ᠤᠷᠠᠳ ᠨᠤᠳᠤᠭ᠎ᠤᠨ 《ᠤᠰᠤᠨ᠎ᠤ ᠡᠷᠢᠯᠴᠢᠨ》
2020-04-24 11:04:39
ᠵᠣᠬᠢᠶᠠᠭ᠍ᠴᠢ᠄
ᠪᠤᠶᠠᠨᠲᠤ ᠼᠠᠢ ᠬᠤᠩ ᠰᠠᠷᠭᠠᠢ ᠮᠡᠷᠭᠡᠨᠪᠢᠯᠢᠭ ᠲᠡᠷᠢᠭᠦᠨ ᠬᠦᠰᠡᠯ ᠭᠠᠯᠲᠠᠢ
ᠣᠩᠱᠢᠭ᠍ᠰᠠᠨ ᠣᠳᠠᠭ᠎ᠠ᠄
★★★☆☆

    ᠲᠡᠷᠡ 9 ᠨᠠᠰᠤᠲᠠᠢ᠎ᠳᠤ᠎ᠪᠠᠨ ᠠᠪᠤ᠎ᠪᠠᠨ ᠠᠯᠳᠠᠵᠤ᠂ 19 ᠨᠠᠰᠤᠨ᠎ᠳᠤ᠎ᠪᠠᠨ ᠡᠵᠢ᠎ᠪᠠᠨ ᠠᠯᠳᠠᠵᠤ᠂ 16 ᠨᠠᠰᠤᠨ᠎ᠠᠴᠠ᠎ᠪᠠᠨ ᠠᠷᠤ ᠭᠡᠷ᠎ᠤᠨ᠎ᠢᠶᠠᠨ ᠲᠥᠱᠢᠭ ᠲᠤᠯᠭᠠᠭᠤᠷᠢ ᠪᠣᠯᠵᠠᠢ᠃
    ᠲᠡᠷᠡ ᠠᠴᠢᠶᠠᠨ᠎ᠤ ᠮᠠᠱᠢᠨ ᠵᠢᠯᠤᠭᠤᠳᠴᠦ᠍᠂ ᠬᠦᠴᠦ᠍ ᠶᠠᠪᠤᠵᠦ᠍ ᠦᠩᠭᠡᠷᠡᠵᠠᠢ᠃
    ᠠᠯᠢᠪᠠ ᠬᠦᠷᠦᠩᠭᠡ᠎ᠪᠠᠨ ᠬᠦᠨᠳᠤᠷᠴᠤ᠌᠂ ᠪᠠᠰᠠ 160 ᠳᠦᠮᠡᠨ ᠳᠦᠬᠦᠷᠢᠭ᠎ᠤᠨ ᠦᠷᠢ᠎ᠳᠤ ᠤᠨᠠᠵᠦ᠍ ᠶᠠᠪᠤᠵᠠᠢ᠃
    ᠭᠤᠴᠢᠨ ᠳᠠᠪᠤᠬᠠᠨ ᠨᠠᠰᠤᠨ᠎ᠳᠤ᠎ᠪᠠᠨ ᠡᠯᠡ᠎ᠲᠠᠢ ᠬᠠᠯᠠ᠎ᠲᠠᠢ ᠠᠮᠢᠳᠤᠷᠠᠯ᠎ᠤᠨ ᠬᠠᠳᠠᠭᠤ ᠪᠦᠬᠦᠨ᠎ᠢ ᠳᠤᠭᠤᠯᠵᠦ᠍ ᠢᠷᠡᠭ᠌ᠰᠡᠨ ᠡᠨᠡ ᠬᠦᠮᠦᠨ ᠶᠤᠰᠤᠳᠠᠢ ᠱᠢᠨᠳᠡᠰᠦ ᠬᠠᠳᠠᠭᠤ ᠮᠤᠩᠭᠤᠯ ᠡᠷ᠎ᠠ ᠭᠡᠳᠡᠭ᠎ᠢᠶᠠᠨ ᠮᠡᠳᠡᠬᠦᠯᠦᠭ᠌ᠰᠡᠨ ᠪᠠᠢᠨ᠎ᠠ᠃
    ᠲᠡᠷᠡ ᠪᠤᠯ ᠤᠷᠠᠳ᠎ᠤᠨ ᠬᠤᠢᠲᠤ ᠬᠤᠱᠢᠭᠤᠨ᠎ᠤ ᠪᠠᠶᠠᠨᠴᠢᠨᠳᠠᠮᠤᠨᠢ ᠰᠤᠮᠤᠨ᠎ᠤ ᠪᠠᠶᠠᠨᠬᠥ᠋ᠷᠢᠶ᠎ᠡ ᠭᠠᠴᠠᠭᠠᠨ᠎ᠤ ᠠᠷᠢᠭᠤᠨᠬᠦᠦ ᠪᠤᠯᠤᠨ᠎ᠠ᠃ ᠨᠤᠳᠤᠭ᠎ᠤᠨ ᠳᠦᠮᠡᠨ᠎ᠤ᠎ᠪᠠᠨ ᠳᠤᠮᠳᠠ ᠲᠡᠷᠡ ᠮᠤᠤᠲ᠋ᠠᠢ ᠨᠠᠷ᠎ᠠ᠎ᠪᠠᠷ᠎ᠢᠶᠠᠨ ᠳᠠᠨᠢᠬ᠍ᠳᠠᠵᠦ᠍ ᠶᠠᠪᠤᠭ᠍ᠰᠠᠨ᠃
    ᠠᠷᠢᠭᠤᠨᠬᠦᠦ ᠭᠡᠰᠡᠨ ᠨᠡᠷ᠎ᠠ᠎ᠶ᠋ᠢ ᠭᠡᠯᠡᠬᠦ᠌᠎ᠳᠤ ᠳᠦᠷᠦᠭ᠌ᠰᠡᠨ ᠠᠬ᠎ᠠ᠎ᠨᠢ ᠴᠤ᠌ ᠪᠠᠷᠤᠭ ᠳᠠᠨᠢᠬᠤ ᠦᠭᠡᠢ ᠭᠡᠬᠦ᠌ ᠪᠠᠢᠬ᠎ᠠ᠂ ᠮᠠᠨ᠎ᠤ ᠬᠢᠳ ᠨᠠᠮᠠᠶ᠋ᠢ ᠮᠤᠤᠲ᠋ᠠᠢ ᠭᠡᠵᠦ᠍ ᠳᠠᠭᠤᠳᠠᠭᠠᠳ ᠵᠠᠩᠱᠢᠴᠢᠬᠠᠭ᠍ᠰᠠᠨ ᠭᠡᠵᠦ᠍ ᠮᠤᠤᠲ᠋ᠠᠢ ᠳᠠᠮᠠᠬᠢ᠎ᠪᠠᠨ ᠱᠢᠨᠤᠭ᠎ᠲᠠᠢ ᠰᠤᠷᠤᠴᠢᠬᠠᠭ᠍ᠰᠠᠨ ᠢᠨᠢᠶᠠᠨ ᠶᠠᠷᠢᠨ᠎ᠠ᠃
    ᠠᠮᠢᠳᠤᠷᠠᠯ᠎ᠤᠨ ᠬᠠᠳᠠᠭᠤ᠎ᠶ᠋ᠢ ᠳᠠᠨᠢᠭ᠍ᠰᠠᠨ ᠭᠡᠦᠭᠡᠳ ᠡᠷᠳᠡ ᠤᠬᠠᠭᠠᠷᠠᠳᠠᠭ ᠪᠠᠢᠵᠠᠢ᠃ ᠬᠠᠷᠠᠬᠠᠨ ᠪᠠᠭ᠎ᠠ᠎ᠠᠴᠠ᠎ᠪᠠᠨ ᠬᠠᠯᠠ ᠵᠤᠪᠠᠯᠠᠩ᠎ᠢ ᠬᠠᠨᠤᠲᠠᠯ᠎ᠠ ᠠᠮᠰᠠᠭ᠍ᠰᠠᠨ ᠮᠤᠤᠲ᠋ᠠᠢ ᠪᠤᠰᠤᠳ᠎ᠤᠨ ᠬᠦᠴᠢᠷ᠎ᠢ ᠤᠢ᠍ᠢᠯᠠᠭᠠᠳᠠᠭ ᠦᠷᠦ᠍ ᠵᠦᠭᠡᠯᠡᠨ ᠮᠦᠷᠳᠡᠭᠡᠨ ᠠᠮᠢᠳᠤᠷᠠᠯ᠎ᠤᠨ ᠬᠠᠳᠠᠭᠤ᠎ᠳᠤ ᠪᠠᠭᠤᠵᠦ᠍ ᠦᠭ᠌ᠳᠡᠭ ᠦᠭᠡᠢ ᠮᠦᠴᠡᠭᠡ ᠬᠠᠳᠠᠭᠤ᠎ᠲᠠᠢ ᠬᠦᠮᠦᠨ ᠪᠤᠯᠵᠦ᠍ ᠳᠤᠮᠤᠭᠠᠵᠢᠵᠠᠢ᠃
    2004 ᠣᠨ᠎ᠳᠤ ᠪᠡᠯᠴᠢᠭᠡᠷᠯᠡᠬᠦᠯᠬᠦ᠌᠎ᠶ᠋ᠢ ᠴᠠᠭᠠᠵᠠᠯᠠᠬᠤ ᠲᠦᠷᠥ᠎ᠶ᠋ᠢᠨ ᠪᠣᠳᠣᠯᠭ᠎ᠠ᠎ᠶ᠋ᠢ ᠬᠡᠷᠡᠭ᠌ᠵᠢᠭᠦᠯᠦᠭ᠌ᠰᠡᠨ᠎ᠠᠴᠠ ᠮᠤᠤᠲ᠋ᠠᠢ 200 ᠭᠠᠷᠤᠢ ᠮᠠᠯ᠎ᠢᠶᠠᠨ ᠬᠤᠳᠠᠯᠳᠤᠵᠤ᠂ ᠪᠡᠯᠴᠢᠭᠡᠷ᠎ᠤᠨ ᠨᠦᠬᠦᠪᠦᠷᠢ᠎ᠪᠠᠨ ᠡᠪᠦᠷᠯᠡᠵᠦ᠍᠂ ᠬᠦᠮᠦᠨ᠎ᠤ ᠨᠣᠲᠤᠭ ᠬᠦᠨᠳᠠᠯᠡᠨ᠎ᠤ ᠭᠠᠵᠠᠷ ᠬᠦᠴᠦ᠍ ᠶᠠᠪᠤᠬᠤ᠎ᠪᠠᠷ ᠭᠠᠷᠴᠠᠢ᠃ ᠨᠣᠲᠤᠭ᠎ᠠᠴᠠ᠎ᠪᠠᠨ ᠰᠠᠯᠤᠭ᠍ᠰᠠᠨ ᠲᠡᠷᠡ ᠪᠤᠰᠤᠳ᠎ᠤᠨ ᠳᠣᠣᠷ᠎ᠠ ᠲᠡᠷᠭᠡ ᠬᠦᠶᠦᠯᠭᠡᠬᠦ᠂ ᠨᠡᠭᠦᠷᠡᠰᠦ ᠲᠡᠭᠡᠭᠡᠭ᠌ᠰᠡᠨ ᠲᠣᠮᠤ ᠮᠠᠱᠢᠨ ᠵᠢᠯᠤᠭᠤᠳᠭᠤ ᠵᠡᠷᠭᠡ ᠣᠯᠠᠨ ᠠᠷᠪᠢᠨ ᠠᠵᠢᠯ ᠬᠢᠵᠦ᠍ ᠵᠦᠭᠡᠷᠭᠡᠨ ᠤᠷᠤᠯᠭ᠎ᠠ᠎ᠲᠠᠢ ᠶᠠᠪᠤᠭ᠍ᠰᠠᠨ ᠴᠤ᠌ ᠦᠪᠡᠷ᠎ᠢᠶᠠᠨ ᠶᠠᠭᠤ ᠨᠢᠭᠡ᠎ᠶ᠋ᠢ ᠬᠢᠨ᠎ᠠ ᠭᠡᠰᠡᠨ ᠪᠤᠳᠤᠯ᠎ᠨᠢ ᠲᠡᠭᠦᠨ᠎ᠢ ᠵᠦᠭᠡᠷ ᠰᠠᠭᠤᠯᠭᠠᠭ᠍ᠰᠠᠨ ᠦᠭᠡᠢ᠃ ᠪᠤᠰᠤᠳ᠎ᠲᠤ ᠬᠦᠴᠦ᠍ ᠶᠠᠪᠤᠵᠦ᠍ ᠨᠠᠰᠤ᠎ᠶ᠋ᠢ ᠪᠠᠷᠠᠬᠤ᠎ᠪᠠᠷ ᠨᠣᠲᠤᠭ᠎ᠲᠠᠭᠠᠨ ᠪᠤᠴᠠᠵᠤ ᠮᠠᠯ ᠠᠬᠤᠢ᠎ᠪᠠᠨ ᠲᠣᠳᠤᠮᠳᠠᠵᠤ ᠰᠠᠭᠤᠬᠤ᠎ᠨᠢ ᠡᠭᠦᠨ᠎ᠠᠴᠠ ᠳᠡᠭᠡᠷ᠎ᠡ ᠪᠠᠢᠯᠭᠦᠢ ᠭᠡᠵᠦ᠍ ᠪᠤᠳᠤᠭ᠍ᠰᠠᠨ ᠲᠡᠷᠡ᠎ᠪᠠᠷ ᠠᠷᠤ ᠭᠡᠷ ᠠᠬᠠᠨ ᠳᠡᠭᠦᠦᠰ᠎ᠤᠨ᠎ᠢᠶᠠᠨ ᠬᠠᠵᠠᠭᠤ᠎ᠳᠤ ᠪᠤᠴᠠᠵᠤ ᠢᠷᠡᠯ᠎ᠡ᠃


                              ᠮᠤᠤᠲ᠋ᠠᠢ  ᠬᠡᠷᠬᠡᠢ ᠤᠶᠠᠩᠭ᠎ᠠ᠎ᠲᠠᠢ᠎ᠪᠠᠨ

    ᠨᠣᠲᠤᠭ᠎ᠲᠠᠭᠠᠨ ᠪᠤᠴᠠᠭ᠍ᠰᠠᠨ ᠮᠤᠤᠲ᠋ᠠᠢ 2011 ᠣᠨ᠎ᠳᠤ ᠨᠣᠲᠤᠭ᠎ᠤᠨ ᠰᠠᠢᠬᠠᠨ ᠬᠡᠤᠬᠡᠨ ᠤᠶᠠᠩᠭ᠎ᠠ᠎ᠲᠠᠢ ᠬᠠᠨᠢ᠎ᠶ᠋ᠢᠨ ᠵᠠᠶᠠᠭ᠎ᠠ ᠬᠤᠯᠪᠤᠵᠤ ᠦᠷ᠎ᠡ᠎ᠶ᠋ᠢᠨ ᠵᠤᠯᠠᠢ ᠦᠨᠦᠷᠯᠡᠭ᠌ᠰᠡᠨ ᠪᠠᠢᠨ᠎ᠠ᠃ ᠠᠩᠬ᠎ᠠ ᠡᠬᠢᠨ᠎ᠳᠤ᠎ᠪᠠᠨ ᠲᠡᠳᠡ ᠠᠢᠯ᠎ᠤᠨ ᠮᠠᠯ᠎ᠢ ᠬᠠᠷᠢᠭᠤᠯᠵᠤ ᠠᠮᠢᠳᠤᠷᠠᠯ᠎ᠢᠶᠠᠨ ᠥᠭᠡᠳᠡ ᠲᠠᠲᠠᠵᠤ ᠶᠠᠪᠤᠵᠠᠢ᠃ ᠭᠤᠪᠢ ᠨᠤᠳᠤᠭ᠎ᠲᠤ ᠭᠡᠷ᠎ᠤᠨ᠎ᠢᠶᠠᠨ ᠤᠢ᠍ᠢᠷᠠᠬᠠᠨ ᠤᠰᠤ᠎ᠲᠠᠢ ᠪᠠᠢᠨ᠎ᠠ ᠭᠡᠳᠡᠭ ᠶᠤᠰᠤᠳᠠᠢ ᠠᠮᠢᠳᠤᠷᠠᠯ᠎ᠤᠨ ᠨᠢᠭᠡ ᠶᠡᠭᠡ ᠬᠠᠷᠠᠯᠳᠠ᠎ᠪᠠᠨ ᠪᠡᠶᠡᠯᠡᠬᠦᠯᠦᠭ᠌ᠰᠡᠨ ᠭᠡᠷᠡᠭ ᠪᠠᠢᠯ᠎ᠠ᠃ ᠬᠦᠮᠦᠨ ᠮᠠᠯ᠎ᠤᠨ ᠤᠤᠭᠤᠬᠤ ᠤᠰᠤ᠎ᠪᠠᠨ ᠱᠢᠢᠳᠪᠤᠷᠢᠯᠡᠬᠦ᠌᠎ᠶ᠋ᠢᠨ ᠳᠦᠯᠦᠭᠡ ᠮᠤᠤᠲ᠋ᠠᠢ ᠴᠤ᠌ ᠭᠡᠷ᠎ᠤᠨ᠎ᠢᠶᠠᠨ ᠬᠠᠵᠠᠭᠤ᠎ᠳᠤ ᠬᠤᠳᠳᠤᠭ ᠮᠠᠯᠲᠠᠭᠤᠯᠬᠤ᠎ᠳᠤ 4 ᠲᠦᠮᠡᠨ ᠲᠦᠭᠦᠷᠢᠭ ᠤᠷᠤᠭ᠍ᠰᠠᠨ᠎ᠨᠢ ᠡᠨᠡ ᠠᠵᠢᠯ᠎ᠢ ᠬᠢᠪᠠᠯ ᠪᠤᠯᠬᠤ ᠴᠤ᠌ ᠶᠤᠮ ᠦᠦ ᠭᠡᠰᠡᠨ ᠪᠤᠳᠤᠯ᠎ᠢ᠎ᠨᠢ ᠬᠦᠪᠤᠷᠡᠬᠦᠯᠵᠠᠢ᠃
    ᠠᠩᠬ᠎ᠠ ᠳᠤᠮᠳᠠᠳᠦ᠎ᠠᠴᠠ᠎ᠪᠠᠨ ᠰᠤᠷᠭᠠᠭᠤᠯᠢ᠎ᠠᠴᠠ᠎ᠪᠠᠨ ᠭᠠᠷᠤᠭ᠍ᠰᠠᠨ ᠴᠦ᠍ ᠭᠠᠳᠠᠭ᠍ᠰᠢ ᠶᠠᠪᠤᠵᠤ ᠬᠠᠷᠠᠭ᠎ᠠ  ᠲᠡᠯᠡᠭ᠌ᠰᠡᠨ ᠮᠤᠤᠲ᠋ᠠᠢ ᠦᠷᠦᠮᠳᠡᠭᠦᠷ ᠮᠠᠱᠢᠨ᠎ᠢᠶᠠᠷ ᠬᠤᠳᠳᠤᠭ ᠮᠠᠯᠲᠠᠬᠤ᠎ᠨᠢ ᠬᠦᠮᠦᠨ᠎ᠤ ᠬᠦᠴᠦ᠍ ᠠᠷᠪᠢᠯᠠᠬᠤ ᠮᠦᠷᠲᠡᠭᠡᠨ ᠴᠠᠭ᠎ᠲᠤ ᠠᠷᠪᠢᠲᠠᠢ ᠪᠠᠰᠠ ᠵᠣᠭᠤᠰ ᠶᠡᠭᠡ ᠣᠯᠵᠤ ᠪᠣᠯᠣᠨ᠎ᠠ ᠭᠡᠳᠡᠭ᠎ᠢ ᠰᠡᠷᠭᠡᠭ᠎ᠢᠶᠠᠷ ᠳᠠᠨᠢᠵᠦ᠍ ᠤᠯᠵᠠᠢ᠃ ᠡᠢᠨ ᠬᠦ᠌ ᠲᠡᠷᠡ᠎ᠪᠠᠷ 2014 ᠣᠨ᠎ᠳᠤ ᠦᠪᠡᠷ᠎ᠤᠨ ᠪᠠᠭ᠎ᠠ ᠬᠦᠷᠦᠩᠭᠡ ᠳᠡᠭᠡᠷ᠎ᠡ᠎ᠪᠠᠨ ᠪᠠᠶᠠᠰᠭᠤᠯᠠᠩ ᠵᠡᠷᠭᠡ ᠨᠠᠢᠵᠠ ᠨᠦᠬᠦᠳ᠎ᠠᠴᠠ᠎ᠪᠠᠨ ᠮᠦᠩᠭᠦ᠌ ᠵᠢᠭᠡᠯᠡᠵᠦ᠍᠂ 70 ᠭᠠᠷᠤᠢ ᠲᠦᠮᠡᠨ ᠲᠦᠭᠦᠷᠢᠭ᠎ᠤᠨ ᠦᠷᠦᠮᠳᠡᠭᠦᠷ ᠮᠠᠱᠢᠨ ᠣᠷᠣᠭᠤᠯᠵᠤ ᠢᠷᠡᠵᠡᠢ᠃ ᠭᠡᠲᠡᠯ᠎ᠡ ᠬᠡᠷᠡᠭ ᠶᠠᠪᠤᠳᠠᠯ ᠲᠡᠭᠦᠨ᠎ᠤ ᠰᠠᠨᠠᠭ᠍ᠰᠠᠨ ᠱᠢᠭ᠋ ᠳᠠᠢᠮᠦ᠍ ᠬᠢᠯᠪᠠᠷᠬᠠᠨ ᠪᠦᠳᠦᠭ᠌ᠰᠡᠨ ᠦᠭᠡᠢ᠃ ᠲᠤᠷᠱᠢᠯᠭ᠎ᠠ ᠰᠤᠷᠭᠠᠮᠵᠢ ᠳᠤᠲᠠᠭᠤ᠎ᠠᠴᠠ ᠪᠣᠯᠵᠤ ᠲᠡᠭᠦᠨ᠎ᠤ ᠡᠬᠢᠯᠡᠵᠦ᠍ ᠮᠠᠯᠲᠠᠭ᠍ᠰᠠᠨ 7 ᠬᠤᠳᠳᠤᠭ ᠪᠦ᠍ᠷ ᠰᠤᠬᠤᠷᠠᠵᠦ᠍᠂ ᠡᠯ᠎ᠡ ᠵᠦᠢᠯ᠎ᠤᠨ ᠵᠠᠷᠤᠳᠠᠯ ᠰᠦᠢᠳᠭᠡᠯ ᠭᠡᠵᠦ᠍ 160 ᠲᠦᠮᠡᠨ ᠲᠦᠭᠦᠷᠢᠭ᠎ᠤᠨ ᠥᠷᠢ᠎ᠳᠤ ᠤᠨᠠᠵᠠᠢ᠃ ᠨᠡᠩ ᠭᠡᠴᠡᠬᠦᠦ᠎ᠨᠢ ᠨᠣᠲᠤᠭ᠎ᠤᠨ ᠮᠠᠯᠴᠢᠳ ᠴᠦ᠍ ᠲᠡᠭᠦᠨ᠎ᠳᠤ ᠢᠲᠡᠭᠡᠯ ᠠᠯᠳᠠᠵᠤ᠂ ᠪᠠᠰᠠ ᠵᠠᠷᠢᠮ᠎ᠨᠢ ᠥᠷᠢ ᠱᠢᠷᠢ᠎ᠲᠠᠢ ᠠᠮᠢᠲᠠᠨ ᠭᠡᠵᠦ᠍ ᠲᠡᠭᠦᠨ᠎ᠢ ᠦᠭᠡᠷ᠎ᠠ ᠨᠢᠳᠦ᠎ᠪᠠᠷ ᠬᠠᠷᠠᠬᠤ ᠪᠤᠯᠵᠠᠢ᠃ ᠬᠠᠷᠠᠬᠠᠨ ᠪᠠᠭ᠎ᠠ᠎ᠠᠴᠠ᠎ᠪᠠᠨ ᠬᠠᠯᠠ ᠵᠤᠪᠠᠯᠠᠩ ᠠᠮᠰᠠᠭ᠍ᠰᠠᠨ ᠮᠤᠤᠲ᠋ᠠᠢ ᠠᠮᠢᠳᠤᠷᠠᠯ᠎ᠤᠨ ᠬᠠᠲᠠᠭᠤ᠎ᠶ᠋ᠢ ᠳᠠᠬᠢᠨ ᠨᠢᠭᠡ ᠤᠳᠠᠭ᠎ᠠ ᠰᠡᠳᠭᠢᠯ᠎ᠢᠶᠠᠷ᠎ᠢᠶᠠᠨ ᠮᠡᠳᠡᠷᠡᠵᠦ᠍᠂ ᠨᠣᠲᠤᠭ᠎ᠠᠴᠠ᠎ᠪᠠᠨ ᠰᠠᠯᠵᠤ ᠴᠢ ᠯᠢᠶᠠᠨ ᠱᠠᠨ ᠠᠭᠤᠯᠠᠨ᠎ᠳᠤ ᠬᠦᠷᠴᠦ᠍ ᠬᠤᠳᠳᠤᠭ ᠦᠷᠦᠮᠳᠡᠨ ᠮᠦᠩᠬᠦ᠌ ᠤᠯᠬᠤ᠎ᠪᠠᠷ ᠮᠤᠷᠳᠠᠵᠠᠢ᠃ 《ᠳᠤᠯᠤᠭ᠎ᠠ ᠤᠳᠠᠭ᠎ᠠ ᠤᠢ᠍ᠢᠴᠢᠭ᠍ᠰᠠᠨ ᠬᠦᠮᠦᠨ ᠨᠠᠢ᠍ᠮᠠᠳᠠᠬᠢ ᠤᠳᠠᠭ᠎ᠠ᠎ᠪᠠᠨ ᠪᠤᠰᠴᠤ᠌ ᠵᠤᠭ᠍ᠰᠤᠳᠠᠭ》 ᠭᠡᠳᠡᠭ ᠶᠠᠭ ᠮᠤᠤᠲ᠋ᠠᠢ᠎ᠶ᠋ᠢᠨ ᠠᠮᠢᠳᠤᠷᠠᠯ᠎ᠤᠨ ᠠᠮᠢᠳᠦ ᠵᠦᠢᠷᠯᠡᠯ ᠪᠤᠯᠵᠠᠢ᠃ ᠴᠢ ᠯᠢᠶᠠᠨ ᠱᠠᠨ ᠠᠭᠤᠯᠠᠨ᠎ᠳᠤ ᠬᠦᠷᠴᠦ᠍ ᠦᠷᠦᠮᠳᠡᠭ᠌ᠰᠡᠨ ᠬᠤᠳᠳᠤᠭ᠎ᠨᠢ ᠮᠠᠰᠢ ᠠᠮᠵᠢᠯᠳᠠ᠎ᠲᠠᠢ ᠪᠤᠯᠵᠦ᠍᠂ ᠵᠢᠯ ᠭᠠᠷᠤᠢ᠎ᠶ᠋ᠢᠨ ᠬᠤᠭᠤᠴᠠᠭᠠᠨ᠎ᠳᠤ ᠲᠡᠷᠡ ᠥᠷᠢ ᠱᠢᠷᠢ᠎ᠠᠴᠠ᠎ᠪᠠᠨ ᠰᠠᠯᠤᠭ᠍ᠰᠠᠨ ᠪᠦᠭᠡᠳ ᠪᠠᠰᠠ ᠴᠦᠩᠬᠦ᠌᠎ᠪᠠᠨ ᠳᠦᠬᠦᠷᠭᠡᠵᠦ᠍ ᠪᠤᠴᠠᠵᠦ᠍ ᠢᠷᠡᠵᠠᠢ᠃
    — ᠮᠠᠨ᠎ᠤ ᠬᠤᠶᠠᠭᠤᠯᠠ᠎ᠶ᠋ᠢᠨ ᠠᠮᠢᠳᠤᠷᠠᠯ ᠡᠢᠮᠦ᠍ ᠬᠠᠲᠠᠭᠤᠵᠢᠯᠲᠠᠢ ᠪᠠᠢᠭ᠍ᠰᠠᠠ ᠴᠦ᠍ ᠪᠢ ᠠᠷᠤ ᠭᠡᠷ᠂ ᠦᠷ᠎ᠡ ᠬᠡᠤᠬᠡᠳ᠎ᠢᠶᠠᠨ ᠰᠠᠢᠬᠠᠨ ᠠᠰᠠᠷᠠᠨ ᠬᠠᠷᠠᠭᠠᠯᠵᠠᠵᠤ᠂ ᠨᠦᠬᠦᠷ᠎ᠢᠶᠠᠨ ᠨᠢᠭᠡᠯᠡ ᠰᠡᠳᠭᠢᠯ᠎ᠢᠶᠠᠷ ᠳᠡᠮᠵᠢᠵᠤ᠂ ᠠᠮᠢᠳᠤᠷᠠᠯ᠎ᠤᠨ ᠬᠠᠲᠠᠭᠤ ᠱᠢᠯᠭᠠᠯᠲᠠ᠎ᠶ᠋ᠢ ᠬᠠᠮᠲᠤ᠎ᠪᠠᠷ ᠲᠤᠭᠤᠯᠵᠤ᠂ ᠲᠡᠭᠦᠨ᠎ᠤ ᠠᠵᠢᠯ ᠦᠢᠯᠡᠰ᠎ᠤᠨ᠎ᠢᠶᠠᠨ ᠲᠦᠯᠦᠭᠡ ᠰᠠᠨᠠᠭ᠎ᠠ ᠠᠯᠭᠠᠰᠠᠯ ᠦᠭᠡᠢ ᠴᠢᠷᠮᠠᠢᠬᠤ᠎ᠳᠤ ᠠᠷᠤ ᠲᠥᠱᠢᠭ ᠪᠣᠯᠬᠤ᠎ᠪᠠᠷ ᠴᠢᠷᠮᠠᠢᠭ᠍ᠰᠠᠭᠠᠷ ᠢᠷᠡᠵᠡᠢ᠃ ᠮᠢᠨᠤ ᠨᠦᠬᠦᠷ ᠴᠤ᠌ ᠰᠡᠳᠭᠢᠯ᠎ᠢ ᠬᠦᠰᠡᠷᠳᠡᠬᠦᠯᠦᠭ᠌ᠰᠡᠨ ᠦᠭᠡᠢ᠂ 8 ᠰᠠᠷ᠎ᠠ᠎ᠶ᠋ᠢᠨ ᠳᠤᠳᠤᠷ᠎ᠠ 160 ᠳᠦᠮᠡᠨ ᠲᠦᠭᠦᠷᠢᠭ᠎ᠤᠨ ᠦᠷᠢ᠎ᠪᠠᠨ ᠳᠦᠯᠦᠵᠦ᠍ ᠳᠠᠭᠤᠰᠭᠠᠬ᠍ᠰᠠᠨ ᠪᠦᠭᠡᠳ ᠢᠷᠡᠬᠦ᠌᠎ᠳᠤ᠎ᠪᠠᠨ ᠪᠠᠰᠠ 《ᠬᠠᠳᠠᠭᠠᠯᠠᠮᠵᠢ᠎ᠲᠠᠢ》 ᠱᠢᠦ ᠭᠡᠵᠦ᠍ ᠮᠤᠤᠲ᠋ᠠᠢ᠎ᠶ᠋ᠢᠨ ᠡᠬᠡᠨᠡᠷ ᠤᠶᠠᠩᠭ᠎ᠠ ᠦᠩᠭᠡᠷᠡᠬᠦᠯᠦᠭ᠌ᠰᠡᠨ ᠠᠮᠢᠳᠤᠷᠠᠯ᠎ᠢᠶᠠᠨ ᠳᠤᠷᠠᠰᠤᠨ᠎ᠠ᠃
    2016 ᠣᠨ ᠪᠣᠯᠬᠤ᠎ᠳᠤ ᠮᠤᠤᠲ᠋ᠠᠢ ᠣᠣᠯ᠎ᠤᠨ ᠦᠷᠦᠮᠳᠡᠭᠦᠷ ᠮᠠᠱᠢᠨ᠎ᠤ᠎ᠪᠠᠨ ᠳᠡᠭᠡᠷ᠎ᠡ 160 ᠲᠦᠮᠨᠨ ᠲᠦᠭᠦᠷᠢᠭ ᠵᠠᠷᠤᠴᠠᠭᠤᠯᠤᠨ ᠴᠢᠯᠠᠭᠤ᠎ᠲᠠᠢ ᠭᠠᠵᠠᠷ ᠬᠤᠳᠳᠤᠭ ᠮᠠᠯᠲᠠᠬᠤ ᠭᠠᠳᠠᠭᠠᠳᠦ᠎ᠶ᠋ᠢᠨ ᠦᠷᠦᠮᠳᠡᠭᠦᠷ ᠮᠠᠱᠢᠨ ᠠᠪᠴᠤ᠌᠂ ᠬᠤᠳᠳᠤᠭ ᠮᠠᠯᠲᠠᠬᠤ ᠲᠠᠯ᠎ᠠ᠎ᠪᠠᠷ ᠨᠣᠲᠤᠭ ᠣᠷᠣᠨ᠎ᠳᠤ᠎ᠪᠠᠨ ᠮᠡᠷᠭᠡᠵᠢᠯᠳᠠᠨ ᠪᠣᠯᠵᠤ᠂ ᠪᠠᠶᠠᠨᠨᠠᠭᠤᠷ ᠬᠤᠲᠠ᠂ ᠠᠯᠠᠱᠠ ᠠᠢᠮᠠᠭ᠎ᠢᠶᠠᠷ ᠬᠤᠶᠠᠷ ᠮᠠᠱᠢᠨ᠎ᠢᠶᠠᠨ ᠡᠳᠦᠷ ᠦᠨᠵᠢᠭᠦᠯ ᠦᠭᠡᠢ ᠠᠵᠢᠯᠯᠠᠭᠤᠯᠵᠤ᠂ ᠠᠷᠪᠠᠭᠠᠳ ᠵᠠᠯᠠᠭᠤ ᠮᠠᠯᠴᠢᠨ᠎ᠢᠶᠠᠨ ᠳᠠᠭᠠᠭᠤᠯᠤᠨ ᠬᠤᠳᠳᠤᠭ ᠦᠷᠦᠮᠳᠡᠬᠦ᠌ ᠠᠵᠢᠯ᠎ᠳᠤ᠎ᠪᠠᠨ ᠱᠢᠭᠤᠷᠬᠠᠢᠯᠠᠵᠦ᠍ ᠪᠠᠢᠨ᠎ᠠ᠃ ᠵᠢᠯ᠎ᠤᠨ ᠴᠡᠪᠡᠷ ᠣᠷᠣᠯᠭ᠎ᠠ 100 ᠲᠦᠮᠡᠨ ᠲᠦᠭᠦᠷᠢᠭ᠎ᠢ ᠳᠡᠪᠠᠵᠤ᠂ ᠨᠤᠲᠤᠭ ᠤᠰᠤᠨ᠎ᠤ᠎ᠪᠠᠨ ᠮᠠᠯᠴᠢᠳ᠎ᠲᠤ ᠮᠠᠯᠵᠢᠯ᠎ᠠᠴᠠ ᠪᠤᠰᠤ ᠮᠡᠷᠭᠡᠵᠢᠯ ᠰᠤᠷᠭᠠᠭ᠍ᠰᠠᠨ ᠮᠤᠤᠲ᠋ᠠᠢ ᠤᠯᠤᠭ᠍ᠰᠠᠨ ᠮᠦᠩᠬᠦ᠌᠎ᠪᠠᠨ ᠵᠠᠷᠤᠭᠠᠳ ᠰᠡᠳᠭᠢᠯ ᠬᠠᠨᠤᠵᠤ ᠰᠠᠭᠤᠭ᠍ᠰᠠᠨ ᠦᠭᠡᠢ᠂ ᠬᠠᠷᠢᠨ ᠨᠡᠩ ᠠᠯᠤᠰ ᠭᠡᠳᠦ᠎ᠶ᠋ᠢᠨ ᠳᠦᠯᠦᠪᠯᠡᠭᠡ᠎ᠲᠠᠢ ᠪᠠᠢᠯ᠎ᠠ᠃
    — ᠣᠳᠣᠬᠠᠨ᠎ᠳᠤ 200 ᠲᠦᠮᠡᠨ ᠲᠦᠭᠦᠷᠢᠭ ᠵᠠᠷᠤᠴᠠᠭᠤᠯᠤᠨ ᠰᠦᠷᠴᠢᠨ ᠤᠰᠤᠯᠠᠬᠤ ᠲᠦᠬᠦᠭᠡᠷᠥᠮᠵᠢ ᠤᠭ᠍ᠰᠠᠷᠠᠵᠤ᠂ ᠨᠣᠲᠤᠭ ᠪᠡᠯᠴᠢᠭᠡᠷ᠎ᠢᠶᠠᠨ ᠤᠰᠤᠯᠠᠵᠤ᠂ ᠨᠣᠲᠤᠭ᠎ᠤᠨ ᠲᠦᠮᠡᠨ᠎ᠳᠤ᠎ᠪᠠᠨ ᠳᠡᠮᠵᠢᠯᠭᠡ ᠦᠵᠡᠭᠦᠯᠬᠦ᠌᠎ᠪᠠᠷ ᠲᠦᠰᠦᠪᠯᠡᠵᠦ᠍ ᠪᠤᠢ᠂ ᠪᠡᠯᠡᠳᠭᠡᠯ ᠠᠵᠢᠯ᠎ᠢᠶᠠᠨ ᠨᠢᠭᠡᠨᠲᠡ ᠡᠬᠢᠯᠡᠭᠦᠯᠵᠡᠢ᠃ ᠬᠤᠵᠢᠮ ᠬᠤᠢᠱᠢᠲᠠ ᠵᠤᠭᠤᠰ ᠮᠦᠩᠭᠦ᠌ ᠬᠡᠳᠦᠢ ᠶᠡᠭᠡ ᠣᠯᠣᠭ᠍ᠰᠠᠨ ᠴᠦ᠍ ᠮᠦᠨ ᠡᠨᠡ ᠨᠣᠲᠤᠭ᠎ᠲᠤ᠎ᠪᠠᠨ᠂ ᠨᠣᠲᠤᠭ᠎ᠤᠨ ᠲᠦᠮᠡᠨ᠎ᠳᠤ᠎ᠪᠠᠨ ᠵᠠᠷᠤᠴᠠᠭᠤᠯᠤᠨ᠎ᠠ ᠭᠡᠵᠦ᠍ ᠠᠷᠢᠭᠤᠨᠬᠦᠦ ᠦᠷᠦᠮᠳᠡᠭᠦᠷ ᠬᠤᠳᠳᠤᠭ᠎ᠤᠨ᠎ᠢᠶᠠᠨ ᠡᠮᠦᠨ᠎ᠡ ᠵᠣᠭ᠍ᠰᠤᠭᠠᠳ ᠨᠣᠲᠤᠭ᠎ᠢᠶᠠᠨ ᠪᠠᠷᠠᠯᠠᠨ ᠶᠠᠷᠢᠨ᠎ᠠ᠃



ᠣᠷᠴᠢᠭᠤᠯᠤᠭ᠍ᠴᠢ᠄
ᠨᠠᠢᠷᠠᠭᠤᠯᠤᠭ᠍ᠴᠢ᠄ ᠰᠠᠴᠣᠷᠠ
ᠲᠤᠮᠳᠠᠳᠤ ᠤᠯᠤᠰ᠎ᠤᠨ ᠮᠤᠩᠭᠤᠯ ᠬᠡᠯᠡᠡ᠎ᠤ ᠰᠤᠨᠢᠠ ᠮᠠᠳᠡᠭᠡ᠎ᠶ᠋ᠢᠨ ᠰᠦᠯᠵᠢᠶ᠎ᠠ
ᠢᠷᠡᠯᠲᠡ᠄
ᠬᠤᠪᠢᠶᠠᠯᠴᠠᠬᠤ᠄
ᠬᠠᠮᠢᠶ᠎ᠡ ᠪᠦᠬᠦᠢ ᠰᠣᠨᠢᠨ

2008-2023 © ᠳᠤᠮᠳᠠᠳᠤ ᠤᠯᠤᠰ᠎ᠤᠨ ᠮᠤᠩᠭᠤᠯ ᠬᠡᠯᠡᠨ᠎ᠤ ᠰᠤᠨᠢᠨ ᠮᠡᠳᠡᠭᠡᠨ᠎ᠤ ᠰᠦᠯᠵᠢᠶ᠎ᠡ ᠦᠮᠴᠢᠯᠡᠯ᠎ᠤᠨ ᠡᠷᠬᠡ᠎ᠲᠠᠢ

ᠵᠤᠬᠢᠶᠠᠭᠴᠢ᠎ᠶᠢᠨ ᠡᠷᠬᠡ ᠬᠠᠤᠯᠢ᠎ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ᠎ᠪᠠᠷ ᠬᠠᠭᠤᠯᠪᠤᠷᠢᠯᠠᠬᠤ᠎ᠶᠢ ᠬᠠᠲᠠᠭᠤ ᠬᠤᠷᠢᠭᠯᠠᠨ᠎ᠠ

ᠬᠠᠷᠢᠯᠴᠠᠬᠤ ᠤᠲᠠᠰᠤ᠄0471-6635435

ᠢᠮᠧᠯ᠄tn@mgyxw.net   蒙ICP备10000005号