ᠠᠷᠠᠳ ᠲᠦᠮᠡᠨ᠎ᠢ ᠲᠡᠬᠡᠳᠤᠯᠡᠬᠦ᠌ ᠲᠦᠷᠦ᠍ ᠪᠠᠷᠢᠬᠤ ᠤᠢ᠍ᠢᠯᠠᠭᠠᠬ᠍ᠳᠠᠬᠤᠨ᠎ᠢ ᠠᠷᠠᠳ ᠲᠦᠮᠡᠨ᠎ᠳᠤ ᠪᠤᠶᠠᠨ ᠦᠢᠯᠡᠳᠬᠦ᠌ ᠪᠤᠳᠠᠳᠤ ᠠᠵᠢᠯᠯᠠᠭ᠎ᠠ᠎ᠳᠠᠭᠠᠨ ᠨᠠᠢᠳᠠᠪᠤᠷᠢᠵᠢᠭᠤᠯᠤᠨ᠎ᠠ
2020-05-23 13:35:23
ᠵᠣᠬᠢᠶᠠᠭ᠍ᠴᠢ᠄
ᠣᠩᠱᠢᠭ᠍ᠰᠠᠨ ᠣᠳᠠᠭ᠎ᠠ᠄
★★★☆☆

          — ᠶᠡᠷᠤᠩᠬᠡᠢ ᠱᠦᠵᠢ ᠰᠢ᠎ᠶ᠋ᠢᠨ ᠫᠢᠩ᠎ᠤᠨ ᠦᠪᠤᠷ ᠮᠤᠩᠭᠤᠯ᠎ᠤᠨ ᠲᠦᠯᠥᠬᠡᠯᠡᠭ᠌ᠴᠢᠳ᠎ᠤᠨ ᠪᠦᠯᠬᠦᠮ᠎ᠤᠨ ᠬᠢᠨᠠᠨ ᠵᠦᠪᠯᠡᠬᠦ᠌᠎ᠳᠤ ᠤᠷᠤᠯᠴᠠᠬᠤ ᠦᠶ᠎ᠡ᠎ᠶ᠋ᠢᠨ ᠴᠢᠬᠤᠯᠠ ᠶᠠᠷᠢᠶ᠎ᠠ ᠴᠢᠩᠭ᠎ᠠ ᠲᠤᠰᠭᠠᠯ ᠭᠠᠷᠪᠠ
                ᠱᠢᠨᠬᠤᠸᠠ ᠬᠤᠷᠢᠶᠠᠨ᠎ᠤ ᠰᠤᠷᠪᠤᠯᠵᠢᠯᠠᠬ᠍ᠴᠢ 


    《ᠠᠷᠠᠳ ᠲᠦᠮᠡᠨ᠎ᠢ ᠲᠡᠬᠡᠳᠤᠯᠡᠬᠦ᠂ ᠠᠷᠠᠳ ᠲᠦᠮᠡᠨ᠎ᠳᠤ ᠨᠢᠬ᠍ᠳᠠ ᠲᠦᠱᠢᠭ᠌ᠯᠡᠬᠦ᠂ ᠠᠷᠠᠳ ᠲᠦᠮᠡᠨ᠎ᠳᠤ ᠲᠠᠰᠤᠷᠠᠯᠳᠡ ᠦᠬᠡᠢ ᠪᠤᠶᠠᠨ ᠦᠢᠯᠡᠳᠬᠦ᠂ ᠠᠷᠠᠳ ᠲᠦᠮᠡᠨ᠎ᠤ ᠲᠤᠮᠳᠠ ᠪᠠᠳᠤ ᠦᠨᠳᠦᠰᠦᠯᠡᠬᠦ᠌᠎ᠶ᠋ᠢ ᠡᠷᠬᠡᠪᠰᠢ ᠪᠠᠷᠢᠮᠳᠠᠯᠠᠬᠤ᠎ᠶ᠋ᠢᠨ ᠬᠠᠮᠳᠤ ᠡᠯ᠎ᠡ ᠵᠦᠢᠯ᠎ᠤᠨ ᠱᠢᠢᠳᠪᠤᠷᠢᠳᠤ ᠪᠤᠳᠤᠯᠭ᠎ᠠ ᠪᠠᠢᠷᠢᠯᠠᠭᠤᠯᠤᠯᠳᠠ ᠪᠤᠯᠤᠨ ᠪᠤᠳᠠᠳᠠᠢ ᠠᠵᠢᠯ᠎ᠳᠠᠭᠠᠨ ᠨᠠᠢᠳᠠᠪᠤᠷᠢᠵᠢᠭᠤᠯᠵᠤ᠂ ᠬᠢᠵᠢᠭ᠎ᠤᠨ ᠪᠠᠢᠳᠠᠯ᠎ᠢ ᠰᠡᠷᠬᠡᠢᠯᠡᠨ ᠡᠵᠡᠮᠳᠡᠬᠦ᠌ ᠪᠠ ᠠᠵᠥ᠍ ᠠᠬᠤᠢ ᠨᠡᠢᠬᠡᠮ᠎ᠤᠨ ᠬᠦᠭ᠌ᠵᠢᠯᠳᠡ᠎ᠶ᠋ᠢ ᠨᠢᠬᠡᠳᠤᠯᠳᠡᠢ ᠲᠦᠯᠥᠪᠵᠢᠬᠦᠯᠬᠦ᠌ ᠠᠵᠢᠯ᠎ᠢ ᠰᠠᠢᠳᠤᠷ ᠬᠢᠬᠦ᠌ ᠲᠤᠮᠳᠠ ᠨᠠᠢᠳᠠᠪᠤᠷᠢᠵᠢᠭᠤᠯᠬᠤ ᠬᠡᠷᠡᠭ᠌ᠳᠡᠢ》᠃
    ᠶᠡᠷᠤᠩᠬᠡᠢ ᠱᠦᠵᠢ ᠰᠢ᠎ᠶ᠋ᠢᠨ ᠫᠢᠩ 22 ᠎ᠤᠨ ᠦᠳᠡ᠎ᠶ᠋ᠢᠨ ᠬᠤᠢᠨ᠎ᠡ ᠠᠷᠪᠠᠨ ᠭᠤᠷᠪᠠᠳᠤᠭᠠᠷ ᠬᠤᠭᠤᠴᠠᠭᠠᠨ᠎ᠤ ᠪᠦᠬᠦ᠌ ᠤᠯᠤᠰ᠎ᠤᠨ ᠠᠷᠠᠳ᠎ᠤᠨ ᠲᠦᠯᠥᠬᠡᠯᠡᠭ᠌ᠴᠢᠳ᠎ᠤᠨ ᠶᠡᠭᠡ ᠬᠤᠷᠡᠯ᠎ᠤᠨ ᠭᠤᠷᠪᠠᠳᠤᠭᠠᠷ ᠬᠤᠷᠡᠯ᠎ᠤᠨ ᠦᠪᠤᠷ ᠮᠤᠩᠭᠤᠯ᠎ᠤᠨ ᠲᠦᠯᠥᠬᠡᠯᠡᠭ᠌ᠴᠢᠳ᠎ᠤᠨ ᠪᠦᠯᠬᠦᠮ᠎ᠤᠨ ᠬᠢᠨᠠᠨ ᠵᠦᠪᠯᠡᠬᠦ᠌᠎ᠳᠤ ᠤᠷᠤᠯᠴᠠᠬᠤ ᠦᠶ᠎ᠡ᠎ᠶ᠋ᠢᠨ ᠴᠢᠬᠤᠯᠠ ᠶᠠᠷᠢᠶ᠎ᠠ ᠲᠦᠯᠥᠬᠡᠯᠡᠭ᠌ᠴᠢᠳ ᠬᠡᠱᠢᠬᠦᠳ ᠪᠤᠯᠤᠨ ᠺᠠᠳ᠋ᠷ ᠤᠯᠠᠨ ᠲᠦᠮᠡᠨ᠎ᠤ ᠲᠤᠮᠳᠠ ᠴᠢᠩᠭ᠎ᠠ ᠲᠤᠰᠭᠠᠯ ᠭᠠᠷᠤᠯ᠎ᠠ᠃
    《ᠠᠷᠠᠳ ᠲᠦᠮᠡᠨ᠎ᠢ ᠲᠡᠬᠡᠳᠤᠯᠡᠨ ᠠᠮᠢ ᠨᠠᠰᠤ᠎ᠶ᠋ᠢ ᠲᠡᠬᠡᠳᠤᠯᠡᠨ᠎ᠡ》!
    ᠶᠡᠷᠤᠩᠬᠡᠢ ᠱᠦᠵᠢ᠎ᠶ᠋ᠢᠨ ᠶᠠᠷᠢᠶ᠎ᠠ᠎ᠶ᠋ᠢ ᠰᠤᠨᠤᠰᠴᠦ᠍᠂ ᠡᠨᠡ ᠬᠡᠳᠤᠨ ᠰᠠᠷ᠎ᠠ᠎ᠶ᠋ᠢᠨ ᠬᠢᠵᠢᠭ᠎ᠲᠠᠢ ᠲᠡᠮᠡᠴᠡᠬᠦ᠌ ᠡᠮᠤᠨ᠎ᠡ ᠹᠷᠤᠨᠲ᠎ᠲᠠᠬᠢ ᠦᠩᠬᠡᠷᠡᠯᠳᠡ᠎ᠪᠠᠨ ᠡᠷᠬᠢᠴᠡᠬᠦᠯᠬᠦ᠌᠎ᠪᠠᠷ᠂ ᠪᠦᠬᠦ᠌ ᠤᠯᠤᠰ᠎ᠤᠨ ᠠᠷᠠᠳ᠎ᠤᠨ ᠲᠦᠯᠥᠬᠡᠯᠡᠭ᠌ᠴᠢᠳ᠎ᠤᠨ ᠶᠡᠭᠡ ᠬᠤᠷᠡᠯ᠎ᠤᠨ ᠲᠦᠯᠥᠬᠡᠯᠡᠭ᠌ᠴᠢ᠂ ᠬᠤᠪᠸᠢ ᠮᠤᠵᠢ᠎ᠶ᠋ᠢᠨ ᠱ᠌ᠢ ᠶᠠᠨ ᠬᠤᠳᠠ᠎ᠶ᠋ᠢᠨ᠎ᠲᠠᠢ ᠡᡁᠧ ᠡᠮᠨᠡᠯᠬᠡ᠎ᠶ᠋ᠢᠨ ᠬᠤᠷᠢᠶᠠᠨ᠎ᠤ ᠲᠠᠷᠤᠭ᠎ᠠ ᠯᠥᠸᠧ ᠵᠢᠶᠧ ᠮᠠᠰᠢ ᠬᠦᠨ ᠲᠦᠷᠦᠭ᠌ᠳᠡᠯ᠎ᠲᠠᠢ ᠪᠠᠢᠯ᠎ᠠ᠃
    ᠡᠨᠡ ᠤᠳᠠᠭ᠎ᠠ᠎ᠶ᠋ᠢᠨ ᠬᠢᠵᠢᠭ᠎ᠤᠨ ᠪᠠᠢᠳᠠᠯ᠎ᠢ ᠰᠡᠷᠬᠡᠢᠯᠡᠨ ᠡᠵᠡᠮᠳᠡᠬᠦ᠌ ᠬᠤᠷᠢᠬ᠍ᠯᠠᠯᠳᠠ᠎ᠶ᠋ᠢᠨ ᠲᠠᠢᠯᠠᠯᠳᠤᠭᠠᠨ᠎ᠤ ᠲᠤᠮᠳᠠ ᠨᠢᠭᠡᠨ 87 ᠨᠠᠰᠤᠳᠠᠢ ᠤᠨᠤᠱᠢᠯᠠᠬ᠍ᠰᠠᠠ ᠡᠪᠡᠳᠴᠢᠳᠡᠨ᠎ᠢ ᠠᠪᠤᠷᠠᠨ ᠡᠮᠨᠡᠭ᠌ᠰᠡᠡ ᠶᠠᠪᠤᠴᠠ᠎ᠶ᠋ᠢ ᠯᠥᠸᠧ ᠵᠢᠶᠧ ᠨᠠᠰᠤᠨ ᠲᠤᠷᠱᠢᠳᠠ᠎ᠳᠠᠭᠠᠨ ᠮᠠᠷᠳᠠᠬᠤ ᠦᠭᠡᠢ ᠶᠤᠮ᠃ ᠨᠠᠰᠤᠳᠠᠨ ᠭᠤᠸᠠᠢ ᠡᠮᠨᠡᠯᠬᠡ᠎ᠳᠤ ᠤᠷᠤᠬᠤ ᠦᠶᠡᠰ ᠠᠮᠢᠰᠭᠤᠯ᠎ᠨᠢ ᠴᠢᠬᠤᠯᠳᠠᠵᠥ᠍ ᠪᠠᠢᠭ᠍ᠰᠠᠨ ᠮᠦᠷᠳᠡᠭᠡᠨ ᠴᠢᠰᠤᠨ ᠲᠠᠷᠤᠯᠳᠡ᠎ᠨᠢ ᠦᠨᠳᠤᠷ ᠪᠠᠢᠵᠤ᠂ ᠱᠢᠬᠢᠷ ᠱᠢᠵᠢᠩ ᠡᠪᠡᠳᠴᠢᠨ ᠵᠡᠷᠬᠡ ᠤᠯᠠᠨ ᠵᠦᠢᠯ᠎ᠤᠨ ᠡᠪᠡᠳᠴᠢᠨ ᠳᠠᠪᠬᠤᠴᠠᠵᠤ ᠪᠠᠢᠯ᠎ᠠ᠃ ᠡᠮᠨᠡᠯᠬᠡ᠎ᠶ᠋ᠢᠨ ᠬᠤᠷᠢᠶᠠᠨ᠎ᠠᠴᠠ ᠲᠡᠬᠦᠨ᠎ᠳᠤ ᠤᠯᠠᠨ ᠬᠦᠮᠥᠨ ᠬᠠᠮᠳᠤᠷᠠᠨ ᠡᠮᠴᠢᠯᠡᠬᠦ᠌ ᠲᠤᠰᠭᠠᠢ ᠪᠠᠭ ᠲᠤᠬᠢᠷᠠᠭᠤᠯᠵᠥ᠍᠂ ᠪᠦᠬᠦ᠌ ᠬᠦᠴᠦ᠎ᠪᠠᠷ᠎ᠢᠶᠠᠨ ᠡᠮᠨᠡᠨ ᠵᠠᠰᠠᠪᠠ᠃ 《ᠬᠤᠪᠸᠢ ᠮᠤᠵᠢ᠎ᠳᠤ ᠡᠨᠡ ᠨᠠᠰᠤᠳᠠᠨ ᠮᠡᠳᠦ 80 ᠨᠠᠰᠤᠨ᠎ᠠᠴᠠ ᠲᠡᠭᠡᠭ᠌ᠰᠢᠬᠢ ᠱᠢᠨ᠎ᠡ ᠲᠢᠳᠢᠮᠯᠢᠭ ᠠᠭᠤᠰᠭᠢᠨ ᠦᠷᠪᠢᠰᠦᠯ᠎ᠳᠤ ᠬᠠᠯᠳᠠᠪᠤᠷᠢᠯᠠᠭ᠍ᠳᠠᠭ᠍ᠰᠠᠨ 3600 ᠭᠠᠷᠤᠢ ᠡᠪᠡᠳᠴᠢᠳᠡᠨ᠎ᠢ ᠠᠮᠵᠢᠯᠳᠠ᠎ᠲᠠᠢ᠎ᠪᠠᠷ ᠠᠪᠤᠷᠠᠭ᠍ᠰᠠᠨ ᠶᠤᠮ》 ᠬᠡᠵᠤ ᠯᠥᠸᠧ ᠵᠢᠶᠧ ᠵᠠᠯᠭᠠᠭᠠᠳ 《ᠡᠨᠡ ᠤᠳᠠᠭ᠎ᠠ᠎ᠶ᠋ᠢᠨ ᠬᠢᠵᠢᠭ᠎ᠤᠨ ᠪᠠᠢᠳᠠᠯ᠎ᠢ ᠰᠡᠷᠬᠡᠢᠯᠡᠨ ᠡᠵᠡᠮᠳᠡᠬᠦ᠌ ᠠᠵᠢᠯ ᠪᠤᠯ ᠲᠠᠷᠤᠢ ᠶᠡᠷᠤᠩᠬᠡᠢ ᠱᠦᠵᠢ᠎ᠶ᠋ᠢᠨ ᠴᠢᠬᠤᠯᠠᠴᠢᠯᠠᠬ᠍ᠰᠠᠠ 〈ᠠᠷᠠᠳ ᠲᠦᠮᠡᠨ᠎ᠢ ᠲᠡᠬᠡᠳᠤᠯᠡᠬᠦ᠌᠎ᠶ᠋ᠢ ᠪᠠᠷᠢᠮᠳᠠᠯᠠᠬᠤ〉 ᠎ᠶ᠋ᠢ ᠦᠢᠯᠡᠳᠦᠯᠬᠡᠵᠢᠬᠦᠯᠥᠭ᠌ᠰᠡᠡ ᠶᠠᠪᠤᠳᠠᠯ ᠪᠤᠯᠤᠨ᠎ᠠ᠃ ᠪᠠᠭ᠎ᠠ ᠯᠠ ᠡᠷᠡᠮᠡᠯᠵᠡᠯ᠎ᠲᠠᠢ ᠪᠤᠯ ᠨᠢᠬᠡ ᠠᠮᠢ ᠨᠠᠰᠤ᠎ᠶ᠋ᠢ ᠴᠦ᠍ ᠦᠷᠡᠭ᠌ᠳᠡᠬᠦᠯᠬᠦ᠌ ᠦᠬᠡᠢ᠃ ᠨᠠᠮ ᠬᠡᠵᠢᠶᠡᠳᠡ ᠤᠯᠠᠨ ᠲᠦᠮᠡᠨ᠎ᠤ ᠠᠱᠢᠬ ᠲᠤᠰᠠ᠎ᠶ᠋ᠢ ᠲᠡᠷᠢᠬᠦᠨ᠎ᠳᠤ ᠲᠠᠯᠪᠢᠳᠠᠭ ᠶᠤᠮ》 ᠬᠡᠵᠥ᠍ ᠯᠥᠸᠧ ᠵᠢᠶᠧ ᠬᠡᠯᠡᠨ᠎ᠠ᠃
    ᠪᠦᠬᠦ᠌ ᠤᠯᠤᠰ᠎ᠤᠨ ᠠᠷᠠᠳ᠎ᠤᠨ ᠲᠦᠯᠦᠭᠡᠯᠡᠭ᠌ᠴᠢᠳ᠎ᠤᠨ ᠶᠡᠭᠡ ᠬᠤᠷᠠᠯ᠎ᠤᠨ ᠲᠦᠯᠦᠭᠡᠯᠡᠭ᠌ᠴᠢ᠂ ᠦᠪᠤᠷ ᠮᠤᠩᠭᠤᠯ᠎ᠤᠨ ᠲᠠᠷᠢᠶᠠᠯᠠᠩ᠎ᠤᠨ ᠶᠡᠭᠡ ᠰᠤᠷᠭᠠᠭᠤᠯᠢ᠎ᠶ᠋ᠢᠨ ᠮᠠᠯ ᠡᠮᠨᠡᠯᠭᠡ᠎ᠶ᠋ᠢᠨ ᠲᠡᠭᠡᠳᠤ ᠰᠤᠷᠭᠠᠭᠤᠯᠢ᠎ᠶ᠋ᠢᠨ ᠫᠷᠤᠹᠧᠰᠰᠤᠷ ᠬᠦᠭᠡᠪᠠᠭᠠᠳᠤᠷ ᠪᠠᠰᠠ ᠠᠳᠠᠯᠢᠬᠠᠨ ᠲᠦᠷᠦᠭ᠌ᠳᠡᠯ᠎ᠲᠠᠢ ᠪᠠᠢᠯ᠎ᠡ᠃ 《ᠤᠯᠤᠰ᠎ᠠᠴᠠ ᠡᠯ᠎ᠡ ᠲᠠᠯ᠎ᠡ᠎ᠶ᠋ᠢᠨ ᠬᠦᠴᠤᠨ᠎ᠢ ᠲᠠᠢᠴᠢᠯᠠᠨ ᠬᠢᠵᠢᠭ᠎ᠤᠨ ᠪᠠᠢᠳᠠᠯ᠎ᠢ ᠰᠡᠷᠭᠡᠢᠯᠡᠨ ᠡᠵᠡᠮᠳᠡᠬᠦ᠌᠎ᠳᠤ ᠤᠷᠤᠯᠴᠠᠭᠤᠯᠵᠤ᠂ ᠠᠷᠠᠳ ᠲᠦᠮᠡᠨ᠎ᠤ ᠠᠮᠢ ᠨᠠᠰᠤᠨ᠎ᠤ ᠲᠦᠯᠦᠭᠡ ᠶᠠᠮᠠᠷᠪᠠ ᠦᠷᠡᠭ᠌ᠳᠡᠯ ᠭᠠᠷᠭᠠᠬᠤ᠎ᠠᠴᠠ ᠴᠤ᠌ ᠪᠤᠴᠠᠬ᠍ᠰᠠᠨ ᠦᠭᠡᠢ ᠶᠤᠮ᠃ ᠬᠢᠵᠢᠭ᠎ᠤᠨ ᠪᠠᠢᠳᠠᠯ᠎ᠢ ᠰᠡᠷᠭᠡᠢᠯᠡᠨ ᠡᠵᠡᠮᠳᠡᠬᠦ᠌ ᠠᠵᠢᠯ ᠪᠠᠢᠩᠭᠤᠵᠢᠭ᠍ᠰᠠᠨ ᠱᠠᠳᠤᠨ᠎ᠳᠤ ᠤᠷᠤᠬ᠍ᠰᠡᠨ᠎ᠤ ᠲᠠᠷᠠᠭ᠎ᠠ᠂ ᠪᠢᠳᠠ ᠦᠷᠬᠦᠯᠵᠢᠯᠡᠨ ᠨᠢᠬ᠍ᠳᠠᠷᠠᠨ ᠪᠦᠯᠬᠦᠮᠳᠡᠵᠤ᠂ ᠬᠢᠵᠢᠭ᠎ᠲᠠᠢ ᠲᠡᠮᠡᠴᠡᠭ᠌ᠰᠡᠨ ᠦᠷ᠎ᠡ ᠪᠦᠳᠦᠭᠡᠯ᠎ᠢᠶᠠᠨ ᠪᠠᠬᠢᠵᠢᠬᠦᠯᠬᠦ᠌ ᠬᠡᠷᠡᠭ᠌ᠳᠠᠢ》 ᠬᠡᠵᠦ᠍ ᠲᠠᠷᠡ ᠶᠡᠷᠢᠨ᠎ᠠ᠃
    ᠬᠢᠵᠢᠭ᠎ᠤᠨ ᠪᠠᠢᠳᠠᠯ ᠪᠤᠯ ᠬᠢᠮᠤᠷᠠᠯ ᠪᠤᠯᠬᠤ ᠪᠦᠭᠡᠳ ᠪᠠᠰᠠ ᠶᠡᠭᠡ ᠱᠢᠯᠭᠠᠯᠳᠠ ᠪᠤᠯᠤᠨ᠎ᠡ᠃ ᠭᠠᠭ᠍ᠴᠠ ᠬᠦ᠌ ᠠᠷᠠᠳ ᠲᠦᠮᠡᠨ᠎ᠳᠤ ᠲᠦᠱᠢᠭ᠌ᠯᠡᠪᠡᠯ ᠰᠠᠢ ᠤᠶᠤᠨ ᠤᠬᠠᠭᠠᠨ ᠪᠠ ᠬᠦᠴᠤᠨ ᠴᠢᠳᠠᠯ᠎ᠢ ᠨᠢᠬ᠍ᠳᠠᠷᠠᠭᠤᠯᠵᠤ ᠴᠢᠳᠠᠬᠤ ᠶᠤᠮ᠃
    ᠶᠡᠷᠤᠩᠭᠡᠢ ᠱᠦᠵᠢ ᠰᠢ᠎ᠶ᠋ᠢᠨ ᠫᠢᠩ᠎ᠤᠨ ᠡᠮᠤᠨᠡᠭᠡᠨ ᠱᠢᠨᠵᠢᠯᠡᠨ ᠪᠠᠢᠴᠠᠭᠠᠵᠤ ᠦᠩᠭᠡᠷᠡᠭ᠌ᠰᠡᠨ ᠲᠠᠢᠶᠤᠸᠠᠨ᠎ᠤ ᠵᠢᠪᠡᠷᠡᠬᠦ᠌ ᠦᠭᠡᠢ ᠨᠠᠷᠢᠯᠢᠭ ᠪᠦᠰᠡ᠎ᠶ᠋ᠢᠨ ᠪᠤᠯᠤᠳ᠎ᠤᠨ ᠬᠢᠵᠠᠭᠠᠷᠳᠤ ᠺᠤᠮᠫᠠᠨᠢ᠎ᠶ᠋ᠢᠨ ᠦᠢᠯᠡᠳᠪᠤᠷᠢ᠎ᠶ᠋ᠢᠨ ᠲᠠᠰᠤᠭ᠎ᠲᠤ ᠮᠠᠱᠢᠨ ᠮᠧᠬᠠᠨᠢᠭ ᠬᠦᠷᠴᠢᠬᠢᠨᠡᠵᠤ ᠠᠵᠢᠯᠴᠢᠳ ᠶᠠᠭᠠᠷᠠᠯᠳᠠᠢ        ᠠᠵᠢᠯᠯᠠᠵᠠᠭᠠᠨ᠎ᠡ᠃ ᠮᠡᠷᠭᠡᠵᠢᠯ ᠶᠠᠰᠤ ᠴᠢᠨᠠᠷ᠎ᠤᠨ ᠭᠠᠵᠠᠷ᠎ᠤᠨ ᠲᠡᠳ᠋ ᠲᠠᠷᠤᠭ᠎ᠠ ᠯᠢᠶᠤᠤ ᠰᠢ ᠠᠵᠢᠯᠴᠢᠳ᠎ᠲᠠᠢ᠎ᠪᠠᠨ ᠬᠠᠮᠳᠤ ᠰᠠᠢᠬᠠᠨ ᠴᠤᠪᠤᠷᠠᠯ ᠱᠤᠭᠤᠮ᠎ᠠᠴᠠ ᠪᠠᠭᠤᠬ᠍ᠰᠡᠨ 《ᠤᠷᠠᠵᠤ ᠪᠤᠯᠬᠤ ᠪᠤᠯᠤᠳ》 ᠎ᠤᠨ ᠦᠢᠯᠡᠳᠬᠦᠨ᠎ᠢᠶᠠᠨ ᠪᠠᠢᠴᠠᠭᠠᠨ ᠦᠵᠡᠵᠤ ᠪᠠᠢᠯ᠎ᠠ᠃
    ᠡᠨᠡ ᠵᠢᠯ᠎ᠤᠨ ᠲᠦᠷᠤᠬᠦᠤ ᠤᠯᠠᠷᠢᠯ᠎ᠳᠤ᠂ ᠪᠤᠯᠤᠳ ᠲᠠᠮᠤᠷ᠎ᠤᠨ ᠠᠵᠢᠯ ᠲᠦᠷᠦᠯ ᠬᠢᠵᠢᠭ᠎ᠤᠨ ᠪᠠᠢᠳᠠᠯ᠎ᠤᠨ ᠲᠠᠭᠠᠷᠢᠯᠳᠠ᠎ᠳᠤ ᠤᠴᠠᠷᠠᠭ᠍ᠰᠠᠨ ᠪᠤᠯᠪᠠᠴᠤ᠌ ᠲᠤᠰ ᠺᠤᠮᠫᠠᠨᠢ᠎ᠶ᠋ᠢᠨ ᠭᠠᠳᠠᠭᠠᠳᠤ ᠭᠠᠷᠭᠠᠯᠳᠠ ᠬᠠᠷᠢᠨ ᠨᠢᠳᠤᠨᠤᠨ᠎ᠤ ᠠᠳᠠᠯᠢ ᠬᠤᠭᠤᠴᠠᠭᠠᠨ᠎ᠤ᠎ᠬᠢ᠎ᠠᠴᠠ 70% ᠎ᠪᠠᠷ ᠨᠡᠮᠡᠭ᠌ᠳᠡᠵᠤ᠂ ᠰᠦᠷᠭᠡᠤ ᠨᠡᠮᠡᠭ᠌ᠳᠡᠯ᠎ᠢ ᠪᠠᠶᠠᠯᠡᠬᠦᠯᠵᠠᠢ᠃ 《ᠬᠦᠴᠢᠷ ᠪᠡᠷᠭᠡᠱᠢᠶᠠᠯ᠎ᠲᠠᠢ ᠴᠠᠭ ᠮᠦᠴᠠ᠎ᠳᠤ ᠲᠤᠮᠳᠠᠳᠤ ᠤᠯᠤᠰ᠎ᠤᠨ ᠠᠵᠤ ᠦᠢᠯᠡᠰ᠎ᠤᠨ ᠬᠡᠯᠬᠢᠶ᠎ᠡ 〈ᠠᠷᠭ᠎ᠠ ᠮᠤᠬᠤᠷᠳᠠᠭ᠍ᠰᠠᠨ ᠦᠭᠡᠢ〉᠃ ᠨᠠᠮ᠎ᠤᠨ ᠲᠦᠪ ᠬᠤᠷᠢᠶᠠᠨ᠎ᠤ ᠲᠦᠪᠯᠡᠷᠡᠩᠭᠦᠢ ᠨᠢᠭᠡᠳᠦᠯᠳᠠᠢ ᠤᠳᠤᠷᠢᠳᠤᠯᠭ᠎ᠠ ᠳᠤᠤᠷ᠎ᠠ᠂ ᠪᠦᠬᠦ᠌ ᠤᠯᠤᠰ᠎ᠤᠨ ᠠᠷᠠᠳ ᠲᠦᠮᠡᠨ ᠰᠡᠳᠭᠢᠯ ᠨᠢᠭᠡᠳᠴᠤ᠌᠂ ᠲᠤᠮᠳᠠᠳᠤ ᠤᠯᠤᠰ ᠢᠯᠡᠬ᠍ᠳᠠᠰᠢ ᠦᠭᠡᠢ ᠪᠠᠳᠤ ᠴᠢᠩᠭ᠎ᠠ ᠬᠦᠴᠤᠨ ᠴᠢᠳᠠᠯ᠎ᠢ ᠨᠢᠬ᠍ᠳᠠᠷᠠᠭᠤᠯᠪᠠ》 ᠬᠡᠰᠡᠨ ᠶᠡᠷᠤᠩᠭᠡᠢ ᠱᠦᠵᠢ ᠰᠢ᠎ᠶ᠋ᠢᠨ ᠫᠢᠩ᠎ᠤᠨ ᠴᠢᠬᠤᠯᠠ ᠶᠠᠷᠢᠶ᠎ᠡ ᠯᠢᠶᠤᠤ ᠰᠢ᠎ᠶ᠋ᠢᠨ ᠢᠳᠡᠭᠡᠯ ᠵᠤᠷᠢᠭ᠎ᠢ ᠨᠡᠩ ᠬᠦᠪᠴᠢᠯᠡᠯ᠎ᠠ᠃ 《ᠪᠢᠳᠠ ᠯᠠᠪᠳᠠᠢ ᠶᠡᠷᠤᠩᠭᠡᠢ ᠱᠦᠵᠢ᠎ᠶ᠋ᠢᠨ ᠬᠦᠰᠡᠯ ᠨᠠᠢᠳᠠᠯᠭ᠎ᠠ᠎ᠶ᠋ᠢ ᠬᠦᠰᠡᠷᠳᠡᠬᠦᠯᠬᠦ᠌ ᠦᠭᠡᠢ᠎ᠪᠠᠷ ᠠᠵᠤ ᠦᠢᠯᠡᠰ᠎ᠤᠨ ᠪᠦᠳᠦᠴᠠ᠎ᠪᠠᠨ ᠲᠤᠬᠢᠷᠠᠭᠤᠯᠬᠤ ᠵᠠᠮ᠎ᠢᠶᠠᠷ ᠵᠠᠮᠨᠠᠵᠤ᠂ ᠦᠭᠡᠷᠡᠴᠢᠯᠡᠯᠳᠠ᠎ᠪᠠᠷ ᠠᠱᠢᠭ ᠡᠭᠦᠳᠤᠨ ᠱᠢᠨᠡᠴᠢᠯᠡᠯᠳᠠ᠎ᠪᠠᠷ ᠠᠱᠢᠭ ᠡᠭᠦᠳᠴᠤ᠌᠂ ᠬᠢᠵᠢᠭ᠎ᠠᠴᠠ ᠪᠤᠯᠤᠬ᠍ᠰᠡᠨ ᠨᠦᠯᠦᠭᠡ᠎ᠶ᠋ᠢ ᠨᠦᠬᠦᠵᠤ ᠠᠪᠴᠢᠷᠠᠨ᠂ ᠨᠡᠩ ᠶᠡᠭᠡ ᠱᠢᠪᠳᠤᠯᠤᠯᠳᠠ ᠭᠠᠷᠭᠠᠬᠤ᠎ᠪᠠᠷ ᠴᠢᠷᠮᠠᠢᠵᠤ᠂ ᠴᠢᠨᠠᠷ ᠰᠠᠢᠳᠠᠢ ᠬᠦᠭ᠌ᠵᠢᠯᠳᠠ᠎ᠳᠤ ᠬᠤᠪᠢ ᠨᠠᠮᠠᠷᠢ ᠦᠵᠡᠬᠦᠯᠬᠦ᠌᠎ᠪᠠᠷ ᠴᠢᠷᠮᠠᠢᠨ᠎ᠡ》 ᠭᠡᠵᠤ ᠲᠡᠷᠨ ᠬᠡᠯᠡᠨ᠎ᠠ᠃
    ᠠᠷᠠᠳ᠎ᠤᠨ ᠲᠦᠯᠦᠭᠡ ᠮᠡᠨᠳᠤᠯᠡᠵᠤ᠂ ᠠᠷᠠᠳ᠎ᠤᠨ ᠲᠦᠯᠦᠭᠡ ᠬᠦᠴᠦᠷᠬᠡᠭ᠌ᠵᠢᠨ ᠮᠠᠨᠳᠤᠨ᠎ᠠ᠃ ᠮᠠᠨ᠎ᠤ ᠨᠠᠮ ᠪᠠᠢᠭᠤᠯᠤᠭ᠍ᠳᠠᠭ᠍ᠰᠠᠨ ᠴᠠᠭ᠎ᠠᠴᠠ᠎ᠪᠠᠨ ᠡᠬᠢᠯᠡᠨ ᠪᠦᠬᠦ᠌ ᠰᠡᠳᠭᠢᠯ ᠪᠦᠬᠦ᠌ ᠵᠤᠷᠢᠭ᠎ᠢᠶᠠᠷ᠎ᠢᠶᠠᠨ ᠠᠷᠠᠳ ᠲᠦᠮᠡᠨ᠎ᠳᠤ ᠦᠢᠯᠡᠴᠢᠯᠡᠬᠦ᠌᠎ᠪᠠᠷ ᠵᠤᠷᠢᠯᠳᠠ᠎ᠪᠠᠨ ᠪᠤᠯᠭᠠᠵᠤ᠂ ᠠᠷᠠᠳ ᠲᠦᠮᠡᠨ᠎ᠳᠤ ᠪᠤᠶᠠᠨ ᠦᠢᠯᠡᠳᠬᠦ᠌᠎ᠶ᠋ᠢ ᠬᠠᠮᠤᠭ᠎ᠤᠨ ᠴᠢᠬᠤᠯᠠ ᠠᠵᠢᠯ᠎ᠤᠨ ᠪᠦᠲᠦᠮᠵᠢ᠎ᠪᠠᠨ ᠪᠤᠯᠭᠠᠭ᠍ᠰᠠᠭᠠᠷ ᠢᠷᠡᠵᠠᠢ᠃
    《2020 ᠤᠨ᠎ᠳᠤ ᠮᠠᠨ᠎ᠤ ᠬᠢᠬᠦ᠌ ᠴᠢᠬᠤᠯᠠᠳᠠᠢ ᠶᠠᠪᠤᠳᠠᠯ ᠮᠠᠰᠢ ᠤᠯᠠᠨ ᠪᠠᠢᠨ᠎ᠠ᠂ ᠡᠭᠦᠷᠭᠡ ᠪᠠᠴᠢᠮ ᠲᠤᠯᠭᠠᠮ ᠴᠠᠭ ᠴᠦ᠍ ᠪᠠᠴᠢᠮ     ᠪᠠᠢᠨ᠎ᠠ》᠂ ᠠᠬᠤᠢ ᠲᠠᠯᠠᠪᠠᠢ᠎ᠳᠤ ᠶᠡᠷᠦᠩᠬᠡᠢ ᠱᠦᠵᠢ ᠰᠢ᠎ᠶ᠋ᠢᠨ ᠫᠢᠩ᠎ᠤᠨ ᠴᠢᠬᠤᠯᠠ ᠶᠠᠷᠢᠶ᠎ᠠ᠎ᠶ᠋ᠢ ᠰᠤᠨᠤᠰᠤᠭᠠᠳ ᠪᠦᠬᠦ᠌ ᠤᠯᠤᠰ᠎ᠤᠨ ᠠᠷᠠᠳ᠎ᠤᠨ ᠲᠦᠯᠦᠭᠡᠯᠡᠭ᠌ᠴᠢᠳ᠎ᠤᠨ ᠶᠡᠭᠡ ᠬᠤᠷᠠᠯ᠎ᠤᠨ ᠲᠦᠯᠦᠭᠡᠯᠡᠭ᠌ᠴᠢ᠂ ᠦᠪᠦᠷ ᠮᠤᠩᠭᠤᠯ᠎ᠤᠨ ᠤᠯᠠᠭᠠᠨᠬᠠᠳᠠ ᠬᠤᠳᠠ᠎ᠶ᠋ᠢᠨ ᠰᠦᠩᠱᠠᠨ ᠲᠤᠭᠤᠷᠢᠭ᠎ᠤᠨ ᠶᠡᠭᠡ ᠰᠦᠮ᠎ᠠ ᠪᠠᠯᠭᠠᠰᠤ᠎ᠶ᠋ᠢᠨ ᠱᠢᠶᠤᠤ ᠮᠢᠶᠤᠤ ᠽᠢ ᠲᠤᠰᠭᠤᠨ᠎ᠤ ᠨᠠᠮ᠎ᠤᠨ ᠶᠡᠷᠦᠩᠬᠡᠢ ᠡᠭᠦᠷ᠎ᠤᠨ ᠱᠦᠵᠢ ᠵᠤᠤ ᠬᠤᠢ ᠵᠢᠶᠧ᠎ᠶ᠋ᠢᠨ ᠡᠷᠴᠢ ᠵᠤᠷᠢᠭ ᠲᠡᠭᠦᠯᠳᠡᠷ ᠪᠠᠢᠯ᠎ᠠ᠃ 《ᠶᠠᠳᠠᠭᠤ᠎ᠠᠴᠠ ᠠᠩᠭᠢᠵᠢᠷᠠᠭᠤᠯᠬᠤ ᠪᠤᠭᠤᠮᠳᠠ ᠱᠢᠪᠳᠤᠯᠬᠤ ᠪᠤᠯᠤᠨ ᠬᠦᠳᠡᠭᠡ ᠲᠤᠰᠭᠤᠨ᠎ᠢ ᠬᠦᠭ᠌ᠵᠢᠭᠦᠯᠦᠨ ᠮᠠᠨᠳᠤᠭᠤᠯᠬᠤ᠎ᠶ᠋ᠢ ᠤᠷᠭᠠᠨᠢᠭ᠎ᠢᠶᠠᠷ ᠵᠤᠯᠭᠠᠭᠤᠯᠬᠤ᠎ᠶ᠋ᠢ ᠠᠬᠢᠭᠤᠯᠬᠤ ᠬᠡᠷᠡᠭ᠌ᠳᠠᠢ ᠭᠡᠵᠤ ᠶᠡᠷᠦᠩᠬᠡᠢ ᠱᠦᠵᠢ ᠴᠢᠬᠤᠯᠠᠴᠢᠯᠠᠵᠠᠢ᠃ ᠮᠠᠨ᠎ᠤ ᠲᠤᠰᠭᠤᠨ᠎ᠤ᠎ᠬᠢᠨ ᠨᠢᠳᠤᠨᠤᠨ ᠪᠦᠬᠦᠨ᠎ᠢᠶᠠᠷ᠎ᠢᠶᠠᠨ ᠶᠠᠳᠠᠭᠤ᠎ᠠᠴᠠ ᠠᠩᠭᠢᠵᠢᠷᠠᠭ᠍ᠰᠠᠨ᠎ᠤ ᠳᠠᠷᠠᠭ᠎ᠠ ᠬᠦᠳᠡᠭᠡ ᠲᠤᠰᠭᠤᠨ᠎ᠢ ᠬᠦᠭ᠌ᠵᠢᠭᠦᠯᠦᠨ ᠮᠠᠨᠳᠤᠭᠤᠯᠬᠤ᠎ᠶ᠋ᠢ ᠲᠦᠯᠦᠪᠵᠢᠭᠦᠯᠵᠤ    ᠡᠬᠢᠯᠡᠵᠠᠢ᠃ ᠡᠨᠡ ᠵᠢᠯ ᠠᠮᠢ ᠠᠬᠤᠢ᠎ᠶ᠋ᠢᠨ ᠠᠵᠤ ᠠᠬᠤᠢ᠎ᠶ᠋ᠢᠨ ᠤᠢ᠂ ᠬᠢᠳᠠᠳ ᠡᠮ᠎ᠤᠨ ᠮᠠᠲᠧᠷᠢᠶᠠᠯ᠎ᠤᠨ ᠠᠷᠠᠯᠵᠢᠶᠠᠨ᠎ᠤ ᠶᠡᠷᠦᠩᠬᠡᠢᠯᠡᠭ᠌ᠰᠡᠨ ᠵᠠᠬ᠎ᠠ ᠳᠡᠯᠭᠡᠭᠦᠷ ᠪᠤᠯᠤᠨ ᠷᠠᠱᠢᠶᠠᠨ ᠤᠰᠤᠨ᠎ᠤ ᠦᠢᠯᠡᠳᠪᠦᠷᠢ ᠪᠠᠢᠭᠤᠯᠬᠤ ᠵᠡᠷᠭᠡ ᠠᠯᠢ ᠤᠯᠠᠨ ᠱᠢᠨ᠎ᠠ ᠲᠦᠯᠦᠪᠯᠡᠭᠡ᠎ᠶ᠋ᠢ ᠪᠡᠶᠡᠯᠡᠭᠦᠯᠵᠤ᠂ ᠠᠢᠯ ᠠᠢᠮᠠᠭ᠎ᠤᠨ᠎ᠬᠢᠨ᠎ᠢᠶᠠᠨ ᠨᠡᠩ ᠵᠤᠯ ᠵᠢᠷᠭᠠᠯᠳᠠᠢ ᠠᠮᠢᠳᠤᠷᠠᠭᠤᠯᠤᠨ᠎ᠠ》 ᠭᠡᠵᠤ ᠵᠤᠤ ᠬᠤᠢ ᠵᠢᠶᠧ ᠬᠡᠯᠡᠨ᠎ᠠ᠃
    ᠮᠢᠩᠭᠠᠨ ᠭᠠᠵᠠᠷ᠎ᠤᠨ ᠠᠯᠤᠰ᠎ᠲᠤ ᠨᠦᠵᠢᠶᠠᠩ ᠮᠦᠷᠡᠨ᠎ᠤ ᠤᠰᠤ ᠳᠠᠪᠠᠯᠭᠠᠯᠠᠨ ᠤᠷᠤᠰᠤᠨ᠎ᠠ᠃ ᠮᠦᠷᠡᠨ᠎ᠤ ᠬᠦᠪᠡᠭᠡ᠎ᠪᠠᠷ ᠶᠠᠳᠠᠭᠤ᠎ᠶ᠋ᠢ ᠳᠡᠳᠬᠦᠬᠦ᠌᠎ᠪᠠᠷ ᠤᠨᠳᠤᠤ ᠭᠠᠵᠠᠷ᠎ᠲᠤ ᠨᠡᠭᠦᠯᠭᠡᠨ ᠲᠦᠪᠬᠢᠨᠡᠭᠦᠯᠦᠭ᠌ᠰᠡᠨ ᠱᠢᠨ᠎ᠠ ᠪᠠᠢᠱᠢᠩ᠎ᠤᠳ ᠡᠩᠨᠡᠷᠡᠨ ᠬᠠᠷᠠᠭ᠍ᠳᠠᠨ᠎ᠠ᠃ ᠦᠶ᠎ᠠ᠎ᠶ᠋ᠢᠨ ᠦᠶ᠎ᠠ᠎ᠪᠠᠷ᠎ᠢᠶᠠᠨ ᠪᠤᠢᠳᠠ ᠪᠦᠭ᠌ᠯᠡᠭᠦᠦ ᠠᠭ᠍ᠯᠠᠭ ᠠᠭᠤᠯᠠᠷᠬᠠᠭ ᠤᠷᠤᠨ᠎ᠳᠤ ᠤᠷᠤᠱᠢᠨ ᠠᠮᠢᠳᠤᠷᠠᠵᠤ ᠪᠠᠢᠭ᠍ᠰᠠᠨ᠎ᠢᠶᠠᠨ ᠡᠳᠦᠭᠡ ᠠᠭᠤᠵᠢᠮ ᠰᠠᠷᠠᠭᠤᠯ ᠠᠰᠠᠷ᠎ᠲᠤ ᠨᠡᠭᠦᠵᠤ ᠤᠷᠤᠭ᠍ᠰᠠᠨ᠎ᠨᠢ ᠯᠢᠰᠦ ᠦᠨᠳᠦᠰᠦᠳᠡᠨ᠎ᠤ ᠲᠤᠰᠭᠤᠨ᠎ᠤ ᠠᠷᠠᠳ᠎ᠲᠤ ᠡᠬᠡᠭᠡ ᠯᠡ ᠵᠡᠭᠦᠳᠦᠯᠡᠵᠤ ᠪᠠᠢᠭ᠎ᠠ ᠮᠡᠳᠤ ᠰᠠᠨᠠᠭ᠍ᠳᠠᠨ᠎ᠠ᠃
    《ᠠᠷᠠᠳ ᠲᠦᠮᠡᠨ᠎ᠤ ᠠᠮᠤᠷ ᠵᠢᠮᠦᠷ ᠠᠵᠤ ᠲᠦᠷᠦᠬᠦ᠂ ᠠᠮᠤᠷ ᠲᠦᠪᠱᠢᠨ ᠬᠠᠯᠠᠭᠤᠨ ᠲᠤᠯᠠᠭᠠᠨ ᠪᠠᠢᠬᠤ ᠠᠰᠠᠭᠤᠳᠠᠯ᠎ᠢ ᠢᠮᠠᠭ᠍ᠳᠠ ᠰᠡᠳᠭᠢᠯ᠎ᠳᠡᠭᠡᠨ ᠪᠤᠳᠤᠵᠤ᠂ ᠤᠯᠠᠨ ᠲᠦᠮᠡᠨ᠎ᠤ ᠠᠩᠬᠠᠷᠴᠤ᠌ ᠪᠠᠢᠭ᠎ᠠ ᠪᠤᠳᠠᠳᠠᠢ ᠠᠰᠠᠭᠤᠳᠠᠯ᠎ᠢ ᠰᠡᠳᠭᠢᠯ ᠲᠠᠯᠪᠢᠵᠤ ᠬᠦᠴᠦ᠍ ᠤᠷᠤᠭᠤᠯᠤᠨ ᠱᠢᠢᠳᠪᠦᠷᠢᠯᠡᠨ᠎ᠠ᠂ ᠶᠡᠷᠦᠩᠬᠡᠢ ᠱᠦᠵᠢ ᠡᠢᠨ ᠬᠦ᠌ ᠪᠢᠳᠡᠨ᠎ᠤ ᠰᠡᠳᠭᠢᠯ᠎ᠤᠨ ᠦᠭᠡ᠎ᠶ᠋ᠢ ᠬᠡᠯᠡᠯ᠎ᠡ》᠂ 《ᠤᠳᠤ᠎ᠶ᠋ᠢᠨ ᠨᠦᠵᠢᠶᠠᠩ ᠡᠳᠦᠷ᠎ᠠᠴᠠ ᠡᠳᠦᠷ ᠬᠤᠪᠢᠷᠠᠵᠤ᠂ ᠡᠳᠦᠷ ᠪᠦᠷᠢ ᠱᠢᠨ᠎ᠠ ᠳᠠᠪᠱᠢᠯᠳᠠ᠎ᠲᠠᠢ ᠪᠤᠯᠵᠤ ᠪᠠᠢᠨ᠎ᠠ᠂ ᠬᠡᠳᠦᠨ ᠮᠢᠩᠭᠠᠨ ᠵᠢᠯ᠎ᠤᠨ 〈ᠶᠠᠳᠠᠭᠤ᠎ᠶ᠋ᠢᠨ ᠦᠨᠳᠦᠰᠦ〉 ᠎ᠶ᠋ᠢ ᠡᠷᠬᠡᠪᠰᠢ ᠲᠠᠰᠤ ᠠᠷᠢᠯᠭᠠᠵᠤ᠂ ᠨᠦᠵᠢᠶᠠᠩ᠎ᠤᠨ ᠪᠦᠬᠦ᠌ ᠶᠠᠳᠠᠭᠤ ᠬᠦᠴᠢᠷᠳᠡᠯᠳᠠᠢ ᠤᠯᠠᠨ ᠲᠦᠮᠡᠨ᠎ᠢ ᠶᠠᠳᠠᠭᠤ᠎ᠠᠴᠠ ᠠᠩᠭᠢᠵᠢᠷᠠᠭᠤᠯᠵᠤ ᠴᠢᠨᠡᠭᠡᠯᠢᠭ ᠨᠡᠢᠭᠡᠮ᠎ᠳᠤ ᠤᠷᠤᠭᠤᠯᠤᠨ᠎ᠠ》 ᠭᠡᠵᠤ ᠪᠦᠬᠦ᠌ ᠤᠯᠤᠰ᠎ᠤᠨ ᠠᠷᠠᠳ᠎ᠤᠨ ᠲᠦᠯᠦᠭᠡᠯᠡᠭ᠌ᠴᠢᠳ᠎ᠤᠨ ᠶᠡᠭᠡ ᠬᠤᠷᠠᠯ᠎ᠤᠨ ᠲᠦᠯᠦᠭᠡᠯᠡᠭ᠌ᠴᠢ᠂ ᠶᠦᠨᠨᠠᠨ ᠮᠤᠵᠢ᠎ᠶ᠋ᠢᠨ ᠨᠦᠵᠢᠶᠠᠩ᠎ᠤᠨ ᠯᠢᠰᠦ ᠦᠨᠳᠦᠰᠦᠳᠡᠨ᠎ᠤ ᠦᠪᠡᠷᠳᠡᠭᠡᠨ ᠵᠠᠰᠠᠬᠤ ᠵᠸᠤ᠎ᠶ᠋ᠢᠨ ᠳᠠᠷᠤᠭ᠎ᠠ ᠯᠢ ᠸᠧᠨ ᠬᠤᠢ ᠬᠡᠯᠡᠨ᠎ᠠ᠃
    ᠬᠤᠪᠢᠰᠭᠠᠯ᠎ᠤᠨ ᠡᠷᠲᠡ ᠴᠢᠯᠦᠭᠡᠯᠡᠭ᠌ᠲᠡᠭ᠌ᠰᠡᠡ ᠤᠷᠤᠠ᠎ᠠᠴᠠ ᠢᠷᠡᠭ᠌ᠰᠡᠡ ᠪᠦᠬᠦ᠌ ᠤᠯᠤᠰ᠎ᠤᠨ ᠠᠷᠠᠳ᠎ᠤᠨ ᠲᠦᠯᠦᠭᠡᠯᠡᠭ᠌ᠴᠢᠳ᠎ᠤᠨ ᠶᠡᠭᠡ ᠬᠤᠷᠠᠯ᠎ᠤᠨ ᠲᠦᠯᠦᠭᠡᠯᠡᠭ᠌ᠴᠢ ᠪᠤᠯᠤᠭ᠍ᠰᠠᠨ᠎ᠤ ᠬᠤᠪᠢ᠎ᠳᠤ᠂ ᠵᠢᠶᠠᠩᠰᠢ᠎ᠶ᠋ᠢᠨ ᠷᠦᠢᠵᠢᠨ ᠬᠤᠲᠠ᠎ᠶ᠋ᠢᠨ ᠨᠠᠮ᠎ᠤᠨ ᠬᠤᠷᠢᠶᠠᠠ᠎ᠤ ᠱᠦᠵᠢ ᠱᠢᠤᠢ ᠷᠦᠢ᠄ 《ᠪᠢᠲᠠ ᠤᠭ ᠰᠠᠨᠠᠭ᠎ᠠ᠎ᠪᠠᠨ ᠦᠯᠦ᠍ ᠮᠠᠷᠲᠠᠵᠤ᠂ ᠴᠢᠩ ᠦᠨᠡᠨ ᠰᠡᠳᠭᠢᠯ᠎ᠢᠶᠠᠷ ᠠᠷᠠᠳ ᠲᠦᠮᠡᠡ᠎ᠳᠤ ᠠᠵᠠ ᠵᠢᠷᠭᠠᠯ ᠤᠯᠭᠤᠨ᠎ᠠ᠂ ᠴᠢᠨᠡᠭᠡᠯᠢᠭ᠌ᠵᠢᠯ᠎ᠤᠨ ᠵᠠᠮ᠎ᠳᠤ ᠨᠢᠭᠡ ᠬᠦᠮᠦᠨ᠎ᠢ ᠴᠤ᠌ ᠡᠩᠨᠡᠭᠡ᠎ᠠᠴᠠ᠎ᠪᠠᠨ ᠬᠤᠴᠤᠷᠤᠭᠤᠯᠬᠤ ᠦᠭᠡᠢ》᠂ 《ᠲᠠᠷᠠᠭᠠᠴᠢ᠎ᠶ᠋ᠢᠨ ᠠᠯᠬᠤᠮ᠎ᠳᠤ᠂ ᠪᠢᠲᠠ ᠲᠤᠰᠭᠤᠨ᠎ᠤ ᠬᠠᠮᠳᠤ᠎ᠶ᠋ᠢᠨ ᠠᠵᠦ᠍ ᠠᠬᠤᠢ᠎ᠶ᠋ᠢᠨ ᠬᠦᠭ᠌ᠵᠢᠯᠲᠠ᠂ ᠲᠤᠰᠭᠤᠨ᠎ᠤ ᠵᠠᠩ ᠰᠤᠷᠲᠠᠯ᠎ᠤᠨ ᠪᠤᠯᠪᠠᠰᠤᠨ᠎ᠤ ᠪᠠᠢᠭᠤᠯᠤᠯᠲᠠ᠂ ᠬᠦᠲᠡᠭᠡ ᠲᠤᠰᠭᠤᠨ᠎ᠤ ᠤᠷᠤᠱᠢᠨ ᠰᠠᠭᠤᠷᠢᠱᠢᠬᠤ ᠤᠷᠴᠢᠨ ᠲᠤᠭᠤᠷᠢᠨ᠎ᠢ ᠴᠡᠭ᠌ᠴᠡᠯᠡᠡ ᠵᠠᠰᠠᠬᠤ ᠵᠡᠷᠭᠡ ᠠᠵᠢᠯ᠎ᠢ ᠴᠢᠩᠭᠠᠳᠭᠠᠵᠦ᠍᠂ ᠶᠠᠲᠠᠭᠤ᠎ᠠᠴᠠ ᠠᠩᠬᠢᠵᠢᠷᠠᠭᠤᠯᠤᠭ᠍ᠰᠠᠨ ᠦᠷ᠎ᠠ ᠪᠦᠲᠦᠭᠡᠯ᠎ᠢᠶᠠᠨ ᠲᠠᠰᠤᠷᠠᠯᠲᠠ ᠦᠭᠡᠢ ᠪᠠᠬᠢᠵᠢᠭᠦᠯᠦᠨ ᠲᠡᠭᠡᠭ᠌ᠰᠢᠯᠡᠭᠦᠯᠦᠨ᠎ᠠ》 ᠭᠡᠵᠦ᠍ ᠬᠡᠯᠡᠯ᠎ᠠ᠃
    ᠬᠤᠭᠤᠰᠤᠨ ᠨᠡᠷ᠎ᠠ ᠠᠯᠳᠠᠷ ᠭᠠᠪᠢᠶ᠎ᠠ ᠵᠢᠳᠭᠦᠯ᠎ᠢ ᠬᠦᠭᠡᠭᠡᠴᠡᠯᠲᠦᠬᠦ᠌ ᠦᠭᠡᠢ ᠪᠠᠢᠵᠤ᠂ ᠤᠷᠤᠨ ᠨᠤᠳᠤᠭ᠎ᠲᠠᠭᠠᠨ ᠪᠤᠶᠠᠨ ᠦᠢᠯᠡᠳᠬᠦ᠌ ᠳᠠᠷᠤᠭ᠎ᠠ ᠪᠤᠯᠬᠤ᠎ᠪᠠᠷ ᠦᠨᠡᠨ ᠬᠦ᠌ ᠴᠢᠷᠮᠠᠢᠨ᠎ᠠ᠃
    5 ᠰᠠᠷ᠎ᠠ᠎ᠶ᠋ᠢᠨ ᠦᠪᠦᠷ ᠮᠤᠩᠭᠤᠯ᠎ᠳᠤ᠂ ᠮᠤᠤᠠᠤᠰᠤ᠎ᠶ᠋ᠢᠨ ᠡᠯᠡᠰᠦᠷᠭᠡᠭ ᠭᠠᠵᠠᠷ᠎ᠲᠤ ᠲᠠᠷᠢᠭ᠍ᠰᠠᠠ ᠵᠠᠭᠤᠨ ᠲᠦᠮᠡᠡ ᠮᠦ᠍᠎ᠶ᠋ᠢᠨ ᠪᠤᠷᠭᠠᠰᠤ ᠨᠢᠭᠡᠨᠲᠡ ᠦᠨᠲᠦᠰᠤ ᠬᠠᠳᠭᠤᠨ ᠰᠤᠶᠤᠭᠠᠯᠠᠵᠦ᠍᠂ ᠴᠡᠩᠬᠡᠷ ᠬᠦᠬᠡ ᠪᠤᠷᠵᠠᠩ ᠨᠠᠭᠤᠷ ᠲᠠᠯ᠎ᠠ ᠨᠤᠲᠤᠭ᠎ᠲᠤ ᠭᠡᠷᠡᠯᠳᠦ ᠰᠤᠪᠤᠳ ᠮᠡᠳᠦ ᠱᠢᠬᠢᠳᠤᠨ ᠴᠠᠬᠤᠯᠠᠢ᠂ ᠬᠠᠷᠬᠢᠷ᠎ᠠ ᠵᠡᠷᠭᠡ ᠱᠢᠪᠠᠭᠤᠳ ᠤᠰᠤᠨ᠎ᠳᠤ ᠱᠤᠩᠪᠠᠨ ᠴᠡᠩᠬᠡᠨ᠎ᠠ᠃ ᠡᠳᠦᠭᠡ 《ᠨᠡᠭᠦᠲᠡᠯ᠎ᠤᠨ ᠱᠢᠪᠠᠭᠤᠳ᠎ᠤᠨ ᠳ᠋ᠧᠪᠠᠵᠠᠨ》 ᠪᠤᠯᠤᠭ᠍ᠰᠠᠠ ᠪᠤᠷᠵᠠᠩ ᠨᠠᠭᠤᠷ ᠨᠢᠭᠡᠨ ᠦᠶ᠎ᠠ ᠬᠠᠲᠠᠠ ᠱᠢᠷᠬᠢᠭ᠌ᠰᠡᠡ ᠪᠠᠢᠳᠠᠭ᠃ 2015 ᠤᠨ᠎ᠠᠴᠠ ᠡᠬᠢᠯᠡᠵᠦ᠍᠂ ᠲᠤᠬᠠᠢ᠎ᠶ᠋ᠢᠨ ᠭᠠᠵᠠᠷ᠎ᠤᠨ᠎ᠬᠢᠨ ᠤᠯᠠᠠ ᠵᠦᠢᠯ᠎ᠤᠨ ᠠᠷᠭ᠎ᠠ ᠬᠡᠮᠵᠢᠶ᠎ᠠ ᠠᠪᠴᠤ᠌ ᠨᠤᠭᠤ ᠭᠠᠵᠠᠷ᠎ᠤᠨ ᠠᠮᠢ ᠠᠬᠤᠢ᠎ᠶ᠋ᠢᠨ ᠱᠢᠰᠲ᠋ᠧᠮ᠎ᠢ ᠰᠡᠷᠭᠦᠭᠡᠭ᠌ᠰᠡᠨ᠎ᠢᠶᠠᠷ ᠪᠤᠷᠵᠠᠩ ᠨᠠᠭᠤᠷ᠎ᠲᠤ ᠲᠠᠬᠢᠨᠲᠠ ᠠᠮᠢ ᠠᠮᠢᠵᠢᠷᠠᠯ᠎ᠤᠨ ᠬᠦᠴᠤᠨ ᠪᠢᠯᠬᠠᠭ᠍ᠰᠠᠠ ᠠᠵᠢ᠃
    《ᠬᠦᠭᠡᠮᠲᠦᠭ ᠨᠤᠭᠤᠭᠠᠠ ᠠᠭᠤᠯᠠ ᠤᠰᠤ᠎ᠶ᠋ᠢ ᠰᠠᠬᠢᠨ ᠬᠠᠮᠠᠭᠠᠯᠠᠵᠦ᠍᠂ ᠤᠷᠤᠨ ᠨᠤᠳᠤᠭ᠎ᠤᠨ ᠠᠷᠠᠳ ᠲᠦᠮᠡᠨ᠎ᠳᠤ ᠪᠤᠶᠠᠠ ᠦᠢᠯᠡᠳᠴᠤ᠌᠂ ᠦᠷᠭᠡᠡ ᠤᠯᠠᠠ ᠲᠦᠮᠠᠠ᠎ᠳᠤ ᠠᠮᠢ ᠠᠬᠤᠢ᠎ᠶ᠋ᠢᠨ ᠪᠤᠯᠪᠠᠰᠤᠨ᠎ᠤ ᠪᠠᠢᠭᠤᠯᠤᠯᠲᠠ᠎ᠶ᠋ᠢᠨ ᠦᠷ᠎ᠠ ᠪᠦᠲᠦᠭᠡᠯ᠎ᠢ ᠡᠳ᠋ᠯᠡᠭᠦᠯᠦᠨ᠎ᠠ》 ᠬᠡᠵᠤ ᠦᠪᠤᠷ ᠮᠤᠩᠭᠤᠯ᠎ᠤᠨ ᠤᠷᠲᠤᠰ ᠬᠤᠲᠠ᠎ᠶ᠋ᠢᠨ ᠴᠠᠬᠤᠯᠠᠢ᠎ᠶ᠋ᠢᠨ ᠤᠯᠤᠰ᠎ᠤᠨ ᠲᠡᠰ᠎ᠤᠨ ᠪᠠᠢᠭᠠᠯᠢ᠎ᠶ᠋ᠢᠨ ᠬᠠᠮᠠᠭᠠᠯᠠᠯᠲᠠ᠎ᠶ᠋ᠢᠨ ᠤᠷᠤᠨ᠎ᠤ ᠬᠠᠮᠢᠶᠠᠷᠤᠯᠲᠠ᠎ᠶ᠋ᠢᠨ ᠲᠤᠪᠴᠢᠶᠠᠠ᠎ᠤ ᠲᠠᠷᠤᠭ᠎ᠠ ᠱᠢᠩ ᠱᠢᠶᠤᠤ ᠵᠢᠶᠦ᠋ᠨ ᠶᠠᠷᠢᠭ᠍ᠰᠠᠨ᠎ᠢᠶᠠᠨ ᠵᠠᠯᠭᠠᠭᠠᠳ᠄ 《ᠪᠢᠲᠠ ᠡᠨᠡ ᠭᠡᠰᠡᠭ ᠨᠤᠭᠤ ᠭᠠᠵᠠᠷ᠎ᠤᠨ ᠠᠮᠢ ᠠᠬᠤᠢ᠎ᠶ᠋ᠢᠨ ᠱᠢᠰᠲ᠋ᠧᠮ᠎ᠢ ᠯᠠᠪᠳᠠᠢ ᠰᠠᠢᠲᠤᠷ ᠬᠠᠮᠠᠭᠠᠯᠠᠵᠦ᠍᠂ ᠦᠷ᠎ᠠ ᠬᠤᠢᠴᠢᠰ᠎ᠲᠠᠭᠠᠨ ᠬᠦᠭᠡ ᠤᠭ᠍ᠳᠠᠷᠭᠤᠢ ᠭᠦᠭᠡᠮᠲᠦᠭ ᠤᠰᠤ ᠠᠷᠢᠭᠤᠨ ᠬᠦᠷᠦᠰᠦ᠎ᠶ᠋ᠢ ᠦᠯᠡᠲᠡᠭᠡᠡ ᠦᠭ᠌ᠴᠤ᠂ ᠴᠠᠬᠤᠯᠠᠢ ᠪᠤᠯᠤᠨ ᠪᠤᠰᠤᠳ ᠲᠦᠷᠦᠯ᠎ᠤᠨ ᠨᠡᠭᠦᠲᠠᠯ᠎ᠤᠨ ᠱᠢᠪᠠᠭᠤᠳ᠎ᠤᠨ ᠦᠨᠢᠳᠡ᠎ᠶ᠋ᠢᠨ ᠴᠡᠩᠬᠡᠯ᠎ᠤᠨ ᠤᠷᠤᠨ ᠪᠤᠯᠭᠠᠨ᠎ᠠ》 ᠭᠡᠵᠦ᠍ ᠤᠷᠮᠠᠳᠠᠢ ᠶᠠᠷᠢᠨ᠎ᠠ᠃

    (ᠰᠤᠷᠪᠤᠯᠵᠢᠯᠠᠭ᠍ᠴᠢ᠄ ᠴᠢ ᠵᠦᠩ ᠰᠢ᠂ ᠸᠧᠢ ᠵᠢᠩ ᠢᠤᠢ᠂ ᠠᠠ ᠯᠦ᠍ ᠮᠧᠩ᠂ ᠮᠠ ᠺᠠᠢ᠂ ᠽᠢ ᠴᠢᠶᠠᠩ᠂ ᠸᠧᠢ ᠢ ᠵᠢᠶᠦ᠋ᠨ᠂ ᠮᠠ ᠱᠢᠶᠤᠤ ᠶᠤᠸᠠᠠ᠂ ᠹᠠᠠ ᠹᠠᠠ᠂ ᠯᠢᠶᠠᠩ ᠵᠢᠶᠠᠠ ᠴᠢᠶᠠᠩ᠂ ᠸᠠᠩ ᠶᠠᠩ᠂ ᠸᠠᠩ ᠰᠧ᠎ᠪᠠᠨ)
           (ᠱᠢᠨᠬᠤᠸᠠ ᠬᠤᠷᠢᠶᠠᠠ᠎ᠤ ᠪᠡᠭᠡᠵᠢᠩ᠎ᠤᠨ 5 ᠰᠠᠷ᠎ᠠ᠎ᠶ᠋ᠢᠨ 22 ᠎ᠤᠨ ᠴᠠᠬᠢᠯᠭᠠᠠ ᠮᠡᠲᠡᠭᠡ)

ᠣᠷᠴᠢᠭᠤᠯᠤᠭ᠍ᠴᠢ᠄
ᠨᠠᠢᠷᠠᠭᠤᠯᠤᠭ᠍ᠴᠢ᠄ ᠠᠷᠢᠭᠤᠨ᠎ᠠ
ᠲᠤᠮᠳᠠᠳᠤ ᠤᠯᠤᠰ᠎ᠤᠨ ᠮᠤᠩᠭᠤᠯ ᠬᠡᠯᠡᠡ᠎ᠤ ᠰᠤᠨᠢᠠ ᠮᠠᠳᠡᠭᠡ᠎ᠶ᠋ᠢᠨ ᠰᠦᠯᠵᠢᠶ᠎ᠠ
ᠢᠷᠡᠯᠲᠡ᠄
ᠬᠤᠪᠢᠶᠠᠯᠴᠠᠬᠤ᠄

2008-2023 © ᠳᠤᠮᠳᠠᠳᠤ ᠤᠯᠤᠰ᠎ᠤᠨ ᠮᠤᠩᠭᠤᠯ ᠬᠡᠯᠡᠨ᠎ᠤ ᠰᠤᠨᠢᠨ ᠮᠡᠳᠡᠭᠡᠨ᠎ᠤ ᠰᠦᠯᠵᠢᠶ᠎ᠡ ᠦᠮᠴᠢᠯᠡᠯ᠎ᠤᠨ ᠡᠷᠬᠡ᠎ᠲᠠᠢ

ᠵᠤᠬᠢᠶᠠᠭᠴᠢ᠎ᠶᠢᠨ ᠡᠷᠬᠡ ᠬᠠᠤᠯᠢ᠎ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ᠎ᠪᠠᠷ ᠬᠠᠭᠤᠯᠪᠤᠷᠢᠯᠠᠬᠤ᠎ᠶᠢ ᠬᠠᠲᠠᠭᠤ ᠬᠤᠷᠢᠭᠯᠠᠨ᠎ᠠ

ᠬᠠᠷᠢᠯᠴᠠᠬᠤ ᠤᠲᠠᠰᠤ᠄0471-6635435

ᠢᠮᠧᠯ᠄tn@mgyxw.net   蒙ICP备10000005号