲᠥᠯᠥᠭᠡᠯᠡᠭ᠌ᠴᠢᠳ᠎ᠤᠨ ᠶᠡᠭᠡ ᠬᠤᠷᠠᠯ᠎ᠤᠨ ᠪᠠᠢᠭᠤᠯᠤᠯ᠎ᠢ ᠪᠠᠷᠢᠮᠲᠠᠯᠠᠨ ᠲᠡᠭᠦᠯᠳᠡᠷᠵᠢᠭᠦᠯᠬᠦ᠌ ᠵᠠᠢᠯᠠᠰᠢ ᠦᠭᠡᠢ ᠱᠠᠭᠠᠷᠳᠠᠯᠭ᠎ᠠ ᠮᠥᠨ᠂ ᠪᠠᠰᠠ ᠴᠤ᠌ ᠠᠷᠠᠳ᠎ᠤᠨ ᠲᠦᠯᠦᠭᠡᠯᠡᠭ᠌ᠴᠢᠳ᠎ᠤᠨ ᠶᠡᠭᠡ ᠬᠤᠷᠠᠯ᠎ᠤᠨ ᠨᠠᠮ᠎ᠤᠨ ᠪᠠᠢᠭᠤᠯᠤᠯᠲᠠ ᠪᠠ ᠲᠤᠰ ᠪᠡᠶ᠎ᠡ᠎ᠶ᠋ᠢᠨ ᠪᠠᠢᠭᠤᠯᠤᠯᠲᠠ᠎ᠶ᠋ᠢ ᠴᠢᠩᠭᠠᠳᠭᠠᠬᠤ᠎ᠶ᠋ᠢᠨ ᠴᠢᠬᠤᠯᠠ ᠡᠭᠦᠷᠭᠡ ᠮᠥᠨ᠃
    ᠨᠠᠮ᠎ᠤᠨ ᠲᠥᠪ ᠬᠤᠷᠢᠶᠠᠨ᠎ᠤ ᠡᠷᠬᠡ ᠰᠦᠷ ᠪᠠ ᠲᠥᠪᠯᠡᠷᠡᠩᠭᠦᠶ ᠨᠢᠭᠡᠳᠦᠯᠲᠡᠶ ᠤᠳᠤᠷᠢᠳᠤᠯᠭ᠎ᠠ᠎ᠶ᠋ᠢ ᠬᠠᠮᠠᠭᠠᠯᠠᠵᠤ᠂ ᠨᠠᠮ᠎ᠤᠨ ᠤᠳᠤᠷᠢᠳᠤᠯᠭ᠎ᠠ᠎ᠶ᠋ᠢ ᠠᠷᠠᠳ᠎ᠤᠨ ᠲᠥᠯᠦᠭᠡᠯᠡᠭ᠌ᠴᠢᠳ᠎ᠤᠨ ᠶᠡᠭᠡ ᠬᠤᠷᠠᠯ᠎ᠤᠨ ᠠᠵᠢᠯ᠎ᠤᠨ ᠡᠯ᠎ᠡ ᠬᠦᠷᠢᠶ᠎ᠡ ᠡᠯ᠎ᠡ ᠲᠠᠯ᠎ᠠ ᠡᠯ᠎ᠡ ᠭᠤᠭ᠍ᠴᠤᠭ᠎ᠠ᠎ᠳᠤ ᠨᠠᠢᠳᠠᠪᠤᠷᠢᠵᠢᠭᠤᠯᠬᠤ᠎ᠶ᠋ᠢ ᠦᠨᠡᠨ ᠬᠦ᠌ ᠪᠠᠲᠤᠯᠠᠪᠠ᠃ 《ᠲᠤᠯᠭᠤᠷ ᠵᠣᠷᠢᠯᠲᠠ᠎ᠪᠠᠨ ᠥᠯᠦ᠍ ᠮᠠᠷᠲᠠᠨ᠂ ᠡᠭᠦᠷᠭᠡ ᠬᠠᠷᠢᠭᠤᠴᠠᠯᠭ᠎ᠠ᠎ᠪᠠᠨ ᠪᠠᠲᠤ ᠴᠡᠭᠡᠵᠢᠯᠡᠬᠦ᠌》 ᠭᠤᠣᠯ ᠰᠡᠳᠦᠪᠲᠦ ᠬᠥᠮᠦᠵᠢᠯ᠎ᠢ ᠬᠢᠨᠠᠮᠠᠭᠠᠢ ᠥᠷᠨᠢᠭᠦᠯᠵᠦ᠍᠂ ᠤᠨᠤᠯ᠎ᠢᠶᠠᠷ ᠵᠡᠪᠰᠡᠭ᠌ᠯᠡᠬᠦ᠌᠎ᠶ᠋ᠢ ᠴᠢᠩᠭᠠᠳᠭᠠᠵᠤ᠂ ᠠᠷᠠᠳ ᠲᠦᠮᠡᠨ᠎ᠳᠤ ᠦᠢᠯᠡᠴᠢᠯᠡᠬᠦ᠂ ᠨᠠᠮ᠎ᠤᠨ ᠲᠡᠦᠬᠡᠲᠦ ᠡᠭᠦᠷᠭᠡ᠎ᠶ᠋ᠢ ᠪᠡᠶᠡᠯᠡᠭᠦᠯᠬᠦ᠌᠎ᠶ᠋ᠢᠨ ᠲᠥᠯᠥᠭᠡ ᠴᠥᠬᠦᠷᠡᠰᠢ ᠦᠭᠡᠢ ᠲᠡᠮᠡᠴᠡᠬᠦ᠌ ᠬᠠᠷᠢᠭᠤᠴᠠᠯᠭᠠᠲᠤ ᠰᠡᠳᠭᠢᠯᠭᠡ ᠡᠭᠦᠷᠭᠡᠲᠦ ᠰᠡᠳᠭᠢᠯᠭᠡ᠎ᠪᠠᠨ ᠨᠡᠮᠡᠭ᠌ᠳᠡᠭᠦᠯᠪᠠ᠃ ᠲᠤᠱᠢᠶᠠᠯ ᠬᠠᠷᠢᠭᠤᠴᠠᠯᠭ᠎ᠠ᠎ᠪᠠᠨ ᠭᠦᠢᠴᠡᠳᠭᠡᠬᠦ᠌ ᠴᠢᠳᠠᠪᠤᠷᠢ ᠪᠠ ᠠᠵᠢᠯ᠎ᠤᠨ ᠬᠢᠷᠢ ᠲᠦᠪᠱᠢᠨ᠎ᠢᠶᠠᠨ ᠳᠡᠭᠡᠭ᠌ᠰᠢᠯᠡᠭᠦᠯᠬᠦ᠌᠎ᠲᠠᠢ ᠤᠶᠠᠯᠳᠤᠭᠤᠯᠤᠨ᠂ 6 ᠣᠳᠠᠭ᠎ᠠ᠎ᠶ᠋ᠢᠨ ᠲᠤᠰᠭᠠᠶ ᠰᠡᠳᠦᠪᠲᠦ ᠲᠠᠢᠯᠤᠮᠵᠢ ᠡᠷᠬᠢᠯᠡᠪᠡ᠃ ᠠᠷᠠᠳ᠎ᠤᠨ ᠲᠥᠯᠥᠭᠡᠯᠡᠭ᠌ᠴᠢᠳ᠎ᠤᠨ ᠶᠡᠭᠡ ᠬᠤᠷᠠᠯ᠎ᠤᠨ ᠪᠠᠢᠭᠤᠯᠤᠯ᠎ᠢ ᠪᠠᠷᠢᠮᠲᠠᠯᠠᠨ ᠲᠡᠭᠦᠯᠳᠡᠷᠵᠢᠭᠦᠯᠬᠦ᠌ ᠲᠤᠬᠠᠶ ᠶᠡᠷᠦᠩᠬᠡᠶ ᠱᠦᠵᠢ ᠰᠢ᠎ᠶ᠋ᠢᠨ ᠫᠢᠩ᠎ᠤᠨ ᠴᠢᠬᠤᠯᠠ ᠦᠵᠡᠯ ᠰᠠᠨᠠᠭ᠎ᠠ᠎ᠶ᠋ᠢ ᠰᠤᠷᠤᠯᠴᠠᠨ ᠰᠣᠯᠢᠯᠴᠠᠬᠤ ᠬᠤᠶᠠᠳᠤᠭᠠᠷ ᠣᠳᠠᠭ᠎ᠠ᠎ᠶ᠋ᠢᠨ ᠬᠤᠷᠠᠯ᠎ᠢ ᠬᠤᠷᠠᠯᠳᠤᠭᠤᠯᠵᠤ᠂ ᠠᠷᠠᠳ᠎ᠤᠨ ᠲᠥᠯᠥᠭᠡᠯᠡᠭ᠌ᠴᠢᠳ᠎ᠤᠨ ᠶᠡᠭᠡ ᠬᠤᠷᠠᠯ᠎ᠤᠨ ᠪᠠᠢᠭᠤᠯᠤᠯ᠎ᠤᠨ ᠱᠢᠨᠵᠢᠯᠡᠬᠦ᠌ ᠤᠬᠠᠭᠠᠨᠴᠢ ᠠᠭᠤᠯᠤᠭ᠍ᠳᠠᠬᠤᠨ ᠪᠠ ᠱᠢᠨ᠎ᠡ ᠴᠠᠭ ᠦᠶ᠎ᠡ᠎ᠶ᠋ᠢᠨ ᠠᠷᠠᠳ᠎ᠤᠨ ᠲᠥᠯᠥᠭᠡᠯᠡᠭ᠌ᠴᠢᠳ᠎ᠤᠨ ᠶᠡᠭᠡ ᠬᠤᠷᠠᠯ᠎ᠤᠨ ᠠᠵᠢᠯ᠎ᠤᠨ ᠦᠢᠯᠡᠳᠦᠯᠭᠡ᠎ᠶ᠋ᠢᠨ ᠱᠠᠭᠠᠷᠳᠠᠯᠭ᠎ᠠ᠎ᠶ᠋ᠢ ᠭᠦᠨᠵᠡᠭᠡᠶ ᠤᠢ᠍ᠢᠯᠠᠭᠠᠨ ᠡᠵᠡᠮᠱᠢᠪᠡ᠃ ᠠᠷᠠᠳ᠎ᠤᠨ ᠲᠥᠯᠥᠭᠡᠯᠡᠭ᠌ᠴᠢᠳ᠎ᠤᠨ ᠶᠡᠭᠡ ᠬᠤᠷᠠᠯ᠎ᠤᠨ ᠪᠠᠢᠭᠤᠯᠤᠯ᠎ᠤᠨ ᠤᠨᠤᠯ᠎ᠤᠨ ᠰᠤᠳᠤᠯᠭᠠᠨ᠎ᠤ ᠬᠤᠷᠠᠯ᠎ᠤᠨ ᠬᠤᠭᠤᠴᠠᠭ᠎ᠠ ᠰᠣᠯᠢᠬᠤ ᠠᠵᠢᠯ᠎ᠢ ᠪᠡᠶᠡᠯᠡᠭᠦᠯᠵᠦ᠍᠂ ᠠᠷᠠᠳ᠎ᠤᠨ ᠲᠥᠯᠥᠭᠡᠯᠡᠭ᠌ᠴᠢᠳ᠎ᠤᠨ ᠶᠡᠭᠡ ᠬᠤᠷᠠᠯ᠎ᠤᠨ ᠤᠨᠤᠯ ᠬᠢᠭᠡᠳ ᠦᠢᠯᠡᠳᠦᠯᠭᠡ᠎ᠶ᠋ᠢᠨ ᠰᠤᠳᠤᠯᠭᠠᠨ᠎ᠢ ᠪᠦᠬᠦ᠌ ᠲᠠᠯ᠎ᠠ᠎ᠪᠠᠷ ᠴᠢᠩᠭᠠᠳᠭᠠᠪᠠ᠃
    ᠠᠷᠠᠳ᠎ᠤᠨ ᠲᠥᠯᠥᠭᠡᠯᠡᠭ᠌ᠴᠢᠳ᠎ᠤᠨ ᠶᠡᠭᠡ ᠬᠤᠷᠠᠯ᠎ᠤᠨ ᠠᠵᠢᠯ᠎ᠳᠤ ᠣᠯᠠᠨ ᠨᠡᠢᠲᠡ᠎ᠶ᠋ᠢᠨ ᠡᠮᠬᠢ ᠵᠢᠷᠤᠮ᠎ᠲᠠᠢ᠎ᠪᠠᠷ ᠣᠷᠣᠯᠴᠠᠬᠤ᠎ᠶ᠋ᠢ ᠥᠷᠭᠡᠳᠭᠡᠵᠦ᠍᠂ ᠣᠯᠠᠨ ᠵᠦᠢᠯ᠎ᠤᠨ ᠬᠡᠯᠪᠡᠷᠢ᠎ᠪᠠᠷ ᠳᠠᠮᠵᠢᠭᠤᠯᠤᠨ ᠣᠯᠠᠨ ᠲᠦᠮᠡᠨ᠎ᠤ ᠰᠠᠨᠠᠯ᠎ᠢ ᠰᠣᠨᠣᠰᠴᠤ᠌᠂ ᠠᠷᠠᠳ ᠲᠦᠮᠡᠨ᠎ᠤ ᠲᠥᠯᠥᠭᠡ ᠡᠷᠬᠡ᠎ᠪᠠᠨ ᠬᠡᠷᠡᠭ᠌ᠯᠡᠵᠦ᠍᠂ ᠠᠷᠠᠳ ᠲᠦᠮᠡᠨ᠎ᠤ ᠲᠥᠯᠥᠭᠡ ᠲᠤᠱᠢᠶᠠᠯ ᠬᠠᠷᠢᠭᠤᠴᠠᠯᠭ᠎ᠠ᠎ᠪᠠᠨ ᠭᠦᠢᠴᠡᠳᠭᠡᠬᠦ᠌᠎ᠶ᠋ᠢ ᠦᠨᠡᠨ ᠬᠦ᠌ ᠪᠡᠶᠡᠯᠡᠭᠦᠯᠪᠠ᠃ ᠲᠥᠪ ᠬᠤᠷᠢᠶᠠᠨ᠎ᠤ ᠨᠠᠢ᠍ᠮᠠᠨ ᠵᠣᠷᠪᠤᠰ ᠲᠣᠭ᠍ᠲᠠᠭᠠᠯ ᠵᠢᠴᠢ ᠲᠡᠭᠦᠨ᠎ᠤ ᠬᠡᠷᠡᠭ᠌ᠵᠢᠭᠦᠯᠬᠦ᠌ ᠨᠠᠷᠢᠨ ᠳᠦᠷᠢᠮ᠎ᠤᠨ ᠵᠣᠷᠢᠭ ᠰᠠᠨᠠᠭ᠎ᠠ᠎ᠶ᠋ᠢ ᠭᠦᠨᠵᠡᠭᠡᠶ ᠲᠤᠭᠤᠱᠢᠯᠠᠭᠤᠯᠤᠨ᠂ ᠬᠡᠯᠪᠡᠷᠢ᠎ᠶ᠋ᠢᠨ ᠦᠵᠡᠯ᠂ ᠨᠣᠶᠠᠨᠴᠢ ᠰᠤᠷᠲᠠᠯ᠎ᠢ ᠴᠢᠩᠭ᠎ᠠ ᠴᠡᠭᠡᠷᠯᠡᠵᠦ᠍᠂ ᠪᠠᠢᠴᠠᠭᠠᠨ ᠰᠤᠳᠤᠯᠬᠤ ᠠᠵᠢᠯᠯᠠᠭᠠᠨ᠎ᠢ ᠨᠢᠭᠡᠳᠦᠯᠲᠡᠶ ᠲᠥᠯᠥᠪᠯᠡᠨ ᠲᠣᠬᠢᠷᠠᠭᠤᠯᠵᠤ᠂ ᠠᠷᠠᠳ ᠤᠯᠠᠨ᠎ᠤ ᠪᠣᠳᠤᠵᠤ ᠬᠦᠰᠡᠵᠦ᠍ ᠪᠠᠢᠭ᠎ᠠ ᠵᠦᠢᠯ᠎ᠢ ᠴᠠᠭ ᠲᠤᠬᠠᠶ᠎ᠳᠤᠨᠢ ᠣᠢᠯᠠᠭᠠᠨ ᠲᠤᠰᠭᠠᠪᠠ᠃ ᠪᠠᠢᠩᠭᠤ᠎ᠶ᠋ᠢᠨ ᠬᠤᠷᠢᠶ᠎ᠠ᠂ ᠲᠤᠰᠭᠠᠶ ᠵᠥᠪᠯᠡᠯ 300 ᠱᠢᠬᠠᠮ ᠤᠳᠠᠭ᠎ᠠ ᠪᠠᠢᠴᠠᠭᠠᠨ ᠰᠤᠳᠤᠯᠤᠯᠲᠠ ᠥᠷᠨᠢᠭᠦᠯᠪᠡ᠃ ᠦᠨᠳᠦᠰᠦᠨ ᠱᠠᠲᠤᠨ᠎ᠤ ᠬᠠᠤᠯᠢ ᠲᠣᠭ᠍ᠲᠠᠭᠠᠬᠤ ᠬᠠᠷᠢᠯᠴᠠᠬᠤ ᠴᠡᠭ᠎ᠤᠨ ᠤᠯᠠᠨ ᠲᠦᠮᠡᠨ᠎ᠲᠠᠢ ᠣᠢᠷ᠎ᠠ᠂ ᠠᠷᠠᠳ᠎ᠤᠨ ᠤᠶᠤᠨ ᠤᠬᠠᠭᠠᠨ᠎ᠢ ᠲᠥᠪᠯᠡᠷᠡᠭᠦᠯᠬᠦ᠌ 《ᠱᠢᠭᠤᠳ ᠨᠡᠪᠲᠡᠷᠡᠬᠦ᠌ ᠲᠡᠷᠭᠡ》 ᠎ᠶ᠋ᠢᠨ ᠦᠢᠯᠡᠳᠦᠯ᠎ᠢ ᠪᠠᠳᠠᠷᠠᠭᠤᠯᠵᠤ᠂ ᠦᠨᠳᠦᠰᠦᠨ ᠱᠠᠲᠤᠨ᠎ᠤ ᠤᠯᠠᠨ ᠲᠦᠮᠡᠨ᠎ᠤ ᠬᠠᠤᠯᠢ ᠲᠣᠭ᠍ᠲᠠᠭᠠᠬᠤ ᠪᠦᠬᠦ᠌ ᠶᠠᠪᠤᠴᠠ᠎ᠳᠤ ᠣᠷᠣᠯᠴᠠᠬᠤ᠎ᠶ᠋ᠢ ᠳᠡᠮᠵᠢᠵᠦ᠍᠂ ᠡᠯ᠎ᠡ ᠲᠠᠯ᠎ᠠ᠎ᠶ᠋ᠢᠨ᠎ᠬᠢᠨ᠎ᠤ ᠰᠠᠨᠠᠯ᠎ᠢ ᠤᠤᠯ ᠬᠡᠪ᠎ᠢᠶᠠᠷ᠎ᠨᠢ ᠬᠤᠷᠢᠶᠠᠨ ᠲᠤᠰᠭᠠᠪᠠ᠃ ᠵᠠᠬᠢᠳᠠᠯ ᠰᠤᠷᠪᠤᠯᠵᠢᠯᠠᠭ᠎ᠠ᠎ᠶ᠋ᠢᠨ ᠠᠵᠢᠯ᠎ᠢ ᠴᠢᠩᠭᠠᠳᠭᠠᠨ ᠰᠠᠢᠵᠢᠷᠠᠭᠤᠯᠵᠤ᠂ ᠪᠦᠬᠦ᠌ ᠤᠯᠤᠰ᠎ᠤᠨ ᠠᠷᠠᠳ᠎ᠤᠨ ᠲᠥᠯᠥᠭᠡᠯᠡᠭ᠌ᠴᠢᠳ᠎ᠤᠨ ᠶᠡᠭᠡ ᠬᠤᠷᠠᠯ᠎ᠤᠨ ᠪᠠᠢᠭᠤᠯᠭ᠎ᠠ᠎ᠶ᠋ᠢᠨ ᠰᠦᠯᠵᠢᠶᠡᠨ ᠳᠡᠭᠡᠷᠡᠬᠢ ᠵᠠᠬᠢᠳᠠᠯ ᠰᠤᠷᠪᠤᠯᠵᠢᠯᠠᠭ᠎ᠠ᠎ᠶ᠋ᠢᠨ ᠲᠠᠪᠴᠠᠩ᠎ᠢ ᠨᠡᠪᠲᠡᠷᠡᠭᠦᠯᠵᠦ᠍᠂ ᠵᠠᠬᠢᠳᠠᠯ ᠰᠤᠷᠪᠤᠯᠵᠢᠯᠠᠭ᠎ᠠ᠎ᠶ᠋ᠢ 8 ᠲᠦᠮᠡ ᠱᠢᠬᠠᠮ ᠬᠤᠪᠢ ᠤᠳᠠᠭ᠎ᠠ ᠰᠶ᠋ᠢᠳᠪᠦᠷᠢᠯᠡᠪᠡ᠂ ᠡᠭᠦᠨ᠎ᠳᠤ ᠲᠥᠯᠥᠭᠡᠯᠡᠭ᠌ᠴᠢ᠎ᠶ᠋ᠢᠨ ᠳᠠᠮᠵᠢᠭᠤᠯᠤᠨ ᠲᠤᠱᠢᠶᠠᠭ᠍ᠰᠠᠨ᠎ᠨᠢ 178 ᠬᠤᠪᠢ ᠪᠠᠢᠵᠤ᠂ ᠤᠯᠠᠨ ᠲᠦᠮᠡᠨ᠎ᠤ ᠵᠦᠶ ᠵᠣᠬᠢᠰᠲᠠᠶ ᠬᠦᠰᠡᠯ ᠱᠠᠭᠠᠷᠳᠠᠯᠭ᠎ᠠ᠎ᠶ᠋ᠢ ᠬᠠᠤᠯᠢ ᠶᠣᠰᠣᠭᠠᠷ ᠴᠠᠭ ᠲᠤᠬᠠᠶ᠎ᠳᠤᠨᠢ ᠰᠶ᠋ᠢᠳᠪᠦᠷᠢᠯᠡᠬᠦ᠌᠎ᠶ᠋ᠢ ᠠᠬᠢᠭᠤᠯᠪᠠ᠃
    ᠪᠦᠬᠦ᠌ ᠤᠯᠤᠰ᠎ᠤᠨ ᠠᠷᠠᠳ᠎ᠤᠨ ᠲᠥᠯᠥᠭᠡᠯᠡᠭ᠌ᠴᠢᠳ᠎ᠤᠨ ᠶᠡᠭᠡ ᠬᠤᠷᠠᠯ ᠵᠢᠴᠢ ᠲᠡᠭᠦᠨ᠎ᠤ ᠪᠠᠢᠩᠭᠤ᠎ᠶ᠋ᠢᠨ ᠬᠤᠷᠢᠶ᠎ᠠ᠎ᠨᠢ ᠤᠯᠤᠰ᠎ᠤᠨ ᠬᠠᠤᠯᠢ ᠲᠣᠭ᠍ᠲᠠᠭᠠᠬᠤ ᠪᠠᠢᠭᠤᠯᠭ᠎ᠠ ᠪᠣᠯᠤᠭ᠍ᠰᠠᠨ᠎ᠤ ᠬᠤᠪᠢ᠎ᠳᠤ᠂ ᠲᠦᠷᠦᠭᠦᠯᠡᠨ ᠦᠨᠳᠦᠰᠦᠨ ᠬᠠᠤᠯᠢ ᠬᠠᠤᠯᠢ ᠴᠠᠭᠠᠵᠠ᠎ᠶ᠋ᠢ ᠵᠢᠷᠤᠮᠯᠠᠨ ᠰᠠᠬᠢᠵᠤ᠂ ᠬᠠᠤᠯᠢ ᠶᠣᠰᠣᠭᠠᠷ ᠲᠤᠱᠢᠶᠠᠯ ᠬᠠᠷᠢᠭᠤᠴᠠᠯᠭ᠎ᠠ᠎ᠪᠠᠨ ᠭᠦᠢᠴᠡᠳᠭᠡᠨ᠂ ᠬᠠᠤᠯᠢ ᠶᠣᠰᠣᠭᠠᠷ ᠠᠵᠢᠯᠯᠠᠪᠠ᠃ ᠬᠠᠤᠯᠢ ᠲᠣᠭ᠍ᠲᠠᠭᠠᠬᠤ ᠬᠠᠤᠯᠢ᠂ ᠬᠢᠨᠠᠯᠲᠠ ᠲᠠᠯᠪᠢᠬᠤ ᠬᠠᠤᠯᠢ ᠪᠠ ᠪᠠᠢᠩᠭᠤ᠎ᠶ᠋ᠢᠨ ᠬᠤᠷᠢᠶᠠᠨ᠎ᠤ ᠬᠡᠷᠡᠭ ᠵᠥᠪᠯᠡᠬᠦ᠌ ᠳᠦᠷᠢᠮ᠎ᠢ ᠴᠢᠩᠭ᠎ᠠ ᠬᠡᠷᠡᠭ᠌ᠵᠢᠭᠦᠯᠵᠦ᠍᠂ ᠤᠳᠠᠭ᠎ᠠ ᠪᠦᠷᠢ᠎ᠶ᠋ᠢᠨ ᠬᠤᠷᠠᠯ᠂ ᠵᠥᠪᠯᠡᠬᠦ᠌ ᠵᠦᠢᠯ ᠨᠢᠭᠡᠪᠦᠷᠢ᠂ ᠰᠠᠨᠠᠯ ᠵᠥᠪᠯᠡᠯᠭᠡ ᠨᠢᠭᠡᠪᠦᠷᠢ᠎ᠨᠢ ᠴᠥᠮ ᠦᠨᠳᠦᠰᠦᠨ ᠬᠠᠤᠯᠢ ᠬᠠᠤᠯᠢ ᠴᠠᠭᠠᠵᠠ᠎ᠶ᠋ᠢᠨ ᠲᠣᠭ᠍ᠲᠠᠭᠠᠯ ᠪᠠ ᠬᠠᠤᠯᠢ᠎ᠪᠠᠷ ᠲᠣᠭ᠍ᠲᠠᠭᠠᠭ᠍ᠰᠠᠨ ᠵᠢᠷᠤᠮ᠎ᠳᠤ ᠨᠡᠢᠴᠡᠬᠦ᠌᠎ᠶ᠋ᠢ ᠦᠨᠡᠨ ᠬᠦ᠌ ᠪᠠᠲᠤᠯᠠᠪᠠ᠃ ᠬᠠᠮᠲᠤ᠎ᠪᠠᠷ ᠡᠷᠬᠡ ᠲᠤᠱᠢᠶᠠᠯ᠎ᠢᠶᠠᠨ ᠬᠡᠷᠡᠭ᠌ᠵᠢᠭᠦᠯᠬᠦ᠂ ᠬᠠᠮᠲᠤ᠎ᠪᠠᠷ ᠠᠰᠠᠭᠤᠳᠠᠯ᠎ᠢ ᠲᠣᠭ᠍ᠲᠠᠭᠠᠬᠤ᠎ᠶ᠋ᠢ ᠪᠠᠷᠢᠮᠲᠠᠯᠠᠨ᠂ ᠪᠥᠬᠦᠳᠡ ᠬᠤᠷᠠᠯ᠂ ᠳᠤᠭᠤᠢᠯᠠᠩ ᠬᠤᠪᠢᠶᠠᠨ ᠬᠢᠨᠠᠨ ᠶᠠᠷᠢᠯᠴᠠᠬᠤ ᠪᠠ ᠳᠤᠭᠤᠢᠯᠠᠩ ᠬᠠᠮᠲᠤᠷᠠᠨ ᠬᠢᠨᠠᠨ ᠶᠠᠷᠢᠯᠴᠠᠬᠤ᠎ᠶ᠋ᠢ ᠵᠦᠶ ᠵᠣᠬᠢᠰᠲᠠᠶ ᠲᠣᠬᠢᠷᠠᠭᠤᠯᠵᠤ᠂ ᠠᠷᠠᠳᠴᠢᠯᠠᠯ᠎ᠢ ᠪᠠᠳᠠᠷᠠᠭᠤᠯᠤᠨ᠂ ᠤᠯᠠᠨ᠎ᠤ ᠠᠷᠭ᠎ᠠ ᠤᠬᠠᠭᠠᠨ᠎ᠢ ᠲᠦᠪᠯᠡᠷᠡᠭᠦᠯᠦᠨ᠂ ᠬᠠᠮᠲᠤ᠎ᠶ᠋ᠢᠨ ᠲᠠᠨᠢᠯᠲᠠ᠎ᠶ᠋ᠢ ᠪᠤᠢ ᠪᠣᠯᠭᠠᠵᠤ᠂ ᠠᠷᠠᠳᠴᠢᠯᠠᠯ ᠲᠥᠪᠯᠡᠷᠡᠯ᠎ᠤᠨ ᠶᠣᠰᠣ᠎ᠶ᠋ᠢ ᠲᠤᠱᠢᠶᠠᠯ ᠬᠠᠷᠢᠭᠤᠴᠠᠯᠭ᠎ᠠ᠎ᠪᠠᠨ ᠭᠦᠢᠴᠡᠳᠭᠡᠬᠦ᠌ ᠪᠦᠬᠦ᠌ ᠶᠠᠪᠤᠴᠠ᠎ᠳᠤ ᠲᠤᠭᠤᠱᠢᠯᠠᠭᠤᠯᠪᠠ᠃ ᠬᠠᠤᠯᠢ᠎ᠪᠠᠷ ᠲᠣᠭ᠍ᠲᠠᠭᠠᠭ᠍ᠰᠠᠨ ᠲᠤᠱᠢᠶᠠᠯ ᠬᠠᠷᠢᠭᠤᠴᠠᠯᠭ᠎ᠠ᠎ᠪᠠᠨ ᠭᠦᠢᠴᠡᠳᠭᠡᠬᠦ᠌ ᠦᠨᠳᠤᠷᠴᠡ᠎ᠠᠴᠠ ᠬᠤᠷᠠᠯ᠎ᠤᠨ ᠰᠤᠷᠲᠠᠯ ᠬᠤᠷᠠᠯ᠎ᠤᠨ ᠰᠠᠬᠢᠯᠭ᠎ᠠ ᠪᠠᠲᠤ᠎ᠶ᠋ᠢ ᠴᠢᠩᠳᠠᠯᠠᠵᠤ᠂ ᠪᠠᠢᠩᠭᠤ᠎ᠶ᠋ᠢᠨ ᠬᠤᠷᠢᠶᠠᠨ᠎ᠤ ᠬᠤᠷᠠᠯᠳᠤᠭᠠᠨ᠎ᠳᠤ ᠤᠷᠤᠯᠴᠠᠭ᠍ᠰᠠᠨ ᠨᠣᠷᠮ᠎ᠠ᠎ᠶ᠋ᠢ 97% ᠎ᠠᠴᠠ ᠳᠡᠭᠡᠭ᠌ᠰᠢ ᠪᠠᠢᠯᠭᠠᠵᠤ᠂ ᠪᠠᠲᠤᠯᠠᠯᠲᠠ ᠬᠢᠬᠦ᠌ ᠵᠦᠢᠯ ᠪᠥᠭᠦᠳᠡ᠎ᠳᠤ ᠪᠦᠬᠦ᠌ ᠬᠦᠮᠦᠰ ᠪᠦᠬᠦ᠌ ᠤᠳᠠᠭ᠎ᠠ᠎ᠳᠤ ᠪᠠᠲᠤᠯᠠᠭᠤᠷ ᠮᠠᠱᠢᠨ᠎ᠢᠶᠠᠨ ᠳᠠᠷᠤᠬᠤ᠎ᠶ᠋ᠢ ᠪᠡᠶᠡᠯᠡᠭᠦᠯᠵᠦ᠍᠂ ᠠᠷᠠᠳ ᠲᠦᠮᠡᠨ᠎ᠠᠴᠠ ᠣᠯᠭᠤᠭ᠍ᠰᠠᠨ ᠡᠷᠬᠡ᠎ᠪᠠᠨ ᠵᠥᠪ ᠬᠡᠷᠡᠭ᠌ᠵᠢᠭᠦᠯᠪᠡ᠃
    ᠪᠦᠬᠦ᠌ ᠤᠯᠤᠰ᠎ᠤᠨ ᠠᠷᠠᠳ᠎ᠤᠨ ᠲᠥᠯᠥᠭᠡᠯᠡᠭ᠌ᠴᠢᠳ᠎ᠤᠨ ᠶᠡᠭᠡ ᠬᠤᠷᠠᠯ᠎ᠤᠨ ᠡᠯ᠎ᠡ ᠲᠤᠰᠭᠠᠶ ᠵᠥᠪᠯᠡᠯ ᠬᠠᠤᠯᠢ᠎ᠪᠠᠷ ᠲᠣᠭ᠍ᠲᠠᠭᠠᠭ᠍ᠰᠠᠨ ᠲᠤᠱᠢᠶᠠᠯ ᠬᠠᠷᠢᠭᠤᠴᠠᠯᠭ᠎ᠠ᠎ᠪᠠᠨ ᠬᠢᠨᠠᠮᠠᠭᠠᠶ ᠭᠦᠢᠴᠡᠳᠭᠡᠵᠦ᠍᠂ ᠬᠤᠯᠪᠣᠭ᠍ᠳᠠᠯ ᠪᠦᠬᠦᠢ ᠰᠠᠨᠠᠯ ᠵᠥᠪᠯᠡᠯᠭᠡ᠎ᠶ᠋ᠢ ᠰᠤᠳᠤᠯᠬᠤ᠂ ᠲᠤᠭᠤᠷᠪᠢᠨ ᠲᠣᠭ᠍ᠲᠠᠭᠠᠬᠤ᠂ ᠬᠢᠨᠠᠨ ᠶᠠᠷᠢᠯᠴᠠᠬᠤ᠂ ᠪᠠᠢᠩᠭᠤ᠎ᠶ᠋ᠢᠨ ᠬᠤᠷᠢᠶ᠎ᠠ᠎ᠶ᠋ᠢ ᠬᠠᠪᠰᠤᠷᠤᠨ ᠬᠠᠤᠯᠢ ᠲᠣᠭ᠍ᠲᠠᠭᠠᠬᠤ᠂ ᠬᠢᠨᠠᠯᠲᠠ ᠲᠠᠯᠪᠢᠬᠤ᠂ ᠲᠥᠯᠥᠭᠡᠯᠡᠭ᠌ᠴᠢ᠎ᠶ᠋ᠢᠨ᠂ ᠭᠠᠳᠠᠭᠠᠳᠤ ᠬᠠᠷᠢᠯᠴᠠᠭᠠᠨ᠎ᠤ ᠠᠵᠢᠯ᠎ᠢ ᠥᠷᠨᠢᠭᠦᠯᠬᠦ᠌ ᠵᠡᠷᠭᠡ ᠲᠠᠯ᠎ᠠ᠎ᠪᠠᠷ ᠴᠢᠬᠤᠯᠠ ᠦᠢᠯᠡᠳᠦᠯ ᠪᠠᠳᠠᠷᠠᠭᠤᠯᠪᠠ᠃ ᠪᠦᠬᠦ᠌ ᠤᠯᠤᠰ᠎ᠤᠨ ᠠᠷᠠᠳ᠎ᠤᠨ ᠲᠥᠯᠥᠭᠡᠯᠡᠭ᠌ᠴᠢᠳ᠎ᠤᠨ ᠶᠡᠭᠡ ᠬᠤᠷᠠᠯ᠎ᠤᠨ ᠪᠠᠢᠭᠤᠯᠭ᠎ᠠ᠎ᠶ᠋ᠢᠨ ᠤᠯᠤᠰ ᠲᠦᠷᠦ᠍᠂ ᠦᠵᠡᠯ ᠰᠠᠨᠠᠭ᠎ᠠ᠂ ᠵᠣᠬᠢᠶᠠᠨ ᠪᠠᠢᠭᠤᠯᠤᠯᠲᠠ᠂ ᠣᠪᠣᠷ ᠰᠤᠷᠲᠠᠯ᠂ ᠰᠠᠬᠢᠯᠭ᠎ᠠ ᠪᠠᠲᠤ᠎ᠶ᠋ᠢᠨ ᠪᠠᠢᠭᠤᠯᠤᠯᠲᠠ᠎ᠶ᠋ᠢ ᠪᠦᠬᠦ᠌ ᠲᠠᠯ᠎ᠠ᠎ᠪᠠᠷ ᠴᠢᠩᠭᠠᠳᠭᠠᠨ᠂ ᠬᠤᠶᠠᠷ ᠡᠭᠡᠯᠵᠢ᠎ᠶ᠋ᠢᠨ ᠳᠣᠲᠣᠭᠠᠳᠤ᠎ᠶ᠋ᠢᠨ ᠲᠣᠭᠤᠷᠢᠨ ᠪᠠᠢᠴᠠᠭᠠᠯᠲᠠ ᠥᠷᠨᠢᠭᠦᠯᠵᠦ᠍᠂ ᠰᠡᠷᠡᠮᠵᠢᠯᠡᠭᠦᠯᠦᠨ ᠬᠥᠮᠦᠵᠢᠭᠦᠯᠬᠦ᠌ ᠪᠠ ᠠᠷᠢᠭᠤᠨ ᠴᠢᠬᠡᠴᠢ᠎ᠪᠠᠷ ᠵᠠᠰᠠᠭ ᠪᠠᠷᠢᠬᠤ ᠠᠶᠤᠯ ᠲᠦᠭ᠌ᠰᠢᠭᠦᠷᠢ᠎ᠶ᠋ᠢ ᠰᠡᠷᠭᠡᠢᠯᠡᠨ ᠡᠵᠡᠮᠳᠡᠬᠦ᠌᠎ᠪᠠᠨ ᠴᠢᠩᠭᠠᠳᠭᠠᠵᠤ᠂ ᠵᠥᠪᠯᠡᠭ᠌ᠴᠢ ᠲᠤᠰᠠᠯᠠᠭ᠍ᠴᠢ ᠪᠣᠯᠬᠤ ᠪᠠ ᠦᠢᠯᠡᠴᠢᠯᠡᠭᠡ ᠪᠠᠲᠤᠯᠠᠭ᠎ᠠ᠎ᠶ᠋ᠢᠨ ᠬᠢᠷᠢ ᠬᠡᠮᠵᠢᠶ᠎ᠡ᠎ᠪᠠᠨ ᠳᠡᠭᠡᠭ᠌ᠰᠢᠯᠡᠭᠦᠯᠵᠦ᠍᠂ ᠨᠠᠮ᠎ᠤᠨ ᠲᠥᠪ ᠬᠤᠷᠢᠶ᠎ᠠ ᠰᠠᠨᠠᠭ᠎ᠠ ᠠᠮᠤᠷ᠂ ᠠᠷᠠᠳ ᠤᠯᠠᠨ ᠲᠠᠭᠠᠱᠢᠶᠠᠭ᠍ᠰᠠᠨ ᠵᠢᠱ᠌ᠢᠶᠡᠴᠢ ᠪᠠᠢᠭᠤᠯᠭ᠎ᠠ᠎ᠶ᠋ᠢ ᠪᠠᠢᠭᠤᠯᠪᠠ᠃
    ᠠᠷᠠᠳ᠎ᠤᠨ ᠲᠥᠯᠥᠭᠡᠯᠡᠭ᠌ᠴᠢᠳ᠎ᠤᠨ ᠶᠡᠭᠡ ᠬᠤᠷᠠᠯ᠎ᠤᠨ ᠰᠣᠨᠢᠨ ᠮᠡᠳᠡᠭᠡ ᠶᠠᠷᠢᠶ᠎ᠠ ᠬᠡᠯᠡᠯᠴᠡᠭᠡᠨ᠎ᠤ ᠠᠵᠢᠯ᠎ᠢ ᠰᠠᠢᠵᠢᠷᠠᠭᠤᠯᠤᠨ ᠴᠢᠩᠭᠠᠳᠭᠠᠵᠤ᠂ ᠬᠠᠤᠯᠢ ᠲᠣᠭ᠍ᠲᠠᠭᠠᠬᠤ᠂ ᠬᠢᠨᠠᠯᠲᠠ ᠲᠠᠯᠪᠢᠬᠤ ᠠᠵᠢᠯ᠎ᠤᠨ ᠪᠦᠬᠦ᠌ ᠶᠠᠪᠤᠴᠠ᠎ᠶ᠋ᠢᠨ ᠮᠡᠳᠡᠭᠡᠯᠡᠯ᠎ᠢ ᠭᠦᠨᠵᠡᠭᠡᠢᠷᠡᠭᠦᠯᠦᠨ᠂ ᠲᠥᠯᠥᠭᠡᠯᠡᠭ᠌ᠴᠢᠳ᠎ᠤᠨ ᠲᠤᠱᠢᠶᠠᠯ ᠬᠠᠷᠢᠭᠤᠴᠠᠯᠭ᠎ᠠ᠎ᠪᠠᠨ ᠭᠦᠢᠴᠡᠳᠭᠡᠭ᠌ᠰᠡᠨ ᠴᠤᠭ ᠵᠢᠪᠬᠤᠭ᠎ᠠ᠎ᠶ᠋ᠢ ᠬᠠᠷᠠᠭᠤᠯᠵᠤ᠂ ᠣᠷᠣᠨ ᠨᠤᠲᠤᠭ᠎ᠤᠨ ᠠᠷᠠᠳ᠎ᠤᠨ ᠲᠥᠯᠥᠭᠡᠯᠡᠭ᠌ᠴᠢᠳ᠎ᠤᠨ ᠶᠡᠭᠡ ᠬᠤᠷᠠᠯ᠎ᠤᠨ ᠠᠵᠢᠯ᠎ᠤᠨ ᠱᠢᠨ᠎ᠡ᠎ᠶ᠋ᠢ ᠡᠭᠦᠳᠦᠭ᠌ᠰᠡᠨ ᠦᠢᠯᠡᠳᠦᠯᠭᠡ᠎ᠶ᠋ᠢ ᠤᠬᠠᠭᠤᠯᠤᠨ᠂ ᠤᠯᠤᠰ᠎ᠤᠨ ᠦᠨᠳᠦᠰᠦᠨ ᠤᠯᠤᠰ ᠲᠦᠷᠦ᠎ᠶ᠋ᠢᠨ ᠪᠠᠢᠭᠤᠯᠤᠯ ᠬᠥᠮᠦᠰ᠎ᠤᠨ ᠰᠡᠳᠭᠢᠯ᠎ᠳᠤ ᠭᠦᠨ ᠬᠠᠳᠠᠩᠱᠢᠬᠤ᠎ᠶ᠋ᠢ ᠠᠬᠢᠭᠤᠯᠪᠠ᠃ ᠠᠷᠠᠳ᠎ᠤᠨ ᠲᠥᠯᠥᠭᠡᠯᠡᠭ᠌ᠴᠢᠳ᠎ᠤᠨ ᠶᠡᠭᠡ ᠬᠤᠷᠠᠯ᠎ᠤᠨ ᠰᠣᠨᠢᠨ ᠮᠡᠳᠡᠭᠡ ᠶᠠᠷᠢᠶ᠎ᠠ ᠬᠡᠯᠡᠯᠴᠡᠭᠡᠨ᠎ᠤ ᠤᠬᠠᠭᠤᠯᠭ᠎ᠠ᠎ᠶ᠋ᠢᠨ ᠠᠷᠭ᠎ᠠ ᠮᠠᠶᠢᠭ᠎ᠤᠨ ᠲᠠᠯ᠎ᠠ᠎ᠪᠠᠷ ᠱᠢᠨ᠎ᠡ᠎ᠶ᠋ᠢ ᠡᠭᠦᠳᠦᠨ᠂ ᠳᠤᠮᠳᠠᠳᠤ ᠤᠯᠤᠰ᠎ᠤᠨ ᠠᠷᠠᠳ᠎ᠤᠨ ᠲᠥᠯᠥᠭᠡᠯᠡᠭ᠌ᠴᠢᠳ᠎ᠤᠨ ᠶᠡᠭᠡ ᠬᠤᠷᠠᠯ᠎ᠤᠨ ᠰᠡᠳᠬᠦᠯ ᠪᠠ ᠳᠤᠮᠳᠠᠳᠤ ᠤᠯᠤᠰ᠎ᠤᠨ ᠠᠷᠠᠳ᠎ᠤᠨ ᠲᠥᠯᠥᠭᠡᠯᠡᠭ᠌ᠴᠢᠳ᠎ᠤᠨ ᠶᠡᠭᠡ ᠬᠤᠷᠠᠯ᠎ᠤᠨ ᠰᠦᠯᠵᠢᠶᠡᠨ᠎ᠤ ᠥᠭᠡᠷᠡᠴᠢᠯᠡᠯᠲᠡ᠎ᠶ᠋ᠢ ᠲᠦᠷᠭᠡᠳᠭᠡᠵᠦ᠍᠂ 《ᠰᠡᠳᠬᠦᠯ ᠰᠦᠯᠵᠢᠶ᠎ᠡ ᠪᠢᠴᠢᠯ ᠪᠯᠤᠭ ᠦᠵᠦᠭᠦᠷ》 ᠎ᠤᠨ ᠠᠭᠤᠰᠤᠯᠳᠤᠨ ᠬᠥᠭ᠌ᠵᠢᠬᠦ᠌᠎ᠶ᠋ᠢ ᠠᠬᠢᠭᠤᠯᠪᠠ᠃ ᠪᠦᠬᠦ᠌ ᠤᠯᠤᠰ᠎ᠤᠨ ᠠᠷᠠᠳ᠎ᠤᠨ ᠲᠥᠯᠥᠭᠡᠯᠡᠭ᠌ᠴᠢᠳ᠎ᠤᠨ ᠶᠡᠭᠡ ᠬᠤᠷᠠᠯ᠎ᠤᠨ ᠭᠠᠳᠠᠭᠠᠳᠤ ᠶᠠᠪᠤᠳᠠᠯ᠎ᠤᠨ ᠵᠥᠪᠯᠡᠯ᠎ᠤᠨ ᠥᠭᠦᠯᠡᠭ᠌ᠴᠢ᠎ᠶ᠋ᠢᠨ ᠲᠣᠭ᠍ᠲᠠᠴᠠ᠎ᠶ᠋ᠢ ᠪᠠᠢᠭᠤᠯᠤᠨ᠂ ᠮᠠᠨ᠎ᠤ ᠤᠯᠤᠰ᠎ᠤᠨ ᠭᠤᠤᠯᠯᠠᠬᠤ ᠠᠱᠢᠭ ᠲᠤᠰᠠ᠎ᠳᠤ ᠬᠤᠯᠪᠣᠭ᠍ᠳᠠᠬᠤ ᠴᠢᠬᠤᠯᠠ ᠶᠡᠭᠡ ᠠᠰᠠᠭᠤᠳᠠᠯ᠎ᠳᠤ ᠵᠣᠭ᠍ᠰᠣᠯᠲᠠ ᠪᠠ ᠵᠣᠷᠢᠯᠲᠠ᠎ᠪᠠᠨ ᠴᠠᠭ ᠲᠤᠬᠠᠶ᠎ᠳᠤᠨᠢ ᠲᠣᠳᠣᠷᠬᠠᠢᠯᠠᠪᠠ᠃ ᠪᠠᠢᠩᠭᠤ᠎ᠶ᠋ᠢᠨ ᠬᠤᠷᠢᠶᠠᠨ᠎ᠤ ᠬᠠᠤᠯᠢ ᠲᠦᠷᠢᠮ᠎ᠤᠨ ᠠᠵᠢᠯ᠎ᠤᠨ ᠵᠥᠪᠯᠡᠯ᠎ᠤᠨ ᠥᠭᠦᠯᠡᠭ᠌ᠴᠢ᠎ᠶ᠋ᠢᠨ ᠲᠣᠭ᠍ᠲᠠᠴᠠ᠎ᠶ᠋ᠢ ᠪᠠᠢᠭᠤᠯᠤᠨ᠂ ᠠᠷᠠᠳ ᠤᠯᠠᠨ᠎ᠤ ᠠᠩᠬᠠᠷᠤᠯ ᠲᠠᠯᠪᠢᠵᠤ ᠪᠠᠢᠭ᠎ᠠ ᠬᠤᠯᠪᠣᠭ᠍ᠳᠠᠯ ᠪᠦᠬᠦᠢ ᠬᠠᠤᠯᠢ ᠴᠠᠭᠠᠵᠠ᠎ᠶ᠋ᠢᠨ ᠠᠰᠠᠭᠤᠳᠠᠯ᠎ᠳᠤ ᠬᠠᠷᠢᠭᠤᠯᠲᠠ    ᠥᠭ᠌ᠪᠡ᠃
    ᠤᠷᠤᠨ ᠨᠤᠲᠤᠭ᠎ᠤᠨ ᠠᠷᠠᠳ᠎ᠤᠨ ᠲᠥᠯᠦᠭᠡᠯᠡᠭ᠌ᠴᠢᠳ᠎ᠤᠨ ᠶᠡᠭᠡ ᠬᠤᠷᠠᠯ᠎ᠳᠤ ᠪᠠᠢᠩᠭᠤ᠎ᠶ᠋ᠢᠨ ᠬᠤᠷᠢᠶ᠎ᠠ ᠪᠠᠢᠭᠤᠯᠤᠭ᠍ᠰᠠᠨ 40 ᠵᠢᠯ᠎ᠤᠨ ᠤᠢ᠎ᠶ᠋ᠢ ᠪᠡᠯᠭᠡᠯᠡᠬᠦ᠌ ᠶᠠᠷᠢᠯᠴᠠᠬᠤ ᠬᠤᠷᠠᠯ᠂ ᠮᠤᠵᠢ᠎ᠶ᠋ᠢᠨ ᠱᠠᠲᠤᠨ᠎ᠤ ᠠᠷᠠᠳ᠎ᠤᠨ ᠲᠥᠯᠦᠭᠡᠯᠡᠭ᠌ᠴᠢᠳ᠎ᠤᠨ ᠶᠡᠭᠡ ᠬᠤᠷᠠᠯ᠎ᠤᠨ ᠬᠠᠤᠯᠢ ᠲᠣᠭ᠍ᠲᠠᠭᠠᠬᠤ ᠠᠵᠢᠯ᠎ᠤᠨ ᠰᠣᠯᠢᠯᠴᠠᠭᠠᠨ᠎ᠤ ᠬᠤᠷᠠᠯ᠂ ᠬᠤᠷᠢᠨ ᠲᠠᠪᠤᠳᠤᠭᠠᠷ ᠣᠳᠠᠭ᠎ᠠ᠎ᠶ᠋ᠢᠨ ᠪᠦᠬᠦ᠌ ᠤᠯᠤᠰ᠎ᠤᠨ ᠤᠷᠤᠨ ᠨᠤᠲᠤᠭ᠎ᠤᠨ ᠬᠠᠤᠯᠢ ᠲᠣᠭ᠍ᠲᠠᠭᠠᠬᠤ ᠠᠵᠢᠯ᠎ᠤᠨ ᠶᠠᠷᠢᠯᠴᠠᠬᠤ ᠬᠤᠷᠠᠯ᠎ᠢ ᠬᠤᠷᠠᠯᠳᠤᠭᠤᠯᠤᠨ᠂ ᠶᠡᠷᠦᠩᠬᠡᠢ ᠱᠦᠵᠢ ᠰᠢ᠎ᠶ᠋ᠢᠨ ᠫᠢᠩ᠎ᠤᠨ ᠴᠢᠬᠤᠯᠠ ᠵᠢᠭᠠᠪᠤᠷᠢ᠎ᠶ᠋ᠢᠨ ᠵᠣᠷᠢᠭ ᠰᠠᠨᠠᠭ᠎ᠠ᠎ᠶ᠋ᠢ ᠬᠢᠨᠠᠮᠠᠭᠠᠢ ᠰᠤᠷᠤᠯᠴᠠᠨ ᠲᠤᠭᠤᠱᠢᠯᠠᠭᠤᠯᠵᠤ᠂ ᠠᠵᠢᠯ᠎ᠤᠨ ᠬᠠᠷᠢᠯᠴᠠᠭ᠎ᠠ᠎ᠪᠠᠨ ᠴᠢᠩᠭᠠᠳᠭᠠᠨ᠂ ᠠᠵᠢᠯ᠎ᠤᠨ ᠲᠣᠷᠱᠢᠯᠭ᠎ᠠ᠎ᠪᠠᠨ ᠰᠣᠯᠢᠯᠴᠠᠵᠤ᠂ ᠠᠵᠢᠯ᠎ᠤᠨ ᠨᠡᠢᠯᠡᠯ ᠬᠦᠴᠦᠨ᠎ᠢ ᠪᠦᠷᠢᠯᠳᠤᠬᠦᠯᠦᠨ᠂ ᠱᠢᠨ᠎ᠡ ᠴᠠᠭ ᠦᠶ᠎ᠡ᠎ᠶ᠋ᠢᠨ ᠠᠷᠠᠳ᠎ᠤᠨ ᠲᠥᠯᠦᠭᠡᠯᠡᠭ᠌ᠴᠢᠳ᠎ᠤᠨ ᠶᠡᠭᠡ ᠬᠤᠷᠠᠯ᠎ᠤᠨ ᠠᠵᠢᠯ᠎ᠢ ᠬᠠᠮᠲᠤ᠎ᠪᠠᠷ ᠰᠠᠢᠳᠤᠷ ᠬᠢᠪᠡ᠃
    ᠲᠥᠯᠦᠭᠡᠯᠡᠭ᠌ᠴᠢᠳ ᠡ!
    ᠪᠦᠬᠦ᠌ ᠤᠯᠤᠰ᠎ᠤᠨ ᠠᠷᠠᠳ᠎ᠤᠨ ᠲᠥᠯᠥᠭᠡᠯᠡᠭ᠌ᠴᠢᠳ᠎ᠤᠨ ᠶᠡᠭᠡ ᠬᠤᠷᠠᠯ᠎ᠤᠨ ᠪᠠᠢᠩᠭᠤ᠎ᠶ᠋ᠢᠨ ᠬᠤᠷᠢᠶᠠᠨ᠎ᠤ ᠤᠯᠤᠭ᠍ᠰᠠᠨ ᠠᠵᠢᠯ᠎ᠤᠨ ᠠᠮᠵᠢᠯᠲᠠ ᠪᠣᠯ ᠰᠢ᠎ᠶ᠋ᠢᠨ ᠫᠢᠩ ᠨᠥᠬᠦᠷ᠎ᠢᠶᠠᠷ ᠭᠤᠣᠯᠯᠠᠭᠤᠯᠤᠭ᠍ᠰᠠᠨ ᠨᠠᠮ᠎ᠤᠨ ᠲᠥᠪ ᠬᠤᠷᠢᠶᠠᠨ᠎ᠤ ᠪᠠᠲᠤ ᠴᠢᠩᠭ᠎ᠠ ᠤᠳᠤᠷᠢᠳᠤᠯᠭ᠎ᠠ᠎ᠶ᠋ᠢᠨ ᠳᠣᠣᠷ᠎ᠠ᠂ ᠪᠦᠬᠦ᠌ ᠤᠯᠤᠰ᠎ᠤᠨ ᠠᠷᠠᠳ᠎ᠤᠨ ᠲᠥᠯᠥᠭᠡᠯᠡᠭ᠌ᠴᠢᠳ᠎ᠤᠨ ᠶᠡᠭᠡ ᠬᠤᠷᠠᠯ᠎ᠤᠨ ᠲᠥᠯᠥᠭᠡᠯᠡᠭ᠌ᠴᠢᠳ᠂ ᠪᠠᠢᠩᠭᠤ᠎ᠶ᠋ᠢᠨ ᠬᠤᠷᠢᠶᠠᠨ᠎ᠤ ᠪᠦᠷᠢᠯᠳᠦᠬᠦᠨ᠂ ᠡᠯ᠎ᠡ ᠲᠤᠰᠭᠠᠢ ᠵᠥᠪᠯᠡᠯ᠎ᠤᠨ ᠪᠦᠷᠢᠯᠳᠦᠬᠦᠨ ᠪᠣᠯᠤᠨ ᠪᠦᠬᠦ᠌ ᠤᠯᠤᠰ᠎ᠤᠨ ᠠᠷᠠᠳ᠎ᠤᠨ ᠲᠥᠯᠥᠭᠡᠯᠡᠭ᠌ᠴᠢᠳ᠎ᠤᠨ ᠶᠡᠭᠡ ᠬᠤᠷᠠᠯ᠎ᠤᠨ ᠪᠠᠢᠭᠤᠯᠭ᠎ᠠ᠎ᠶ᠋ᠢᠨ ᠠᠵᠢᠯᠲᠠᠳ᠎ᠤᠨ ᠲᠤᠱᠢᠶᠠᠯ ᠬᠠᠷᠢᠭᠤᠴᠠᠯᠭ᠎ᠠ᠎ᠪᠠᠨ ᠭᠦᠢᠴᠡᠳᠭᠡᠵᠦ᠍᠂ ᠱᠢᠷᠭᠠᠭᠤ ᠬᠠᠲᠠᠭᠤᠵᠢᠯᠲᠠᠢ ᠠᠵᠢᠯᠯᠠᠭ᠍ᠰᠠᠨ᠎ᠤ ᠦᠷ᠎ᠡ ᠳ᠋ᠦᠩ ᠮᠥᠨ᠂ ᠲᠦᠷᠦ᠎ᠶ᠋ᠢᠨ ᠶᠠᠪᠤᠳᠠᠯ᠎ᠤᠨ ᠬᠤᠷᠢᠶ᠎ᠠ᠂ ᠤᠯᠤᠰ᠎ᠤᠨ ᠬᠢᠨᠠᠨ ᠪᠠᠢᠴᠠᠭᠠᠬᠤ ᠵᠥᠪᠯᠡᠯ᠂ ᠠᠷᠠᠳ᠎ᠤᠨ ᠳᠡᠭᠡᠳᠦ ᠱᠢᠭᠦᠬᠦ᠌ ᠬᠤᠷᠢᠶ᠎ᠠ᠂ ᠠᠷᠠᠳ᠎ᠤᠨ ᠳᠡᠭᠡᠳᠦ ᠪᠠᠢᠴᠠᠭᠠᠬᠤ ᠬᠤᠷᠢᠶ᠎ᠠ ᠪᠣᠯᠤᠨ ᠣᠷᠣᠨ ᠨᠤᠲᠤᠭ᠎ᠤᠨ ᠡᠯ᠎ᠡ ᠱᠠᠲᠤᠨ᠎ᠤ ᠠᠷᠠᠳ᠎ᠤᠨ ᠲᠥᠯᠥᠭᠡᠯᠡᠭ᠌ᠴᠢᠳ᠎ᠤᠨ ᠶᠡᠭᠡ ᠬᠤᠷᠠᠯ ᠵᠢᠴᠢ ᠲᠡᠭᠦᠨ᠎ᠤ ᠪᠠᠢᠩᠭᠤ᠎ᠶ᠋ᠢᠨ ᠬᠤᠷᠢᠶ᠎ᠠ᠎ᠶ᠋ᠢᠨ ᠨᠢᠭ᠍ᠲᠠ ᠬᠠᠮᠵᠢᠯᠴᠠᠵᠤ᠂ ᠪᠦᠬᠦ᠌ ᠬᠦᠴᠦᠨ᠎ᠢᠶᠠᠷ᠎ᠢᠶᠠᠨ ᠬᠠᠮᠲᠤᠷᠠᠨ ᠠᠵᠢᠯᠯᠠᠭ᠍ᠰᠠᠨ᠎ᠤ ᠦᠷ᠎ᠡ ᠳ᠋ᠦᠩ ᠮᠥᠨ᠂ ᠪᠦᠬᠦ᠌ ᠤᠯᠤᠰ᠎ᠤᠨ ᠦᠨᠳᠦᠰᠦᠲᠡᠨ᠎ᠨᠦᠭᠦᠳ᠎ᠤᠨ ᠠᠷᠠᠳ ᠲᠦᠮᠡᠨ᠎ᠤ ᠭᠦᠢᠴᠡᠳ ᠢᠲᠡᠭᠡᠵᠦ᠍᠂ ᠬᠦᠴᠦᠲᠡᠢ ᠳᠡᠮᠵᠢᠭ᠌ᠰᠡᠨ᠎ᠤ ᠦᠷ᠎ᠡ ᠳ᠋ᠦᠩ ᠮᠥᠨ᠃ ᠡ᠊ᠨᠳᠡ ᠪᠢ ᠪᠦᠬᠦ᠌ ᠤᠯᠤᠰ᠎ᠤᠨ ᠠᠷᠠᠳ᠎ᠤᠨ ᠲᠥᠯᠥᠭᠡᠯᠡᠭ᠌ᠴᠢᠳ᠎ᠤᠨ ᠶᠡᠭᠡ ᠬᠤᠷᠠᠯ᠎ᠤᠨ ᠪᠠᠢᠩᠭᠤ᠎ᠶ᠋ᠢᠨ ᠬᠤᠷᠢᠶ᠎ᠠ᠎ᠶ᠋ᠢ ᠲᠥᠯᠥᠭᠡᠯᠡᠨ ᠴᠢᠩ ᠰᠡᠳᠭᠢᠯ᠎ᠤᠨ ᠲᠠᠯᠠᠷᠬᠠᠯ᠎ᠢᠶᠠᠨ ᠳᠡᠪᠱᠢᠭᠦᠯᠦᠶ᠎ᠡ!
    ᠪᠠᠢᠩᠭᠤ᠎ᠶ᠋ᠢᠨ ᠬᠤᠷᠢᠶᠠᠨ᠎ᠤ ᠠᠵᠢᠯ᠎ᠳᠤ ᠪᠠᠰᠠ ᠡᠳᠦᠶ ᠲᠡᠳᠦᠶ ᠵᠥᠷᠢᠶ᠎ᠡ ᠪᠠ ᠬᠦᠷᠦᠯᠴᠡᠬᠦ᠌ ᠦᠭᠡᠢ ᠲᠠᠯ᠎ᠠ ᠣᠷᠣᠱᠢᠵᠤ ᠪᠠᠢᠨ᠎ᠠ᠂ ᠡᠭᠦᠨ᠎ᠳᠤ ᠭᠤᠤᠯᠳᠠᠭᠤ᠄ ᠬᠠᠤᠯᠢ ᠲᠣᠭ᠍ᠲᠠᠭᠠᠬᠤ ᠠᠵᠢᠯ᠎ᠤᠨ ᠳᠤᠮᠳᠠᠬᠢ ᠭᠤᠤᠯᠯᠠᠬᠤ ᠦᠢᠯᠡᠳᠦᠯ᠎ᠢ ᠪᠠᠳᠠᠷᠠᠭᠤᠯᠤᠭ᠍ᠰᠠᠨ᠎ᠢᠶᠠᠷ ᠭᠦᠢᠴᠡᠳ ᠦᠭᠡᠢ ᠪᠠᠢᠵᠤ᠂ ᠬᠠᠤᠯᠢ ᠲᠣᠭ᠍ᠲᠠᠭᠠᠬᠤ ᠶᠠᠰᠤ ᠴᠢᠨᠠᠷ᠎ᠢ ᠤᠯᠠᠮ ᠨᠢᠭᠡ ᠠᠯᠬᠤᠮ ᠳᠡᠭᠡᠭ᠌ᠰᠢᠯᠡᠭᠦᠯᠬᠦ᠌ ᠴᠢᠬᠤᠯᠠᠲᠠᠶ ᠪᠠᠢᠨ᠎ᠠ; ᠬᠢᠨᠠᠯᠲᠠ ᠲᠠᠯᠪᠢᠬᠤ ᠠᠵᠢᠯ᠎ᠤᠨ ᠲᠤᠭ᠍ᠲᠠᠴᠠ ᠠᠷᠭ᠎ᠠ ᠮᠠᠶᠢᠭ᠎ᠢ ᠲᠡᠭᠦᠯᠳᠡᠷᠵᠢᠭᠦᠯᠬᠦ᠌ ᠴᠢᠬᠤᠯᠠᠲᠠᠢ ᠪᠠᠢᠵᠤ᠂ ᠬᠢᠨᠠᠯᠲᠠ ᠲᠠᠯᠪᠢᠬᠤ ᠪᠣᠳᠠᠲᠤ ᠦᠷ᠎ᠡ ᠪᠦᠲᠦᠮᠵᠢ᠎ᠶ᠋ᠢ ᠤᠯᠠᠮ ᠨᠢᠭᠡ ᠠᠯᠬᠤᠮ ᠴᠢᠩᠭᠠᠷᠠᠭᠤᠯᠬᠤ ᠴᠢᠬᠤᠯᠠᠲᠠᠶ ᠪᠠᠢᠨ᠎ᠠ; ᠲᠥᠯᠥᠭᠡᠯᠡᠭ᠌ᠴᠢᠳ᠎ᠤᠨ ᠬᠠᠤᠯᠢ ᠶᠣᠰᠣᠭᠠᠷ ᠲᠤᠱᠢᠶᠠᠯ ᠬᠠᠷᠢᠭᠤᠴᠠᠯᠭ᠎ᠠ᠎ᠪᠠᠨ ᠭᠦᠢᠴᠡᠳᠭᠡᠬᠦ᠌᠎ᠳᠤ ᠦᠢᠯᠡᠴᠢᠯᠡᠬᠦ᠌ ᠠᠵᠢᠯ᠎ᠤᠨ ᠬᠢᠷᠢ ᠬᠡᠮᠵᠢᠶ᠎ᠡ᠎ᠶ᠋ᠢ ᠳᠡᠭᠡᠭ᠌ᠰᠢᠯᠡᠭᠦᠯᠬᠦ᠌ ᠴᠢᠬᠤᠯᠠᠲᠠᠢ ᠪᠠᠢᠵᠤ᠂ ᠬᠤᠯᠪᠣᠭ᠍ᠳᠠᠯ ᠪᠦᠬᠦᠢ ᠲᠣᠭ᠍ᠲᠠᠴᠠ ᠠᠷᠭ᠎ᠠ ᠬᠡᠮᠵᠢᠶ᠎ᠡ᠎ᠶ᠋ᠢ ᠤᠯᠠᠮ ᠨᠢᠭᠡ ᠠᠯᠬᠤᠮ ᠨᠠᠷᠢᠯᠢᠭ ᠪᠦᠭᠡᠳ ᠪᠤᠲᠠᠲᠠᠢ ᠨᠠᠢᠳᠠᠪᠤᠷᠢᠵᠢᠭᠤᠯᠬᠤ ᠴᠢᠬᠤᠯᠠᠲᠠᠶ ᠪᠠᠢᠨ᠎ᠠ; ᠠᠷᠠᠳ᠎ᠤᠨ ᠲᠥᠯᠥᠭᠡᠯᠡᠭ᠌ᠴᠢᠳ᠎ᠤᠨ ᠶᠡᠭᠡ ᠬᠤᠷᠠᠯ᠎ᠤᠨ ᠵᠣᠬᠢᠶᠠᠨ ᠪᠠᠢᠭᠤᠯᠤᠯᠲᠠ᠎ᠶ᠋ᠢᠨ ᠲᠦᠷᠢᠮ ᠪᠣᠯᠤᠨ ᠬᠡᠷᠡᠭ ᠵᠥᠪᠯᠡᠬᠦ᠌ ᠲᠦᠷᠢᠮ᠎ᠢ ᠤᠯᠠᠮ ᠨᠢᠭᠡ ᠠᠯᠬᠤᠮ ᠪᠦᠷᠢᠨᠱᠢᠬᠦᠯᠦᠨ ᠲᠡᠭᠦᠯᠳᠡᠷᠵᠢᠭᠦᠯᠬᠦ᠌ ᠴᠢᠬᠤᠯᠠᠲᠠᠶ ᠪᠠᠢᠵᠤ᠂ ᠪᠠᠢᠭᠤᠯᠭ᠎ᠠ᠎ᠶ᠋ᠢᠨ ᠠᠵᠢᠯ᠎ᠤᠨ ᠦᠷ᠎ᠡ ᠪᠦᠲᠦᠮᠵᠢ᠎ᠶ᠋ᠢ ᠤᠯᠠᠮ ᠨᠢᠭᠡ ᠠᠯᠬᠤᠮ ᠳᠡᠭᠡᠭ᠌ᠰᠢᠯᠡᠭᠦᠯᠬᠦ᠌ ᠴᠢᠬᠤᠯᠠᠲᠠᠶ ᠪᠠᠢᠨ᠎ᠠ᠃ ᠪᠠᠢᠩᠭᠤ᠎ᠶ᠋ᠢᠨ ᠬᠤᠷᠢᠶ᠎ᠠ ᠲᠥᠯᠥᠭᠡᠯᠡᠭ᠌ᠴᠢᠳ ᠪᠠ ᠡᠯ᠎ᠡ ᠲᠠᠯ᠎ᠠ᠎ᠶ᠋ᠢᠨ ᠰᠠᠨᠠᠯ ᠰᠠᠨᠠᠭᠤᠯᠭ᠎ᠠ᠎ᠶ᠋ᠢ ᠳᠠᠷᠤᠤ ᠬᠢᠴᠢᠶᠡᠩᠭᠦᠶ᠎ᠪᠠᠷ ᠰᠣᠨᠣᠰᠴᠤ᠌᠂ ᠡᠯ᠎ᠡ ᠵᠦᠢᠯ᠎ᠤᠨ ᠠᠵᠢᠯ᠎ᠢᠶᠠᠨ ᠲᠠᠰᠤᠷᠠᠯᠲᠠ ᠦᠭᠡᠢ ᠴᠢᠩᠭᠠᠳᠭᠠᠨ ᠰᠠᠢᠵᠢᠷᠠᠭᠤᠯᠬᠤ ᠪᠤᠯᠤᠨ᠎ᠠ᠃
    ᠲᠥᠯᠥᠭᠡᠯᠡᠭ᠌ᠴᠢᠳ ᠡ!
    ᠨᠠᠮ᠎ᠤᠨ ᠠᠷᠪᠠ ᠶᠢᠰᠦᠳᠦᠭᠡᠷ ᠬᠤᠭᠤᠴᠠᠭᠠᠨ᠎ᠤ ᠲᠥᠪ ᠬᠤᠷᠢᠶᠠᠨ᠎ᠤ ᠳᠥᠷᠪᠡᠳᠦᠭᠡᠷ ᠪᠥᠬᠦᠳᠡ ᠬᠤᠷᠠᠯ᠎ᠠᠴᠠ ᠮᠠᠨ᠎ᠤ ᠤᠯᠤᠰ᠎ᠤᠨ ᠲᠦᠷᠦ᠎ᠶ᠋ᠢᠨ ᠪᠠᠢᠭᠤᠯᠤᠯ ᠪᠠ ᠲᠦᠷᠦ᠎ᠶ᠋ᠢ ᠵᠠᠰᠠᠬᠤ ᠱᠢᠰᠲ᠋ᠧᠮ᠎ᠤᠨ ᠯᠤᠲᠤ ᠶᠡᠭᠡ ᠠᠮᠵᠢᠯᠲᠠ ᠪᠦᠲᠦᠮᠵᠢ ᠪᠠ ᠢᠯᠡᠷᠬᠡᠢ ᠳᠠᠪᠠᠭᠤᠯᠢᠭ᠎ᠢ ᠱᠢᠰᠲ᠋ᠧᠮ᠎ᠲᠠᠢ ᠳ᠋ᠦᠩᠨᠡᠵᠦ᠍᠂ ᠱᠢᠨ᠎ᠡ ᠴᠠᠭ ᠦᠶ᠎ᠡ᠎ᠳᠤ ᠳᠤᠮᠳᠠᠳᠤ ᠤᠯᠤᠰ᠎ᠤᠨ ᠣᠨᠴᠠᠯᠢᠭ ᠪᠦᠬᠦᠢ ᠨᠡᠢᠭᠡᠮ ᠵᠢᠷᠤᠮ᠎ᠤᠨ ᠪᠠᠢᠭᠤᠯᠤᠯ᠎ᠢ ᠪᠠᠷᠢᠮᠲᠠᠯᠠᠨ ᠲᠡᠭᠦᠯᠳᠡᠷᠵᠢᠭᠦᠯᠬᠦ᠂ ᠲᠦᠷᠦ᠎ᠶ᠋ᠢ ᠵᠠᠰᠠᠬᠤ ᠱᠢᠰᠲ᠋ᠧᠮ ᠪᠠ ᠵᠠᠰᠠᠬᠤ ᠴᠢᠳᠠᠪᠤᠷᠢ᠎ᠶ᠋ᠢᠨ ᠣᠳᠣᠬᠢᠴᠢᠯᠠᠯᠲᠠ᠎ᠶ᠋ᠢ ᠠᠬᠢᠭᠤᠯᠬᠤ ᠲᠤᠬᠠᠶ ᠤᠷᠤᠢ᠎ᠶ᠋ᠢᠨ ᠳᠠᠪᠬᠤᠷᠭ᠎ᠠ᠎ᠶ᠋ᠢᠨ ᠵᠢᠷᠤᠭ ᠲᠥᠯᠥᠪᠯᠡᠭᠡ ᠪᠠ ᠪᠦᠬᠦ᠌ ᠲᠠᠯ᠎ᠠ᠎ᠶ᠋ᠢᠨ ᠪᠠᠢᠷᠢᠯᠠᠭᠤᠯᠤᠯᠲᠠ ᠬᠢᠵᠡᠢ᠃ ᠠᠷᠠᠳ᠎ᠤᠨ ᠲᠥᠯᠥᠭᠡᠯᠡᠭ᠌ᠴᠢᠳ᠎ᠤᠨ ᠶᠡᠭᠡ ᠬᠤᠷᠠᠯ᠎ᠤᠨ ᠪᠠᠢᠭᠤᠯᠤᠯ ᠪᠣᠯ ᠳᠤᠮᠳᠠᠳᠤ ᠤᠯᠤᠰ᠎ᠤᠨ ᠣᠨᠴᠠᠯᠢᠭ ᠪᠦᠬᠦᠢ ᠨᠡᠢᠭᠡᠮ ᠵᠢᠷᠤᠮ᠎ᠤᠨ ᠪᠠᠢᠭᠤᠯᠤᠯ᠎ᠤᠨ ᠴᠢᠬᠤᠯᠠ ᠪᠦᠷᠢᠯᠳᠦᠬᠦᠨ ᠬᠡᠰᠡᠭ ᠮᠥᠨ᠂ ᠲᠦᠷᠦ᠎ᠶ᠋ᠢ ᠵᠠᠰᠠᠬᠤ ᠱᠢᠰᠲ᠋ᠧᠮ ᠪᠠ ᠵᠠᠰᠠᠬᠤ ᠴᠢᠳᠠᠪᠤᠷᠢ᠎ᠶ᠋ᠢ ᠲᠤᠯᠭᠠᠭᠤᠷᠢᠯᠠᠬᠤ ᠦᠨᠳᠦᠰᠦᠨ ᠤᠯᠤᠰ ᠲᠦᠷᠦ᠎ᠶ᠋ᠢᠨ ᠪᠠᠢᠭᠤᠯᠤᠯ ᠮᠥᠨ᠃ ᠱᠢᠨ᠎ᠡ ᠳᠤᠮᠳᠠᠳᠤ ᠤᠯᠤᠰ ᠪᠠᠢᠭᠤᠯᠤᠭ᠍ᠳᠠᠭ᠍ᠰᠠᠨ 70 ᠵᠢᠯ᠎ᠤᠨ ᠲᠤᠷᠰᠢ᠂ ᠳᠤᠮᠳᠠᠳᠤ ᠤᠯᠤᠰ᠎ᠤᠨ ᠠᠷᠠᠳ ᠲᠦᠮᠡᠨ ᠤᠯᠤᠰ ᠣᠷᠣᠨ᠎ᠤ ᠲᠦᠷᠭᠡᠨ ᠬᠥᠭ᠌ᠵᠢᠯᠲᠡ ᠬᠤᠪᠢᠷᠠᠯᠲᠠ ᠳᠤᠮᠳᠠ᠎ᠠᠴᠠ ᠠᠷᠠᠳ᠎ᠤᠨ ᠲᠥᠯᠥᠭᠡᠯᠡᠭ᠌ᠴᠢᠳ᠎ᠤᠨ ᠶᠡᠭᠡ ᠬᠤᠷᠠᠯ᠎ᠤᠨ ᠪᠠᠢᠭᠤᠯᠤᠯ ᠪᠤᠯ ᠯᠤᠲᠤ ᠶᠡᠭᠡ ᠳᠠᠪᠠᠭᠤᠯᠢᠭ ᠴᠢᠨᠠᠷ ᠪᠠ ᠬᠦᠴᠦᠷᠬᠡᠭ ᠶᠡᠭᠡ ᠠᠮᠢᠵᠢᠷᠠᠯ᠎ᠤᠨ ᠬᠦᠴᠦᠨ᠎ᠲᠠᠢ ᠪᠠᠢᠬᠤ᠎ᠶ᠋ᠢ ᠤᠯᠠᠮ᠎ᠠᠴᠠ ᠤᠯᠠᠮ ᠲᠣᠳᠣᠷᠬᠠᠶ ᠲᠠᠨᠢᠵᠤ ᠣᠯᠤᠭ᠍ᠰᠠᠨ ᠪᠠᠢᠨ᠎ᠠ᠃ ᠪᠢᠳᠡ ᠠᠷᠠᠳ᠎ᠤᠨ ᠲᠥᠯᠥᠭᠡᠯᠡᠭ᠌ᠴᠢᠳ᠎ᠤᠨ ᠶᠡᠭᠡ ᠬᠤᠷᠠᠯ᠎ᠤᠨ ᠪᠠᠢᠭᠤᠯᠤᠯ᠎ᠢ ᠢᠮᠠᠭ᠍ᠲᠠ ᠪᠠᠷᠢᠮᠲᠠᠯᠠᠨ ᠲᠡᠭᠦᠯᠳᠡᠷᠵᠢᠭᠦᠯᠵᠦ᠍᠂ ᠠᠷᠠᠳ᠎ᠤᠨ ᠲᠥᠯᠥᠭᠡᠯᠡᠭ᠌ᠴᠢᠳ᠎ᠤᠨ ᠶᠡᠭᠡ ᠬᠤᠷᠠᠯ᠎ᠤᠨ ᠪᠠᠢᠭᠤᠯᠤᠯ᠎ᠤᠨ ᠦᠢᠯᠡᠳᠦᠯᠭᠡ᠎ᠶ᠋ᠢᠨ ᠣᠨᠴᠠᠯᠢᠭ᠂ ᠴᠠᠭ ᠦᠶ᠎ᠡ᠎ᠶ᠋ᠢᠨ ᠣᠨᠴᠠᠯᠢᠭ᠎ᠢ ᠲᠠᠰᠤᠷᠠᠯᠲᠠ ᠦᠭᠡᠢ ᠪᠠᠶᠠᠯᠢᠬ᠍ᠵᠢᠭᠤᠯᠵᠤ᠂ ᠪᠠᠢᠭᠤᠯᠤᠯ᠎ᠤᠨ ᠳᠠᠪᠠᠭᠤᠯᠢᠭ᠎ᠢ ᠲᠦᠷᠦ᠎ᠶ᠋ᠢ ᠵᠠᠰᠠᠬᠤ ᠦᠢᠯᠡᠳᠦᠯ ᠴᠢᠳᠠᠮᠵᠢ ᠪᠣᠯᠭᠠᠨ ᠬᠤᠪᠢᠷᠠᠭᠤᠯᠵᠤ᠂ ᠠᠷᠠᠳ᠎ᠤᠨ ᠲᠥᠯᠥᠭᠡᠯᠡᠭ᠌ᠴᠢᠳ᠎ᠤᠨ ᠶᠡᠭᠡ ᠬᠤᠷᠠᠯ᠎ᠤᠨ ᠪᠠᠢᠭᠤᠯᠤᠯ᠎ᠢᠶᠠᠷ ᠳᠠᠮᠵᠢᠭᠤᠯᠤᠨ ᠤᠯᠤᠰ ᠣᠷᠣᠨ ᠪᠠ ᠦᠨᠳᠦᠰᠦᠲᠡᠨ᠎ᠤ ᠢᠷᠡᠭᠡᠳᠦᠶ ᠬᠤᠪᠢ ᠵᠠᠶᠠᠭ᠎ᠠ᠎ᠶ᠋ᠢ ᠠᠷᠠᠳ ᠲᠦᠮᠡᠨ᠎ᠤ ᠭᠠᠷ᠎ᠲᠤ ᠪᠠᠲᠤ ᠡᠵᠡᠮᠱᠢᠬᠦᠯᠬᠦ᠌       ᠬᠡᠷᠡᠭ᠌ᠲᠡᠶ᠃
    ᠬᠤᠢᠱᠢᠳᠠ᠎ᠶ᠋ᠢᠨ ᠨᠢᠭᠡ ᠱᠠᠲᠤ ᠦᠶ᠎ᠡ᠎ᠶ᠋ᠢᠨ ᠭᠤᠤᠯ ᠡᠭᠦᠷᠭᠡ
    2020 ᠣᠨ᠎ᠳᠤ᠂ ᠮᠠᠨ᠎ᠤ ᠨᠠᠮ ᠠᠷᠠᠳ ᠲᠦᠮᠡᠨ᠎ᠢ ᠳᠠᠭᠠᠭᠤᠯᠤᠨ ᠨᠢᠭᠡᠳᠦᠭᠡᠷ ᠵᠠᠭᠤᠨ ᠵᠢᠯ᠎ᠤᠨ ᠲᠡᠮᠡᠴᠡᠯ᠎ᠤᠨ ᠬᠠᠷᠠᠯᠲᠠ᠎ᠶ᠋ᠢ ᠪᠡᠶᠡᠯᠡᠭᠦᠯᠬᠦ᠌ ᠪᠣᠯᠤᠨ᠎ᠠ᠃ ᠣᠳᠣᠬᠠᠨ᠎ᠳᠤ᠂ ᠭᠠᠳᠠᠭᠠᠳᠤ ᠣᠷᠴᠢᠨ ᠨᠥᠬᠦᠴᠡᠯ ᠬᠦᠨᠳᠦ ᠬᠡᠴᠡᠭᠦᠦ ᠲᠦᠪᠡᠭ ᠪᠤᠳᠤᠯᠢᠶᠠᠨᠲᠠᠶ ᠪᠠᠢᠵᠤ᠂ ᠤᠯᠤᠰ᠎ᠤᠨ ᠳᠣᠲᠣᠭᠠᠳᠤ᠎ᠶ᠋ᠢᠨ ᠥᠭᠡᠷᠡᠴᠢᠯᠡᠯᠲᠡ ᠬᠢᠬᠦ᠌ ᠬᠥᠭ᠌ᠵᠢᠭᠦᠯᠬᠦ᠌ ᠲᠣᠭ᠍ᠲᠠᠭᠤᠨ ᠪᠠᠢᠯᠭᠠᠬᠤ ᠡᠭᠦᠷᠭᠡ ᠬᠠᠲᠠᠭᠤ ᠪᠡᠷᠬᠡ ᠪᠥᠭᠡᠳ ᠨᠦᠰᠡᠷ ᠬᠦᠨᠳᠦ ᠪᠠᠢᠵᠤ᠂ ᠠᠷᠠᠳ᠎ᠤᠨ ᠲᠥᠯᠥᠭᠡᠯᠡᠭ᠌ᠴᠢᠳ᠎ᠤᠨ ᠶᠡᠭᠡ ᠬᠤᠷᠠᠯ᠎ᠤᠨ ᠠᠵᠢᠯ᠎ᠳᠤ ᠮᠠᠰᠢ ᠤᠯᠠᠨ ᠱᠢᠨ᠎ᠡ ᠪᠠᠢᠳᠠᠯ ᠱᠢᠨ᠎ᠡ ᠱᠠᠭᠠᠷᠳᠠᠯᠭ᠎ᠠ ᠲᠤᠯᠭᠠᠷᠠᠵᠤ ᠪᠠᠢᠨ᠎ᠠ᠃ ᠪᠠᠢᠩᠭᠤ᠎ᠶ᠋ᠢᠨ ᠬᠤᠷᠢᠶ᠎ᠠ ᠳᠤᠮᠳᠠᠳᠤ ᠤᠯᠤᠰ᠎ᠤᠨ ᠣᠨᠴᠠᠯᠢᠭ ᠪᠥᠬᠦᠶ ᠨᠡᠢᠭᠡᠮ ᠵᠢᠷᠤᠮ᠎ᠤᠨ ᠠᠭᠤᠤ ᠶᠡᠭᠡ ᠲᠤᠭ᠎ᠢ ᠥᠨᠳᠥᠷ ᠮᠠᠨᠳᠤᠭᠤᠯᠵᠤ᠂ ᠰᠢ᠎ᠶ᠋ᠢᠨ ᠫᠢᠩ᠎ᠤᠨ ᠱᠢᠨ᠎ᠡ ᠴᠠᠭ ᠦᠶ᠎ᠡ᠎ᠶ᠋ᠢᠨ ᠳᠤᠮᠳᠠᠳᠤ ᠤᠯᠤᠰ᠎ᠤᠨ ᠣᠨᠴᠠᠯᠢᠭ ᠪᠥᠬᠦᠶ ᠨᠡᠢᠭᠡᠮ ᠵᠢᠷᠤᠮ᠎ᠤᠨ ᠦᠵᠡᠯ ᠰᠠᠨᠠᠭ᠎ᠠ᠎ᠪᠠᠷ ᠵᠢᠯᠣᠭᠤᠳᠣᠯᠭ᠎ᠠ ᠪᠣᠯᠭᠠᠵᠤ᠂ ᠨᠠᠮ᠎ᠤᠨ ᠠᠷᠪᠠ ᠶᠢᠰᠦᠳᠦᠭᠡᠷ ᠶᠡᠭᠡ ᠬᠤᠷᠠᠯ ᠪᠠ ᠠᠷᠪᠠ ᠶᠢᠰᠦᠳᠦᠭᠡᠷ ᠬᠤᠭᠤᠴᠠᠭᠠᠨ᠎ᠤ ᠲᠥᠪ ᠬᠤᠷᠢᠶᠠᠨ᠎ᠤ ᠬᠤᠶᠠᠳᠤᠭᠠᠷ᠂ ᠭᠤᠷᠪᠠᠳᠤᠭᠠᠷ᠂ ᠳᠥᠷᠪᠡᠳᠦᠭᠡᠷ ᠪᠥᠬᠦᠳᠡ ᠬᠤᠷᠠᠯ᠎ᠤᠨ ᠵᠣᠷᠢᠭ ᠰᠠᠨᠠᠭ᠎ᠠ᠎ᠶ᠋ᠢ ᠪᠥᠬᠦ᠌ ᠲᠠᠯ᠎ᠠ᠎ᠪᠠᠷ ᠲᠤᠭᠤᠱᠢᠯᠠᠭᠤᠯᠵᠤ᠂ 《ᠳᠥᠷᠪᠡᠨ ᠤᠬᠠᠮᠰᠠᠷ》 ᠎ᠢᠶᠠᠨ ᠴᠢᠩᠭᠠᠳᠭᠠᠨ᠂ 《ᠳᠥᠷᠪᠡᠨ ᠢᠲᠡᠭᠡᠯ》 ᠎ᠢᠶᠠᠨ ᠪᠠᠲᠤᠳᠭᠠᠵᠤ᠂ 《ᠬᠤᠶᠠᠷ᠎ᠢ ᠬᠠᠮᠠᠭᠠᠯᠠᠬᠤ》 ᠎ᠶ᠋ᠢ ᠪᠡᠶᠡᠯᠡᠭᠦᠯᠦᠨ᠂ ᠨᠠᠮ᠎ᠤᠨ ᠤᠳᠤᠷᠢᠳᠤᠯᠭ᠎ᠠ᠎ᠶ᠋ᠢ ᠪᠠᠷᠢᠮᠲᠠᠯᠠᠬᠤ᠂ ᠠᠷᠠᠳ ᠲᠦᠮᠡᠨ ᠡᠵᠡᠨ ᠰᠠᠭᠤᠵᠤ ᠡᠷᠬᠡ ᠮᠡᠳᠡᠬᠦ᠂ ᠬᠠᠤᠯᠢ ᠶᠣᠰᠣᠭᠠᠷ ᠤᠯᠤᠰ᠎ᠢᠶᠠᠨ ᠵᠠᠰᠠᠬᠤ᠎ᠶ᠋ᠢ ᠣᠷᠭᠠᠨᠢᠭ᠎ᠢᠶᠠᠷ ᠨᠢᠭᠡᠳᠭᠡᠵᠤ᠂ ᠲᠦᠷᠦ᠎ᠶ᠋ᠢ ᠵᠠᠰᠠᠬᠤ ᠱᠢᠰᠲ᠋ᠧᠮ ᠪᠠ ᠵᠠᠰᠠᠬᠤ ᠴᠢᠳᠠᠪᠤᠷᠢ᠎ᠶ᠋ᠢᠨ ᠣᠳᠣᠬᠢᠴᠢᠯᠠᠯᠲᠠ᠎ᠶ᠋ᠢ ᠠᠬᠢᠭᠤᠯᠬᠤ᠎ᠲᠠᠢ ᠨᠢᠭ᠍ᠲᠠ ᠤᠶᠠᠯᠳᠤᠭᠤᠯᠵᠤ᠂ 《ᠲᠠᠪᠤ᠎ᠶ᠋ᠢ ᠨᠢᠭᠡ            ᠴᠤᠬ᠍ᠴᠠᠵᠢᠭᠤᠯᠬᠤ》 ᠶᠡᠷᠦᠩᠬᠡᠢ ᠪᠠᠢᠷᠢᠯᠠᠭᠤᠯᠤᠯᠲᠠ᠎ᠶ᠋ᠢ ᠨᠢᠭᠡᠳᠦᠯᠲᠡᠢ ᠲᠥᠯᠥᠪᠵᠢᠭᠦᠯᠦᠨ ᠠᠬᠢᠭᠤᠯᠬᠤ ᠪᠠ 《ᠲᠦᠷᠪᠡᠨ ᠪᠦᠬᠦ᠌ ᠲᠠᠯ᠎ᠠ》 ᠎ᠶ᠋ᠢᠨ ᠪᠠᠢᠯᠳᠤᠬᠤ ᠪᠤᠳᠤᠯᠭ᠎ᠠ᠎ᠶ᠋ᠢᠨ ᠪᠠᠢᠷᠢᠯᠠᠭᠤᠯᠤᠯᠲᠠ᠎ᠶ᠋ᠢ ᠵᠣᠬᠢᠴᠠᠩᠭᠤᠢ ᠠᠬᠢᠭᠤᠯᠬᠤ᠎ᠲᠠᠢ ᠨᠢᠭ᠍ᠲᠠ ᠤᠶᠠᠯᠳᠤᠭᠤᠯᠵᠤ᠂ ᠶᠠᠳᠠᠭᠤ᠎ᠠᠴᠠ ᠠᠩᠭᠢᠵᠢᠷᠠᠭᠤᠯᠬᠤ ᠪᠡᠷᠬᠡ ᠰᠡᠳᠦᠪ᠎ᠢ ᠱᠢᠢᠳᠪᠦᠷᠢᠯᠡᠬᠦ᠌ ᠱᠢᠢᠳᠪᠦᠷᠢᠲᠦ ᠳᠠᠢᠯᠠᠯᠳᠤᠭᠠᠨ᠎ᠤ ᠱᠢᠢᠳᠪᠦᠷᠢᠲᠦ ᠢᠯᠠᠯᠲᠠ᠎ᠶ᠋ᠢ ᠤᠯᠬᠤ ᠬᠠᠷᠠᠯᠲᠠ ᠡᠭᠦᠷᠭᠡ᠂ ᠴᠢᠨᠡᠭᠡᠯᠢᠭ ᠨᠡᠢᠭᠡᠮ᠎ᠢ ᠪᠦᠬᠦ᠌ ᠲᠠᠯ᠎ᠠ᠎ᠪᠠᠷ ᠪᠠᠢᠭᠤᠯᠤᠨ ᠪᠦᠲᠦᠭᠡᠬᠦ᠌᠎ᠲᠠᠢ ᠨᠢᠭ᠍ᠲᠠ ᠤᠶᠠᠯᠳᠤᠭᠤᠯᠵᠤ᠂ ᠬᠢᠵᠢᠭ᠎ᠤᠨ ᠪᠠᠢᠳᠠᠯ᠎ᠢ ᠰᠡᠷᠭᠡᠢᠯᠡᠨ ᠬᠢᠵᠠᠭᠠᠷᠯᠠᠬᠤ ᠪᠠ ᠠᠵᠤ ᠠᠬᠤᠢ ᠨᠡᠢᠭᠡᠮ᠎ᠤᠨ ᠬᠦᠭ᠌ᠵᠢᠯᠲᠡ᠎ᠶ᠋ᠢᠨ ᠠᠵᠢᠯ᠎ᠢ ᠨᠢᠭᠡᠳᠦᠯᠲᠡᠢ ᠲᠦᠯᠦᠪᠵᠢᠬᠦᠯᠦᠨ ᠠᠬᠢᠭᠤᠯᠬᠤ᠎ᠳᠤ ᠬᠦᠴᠦᠨ ᠨᠡᠮᠡᠷᠢᠯᠡᠵᠤ᠂ ᠲᠣᠭ᠍ᠲᠠᠭᠤᠨ ᠪᠠᠢᠯᠭᠠᠬᠤ᠎ᠶ᠋ᠢᠨ ᠵᠡᠷᠭᠡᠳᠡ ᠤᠷᠤᠭ᠍ᠰᠢᠯᠠᠭᠤᠯᠬᠤ ᠠᠵᠢᠯ᠎ᠤᠨ ᠶᠡᠷᠦᠩᠬᠡᠢ ᠬᠦᠭ ᠠᠶᠠᠰ᠎ᠢ ᠪᠠᠷᠢᠮᠲᠠᠯᠠᠨ᠂ ᠬᠠᠤᠯᠢ ᠶᠣᠰᠣᠭᠠᠷ ᠲᠤᠱᠢᠶᠠᠯ ᠬᠠᠷᠢᠭᠤᠴᠠᠯᠭ᠎ᠠ᠎ᠪᠠᠨ ᠭᠦᠢᠴᠡᠳᠭᠡᠵᠦ᠍᠂ ᠠᠷᠠᠳ᠎ᠤᠨ ᠲᠥᠯᠥᠭᠡᠯᠡᠭ᠌ᠴᠢᠳ᠎ᠤᠨ ᠶᠡᠭᠡ ᠬᠤᠷᠠᠯ᠎ᠤᠨ ᠠᠵᠢᠯ᠎ᠤᠨ ᠲᠠᠰᠤᠷᠠᠯᠲᠠ ᠦᠭᠡᠢ ᠱᠢᠨ᠎ᠡ ᠠᠮᠵᠢᠯᠲᠠ ᠪᠦᠲᠦᠮᠵᠢ ᠤᠯᠵᠤ ᠱᠢᠨ᠎ᠡ ᠠᠭᠢᠯᠲᠠ᠎ᠲᠠᠢ ᠪᠤᠯᠬᠤ᠎ᠶ᠋ᠢ ᠠᠭᠢᠭᠤᠯᠤᠨ᠎ᠠ᠃
    ᠡᠨᠡ ᠵᠢᠯ᠎ᠠᠴᠠ ᠨᠠᠭᠠᠰᠢ᠂ ᠨᠠᠮ᠎ᠤᠨ ᠲᠥᠪ ᠬᠤᠷᠢᠶᠠᠨ᠎ᠤ ᠶᠡᠷᠦᠩᠬᠡᠶ ᠪᠠᠢᠷᠢᠯᠠᠭᠤᠯᠤᠯᠲᠠ ᠶᠣᠰᠣᠭᠠᠷ᠂ ᠪᠠᠢᠩᠭᠤ᠎ᠶ᠋ᠢᠨ ᠬᠤᠷᠢᠶᠠᠨ᠎ᠤ ᠡᠯ᠎ᠡ ᠵᠦᠢᠯ᠎ᠤᠨ ᠠᠵᠢᠯ᠎ᠢ ᠡᠮᠬᠢ ᠵᠢᠷᠤᠮ᠎ᠲᠠᠢ ᠠᠬᠢᠭᠤᠯᠪᠠ᠃ ᠲᠠᠷᠠᠭᠠᠴᠢ᠎ᠶ᠋ᠢᠨ ᠠᠯᠬᠤᠮ᠎ᠤᠨ ᠭᠤᠤᠯ ᠠᠵᠢᠯ᠎ᠤᠨ ᠲᠣᠬᠢᠷᠠᠭᠤᠯᠤᠯᠲᠠ ᠪᠣᠯ᠄
    (ᠨᠢᠭᠡ) ᠦᠨᠳᠦᠰᠦᠨ ᠬᠠᠤᠯᠢ᠎ᠶ᠋ᠢ ᠪᠦᠬᠦ᠌ ᠲᠠᠯ᠎ᠠ᠎ᠪᠠᠷ ᠬᠡᠷᠡᠭ᠌ᠵᠢᠭᠦᠯᠬᠦ᠌᠎ᠶ᠋ᠢ ᠦᠨᠡᠨ ᠬᠦ᠌ ᠪᠠᠲᠤᠯᠠᠨ᠎ᠠ᠃ ᠦᠨᠳᠦᠰᠦᠨ ᠬᠠᠤᠯᠢ᠎ᠶ᠋ᠢ ᠲᠠᠢᠯᠪᠤᠷᠢᠯᠠᠬᠤ ᠵᠢᠷᠤᠮ᠎ᠤᠨ ᠲᠣᠭ᠍ᠲᠠᠴᠠ᠎ᠶ᠋ᠢ ᠨᠠᠢᠳᠠᠪᠤᠷᠢᠵᠢᠭᠤᠯᠤᠨ᠎ᠠ᠃ ᠦᠨᠳᠦᠰᠦᠨ ᠬᠠᠤᠯᠢ᠎ᠳᠤ ᠨᠡᠢᠴᠡᠬᠦ᠌ ᠡᠰᠡᠬᠦ᠌᠎ᠶ᠋ᠢ ᠬᠢᠨᠠᠨ ᠪᠠᠢᠴᠠᠭᠠᠬᠤ ᠠᠵᠢᠯ᠎ᠢ ᠠᠬᠢᠭᠤᠯᠤᠨ᠎ᠠ᠃ ᠳᠠᠩᠰᠠᠯᠠᠵᠤ ᠬᠢᠨᠠᠨ ᠪᠠᠢᠴᠠᠭᠠᠬᠤ ᠳᠦᠷᠢᠮ ᠪᠣᠯᠤᠨ ᠴᠢᠳᠠᠪᠤᠷᠢ᠎ᠶ᠋ᠢᠨ ᠪᠠᠢᠭᠤᠯᠤᠯᠲᠠ᠎ᠶ᠋ᠢ ᠴᠢᠩᠭᠠᠳᠭᠠᠵᠤ᠂ 《ᠬᠠᠤᠯᠢ ᠲᠤᠭ᠍ᠲᠠᠭᠠᠯ᠂ ᠬᠠᠤᠯᠢ ᠪᠠᠷᠢᠬᠤ ᠲᠠᠢᠯᠪᠤᠷᠢᠯᠠᠯᠲᠠ᠎ᠶ᠋ᠢ ᠳᠠᠩᠰᠠᠯᠠᠵᠤ ᠬᠢᠨᠠᠨ ᠪᠠᠢᠴᠠᠭᠠᠬᠤ ᠠᠵᠢᠯ᠎ᠤᠨ ᠠᠷᠭ᠎ᠠ》 ᠎ᠶ᠋ᠢ ᠴᠢᠩᠭ᠎ᠠ ᠬᠡᠷᠡᠭ᠌ᠵᠢᠭᠦᠯᠵᠦ᠍᠂ ᠳᠠᠩᠰᠠᠯᠠᠵᠤ ᠬᠢᠨᠠᠨ ᠪᠠᠢᠴᠠᠭᠠᠬᠤ ᠮᠡᠳᠡᠭᠡ ᠵᠠᠩᠭᠢ᠎ᠶ᠋ᠢᠨ ᠲᠠᠪᠴᠠᠩ᠎ᠤᠨ ᠴᠢᠳᠠᠮᠵᠢ᠎ᠶ᠋ᠢ ᠪᠦᠷᠢᠨᠱᠢᠭᠦᠯᠦᠨ᠂ ᠰᠠᠨᠠᠭᠠᠴᠢᠯᠠᠭ᠎ᠠ᠎ᠠᠴᠠ᠎ᠪᠠᠨ ᠬᠢᠨᠠᠨ ᠪᠠᠢᠴᠠᠭᠠᠬᠤ ᠪᠠ ᠲᠤᠰᠭᠠᠶ ᠵᠦᠢᠯ᠎ᠢᠶᠠᠷ ᠬᠢᠨᠠᠨ ᠪᠠᠢᠴᠠᠭᠠᠬᠤ᠎ᠶ᠋ᠢ ᠴᠢᠩᠭᠠᠳᠭᠠᠨ᠎ᠠ᠃ ᠦᠨᠳᠦᠰᠦᠨ ᠬᠠᠤᠯᠢ᠎ᠶ᠋ᠢᠨ ᠤᠬᠠᠭᠤᠯᠭ᠎ᠠ ᠬᠥᠮᠦᠵᠢᠯ᠎ᠢ ᠰᠠᠢᠲᠤᠷ ᠬᠢᠵᠦ᠍᠂ ᠦᠨᠳᠦᠰᠦᠨ ᠬᠠᠤᠯᠢ᠎ᠳᠤ ᠲᠠᠩᠭᠠᠷᠢᠬ᠍ᠯᠠᠬᠤ ᠪᠠ ᠤᠯᠤᠰ᠎ᠤᠨ ᠦᠨᠳᠦᠰᠦᠨ ᠬᠠᠤᠯᠢ᠎ᠶ᠋ᠢᠨ ᠡᠳᠦᠷ᠎ᠤᠨ ᠠᠵᠢᠯᠯᠠᠭ᠎ᠠ᠎ᠶ᠋ᠢ ᠰᠠᠢᠲᠤᠷ ᠵᠣᠬᠢᠶᠠᠨ ᠪᠠᠢᠭᠤᠯᠤᠨ᠎ᠠ᠃ ᠬᠠᠤᠯᠢ ᠶᠣᠰᠣᠭᠠᠷ ᠱᠢᠶᠠᠩᠭᠠᠩ᠎ᠢ ᠵᠠᠰᠠᠬᠤ ᠣᠣᠮᠧᠨ᠎ᠢ ᠵᠠᠰᠠᠬᠤ᠎ᠶ᠋ᠢ ᠪᠠᠷᠢᠮᠲᠠᠯᠠᠵᠤ᠂ ᠦᠨᠳᠦᠰᠦᠨ ᠬᠠᠤᠯᠢ ᠪᠠ ᠭᠤᠤᠯ ᠬᠠᠤᠯᠢ᠎ᠳᠤ ᠲᠣᠭ᠍ᠲᠠᠭᠠᠭ᠍ᠰᠠᠨ ᠦᠨᠳᠦᠰᠦᠨ ᠬᠠᠤᠯᠢᠲᠤ ᠡᠮᠬᠢ ᠵᠢᠷᠤᠮ᠎ᠢ ᠬᠠᠮᠠᠭᠠᠯᠠᠵᠤ᠂ ᠪᠦᠬᠦ᠌ ᠤᠯᠤᠰ᠎ᠤᠨ ᠠᠷᠠᠳ᠎ᠤᠨ ᠲᠥᠯᠥᠭᠡᠯᠡᠭ᠌ᠴᠢᠳ᠎ᠤᠨ ᠶᠡᠭᠡ ᠬᠤᠷᠠᠯ᠎ᠤᠨ ᠪᠠᠢᠩᠭᠤ᠎ᠶ᠋ᠢᠨ ᠬᠤᠷᠢᠶ᠎ᠠ᠎ᠠᠴᠠ ᠭᠤᠤᠯ ᠬᠠᠤᠯᠢ᠎ᠶ᠋ᠢ ᠲᠠᠢᠯᠪᠤᠷᠢᠯᠠᠬᠤ ᠲᠦᠷᠢᠮ᠎ᠢ ᠲᠡᠭᠦᠯᠳᠡᠷᠵᠢᠭᠦᠯᠵᠦ᠍᠂ ᠤᠯᠤᠰ᠎ᠤᠨ ᠲᠠᠯ᠎ᠠ᠎ᠠᠴᠠ ᠱᠢᠶᠠᠩᠭᠠᠡᠭ᠎ᠤᠨ ᠵᠠᠰᠠᠭ ᠵᠠᠬᠢᠷᠭᠠᠨ᠎ᠤ ᠤᠨᠴᠠᠭᠠᠢ ᠤᠷᠤᠨ᠎ᠤ ᠤᠯᠤᠰ᠎ᠤᠨ ᠠᠮᠤᠷ ᠲᠦᠪᠱᠢᠨ᠎ᠢ ᠬᠠᠮᠠᠭᠠᠯᠠᠬᠤ ᠬᠠᠤᠯᠢ ᠴᠠᠭᠠᠵᠠ᠎ᠶ᠋ᠢᠨ ᠲᠦᠷᠢᠮ ᠪᠠ ᠭᠦᠢᠴᠡᠳᠭᠡᠬᠦ᠌ ᠲᠣᠭ᠍ᠲᠠᠴᠠ᠎ᠶ᠋ᠢ ᠪᠠᠢᠭᠤᠯᠤᠨ ᠪᠦᠷᠢᠨᠱᠢᠭᠦᠯᠵᠤ᠂ ᠬᠠᠮᠢᠶ᠎ᠠ ᠪᠦᠬᠦᠢ ᠬᠠᠤᠯᠢ ᠳᠣᠭ᠍ᠳᠠᠭᠠᠯᠳᠠ᠎ᠶ᠋ᠢ ᠲᠦᠷᠭᠡᠳᠭᠡᠨ ᠠᠬᠢᠭᠤᠯᠣᠨ᠎ᠠ᠃ ᠲᠠᠢᠸᠠᠨ᠎ᠤ ᠲᠤᠬᠠᠶ ᠠᠵᠢᠯ᠎ᠤᠨ ᠦᠨᠳᠦᠰᠦᠨ ᠪᠤᠳᠤᠯᠭ᠎ᠠ ᠴᠢᠭ᠌ᠯᠡᠯᠲᠡ᠎ᠶ᠋ᠢ ᠪᠠᠷᠢᠮᠲᠠᠯᠠᠵᠤ᠂ ᠨᠢᠭᠡ ᠯᠡ ᠳᠤᠮᠳᠠᠳᠤ ᠤᠯᠤᠰ ᠪᠠᠢᠬᠤ ᠵᠠᠷᠴᠢᠮ᠎ᠢ ᠪᠠᠷᠢᠮᠲᠠᠯᠠᠨ᠂ 《ᠲᠠᠢᠸᠠᠨ᠎ᠢ ᠲᠤᠰᠠᠭᠠᠷ ᠲᠤᠭ᠍ᠲᠠᠨᠢᠭᠤᠯᠬᠤ》 ᠬᠠᠭᠠᠴᠠᠭᠤᠯᠬᠤ ᠬᠦᠴᠦᠨ᠎ᠢ ᠡᠷᠡᠰ ᠡᠰᠡᠷᠭᠦᠴᠡᠨ ᠬᠤᠷᠢᠬ᠍ᠯᠠᠵᠤ᠂ 《ᠶᠡᠷᠡᠨ ᠬᠤᠶᠠᠷ ᠤᠨ᠎ᠤ ᠬᠠᠮᠲᠤ᠎ᠶ᠋ᠢᠨ ᠲᠠᠨᠢᠯᠲᠠ》 ᠎ᠶ᠋ᠢᠨ ᠰᠠᠭᠤᠷᠢᠨ ᠳᠡᠭᠡᠷ᠎ᠡ ᠲᠠᠢᠸᠠᠨ ᠬᠤᠭᠤᠯᠠᠢ᠎ᠶ᠋ᠢᠨ ᠬᠤᠶᠠᠷ ᠲᠠᠯ᠎ᠠ᠎ᠶ᠋ᠢᠨ ᠬᠠᠷᠢᠴᠠᠭᠠᠨ᠎ᠤ ᠨᠠᠢᠷᠠᠮᠳᠠᠯ᠎ᠢᠶᠠᠷ ᠬᠦᠭ᠌ᠵᠢᠬᠦ᠌᠎ᠶ᠋ᠢ ᠠᠬᠢᠭᠤᠯᠤᠨ᠎ᠠ᠃
    (ᠬᠤᠶᠠᠷ) ᠴᠢᠬᠤᠯᠠ ᠬᠦᠷᠢᠶᠡᠨ᠎ᠳᠠᠬᠢ ᠬᠠᠤᠯᠢ ᠲᠣᠭ᠍ᠲᠠᠭᠠᠯᠲᠠ᠎ᠶ᠋ᠢ ᠴᠢᠩᠭᠠᠳᠭᠠᠨ᠎ᠠ᠃ ᠡᠨᠡ ᠵᠢᠯ᠎ᠤᠨ ᠬᠠᠤᠯᠢ ᠲᠣᠭ᠍ᠲᠠᠭᠠᠬᠤ ᠠᠵᠢᠯ᠎ᠤᠨ ᠡᠭᠦᠷᠭᠡ ᠮᠠᠰᠢ ᠨᠦᠰᠡᠷ ᠬᠦᠨᠳᠦ ᠪᠠᠢᠵᠤ᠂ ᠶᠠᠰᠤ ᠴᠢᠨᠠᠷ ᠪᠣᠯᠤᠨ ᠦᠷ᠎ᠡ ᠪᠦᠲᠦᠮᠵᠢ᠎ᠶ᠋ᠢᠨ ᠬᠠᠷᠢᠴᠠᠭ᠎ᠠ᠎ᠶ᠋ᠢ ᠰᠠᠢᠲᠤᠷ ᠡᠵᠡᠮᠳᠡᠨ᠂ ᠬᠠᠤᠯᠢ ᠲᠤᠭ᠍ᠲᠠᠭᠠᠬᠤ ᠠᠵᠢᠯ ᠳᠤᠮᠳᠠᠬᠢ ᠠᠷᠠᠳ᠎ᠤᠨ ᠲᠦᠯᠦᠭᠡᠯᠡᠭ᠌ᠴᠢᠳ᠎ᠤᠨ ᠶᠡᠭᠡ ᠬᠤᠷᠠᠯ᠎ᠤᠨ ᠭᠤᠤᠯ ᠤᠳᠤᠷᠢᠳᠤᠮᠵᠢ᠎ᠶ᠋ᠢᠨ ᠦᠢᠯᠡᠳᠦᠯ᠎ᠢ ᠨᠡᠩ ᠰᠠᠢᠲᠤᠷ ᠪᠠᠳᠠᠷᠠᠭᠤᠯᠵᠤ᠂ ᠨᠠᠷᠢᠯᠢᠬ᠍ᠵᠢᠭᠤᠯᠬᠤ᠂ ᠣᠨᠣᠪᠴᠢ᠎ᠶ᠋ᠢ ᠳᠡᠭᠡᠭ᠌ᠰᠢᠯᠡᠭᠦᠯᠬᠦ᠂ ᠬᠠᠨᠳᠤᠯᠭᠠᠲᠤ ᠴᠢᠨᠠᠷ᠎ᠢ ᠳᠡᠭᠡᠭ᠌ᠰᠢᠯᠡᠭᠦᠯᠬᠦ᠌ ᠳᠡᠭᠡᠷ᠎ᠡ ᠬᠦᠴᠦ᠍ ᠲᠠᠯᠪᠢᠵᠤ᠂ ᠨᠢᠭᠡ᠎ᠶ᠋ᠢ ᠲᠣᠭ᠍ᠲᠠᠭᠠᠪᠠᠯ ᠨᠢᠭᠡ᠎ᠶ᠋ᠢ ᠪᠦᠲᠦᠭᠡᠬᠦ᠌᠎ᠶ᠋ᠢ ᠦᠨᠡᠨ ᠬᠦ᠌ ᠪᠠᠲᠤᠯᠠᠨ᠎ᠠ᠃ ᠴᠢᠨᠠᠷ ᠰᠠᠢᠲᠠᠶ ᠬᠥᠭ᠌ᠵᠢᠯᠲᠡ᠎ᠶ᠋ᠢ ᠠᠬᠢᠭᠤᠯᠬᠤ᠎ᠲᠠᠢ ᠤᠶᠠᠯᠳᠤᠭᠤᠯᠤᠨ᠂ ᠬᠥᠬᠡᠮᠥ᠋ᠷᠡᠨ᠎ᠢ ᠬᠠᠮᠠᠭᠠᠯᠠᠬᠤ ᠬᠠᠤᠯᠢ᠂ ᠬᠥᠳᠡᠭᠡ ᠲᠣᠰᠭᠤᠨ᠎ᠢ ᠬᠥᠭ᠌ᠵᠢᠭᠦᠯᠦᠨ ᠮᠠᠨᠳᠤᠭᠤᠯᠬᠤ᠎ᠶ᠋ᠢ ᠠᠬᠢᠭᠤᠯᠬᠤ ᠬᠠᠤᠯᠢ᠂ ᠬᠤᠭᠤᠴᠠᠭᠠᠲᠤ ᠪᠠᠷᠠᠭᠠᠨ᠎ᠤ ᠬᠠᠤᠯᠢ᠂ ᠬᠠᠢᠨᠠᠨ᠎ᠤ ᠴᠢᠯᠥᠭᠡᠲᠦ ᠠᠷᠠᠯᠵᠢᠶᠠᠨ᠎ᠤ ᠭᠠᠷᠠᠮ᠎ᠤᠨ ᠬᠠᠤᠯᠢ᠎ᠶ᠋ᠢ ᠲᠤᠭ᠍ᠲᠠᠭᠠᠵᠤ᠂ ᠲᠤᠰᠭᠠᠶ ᠠᠱᠢᠭ᠎ᠤᠨ ᠬᠠᠤᠯᠢ᠎ᠳᠤ ᠵᠠᠰᠠᠪᠤᠷᠢ ᠤᠷᠤᠭᠤᠯᠤᠨ᠎ᠠ᠃ ᠠᠷᠠᠳ᠎ᠤᠨ ᠠᠮᠢᠳᠤᠷᠠᠯ᠎ᠤᠨ ᠪᠠᠲᠤᠯᠠᠭ᠎ᠠ᠎ᠶ᠋ᠢᠨ ᠲᠦᠷᠢᠮ᠎ᠢ ᠲᠡᠭᠦᠯᠳᠡᠷᠵᠢᠭᠦᠯᠬᠦ᠌᠎ᠲᠠᠢ ᠤᠶᠠᠯᠳᠤᠭᠤᠯᠤᠨ᠂ ᠤᠯᠠᠨ ᠨᠡᠢᠲᠡ᠎ᠶ᠋ᠢᠨ ᠡᠷᠡᠭᠦᠯ ᠬᠠᠮᠠᠭᠠᠯᠠᠯ᠎ᠤᠨ ᠬᠦᠷᠢᠶᠡᠨ᠎ᠳᠠᠬᠢ ᠬᠠᠤᠯᠢ ᠲᠣᠭ᠍ᠲᠠᠭᠠᠯᠲᠠ᠎ᠶ᠋ᠢ ᠲᠤᠪᠤᠢᠯᠭᠠᠨ᠂ ᠠᠮᠢᠲᠠᠨ᠎ᠤ ᠬᠢᠵᠢᠭ᠎ᠢ ᠰᠡᠷᠭᠡᠢᠯᠡᠬᠦ᠌ ᠬᠠᠤᠯᠢ᠂ ᠬᠡᠭᠡᠷ᠎ᠡ᠎ᠶ᠋ᠢᠨ ᠠᠮᠢᠲᠠᠨ᠎ᠢ ᠬᠠᠮᠠᠭᠠᠯᠠᠬᠤ ᠬᠠᠤᠯᠢ᠂ ᠬᠠᠯᠳᠠᠪᠤᠷᠢᠲᠤ ᠡᠪᠡᠳᠴᠢᠨ᠎ᠢ ᠰᠡᠷᠭᠡᠢᠯᠡᠨ ᠵᠠᠰᠠᠬᠤ ᠬᠠᠤᠯᠢ᠂ ᠤᠯᠤᠰ᠎ᠤᠨ ᠬᠢᠯᠢ᠎ᠶ᠋ᠢᠨ ᠡᠷᠡᠭᠦᠯ ᠬᠠᠮᠠᠭᠠᠯᠠᠯ ᠬᠢᠵᠢᠭ᠎ᠤᠨ ᠪᠠᠢᠴᠠᠭᠠᠯᠲᠠ᠎ᠶ᠋ᠢᠨ ᠬᠠᠤᠯᠢ᠂ ᠭᠡᠨᠡᠳᠲᠡ ᠡᠭᠦᠰᠦᠭ᠌ᠰᠡᠨ ᠬᠡᠷᠡᠭ᠎ᠢ ᠠᠷᠭᠠᠴᠠᠭᠠᠬᠤ ᠬᠠᠤᠯᠢ᠂ ᠠᠵᠢᠯ ᠮᠡᠷᠭᠡᠵᠢᠯ᠎ᠤᠨ ᠰᠤᠷᠭᠠᠨ ᠬᠦᠮᠦᠵᠢᠯ᠎ᠤᠨ ᠬᠠᠤᠯᠢ᠎ᠳᠤ ᠵᠠᠰᠠᠪᠤᠷᠢ ᠤᠷᠤᠭᠤᠯᠵᠤ᠂ ᠨᠡᠢᠭᠡᠮ᠎ᠤᠨ ᠠᠪᠤᠷᠠᠨ ᠲᠤᠰᠠᠯᠠᠬᠤ ᠬᠠᠤᠯᠢ᠂ ᠴᠡᠷᠢᠭ᠎ᠤᠨ ᠠᠯᠪᠠᠨ᠎ᠠᠴᠠ ᠪᠠᠭᠤᠭ᠍ᠰᠠᠳ᠎ᠤᠨ ᠪᠠᠲᠤᠯᠠᠭ᠎ᠠ᠎ᠶ᠋ᠢᠨ ᠬᠠᠤᠯᠢ᠎ᠶ᠋ᠢ ᠲᠣᠭ᠍ᠲᠠᠭᠠᠨ᠎ᠠ᠃ ᠤᠯᠤᠰ᠎ᠤᠨ ᠠᠮᠤᠷ ᠲᠦᠪᠱᠢᠨ ᠪᠠ ᠨᠡᠢᠭᠡᠮ᠎ᠤᠨ ᠵᠠᠰᠠᠯᠲᠠ᠎ᠲᠠᠢ ᠤᠶᠠᠯᠳᠤᠭᠤᠯᠤᠨ᠂ ᠠᠮᠢᠳᠤ ᠪᠣᠳᠠᠰ᠎ᠤᠨ ᠠᠮᠤᠷ ᠲᠦᠪᠱᠢᠨ᠎ᠤ ᠬᠠᠤᠯᠢ᠂ ᠬᠤᠪᠢ ᠬᠥᠮᠦᠨ᠎ᠤ ᠮᠡᠳᠡᠭᠡ ᠵᠠᠩᠭᠢ᠎ᠶ᠋ᠢ ᠬᠠᠮᠠᠭᠠᠯᠠᠬᠤ ᠬᠠᠤᠯᠢ᠂ ᠲᠤᠭ᠎ᠠ ᠪᠠᠷᠢᠮᠲᠠ᠎ᠶ᠋ᠢᠨ ᠠᠮᠤᠷ ᠲᠦᠪᠱᠢᠨ᠎ᠤ ᠬᠠᠤᠯᠢ᠎ᠶ᠋ᠢ ᠲᠤᠭ᠍ᠲᠠᠭᠠᠵᠤ᠂ ᠡᠷᠡᠭᠦᠦ᠎ᠶ᠋ᠢᠨ ᠬᠠᠤᠯᠢ᠎ᠳᠤ ᠵᠠᠰᠠᠪᠤᠷᠢ ᠤᠷᠤᠭᠤᠯᠬᠤ ᠲᠦᠰᠦᠯ (ᠠᠷᠪᠠᠨ ᠨᠢᠭᠡ) ᠎ᠢ ᠪᠠᠲᠤᠯᠠᠵᠤ᠂ ᠵᠠᠰᠠᠭ ᠵᠠᠬᠢᠷᠭᠠᠨ᠎ᠤ ᠱᠢᠢᠳᠭᠡᠯ᠎ᠤᠨ ᠬᠠᠤᠯᠢ᠂ ᠵᠠᠰᠠᠭ ᠵᠠᠬᠢᠷᠭᠠᠨ᠎ᠤ ᠳᠠᠬᠢᠨ ᠵᠦᠪᠯᠡᠬᠦ᠌ ᠬᠠᠤᠯᠢ᠂ ᠠᠮᠤᠷ᠎ᠢ ᠬᠠᠮᠠᠭᠠᠯᠠᠬᠤ ᠬᠠᠮᠢᠶᠠᠷᠤᠯᠲᠠ ᠱᠢᠢᠳᠭᠡᠯ᠎ᠤᠨ ᠬᠠᠤᠯᠢ᠂ ᠠᠷᠠᠳ᠎ᠤᠨ ᠵᠡᠪᠰᠡᠭ᠌ᠲᠦ ᠴᠠᠭ᠍ᠳᠠᠭ᠎ᠠ᠎ᠶ᠋ᠢᠨ ᠬᠠᠤᠯᠢ ᠵᠡᠷᠭᠡ᠎ᠳᠤ ᠵᠠᠰᠠᠪᠤᠷᠢ ᠣᠷᠣᠭᠤᠯᠤᠨ᠎ᠠ᠃ ᠮᠠᠨ᠎ᠤ ᠤᠯᠤᠰ᠎ᠤᠨ ᠬᠠᠤᠯᠢ᠎ᠶ᠋ᠢ ᠬᠢᠯᠢ᠎ᠶ᠋ᠢᠨ ᠭᠠᠳᠠᠨ᠎ᠠ ᠲᠤᠬᠢᠷᠠᠭᠤᠯᠤᠨ ᠬᠡᠷᠡᠭ᠌ᠯᠡᠬᠦ᠌ ᠬᠠᠤᠯᠢ ᠴᠠᠭᠠᠵᠠ᠎ᠶ᠋ᠢᠨ ᠱᠢᠰᠲ᠋ᠧᠮ᠎ᠤᠨ ᠪᠠᠢᠭᠤᠯᠤᠯᠲᠠ᠎ᠶ᠋ᠢ ᠲᠦᠷᠭᠡᠳᠭᠡᠬᠦ᠌᠎ᠲᠠᠢ ᠤᠶᠠᠯᠳᠤᠭᠤᠯᠤᠨ᠂ ᠭᠠᠳᠠᠭᠠᠳᠤ᠎ᠳᠤ ᠭᠠᠷᠭᠠᠬᠤ᠎ᠶ᠋ᠢ ᠵᠠᠬᠢᠷᠤᠨ ᠬᠠᠮᠢᠶᠠᠷᠬᠤ ᠬᠠᠤᠯᠢ᠎ᠶ᠋ᠢ ᠲᠤᠭ᠍ᠲᠠᠭᠠᠵᠤ᠂ ᠵᠣᠭᠤᠰ ᠤᠬᠢᠶᠠᠬᠤ᠎ᠶ᠋ᠢ ᠡᠰᠡᠷᠭᠦᠴᠡᠬᠦ᠌ ᠬᠠᠤᠯᠢ᠂ ᠳᠤᠮᠳᠠᠳᠤ ᠤᠯᠤᠰ᠎ᠤᠨ ᠠᠷᠠᠳ᠎ᠤᠨ ᠪᠠᠩᠬᠢ᠎ᠶ᠋ᠢᠨ ᠬᠠᠤᠯᠢ᠂ ᠬᠤᠳᠠᠯᠳᠤᠭᠠᠨ᠎ᠤ ᠪᠠᠩᠬᠢ᠎ᠶ᠋ᠢᠨ ᠬᠠᠤᠯᠢ᠂ ᠳᠠᠭᠠᠳᠭᠠᠯ᠎ᠤᠨ ᠬᠠᠤᠯᠢ ᠵᠡᠷᠭᠡ᠎ᠳᠤ ᠵᠠᠰᠠᠪᠤᠷᠢ ᠣᠷᠣᠭᠤᠯᠤᠨ᠎ᠠ᠃ ᠠᠷᠠᠳ ᠲᠦᠮᠡᠨ ᠡᠵᠡᠨ ᠰᠠᠭᠤᠵᠤ ᠡᠷᠬᠡ ᠮᠡᠳᠡᠬᠦ᠌ ᠲᠦᠷᠢᠮ᠎ᠤᠨ ᠱᠢᠰᠲ᠋ᠧᠮ᠎ᠢ ᠲᠡᠭᠦᠯᠳᠡᠷᠵᠢᠭᠦᠯᠬᠦ᠌᠎ᠲᠠᠢ ᠤᠶᠠᠯᠳᠤᠭᠤᠯᠤᠨ᠂ ᠪᠦᠬᠦ᠌ ᠤᠯᠤᠰ᠎ᠤᠨ ᠠᠷᠠᠳ᠎ᠤᠨ ᠲᠥᠯᠥᠭᠡᠯᠡᠭ᠌ᠴᠢᠳ᠎ᠤᠨ ᠶᠡᠭᠡ ᠬᠤᠷᠠᠯ᠎ᠤᠨ ᠵᠣᠬᠢᠶᠠᠨ ᠪᠠᠢᠭᠤᠯᠬᠤ ᠬᠠᠤᠯᠢ ᠪᠠ ᠬᠡᠷᠡᠭ ᠵᠥᠪᠯᠡᠬᠦ᠌ ᠲᠦᠷᠢᠮ᠂ ᠰᠣᠩᠭᠤᠭᠤᠯᠢ᠎ᠶ᠋ᠢᠨ ᠬᠠᠤᠯᠢ᠂ ᠤᠯᠤᠰ᠎ᠤᠨ ᠲᠤᠭ᠎ᠤᠨ ᠬᠠᠤᠯᠢ ᠵᠡᠷᠭᠡ᠎ᠳᠤ ᠵᠠᠰᠠᠪᠤᠷᠢ ᠣᠷᠣᠭᠤᠯᠤᠨ᠎ᠠ᠃ ᠢᠷᠭᠡᠨ᠎ᠤ ᠬᠠᠤᠯᠢ᠎ᠶ᠋ᠢᠨ ᠪᠢᠴᠢᠭ᠎ᠢ ᠤᠬᠠᠭᠤᠯᠬᠤ ᠪᠠ ᠬᠡᠷᠡᠭ᠌ᠵᠢᠬᠦᠯᠬᠦ᠌ ᠠᠵᠢᠯ᠎ᠢ ᠰᠠᠢᠲᠤᠷ ᠬᠢᠨ᠎ᠠ᠃ ᠪᠠᠰᠠ ᠥᠭᠡᠷᠡᠴᠢᠯᠡᠯᠲᠡ᠎ᠶ᠋ᠢ ᠪᠦᠬᠦ᠌ ᠲᠠᠯ᠎ᠠ᠎ᠪᠠᠷ ᠭᠦᠨᠵᠡᠭᠡᠢᠷᠡᠭᠦᠯᠬᠦ᠌ ᠬᠡᠷᠡᠭ᠌ᠴᠡᠭᠡ᠎ᠶ᠋ᠢ ᠦᠨᠳᠦᠰᠦᠯᠡᠨ᠂ ᠡᠷᠬᠡ ᠣᠯᠭᠤᠬᠤ ᠲᠣᠭ᠍ᠲᠠᠭᠠᠯ ᠪᠠ ᠥᠭᠡᠷᠡᠴᠢᠯᠡᠯᠲᠡ᠎ᠶ᠋ᠢᠨ ᠲᠣᠭ᠍ᠲᠠᠭᠠᠯ ᠵᠡᠷᠭᠡ ᠬᠤᠯᠪᠣᠭ᠍ᠳᠠᠯ ᠪᠦᠬᠦᠢ ᠬᠠᠤᠯᠢ ᠲᠣᠭ᠍ᠲᠠᠭᠠᠯᠲᠠ᠎ᠶ᠋ᠢᠨ ᠠᠵᠢᠯ᠎ᠢ ᠰᠠᠢᠲᠤᠷ ᠬᠢᠵᠦ᠍᠂ ᠨᠠᠮ᠎ᠤᠨ ᠲᠥᠪ ᠬᠤᠷᠢᠶ᠎ᠠ᠎ᠠᠴᠠ ᠲᠣᠭ᠍ᠲᠠᠭᠠᠭ᠍ᠰᠠᠨ ᠴᠢᠬᠤᠯᠠ ᠶᠡᠭᠡ ᠬᠠᠤᠯᠢ ᠲᠣᠭ᠍ᠲᠠᠭᠠᠬᠤ ᠡᠭᠦᠷᠭᠡ᠂ ᠠᠵᠤ ᠠᠬᠤᠶ ᠨᠡᠢᠭᠡᠮ᠎ᠤᠨ ᠬᠥᠭ᠌ᠵᠢᠯᠲᠡ᠎ᠶ᠋ᠢᠨ ᠪᠦᠬᠦ᠌ ᠲᠠᠯ᠎ᠠ᠎ᠳᠤ ᠬᠤᠯᠪᠣᠭ᠍ᠳᠠᠬᠤ ᠬᠠᠤᠯᠢ ᠲᠣᠭ᠍ᠲᠠᠭᠠᠬᠤ ᠡᠭᠦᠷᠭᠡ᠎ᠶ᠋ᠢ ᠲᠡᠭᠦᠰ ᠠᠮᠵᠢᠯᠲᠠ᠎ᠲᠠᠢ ᠪᠡᠶᠡᠯᠡᠭᠦᠯᠬᠦ᠌᠎ᠶ᠋ᠢ ᠦᠨᠡᠨ ᠬᠦ᠌ ᠪᠠᠲᠤᠯᠠᠨ᠎ᠠ᠃
    (ᠭᠤᠷᠪᠠ) ᠬᠢᠨᠠᠯᠲᠠ ᠲᠠᠯᠪᠢᠬᠤ ᠠᠵᠢᠯ᠎ᠢ ᠬᠠᠤᠯᠢ ᠶᠣᠰᠣᠭᠠᠷ ᠰᠠᠢᠲᠤᠷ ᠬᠢᠨ᠎ᠡ᠃ ᠬᠢᠨᠠᠯᠲᠠ ᠲᠠᠯᠪᠢᠬᠤ ᠲᠦᠷᠢᠮ ᠲᠣᠭ᠍ᠲᠠᠴᠠ᠎ᠶ᠋ᠢ ᠪᠦᠷᠢᠨᠱᠢᠬᠦᠯᠵᠤ᠂ ᠨᠠᠮ᠎ᠤᠨ ᠲᠥᠪ ᠬᠤᠷᠢᠶᠠᠨ᠎ᠤ ᠱᠢᠢᠳᠪᠦᠷᠢᠲᠦ ᠪᠤᠳᠤᠯᠭ᠎ᠠ ᠪᠠᠢᠷᠢᠯᠠᠭᠤᠯᠤᠯᠲᠠ᠎ᠶ᠋ᠢ ᠪᠣᠳᠠᠲᠠᠶ ᠨᠠᠢᠳᠠᠪᠤᠷᠢᠵᠢᠭᠤᠯᠬᠤ᠎ᠶ᠋ᠢ ᠪᠠᠲᠤᠯᠠᠵᠤ᠂ ᠦᠨᠳᠦᠰᠦᠨ ᠬᠠᠤᠯᠢ ᠬᠠᠤᠯᠢ ᠴᠠᠭᠠᠵᠠ᠎ᠶ᠋ᠢᠨ ᠪᠦᠲᠦᠮᠵᠢᠲᠡᠶ ᠬᠡᠷᠡᠭ᠌ᠵᠢᠭᠦᠯᠦᠭ᠌ᠳᠡᠬᠦ᠌᠎ᠶ᠋ᠢ ᠪᠠᠲᠤᠯᠠᠨ᠎ᠠ᠃ ᠨᠠᠮ ᠪᠠ ᠤᠯᠤᠰ᠎ᠤᠨ ᠴᠢᠬᠤᠯᠠ ᠶᠡᠭᠡ ᠠᠵᠢᠯ᠎ᠤᠨ ᠪᠠᠢᠷᠢᠯᠠᠭᠤᠯᠤᠯᠲᠠ᠎ᠳᠤ ᠠᠩᠬᠠᠷᠤᠯ᠎ᠢᠶᠠᠨ ᠲᠥᠪᠯᠡᠷᠡᠭᠦᠯᠵᠦ᠍᠂ 29 ᠬᠢᠨᠠᠯᠲᠠ ᠲᠠᠯᠪᠢᠬᠤ ᠵᠦᠢᠯᠡᠰ᠎ᠢ ᠤᠷᠢᠳᠴᠢᠯᠠᠨ ᠲᠣᠬᠢᠷᠠᠭᠤᠯᠪᠠ᠃ ᠴᠢᠨᠡᠭᠡᠯᠢᠭ ᠨᠡᠢᠭᠡᠮ᠎ᠢ ᠪᠦᠬᠦ᠌ ᠲᠠᠯ᠎ᠠ᠎ᠪᠠᠷ ᠪᠠᠢᠭᠤᠯᠤᠨ ᠪᠦᠲᠦᠭᠡᠬᠦ᠂ ᠭᠤᠷᠪᠠᠨ ᠶᠡᠭᠡ ᠪᠡᠷᠬᠡ ᠰᠡᠳᠦᠪ᠎ᠢ ᠱᠢᠢᠳᠪᠦᠷᠢᠯᠡᠬᠦ᠌ ᠳᠠᠢᠯᠠᠯᠳᠤᠭᠠᠨ᠎ᠢ ᠰᠠᠢᠲᠤᠷ ᠬᠢᠬᠦ᠂ 《ᠵᠢᠷᠭᠤᠭ᠎ᠠ᠎ᠶ᠋ᠢ ᠲᠣᠭ᠍ᠲᠠᠭᠤᠨ ᠪᠠᠢᠯᠭᠠᠬᠤ》 ᠠᠵᠢᠯ᠎ᠢ ᠰᠠᠢᠲᠤᠷ ᠬᠢᠬᠦ᠂ 《ᠵᠢᠷᠭᠤᠭ᠎ᠠ᠎ᠶ᠋ᠢ ᠪᠠᠲᠤᠯᠠᠬᠤ》 ᠡᠭᠦᠷᠭᠡ᠎ᠶ᠋ᠢ ᠨᠠᠢᠳᠠᠪᠤᠷᠢᠵᠢᠭᠤᠯᠬᠤ᠎ᠲᠠᠢ ᠤᠶᠠᠯᠳᠤᠭᠤᠯᠤᠨ᠂ ᠱᠢᠨ᠎ᠡ᠎ᠶ᠋ᠢ ᠡᠭᠦᠳᠬᠦ᠌᠎ᠪᠠᠷ ᠬᠦᠭ᠌ᠵᠢᠯᠲᠡ᠎ᠶ᠋ᠢᠨ ᠬᠦᠳᠡᠯᠭᠡᠭᠦᠷ ᠪᠤᠯᠭᠠᠬᠤ ᠪᠠᠢᠯᠳᠤᠬᠤ ᠪᠤᠳᠤᠯᠭ᠎ᠠ᠎ᠶ᠋ᠢ ᠨᠠᠢᠳᠠᠪᠤᠷᠢᠵᠢᠭᠤᠯᠤᠭ᠍ᠰᠠᠨ ᠪᠠᠢᠳᠠᠯ᠎ᠤᠨ ᠲᠤᠬᠠᠢ ᠵᠡᠷᠭᠡ 16 ᠠᠵᠢᠯ᠎ᠤᠨ ᠮᠡᠳᠡᠭᠦᠯᠦᠯᠲᠡ᠎ᠶ᠋ᠢ ᠰᠣᠨᠣᠰᠴᠤ᠌ ᠬᠢᠨᠠᠨ ᠶᠠᠷᠢᠯᠴᠠᠵᠤ᠂ ᠲᠦᠰᠦᠪ᠎ᠤᠨ ᠭᠦᠢᠴᠡᠳᠭᠡᠯ᠎ᠢ ᠬᠢᠨᠠᠨ ᠪᠠᠢᠴᠠᠭᠠᠵᠤ ᠬᠢᠨᠠᠯᠲᠠ ᠲᠠᠯᠪᠢᠬᠤ ᠪᠠ ᠤᠯᠤᠰ᠎ᠤᠨ ᠦᠮᠴᠢᠯᠡᠯ᠎ᠤᠨ ᠡᠳ᠋ ᠬᠦᠷᠦᠩᠭᠡ᠎ᠶ᠋ᠢᠨ ᠬᠠᠮᠢᠶᠠᠷᠤᠯᠲᠠ ᠬᠢᠨᠠᠯᠲᠠ᠎ᠶ᠋ᠢ ᠤᠯᠠᠮ ᠨᠢᠭᠡ ᠠᠯᠬᠤᠮ ᠴᠢᠩᠭᠠᠳᠭᠠᠨ᠎ᠠ᠃ ᠪᠠᠢᠩᠭᠤ᠎ᠶ᠋ᠢᠨ ᠬᠤᠷᠢᠶᠠᠨ᠎ᠤ ᠬᠤᠯᠪᠣᠭ᠍ᠳᠠᠯ ᠪᠦᠬᠦᠢ ᠲᠣᠭ᠍ᠲᠠᠭᠠᠯ ᠪᠠ ᠬᠡᠭᠡᠷ᠎ᠡ᠎ᠶ᠋ᠢᠨ ᠠᠮᠢᠲᠠᠨ᠎ᠢ ᠬᠠᠮᠠᠭᠠᠯᠠᠬᠤ ᠬᠠᠤᠯᠢ᠂ ᠬᠥᠷᠥᠰᠥ᠍ ᠱᠢᠷᠣᠶ᠎ᠶ᠋ᠢᠨ ᠪᠣᠬᠢᠷᠲᠤᠯ᠎ᠢ ᠰᠡᠷᠭᠡᠢᠯᠡᠨ ᠵᠠᠰᠠᠬᠤ ᠬᠠᠤᠯᠢ᠂ ᠨᠢᠭᠦᠯᠡᠰᠦᠩᠭᠦᠶ᠎ᠶ᠋ᠢᠨ ᠬᠠᠤᠯᠢ᠂ ᠵᠦᠶ ᠪᠤᠰᠤ ᠥᠷᠢᠰᠥᠯᠳᠦᠭᠡᠨ᠎ᠢ ᠡᠰᠡᠷᠭᠦᠴᠡᠬᠦ᠌ ᠬᠠᠤᠯᠢ᠂ ᠤᠯᠠᠨ ᠨᠡᠢᠲᠡ᠎ᠶ᠋ᠢᠨ ᠰᠣᠶᠣᠯ᠎ᠤᠨ ᠦᠢᠯᠡᠴᠢᠯᠡᠭᠡ᠎ᠶ᠋ᠢ ᠪᠠᠲᠤᠯᠠᠬᠤ ᠬᠠᠤᠯᠢ᠂ ᠲᠠᠷᠢᠶᠠᠯᠠᠩ᠎ᠤᠨ ᠮᠧᠬᠠᠨᠢᠭ᠍ᠵᠢᠭᠤᠯᠤᠯᠲᠠ᠎ᠶ᠋ᠢ ᠠᠬᠢᠭᠤᠯᠬᠤ ᠬᠠᠤᠯᠢ ᠵᠡᠷᠭᠡ 6 ᠬᠠᠤᠯᠢ ᠴᠠᠭᠠᠵᠠ᠎ᠶ᠋ᠢᠨ ᠬᠡᠷᠡᠭ᠌ᠵᠢᠭᠦᠯᠦᠯᠲᠡ᠎ᠶ᠋ᠢᠨ ᠪᠠᠢᠳᠠᠯ᠎ᠢ ᠪᠠᠢᠴᠠᠭᠠᠨ᠎ᠠ᠃ ᠬᠦᠷᠦᠰᠦ ᠱᠢᠷᠤᠢ᠎ᠶ᠋ᠢᠨ ᠪᠤᠬᠢᠷᠲᠤᠯ᠎ᠢ ᠰᠡᠷᠭᠡᠢᠯᠡᠨ ᠵᠠᠰᠠᠬᠤ᠂ ᠬᠢᠨᠠᠨ ᠪᠤᠳᠤᠯᠲᠠ᠎ᠳᠤ ᠢᠯᠡᠷᠡᠭᠦᠯᠦᠭ᠌ᠰᠡᠨ ᠲᠤᠪᠤᠢᠮ᠎ᠠ ᠠᠰᠠᠭᠤᠳᠠᠯ᠎ᠢ ᠴᠡᠭ᠌ᠴᠡᠯᠡᠨ ᠰᠠᠢᠵᠢᠷᠠᠭᠤᠯᠤᠭ᠍ᠰᠠᠨ ᠪᠠᠢᠳᠠᠯ᠎ᠲᠠᠢ ᠤᠶᠠᠯᠳᠤᠭᠤᠯᠤᠨ ᠲᠤᠰᠭᠠᠶ ᠰᠡᠳᠦᠪᠲᠦ ᠯᠠᠪᠯᠠᠨ ᠠᠰᠠᠭᠤᠬᠤ ᠠᠵᠢᠯ᠎ᠢ ᠥᠷᠨᠢᠭᠦᠯᠦᠨ᠎ᠡ᠃ ᠠᠷᠪᠠᠨ ᠳᠥᠷᠪᠡᠳᠦᠭᠡᠷ ᠲᠠᠪᠤᠨ ᠵᠢᠯ᠎ᠤᠨ ᠲᠥᠯᠥᠪᠵᠢᠭᠦᠯᠭᠡ᠎ᠶ᠋ᠢᠨ ᠲᠣᠪᠴᠢ᠎ᠶ᠋ᠢ ᠨᠠᠢᠷᠠᠭᠤᠯᠤᠨ ᠵᠣᠬᠢᠶᠠᠬᠤ᠂ ᠦᠨᠳᠦᠰᠦᠲᠡᠨ᠎ᠤ ᠪᠦᠯᠬᠦᠮᠳᠡᠯ ᠲᠠᠪᠱᠢᠯᠳᠠ᠎ᠶ᠋ᠢ ᠡᠭᠦᠳᠦᠨ ᠪᠠᠢᠭᠤᠯᠬᠤ ᠠᠵᠢᠯ᠂ ᠨᠡᠢᠭᠡᠮ᠎ᠤᠨ ᠳᠠᠭᠠᠳᠭᠠᠯ᠎ᠤᠨ ᠲᠦᠷᠢᠮ᠎ᠤᠨ ᠥᠭᠡᠷᠡᠴᠢᠯᠡᠯᠲᠡ ᠵᠡᠷᠭᠡ᠎ᠲᠠᠢ ᠤᠶᠠᠯᠳᠤᠭᠤᠯᠤᠨ 5 ᠵᠦᠢᠯ᠎ᠤᠨ ᠲᠤᠰᠭᠠᠶ ᠰᠡᠳᠦᠪᠲᠦ ᠪᠠᠢᠴᠠᠭᠠᠨ ᠰᠤᠳᠤᠯᠤᠯᠲᠠ᠎ᠶ᠋ᠢ ᠥᠷᠨᠢᠭᠦᠯᠦᠨ᠎ᠡ᠃ ᠡᠨᠡ ᠵᠢᠯ᠂ ᠮᠠᠨ᠎ᠤ ᠤᠯᠤᠰ᠎ᠤᠨ ᠶᠠᠳᠠᠭᠤ᠎ᠠᠴᠠ ᠠᠩᠭᠢᠵᠢᠷᠠᠭᠤᠯᠬᠤ ᠪᠡᠷᠬᠡ ᠰᠡᠳᠦᠪ᠎ᠢ ᠱᠢᠢᠳᠪᠦᠷᠢᠯᠡᠬᠦ᠌ ᠱᠢᠢᠳᠪᠦᠷᠢᠲᠦ ᠳᠠᠢᠯᠠᠯᠳᠤᠭᠠᠨ᠎ᠤ ᠱᠢᠢᠳᠪᠦᠷᠢᠲᠦ ᠢᠯᠠᠯᠲᠠ᠎ᠶ᠋ᠢ ᠤᠯᠬᠤ᠂ ᠴᠢᠨᠡᠭᠡᠯᠢᠭ ᠨᠡᠢᠭᠡᠮ᠎ᠢ ᠪᠦᠬᠦ᠌ ᠲᠠᠯ᠎ᠠ᠎ᠪᠠᠷ ᠪᠠᠢᠭᠤᠯᠤᠨ ᠪᠦᠲᠦᠭᠡᠬᠦ᠌ ᠠᠭᠤᠤ ᠶᠡᠭᠡ ᠦᠢᠯᠡᠰ ᠯᠠᠪᠳᠠᠶ᠎ᠠ ᠳᠤᠮᠳᠠᠳᠤ᠎ᠶ᠋ᠢᠨ ᠦᠨᠳᠦᠰᠦᠲᠡᠨ᠂ ᠬᠥᠮᠦᠨ ᠲᠥᠷᠥᠯᠬᠢᠲᠡᠨ᠎ᠤ ᠲᠡᠦᠬᠡ᠎ᠶ᠋ᠢᠨ ᠭᠡᠷᠡᠯ ᠰᠠᠴᠤᠷᠠᠩᠭᠤᠢ ᠲᠡᠦᠬᠡᠨ ᠬᠠᠭᠤᠳᠠᠰᠤᠨ᠎ᠳᠤ ᠲᠡᠮᠳᠡᠭ᠌ᠯᠡᠭ᠌ᠳᠡᠬᠦ᠌ ᠪᠣᠯᠤᠨ᠎ᠠ᠃ ᠪᠠᠢᠩᠭᠤ᠎ᠶ᠋ᠢᠨ ᠬᠤᠷᠢᠶ᠎ᠠ ᠡᠨᠡ ᠬᠦ᠌ ᠴᠢᠬᠤᠯᠠ ᠶᠡᠭᠡ ᠪᠠᠢᠯᠳᠤᠬᠤ ᠪᠤᠳᠤᠯᠭ᠎ᠠ᠎ᠶ᠋ᠢᠨ ᠪᠠᠢᠷᠢᠯᠠᠭᠤᠯᠤᠯᠲᠠ᠎ᠲᠠᠢ ᠨᠢᠭ᠍ᠲᠠ ᠤᠶᠠᠯᠳᠤᠭᠤᠯᠤᠨ ᠬᠢᠨᠠᠯᠲᠠ ᠲᠠᠯᠪᠢᠬᠤ ᠠᠵᠢᠯ᠎ᠢ ᠥᠷᠨᠢᠭᠦᠯᠵᠦ᠍᠂ ᠨᠢᠭᠡᠳᠦᠭᠡᠷ ᠵᠠᠭᠤᠨ ᠵᠢᠯ᠎ᠤᠨ ᠲᠡᠮᠡᠴᠡᠯ᠎ᠤᠨ ᠬᠠᠷᠠᠯᠲᠠ᠎ᠶ᠋ᠢ ᠲᠣᠭ᠍ᠲᠠᠭ᠍ᠰᠠᠨ ᠬᠤᠭᠤᠴᠠᠭᠠᠨ᠎ᠳᠤ ᠪᠡᠶᠡᠯᠡᠭᠦᠯᠬᠦ᠌᠎ᠳᠤ ᠦᠵᠡᠭᠦᠯᠪᠡᠰᠦ ᠵᠣᠬᠢᠬᠤ ᠬᠤᠪᠢ ᠨᠡᠮᠡᠷᠢ᠎ᠪᠠᠨ ᠦᠵᠡᠭᠦᠯᠦᠨ᠎ᠡ᠃
    (ᠳᠥᠷᠪᠡ) ᠲᠥᠯᠥᠭᠡᠯᠡᠭ᠌ᠴᠢᠳ᠎ᠤᠨ ᠬᠠᠤᠯᠢ ᠶᠣᠰᠣᠭᠠᠷ ᠲᠤᠱᠢᠶᠠᠯ ᠬᠠᠷᠢᠭᠤᠴᠠᠯᠭ᠎ᠠ᠎ᠪᠠᠨ ᠭᠦᠢᠴᠡᠳᠭᠡᠬᠦ᠌᠎ᠶ᠋ᠢ ᠳᠠᠮᠵᠢᠨ᠎ᠠ᠃ ᠲᠥᠯᠥᠭᠡᠯᠡᠭ᠌ᠴᠢᠳ᠎ᠲᠠᠢ ᠬᠠᠷᠢᠯᠴᠠᠬᠤ ᠲᠣᠭ᠍ᠲᠠᠴᠠ᠎ᠶ᠋ᠢ ᠲᠡᠭᠦᠯᠳᠡᠷᠵᠢᠭᠦᠯᠵᠦ᠍᠂ ᠪᠦᠬᠦ᠌ ᠤᠯᠤᠰ᠎ᠤᠨ ᠠᠷᠠᠳ᠎ᠤᠨ ᠲᠥᠯᠥᠭᠡᠯᠡᠭ᠌ᠴᠢᠳ᠎ᠤᠨ ᠶᠡᠭᠡ ᠬᠤᠷᠠᠯ᠎ᠤᠨ ᠲᠥᠯᠥᠭᠡᠯᠡᠭ᠌ᠴᠢᠳ᠎ᠤᠨ ᠠᠵᠢᠯ᠎ᠢ ᠴᠢᠩᠭᠠᠳᠭᠠᠨ ᠰᠠᠢᠵᠢᠷᠠᠭᠤᠯᠬᠤ ᠲᠤᠬᠠᠶ ᠪᠣᠳᠠᠲᠠᠶ ᠠᠷᠭ᠎ᠠ ᠬᠡᠮᠵᠢᠶ᠎ᠡ᠎ᠶ᠋ᠢ ᠨᠠᠢᠳᠠᠪᠤᠷᠢᠵᠢᠭᠤᠯᠵᠤ᠂ ᠪᠠᠢᠩᠭᠤ᠎ᠶ᠋ᠢᠨ ᠬᠤᠷᠢᠶ᠎ᠠ ᠪᠣᠯᠤᠨ ᠲᠥᠯᠥᠭᠡᠯᠡᠭ᠌ᠴᠢᠳ᠂ ᠲᠥᠯᠥᠭᠡᠯᠡᠭ᠌ᠴᠢᠳ ᠪᠣᠯᠤᠨ ᠠᠷᠠᠳ ᠤᠯᠠᠨ᠎ᠤ ᠬᠠᠷᠢᠯᠴᠠᠭ᠎ᠠ᠎ᠶ᠋ᠢ ᠨᠢᠭ᠍ᠲᠠᠷᠠᠭᠤᠯᠤᠨ᠎ᠠ᠃ ᠲᠥᠯᠥᠭᠡᠯᠡᠭ᠌ᠴᠢᠳ᠎ᠤᠨ ᠲᠤᠰ ᠪᠡᠶ᠎ᠡ᠎ᠶ᠋ᠢᠨ ᠪᠠᠢᠭᠤᠯᠤᠯᠲᠠ᠎ᠶ᠋ᠢ ᠴᠢᠩᠭᠠᠳᠭᠠᠵᠤ᠂ ᠦᠵᠡᠯ ᠰᠠᠨᠠᠭ᠎ᠠ ᠤᠯᠤᠰ ᠲᠦᠷᠦ᠎ᠶ᠋ᠢᠨ ᠬᠢᠷᠢ ᠬᠡᠮᠵᠢᠶ᠎ᠡ ᠪᠠ ᠲᠤᠱᠢᠶᠠᠯ ᠬᠠᠷᠢᠭᠤᠴᠠᠯᠭ᠎ᠠ᠎ᠪᠠᠨ ᠭᠦᠢᠴᠡᠳᠭᠡᠬᠦ᠌ ᠴᠢᠳᠠᠪᠤᠷᠢ᠎ᠶ᠋ᠢ᠎ᠨᠢ ᠲᠠᠰᠤᠷᠠᠯᠲᠠ ᠦᠭᠡᠢ ᠳᠡᠭᠡᠭ᠌ᠰᠢᠯᠡᠭᠦᠯᠦᠨ᠎ᠡ᠃ ᠲᠥᠯᠥᠭᠡᠯᠡᠭ᠌ᠴᠢᠳ᠎ᠤᠨ ᠵᠥᠪᠯᠡᠯᠭᠡ ᠰᠠᠨᠠᠭᠤᠯᠭ᠎ᠠ ᠳᠤᠷᠠᠳᠭᠤ᠂ ᠲᠡᠭᠦᠨ᠎ᠢ ᠱᠢᠢᠳᠪᠦᠷᠢᠯᠡᠬᠦ᠂ ᠬᠠᠷᠢᠭᠤ ᠲᠤᠰᠭᠠᠬᠤ ᠡᠯ᠎ᠡ ᠭᠤᠭ᠍ᠴᠣᠭᠠᠨ᠎ᠤ ᠠᠵᠢᠯ᠎ᠢ ᠰᠠᠢᠵᠢᠷᠠᠭᠤᠯᠵᠤ᠂ ᠲᠥᠯᠥᠭᠡᠯᠡᠭ᠌ᠴᠢᠳ᠎ᠤᠨ ᠰᠠᠨᠠᠭᠤᠯᠭ᠎ᠠ᠎ᠳᠤ ᠬᠠᠷᠢᠭᠤᠯᠲᠠ ᠥᠭ᠌ᠬᠦ ᠪᠠ ᠠᠮᠠᠯᠠᠨ ᠱᠢᠢᠳᠪᠦᠷᠢᠯᠡᠬᠦ᠌ ᠲᠣᠭ᠍ᠲᠠᠴᠠ᠎ᠶ᠋ᠢ ᠨᠠᠢᠳᠠᠪᠤᠷᠢᠵᠢᠭᠤᠯᠵᠤ᠂ ᠮᠦᠷᠳᠡᠨ ᠱᠢᠪᠠᠳᠠᠨ ᠱᠢᠢᠳᠪᠦᠷᠢᠯᠡᠭᠦᠯᠬᠦ᠌᠎ᠶ᠋ᠢ ᠰᠠᠢᠲᠤᠷ ᠠᠳᠭᠤᠨ᠎ᠠ᠃ ᠲᠥᠯᠥᠭᠡᠯᠡᠭ᠌ᠴᠢᠳ᠎ᠤᠨ ᠪᠠᠢᠩᠭᠤ᠎ᠶ᠋ᠢᠨ ᠬᠤᠷᠢᠶ᠎ᠠ᠂ ᠲᠤᠰᠭᠠᠶ ᠵᠦᠪᠯᠡᠯ᠂ ᠠᠵᠢᠯ᠎ᠤᠨ ᠵᠦᠪᠯᠡᠯ᠎ᠤᠨ ᠠᠵᠢᠯ᠎ᠳᠤ ᠣᠷᠣᠯᠴᠠᠬᠤ᠎ᠶ᠋ᠢ ᠥᠷᠭᠡᠳᠭᠡᠵᠦ᠍᠂ ᠲᠥᠯᠥᠭᠡᠯᠡᠭ᠌ᠴᠢᠳ᠎ᠤᠨ ᠳᠤᠷᠠᠳᠤᠭ᠍ᠰᠠᠨ ᠰᠠᠨᠠᠯ ᠰᠠᠨᠠᠭᠤᠯᠭ᠎ᠠ᠎ᠶ᠋ᠢ ᠬᠢᠨᠠᠮᠠᠭᠠᠶ ᠰᠣᠨᠣᠰᠴᠤ᠌ ᠬᠦᠯᠢᠶᠡᠨ ᠠᠪᠤᠨ᠎ᠠ᠃ ᠲᠥᠯᠥᠭᠡᠯᠡᠭ᠌ᠴᠢᠳ᠎ᠤᠨ ᠪᠠᠢᠴᠠᠭᠠᠨ ᠦᠵᠡᠬᠦ᠂ ᠪᠠᠢᠴᠠᠭᠠᠨ ᠰᠤᠳᠤᠯᠤᠯᠲᠠ ᠬᠢᠬᠦ᠌ ᠵᠡᠷᠭᠡ ᠠᠵᠢᠯ᠎ᠢ ᠨᠢᠭᠡᠳᠦᠯᠲᠡᠶ ᠲᠥᠯᠥᠪᠯᠡᠨ ᠰᠠᠢᠲᠤᠷ ᠬᠢᠵᠦ᠍᠂ ᠲᠥᠯᠥᠭᠡᠯᠡᠭ᠌ᠴᠢᠳ᠎ᠤᠨ ᠰᠤᠷᠤᠯᠴᠠᠯᠭ᠎ᠠ ᠪᠣᠯᠪᠠᠰᠤᠷᠠᠭᠤᠯᠤᠯ᠎ᠤᠨ ᠬᠠᠨᠳᠤᠯᠭᠠᠲᠤ ᠴᠢᠨᠠᠷ ᠪᠠ ᠪᠣᠳᠠᠲᠤ ᠪᠦᠲᠦᠮᠵᠢᠲᠦ ᠴᠢᠨᠠᠷ᠎ᠢ ᠴᠢᠩᠭᠠᠷᠠᠭᠤᠯᠤᠨ᠎ᠠ᠃ ᠲᠥᠯᠥᠭᠡᠯᠡᠭ᠌ᠴᠢᠳ᠎ᠤᠨ ᠲᠤᠱᠢᠶᠠᠯ ᠬᠠᠷᠢᠭᠤᠴᠠᠯᠭ᠎ᠠ ᠭᠦᠢᠴᠡᠳᠭᠡᠬᠦ᠌ ᠮᠡᠳᠡᠭᠡ ᠵᠠᠩᠭᠢᠵᠢᠯᠲᠠ᠎ᠶ᠋ᠢᠨ ᠲᠠᠪᠴᠠᠩ᠎ᠤᠨ ᠪᠠᠢᠭᠤᠯᠤᠯᠲᠠ᠎ᠶ᠋ᠢ ᠲᠦᠷᠭᠡᠳᠭᠡᠨ᠎ᠡ᠃
    (ᠲᠠᠪᠤ) ᠭᠠᠳᠠᠭᠠᠳᠤ᠎ᠲᠠᠢ ᠬᠠᠷᠢᠯᠴᠠᠬᠤ ᠠᠵᠢᠯ᠎ᠢ ᠢᠳᠡᠪᠬᠢᠲᠡᠶ ᠥᠷᠨᠢᠭᠦᠯᠦᠨ᠎ᠡ᠃ ᠠᠷᠠᠳ᠎ᠤᠨ ᠲᠥᠯᠥᠭᠡᠯᠡᠭ᠌ᠴᠢᠳ᠎ᠤᠨ ᠶᠡᠭᠡ ᠬᠤᠷᠠᠯ᠎ᠤᠨ ᠭᠠᠳᠠᠭᠠᠳᠤ᠎ᠲᠠᠢ ᠬᠠᠷᠢᠯᠴᠠᠬᠤ ᠲᠠᠯ᠎ᠠ᠎ᠪᠠᠷ᠎ᠬᠢ ᠥᠪᠡᠷᠮᠢᠴᠡ ᠳᠠᠪᠠᠭᠤᠯᠢᠭ᠎ᠢ ᠭᠦᠢᠴᠡᠳ ᠪᠠᠳᠠᠷᠠᠭᠤᠯᠵᠤ᠂ ᠨᠠᠮ ᠪᠠ ᠤᠯᠤᠰ᠎ᠤᠨ ᠭᠠᠳᠠᠭᠠᠳᠤ ᠬᠠᠷᠢᠯᠴᠠᠭᠠᠨ᠎ᠤ ᠶᠡᠭᠡ ᠲᠠᠯ᠎ᠠ᠎ᠳᠤ ᠦᠢᠯᠡᠴᠢᠯᠡᠨ᠎ᠠ᠃ ᠳᠡᠭᠡᠳᠦ ᠳᠠᠪᠬᠤᠷᠭ᠎ᠠ᠎ᠶ᠋ᠢᠨ ᠶᠠᠪᠤᠯᠴᠠᠭ᠎ᠠ᠎ᠶ᠋ᠢ ᠴᠢᠩᠭᠠᠳᠭᠠᠵᠤ᠂ ᠲᠤᠰᠭᠠᠶ ᠵᠦᠪᠯᠡᠯ᠂ ᠨᠥᠬᠦᠷᠰᠡᠭ ᠳᠤᠭᠤᠢᠯᠠᠩ᠂ ᠠᠵᠢᠯ᠎ᠤᠨ ᠪᠠᠢᠭᠤᠯᠤᠮᠵᠢ᠎ᠶ᠋ᠢᠨ ᠭᠠᠳᠠᠭᠠᠳᠤ᠎ᠲᠠᠢ ᠬᠠᠷᠢᠯᠴᠠᠬᠤ ᠳᠤᠮᠳᠠᠬᠢ ᠦᠢᠯᠡᠳᠦᠯ᠎ᠢ ᠪᠠᠳᠠᠷᠠᠭᠤᠯᠤᠨ᠎ᠠ᠃ ᠲᠣᠭ᠍ᠲᠠᠴᠠᠵᠢᠭ᠍ᠰᠠᠨ ᠰᠣᠯᠢᠯᠴᠠᠭ᠎ᠠ᠎ᠶ᠋ᠢ ᠯᠠᠪᠳᠠᠭᠤᠨ᠎ᠢᠶᠠᠷ ᠠᠬᠢᠭᠤᠯᠵᠤ᠂ ᠵᠥᠪᠯᠡᠯᠭᠡᠨ᠎ᠤ ᠬᠤᠷᠠᠯ᠎ᠤᠨ ᠤᠯᠠᠨ ᠲᠠᠯᠠᠲᠤ ᠬᠠᠮᠲᠤᠷᠠᠯᠴᠠᠭ᠎ᠠ᠎ᠳᠤ ᠢᠳᠡᠪᠬᠢᠲᠡᠶ ᠣᠷᠣᠯᠴᠠᠵᠤ᠂ ᠤᠯᠠᠨ ᠨᠡᠢᠲᠡ᠎ᠶ᠋ᠢᠨ ᠡᠷᠡᠭᠦᠯ ᠬᠠᠮᠠᠭᠠᠯᠠᠯ᠎ᠤᠨ ᠬᠦᠷᠢᠶᠡᠨ᠎ᠤ ᠬᠠᠤᠯᠢ ᠲᠤᠭ᠍ᠲᠠᠭᠠᠬᠤ ᠰᠤᠯᠢᠯᠴᠠᠭ᠎ᠠ᠎ᠶ᠋ᠢ ᠴᠢᠩᠭᠠᠳᠭᠠᠵᠤ᠂ ᠤᠯᠤᠰ᠎ᠤᠨ ᠬᠠᠷᠢᠴᠠᠭᠠᠨ᠎ᠤ ᠬᠥᠭ᠌ᠵᠢᠯᠲᠡ ᠪᠠ ᠡᠯ᠎ᠡ ᠬᠦᠷᠢᠶᠡᠨ᠎ᠤ ᠪᠣᠳᠠᠲᠠᠶ᠎ᠶ᠋ᠢ ᠡᠷᠬᠢᠮᠯᠡᠭ᠌ᠰᠡᠨ ᠬᠠᠮᠲᠤᠷᠠᠯᠴᠠᠭ᠎ᠠ᠎ᠶ᠋ᠢ ᠠᠬᠢᠭᠤᠯᠤᠨ᠎ᠠ᠃
    (ᠵᠢᠷᠭᠤᠭ᠎ᠠ) ᠪᠠᠢᠩᠭᠤ᠎ᠶ᠋ᠢᠨ ᠬᠤᠷᠢᠶᠠᠨ᠎ᠤ ᠲᠤᠰ ᠪᠡᠶ᠎ᠡ᠎ᠶ᠋ᠢᠨ ᠪᠠᠢᠭᠤᠯᠤᠯᠲᠠ᠎ᠶ᠋ᠢ ᠴᠢᠩᠭᠠᠳᠭᠠᠨ᠎ᠠ᠃ 《ᠲᠤᠯᠭᠤᠷ ᠵᠤᠷᠢᠯᠲᠠ᠎ᠪᠠᠨ ᠥᠯᠥ᠍ ᠮᠠᠷᠲᠠᠨ᠂ ᠡᠭᠦᠷᠭᠡ ᠬᠠᠷᠢᠭᠤᠴᠠᠯᠭ᠎ᠠ᠎ᠪᠠᠨ ᠪᠠᠲᠤ ᠴᠡᠭᠡᠵᠢᠯᠡᠬᠦ᠌》 ᠭᠤᠤᠯ ᠰᠡᠳᠦᠪᠲᠦ ᠬᠥᠮᠦᠵᠢᠯ᠎ᠤᠨ ᠦᠷ᠎ᠡ ᠪᠦᠲᠦᠭᠡᠯ᠎ᠢ ᠪᠠᠬᠢᠵᠢᠭᠦᠯᠦᠨ ᠭᠦᠨᠵᠡᠭᠡᠢᠷᠡᠭᠦᠯᠵᠦ᠍᠂ ᠰᠢ᠎ᠶ᠋ᠢᠨ ᠫᠢᠩ᠎ᠤᠨ ᠱᠢᠨ᠎ᠡ ᠴᠠᠭ ᠦᠶ᠎ᠡ᠎ᠶ᠋ᠢᠨ ᠳᠤᠮᠳᠠᠳᠤ ᠤᠯᠤᠰ᠎ᠤᠨ ᠣᠨᠴᠠᠯᠢᠭ ᠪᠦᠬᠦᠢ ᠨᠡᠢᠭᠡᠮ ᠵᠢᠷᠤᠮ᠎ᠤᠨ ᠦᠵᠡᠯ ᠰᠠᠨᠠᠭ᠎ᠠ᠎ᠶ᠋ᠢ ᠭᠦᠨᠵᠡᠭᠡᠶ ᠰᠤᠷᠤᠯᠴᠠᠨ ᠲᠤᠭᠤᠱᠢᠯᠠᠭᠤᠯᠤᠨ᠎ᠠ᠃ ᠲᠥᠪ ᠬᠤᠷᠢᠶᠠᠨ᠎ᠤ ᠨᠠᠢ᠍ᠮᠠᠨ ᠵᠤᠷᠪᠤᠰ ᠲᠣᠭ᠍ᠲᠠᠭᠠᠯ ᠵᠢᠴᠢ ᠲᠡᠭᠦᠨ᠎ᠤ ᠬᠡᠷᠡᠭ᠌ᠵᠢᠭᠦᠯᠬᠦ᠌ ᠨᠠᠷᠢᠨ ᠳᠦᠷᠢᠮ᠎ᠤᠨ ᠵᠣᠷᠢᠭ ᠰᠠᠨᠠᠭ᠎ᠠ᠎ᠶ᠋ᠢ ᠬᠢᠨᠠᠮᠠᠭᠠᠶ ᠨᠠᠢᠳᠠᠪᠤᠷᠢᠵᠢᠭᠤᠯᠵᠤ᠂ ᠠᠵᠢᠯ᠎ᠤᠨ ᠰᠤᠷᠲᠠᠯ᠎ᠢᠶᠠᠨ ᠰᠠᠢᠵᠢᠷᠠᠭᠤᠯᠵᠤ᠂ ᠤᠯᠠᠨ ᠲᠦᠮᠡᠨ᠎ᠲᠠᠢ ᠨᠢᠭ᠍ᠲᠠ ᠬᠠᠷᠢᠯᠴᠠᠵᠤ᠂ ᠪᠠᠢᠴᠠᠭᠠᠨ ᠰᠤᠳᠤᠯᠤᠯᠲᠠ᠎ᠶ᠋ᠢ ᠭᠦᠨᠵᠡᠭᠡᠶ ᠥᠷᠨᠢᠭᠦᠯᠦᠨ᠎ᠡ᠃ ᠬᠡᠷᠡᠭ ᠵᠥᠪᠯᠡᠬᠦ᠌ ᠵᠢᠷᠤᠮ ᠪᠠ ᠠᠵᠢᠯ᠎ᠤᠨ ᠲᠣᠭ᠍ᠲᠠᠴᠠ᠎ᠶ᠋ᠢ ᠲᠡᠭᠦᠯᠳᠡᠷᠵᠢᠭᠦᠯᠦᠨ᠎ᠡ᠃ ᠠᠷᠠᠳ᠎ᠤᠨ ᠲᠥᠯᠥᠭᠡᠯᠡᠭ᠌ᠴᠢᠳ᠎ᠤᠨ ᠶᠡᠭᠡ ᠬᠤᠷᠠᠯ᠎ᠤᠨ ᠪᠠᠢᠭᠤᠯᠤᠯ᠎ᠤᠨ ᠤᠨᠤᠯ᠎ᠤᠨ ᠰᠤᠳᠤᠯᠭᠠᠨ᠎ᠢ ᠴᠢᠩᠭᠠᠳᠭᠠᠵᠤ᠂ ᠠᠷᠠᠳ᠎ᠤᠨ ᠲᠥᠯᠥᠭᠡᠯᠡᠭ᠌ᠴᠢᠳ᠎ᠤᠨ ᠶᠡᠭᠡ ᠬᠤᠷᠠᠯ᠎ᠤᠨ ᠰᠣᠨᠢᠨ ᠮᠡᠳᠡᠭᠡ ᠶᠠᠷᠢᠶ᠎ᠠ ᠬᠡᠯᠡᠯᠴᠡᠭᠡᠨ᠎ᠤ ᠠᠵᠢᠯ᠎ᠢ ᠰᠠᠢᠵᠢᠷᠠᠭᠤᠯᠤᠨ᠎ᠠ᠃ ᠲᠤᠰᠭᠠᠶ ᠵᠦᠪᠯᠡᠯ᠎ᠤᠨ ᠦᠢᠯᠡᠳᠦᠯ᠎ᠢ ᠭᠦᠢᠴᠡᠳ ᠪᠠᠳᠠᠷᠠᠭᠤᠯᠤᠨ᠎ᠠ᠃ ᠪᠦᠬᠦ᠌ ᠤᠯᠤᠰ᠎ᠤᠨ ᠠᠷᠠᠳ᠎ᠤᠨ ᠲᠥᠯᠥᠭᠡᠯᠡᠭ᠌ᠴᠢᠳ᠎ᠤᠨ ᠶᠡᠭᠡ ᠬᠤᠷᠠᠯ᠎ᠤᠨ ᠪᠠᠢᠭᠤᠯᠭ᠎ᠠ᠎ᠶ᠋ᠢᠨ ᠪᠠᠢᠭᠤᠯᠤᠯᠲᠠ᠎ᠶ᠋ᠢ ᠦᠨᠡᠨ ᠬᠦ᠌ ᠴᠢᠩᠭᠠᠳᠭᠠᠨ᠎ᠠ᠃ ᠨᠠᠮ᠎ᠤᠨ ᠲᠥᠪ ᠬᠤᠷᠢᠶᠠᠨ᠎ᠤ ᠦᠨᠳᠦᠰᠦᠨ ᠪᠤᠳᠤᠯᠭ᠎ᠠ ᠴᠢᠭ᠌ᠯᠡᠯᠲᠡ ᠪᠠ ᠱᠢᠢᠳᠪᠦᠷᠢᠲᠦ ᠪᠤᠳᠤᠯᠭ᠎ᠠ ᠪᠠᠢᠷᠢᠯᠠᠭᠤᠯᠤᠯᠲᠠ᠎ᠶ᠋ᠢ ᠲᠤᠭᠤᠱᠢᠯᠠᠭᠤᠯᠤᠨ ᠨᠠᠢᠳᠠᠪᠤᠷᠢᠵᠢᠭᠤᠯᠬᠤ᠎ᠲᠠᠢ ᠤᠶᠠᠯᠳᠤᠭᠤᠯᠤᠨ᠂ ᠣᠷᠣᠨ ᠨᠤᠲᠤᠭ᠎ᠤᠨ ᠠᠷᠠᠳ᠎ᠤᠨ ᠲᠥᠯᠥᠭᠡᠯᠡᠭ᠌ᠴᠢᠳ᠎ᠤᠨ ᠶᠡᠭᠡ ᠬᠤᠷᠠᠯ᠎ᠯᠤᠭ᠎ᠠ᠎ᠶ᠋ᠢᠨ ᠬᠠᠷᠢᠯᠴᠠᠭ᠎ᠠ᠎ᠪᠠᠨ ᠴᠢᠩᠭᠠᠳᠭᠠᠵᠤ᠂ ᠠᠷᠠᠳ᠎ᠤᠨ ᠲᠥᠯᠥᠭᠡᠯᠡᠭ᠌ᠴᠢᠳ᠎ᠤᠨ ᠶᠡᠭᠡ ᠬᠤᠷᠠᠯ᠎ᠤᠨ ᠠᠵᠢᠯ᠎ᠤᠨ ᠪᠦᠬᠦᠯᠢ ᠴᠣᠭ᠍ᠴᠠ᠎ᠶ᠋ᠢᠨ ᠪᠣᠳᠠᠲᠤ ᠦᠷ᠎ᠡ ᠪᠦᠲᠦᠮᠵᠢ᠎ᠶ᠋ᠢ ᠴᠢᠩᠭᠠᠳᠭᠠᠨ᠎ᠠ᠃
    ᠲᠥᠯᠥᠭᠡᠯᠡᠭ᠌ᠴᠢᠳ ᠡ!
    ᠴᠢᠨᠡᠭᠡᠯᠢᠭ ᠨᠡᠢᠭᠡᠮ᠎ᠢ ᠪᠦᠬᠦ᠌ ᠲᠠᠯ᠎ᠠ᠎ᠪᠠᠷ ᠪᠠᠢᠭᠤᠯᠤᠨ ᠪᠦᠲᠦᠭᠡᠬᠦ᠌ ᠢᠯᠠᠯᠲᠠ᠎ᠶ᠋ᠢᠨ ᠭᠡᠭᠡ ᠲᠤᠲᠤᠷᠠᠵᠤ᠂ ᠦᠨᠳᠦᠰᠦᠲᠡᠨ᠎ᠤ ᠰᠡᠷᠭᠦᠨ ᠮᠠᠨᠳᠤᠯᠲᠠ᠎ᠶ᠋ᠢᠨ ᠰᠠᠷᠠᠭᠤᠯ ᠢᠷᠡᠭᠡᠳᠦᠢ ᠬᠥᠮᠦᠰ᠎ᠢ ᠬᠦᠭ᠌ᠵᠢᠭᠡᠨ ᠵᠤᠷᠢᠭ᠍ᠵᠢᠭᠤᠯᠵᠤ ᠡᠷᠡᠯᠬᠡᠭ᠌ᠯᠡᠨ ᠤᠷᠤᠭ᠍ᠰᠢᠯᠠᠭᠤᠯᠵᠤ ᠪᠠᠢᠨ᠎ᠠ᠃ ᠪᠢᠳᠠ ᠰᠢ᠎ᠶ᠋ᠢᠨ ᠫᠢᠩ ᠨᠥᠬᠦᠷ᠎ᠢᠶᠠᠷ ᠭᠤᠣᠯᠯᠠᠭᠤᠯᠤᠭ᠍ᠰᠠᠨ ᠨᠠᠮ᠎ᠤᠨ ᠲᠥᠪ ᠬᠤᠷᠢᠶᠠᠨ᠎ᠤ ᠲᠣᠭᠤᠷᠢᠨ᠎ᠳᠤ ᠨᠢᠭ᠍ᠲᠠᠷᠠᠨ ᠪᠦᠯᠬᠦᠮᠳᠡᠵᠦ᠍᠂ ᠬᠦᠴᠦ᠎ᠪᠠᠨ ᠬᠠᠮᠲᠤᠳᠭᠠᠨ ᠰᠡᠳᠭᠢᠯ᠎ᠢᠶᠠᠨ ᠨᠢᠭᠡᠳᠭᠡᠵᠦ᠍᠂ ᠢᠷᠮᠡᠭᠦᠨ ᠵᠤᠷᠢᠭ᠍ᠲᠠᠢ᠎ᠪᠠᠷ ᠤᠷᠤᠭ᠍ᠰᠢᠯᠠᠵᠤ᠂ ᠥᠷᠯᠥᠭᠡ ᠦᠳᠡᠰᠢ᠎ᠶ᠋ᠢ ᠲᠡᠮᠡᠴᠡᠨ᠂ ᠬᠦᠨᠳᠦ ᠨᠠᠢᠳᠠᠯᠭ᠎ᠠ᠎ᠶ᠋ᠢ ᠦᠯᠦ᠍ ᠬᠥᠰᠡᠷᠳᠡᠭᠦᠯᠵᠦ᠍᠂ ᠳᠤᠮᠳᠠᠳᠤ ᠤᠯᠤᠰ᠎ᠤᠨ ᠣᠨᠴᠠᠯᠢᠭ ᠪᠦᠬᠦᠢ ᠨᠡᠢᠭᠡᠮ ᠵᠢᠷᠤᠮ᠎ᠤᠨ ᠪᠠᠢᠭᠤᠯᠤᠯ᠎ᠢ ᠪᠠᠷᠢᠮᠲᠠᠯᠠᠨ ᠲᠡᠭᠦᠯᠳᠡᠷᠵᠢᠭᠦᠯᠵᠦ᠍᠂ ᠲᠦᠷᠦ᠎ᠶ᠋ᠢ ᠵᠠᠰᠠᠬᠤ ᠱᠢᠰᠲ᠋ᠧᠮ ᠪᠣᠯᠤᠨ ᠵᠠᠰᠠᠬᠤ ᠴᠢᠳᠠᠪᠤᠷᠢ᠎ᠶ᠋ᠢᠨ ᠣᠳᠣᠬᠢᠴᠢᠯᠠᠯᠲᠠ᠎ᠶ᠋ᠢ ᠠᠬᠢᠭᠤᠯᠬᠤ᠎ᠶ᠋ᠢᠨ ᠲᠦᠯᠦᠭᠡ᠂ 《ᠬᠤᠣᠰ ᠵᠠᠭᠤᠨ ᠵᠢᠯ》 ᠎ᠤᠨ ᠲᠡᠮᠡᠴᠡᠯ᠎ᠤᠨ ᠬᠠᠷᠠᠯᠲᠠ᠎ᠶ᠋ᠢ ᠪᠡᠶᠡᠯᠡᠭᠦᠯᠵᠦ᠍᠂ ᠳᠤᠮᠳᠠᠳᠤ᠎ᠶ᠋ᠢᠨ ᠦᠨᠳᠦᠰᠦᠲᠡᠨ᠎ᠤ ᠠᠭᠤᠤ ᠶᠡᠭᠡ ᠰᠡᠷᠭᠦᠨ ᠮᠠᠨᠳᠤᠯᠲᠠ᠎ᠶ᠋ᠢᠨ ᠳᠤᠮᠳᠠᠳᠤ ᠤᠯᠤᠰ᠎ᠤᠨ ᠬᠦᠰᠡᠯ᠎ᠢ ᠪᠡᠶᠡᠯᠡᠭᠦᠯᠬᠦ᠌᠎ᠶ᠋ᠢᠨ ᠲᠥᠯᠥᠭᠡ ᠴᠢᠷᠮᠠᠢᠨ ᠲᠡᠮᠡᠴᠡᠵᠡᠭᠡᠶ᠎ᠡ!
                (ᠱᠢᠨᠬᠤᠸᠠ ᠬᠤᠷᠢᠶᠠᠨ᠎ᠤ ᠪᠡᠭᠡᠵᠢᠩ᠎ᠤᠨ 5 ᠰᠠᠷ᠎ᠠ᠎ᠶ᠋ᠢᠨ 31 ᠎ᠤ ᠴᠠᠬᠢᠯᠭᠠᠨ ᠮᠡᠳᠡᠭᠡ᠂ ᠳᠣᠮᠳᠠᠳᠣ ᠣᠯᠣᠰ᠎ᠤᠨ ᠦᠨᠳᠦᠰᠦᠳᠡᠨ᠎ᠤ ᠬᠡᠯᠡᠨ᠎ᠤ ᠣᠷᠴᠢᠭᠤᠯᠭ᠎ᠠ᠎ᠶ᠋ᠢᠨ ᠳᠣᠪᠴᠢᠶ᠎ᠠ ᠣᠷᠴᠢᠭᠤᠯᠪᠠ)  

ᠣᠷᠴᠢᠭᠤᠯᠤᠭ᠍ᠴᠢ᠄
ᠨᠠᠢᠷᠠᠭᠤᠯᠤᠭ᠍ᠴᠢ᠄ ᠠᠷᠢᠭᠤᠨ᠎ᠠ
ᠲᠤᠮᠳᠠᠳᠤ ᠤᠯᠤᠰ᠎ᠤᠨ ᠮᠤᠩᠭᠤᠯ ᠬᠡᠯᠡᠡ᠎ᠤ ᠰᠤᠨᠢᠠ ᠮᠠᠳᠡᠭᠡ᠎ᠶ᠋ᠢᠨ ᠰᠦᠯᠵᠢᠶ᠎ᠠ
ᠢᠷᠡᠯᠲᠡ᠄
ᠬᠤᠪᠢᠶᠠᠯᠴᠠᠬᠤ᠄

2008-2023 © ᠳᠤᠮᠳᠠᠳᠤ ᠤᠯᠤᠰ᠎ᠤᠨ ᠮᠤᠩᠭᠤᠯ ᠬᠡᠯᠡᠨ᠎ᠤ ᠰᠤᠨᠢᠨ ᠮᠡᠳᠡᠭᠡᠨ᠎ᠤ ᠰᠦᠯᠵᠢᠶ᠎ᠡ ᠦᠮᠴᠢᠯᠡᠯ᠎ᠤᠨ ᠡᠷᠬᠡ᠎ᠲᠠᠢ

ᠵᠤᠬᠢᠶᠠᠭᠴᠢ᠎ᠶᠢᠨ ᠡᠷᠬᠡ ᠬᠠᠤᠯᠢ᠎ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ᠎ᠪᠠᠷ ᠬᠠᠭᠤᠯᠪᠤᠷᠢᠯᠠᠬᠤ᠎ᠶᠢ ᠬᠠᠲᠠᠭᠤ ᠬᠤᠷᠢᠭᠯᠠᠨ᠎ᠠ

ᠬᠠᠷᠢᠯᠴᠠᠬᠤ ᠤᠲᠠᠰᠤ᠄0471-6635435

ᠢᠮᠧᠯ᠄tn@mgyxw.net   蒙ICP备10000005号