ᠱᠢᠯᠢ᠎ᠶ᠋ᠢᠨ ᠭᠤᠤᠯ ᠠᠢᠮᠠᠭ᠎ᠤᠨ 2.24 ᠳ᠋ᠦᠡᠭ᠌ᠰᠢᠭᠤᠷ ᠮᠦ᠍ ᠪᠡᠯᠴᠢᠭᠡᠷ 《ᠴᠠᠯᠢᠩ᠎ᠲᠠᠢ ᠠᠮᠠᠷᠠᠯᠳᠠ》 ᠎ᠳᠤ ᠤᠷᠤᠯ᠎ᠠ
2020-04-12 11:35:43
ᠵᠣᠬᠢᠶᠠᠭ᠍ᠴᠢ᠄
ᠪᠢᠯᠢᠭ᠌ᠪᠡᠭᠠᠳᠤᠷ
ᠣᠩᠱᠢᠭ᠍ᠰᠠᠨ ᠣᠳᠠᠭ᠎ᠠ᠄
★★★☆☆

      ᠡᠪᠦᠯ᠎ᠤᠨ ᠴᠠᠰᠤ ᠬᠠᠭ᠍ᠳᠠᠷᠠᠵᠤ ᠬᠠᠪᠤᠷ᠎ᠤᠨ ᠬᠠᠭ᠍ᠳᠠ ᠨᠢᠳᠤᠯᠡᠭ᠌ᠰᠡᠨ ᠡᠰᠡᠨᠢᠯᠳᠤ ᠰᠠᠢᠬᠠᠨ ᠡᠷᠢᠨ᠎ᠳᠤ ᠱᠢᠯᠢ᠎ᠶ᠋ᠢᠨ ᠭᠤᠤᠯ ᠠᠢᠮᠠᠭ ᠦᠨᠢᠷ ᠰᠦᠷᠦᠭ᠎ᠤᠨ᠎ᠢᠶᠠᠨ ᠱᠢᠮᠡᠳᠤ ᠪᠡᠯᠴᠢᠭᠡᠷ ᠬᠦᠳᠡᠯᠮᠦᠷᠢᠴᠢ ᠮᠠᠯᠴᠢᠳ᠎ᠤᠨ᠎ᠢᠶᠠᠨ ᠠᠮᠢᠨ ᠲᠦᠱᠢᠭ ᠪᠤᠯᠤᠭ᠍ᠰᠠᠨ ᠨᠤᠲᠤᠭ ᠪᠡᠯᠴᠢᠭᠡᠷ᠎ᠤᠨ ᠬᠠᠪᠤᠷ᠎ᠤᠨ ᠤᠯᠠᠷᠢᠯ᠎ᠤᠨ ᠪᠡᠯᠴᠢᠭᠡᠷ ᠰᠡᠷᠭᠦᠭᠡᠬᠦ᠌ ᠠᠵᠢᠯ᠎ᠢ ᠪᠦᠬᠦ᠌ ᠲᠠᠯ᠎ᠠ᠎ᠪᠠᠷ ᠦᠷᠨᠢᠭᠦᠯᠵᠦ᠍ ᠡᠬᠢᠯᠡᠭᠡᠳ᠂ 4 ᠰᠠᠷ᠎ᠠ᠎ᠶ᠋ᠢᠨ 10 ᠎ᠤ ᠡᠳᠦᠷ᠎ᠠᠴᠠ ᠡᠬᠢᠯᠡᠨ ᠪᠦᠬᠦ᠌ ᠠᠢᠮᠠᠭ᠎ᠤᠨ ᠬᠡᠪᠴᠢᠶᠡᠨ᠎ᠤ 2.24 ᠳ᠋ᠦᠡᠭ᠌ᠰᠢᠭᠤᠷ ᠮᠦ᠍ ᠪᠡᠯᠴᠢᠭᠡᠷ᠎ᠲᠡᠭᠡᠨ 《ᠴᠠᠯᠢᠩ᠎ᠲᠠᠢ ᠠᠮᠠᠷᠠᠯᠳᠠ》 ᠲᠠᠯᠪᠢᠯ᠎ᠠ᠃
      ᠱᠢᠯᠤᠭᠤᠨ ᠬᠦᠬᠡ ᠬᠤᠱᠢᠭᠤᠨ᠎ᠤ ᠨᠠᠷᠠᠳᠤ ᠰᠤᠮᠤᠨ᠎ᠤ ᠤᠯᠠᠭᠠᠨᠳᠠᠢ ᠭᠠᠴᠠᠭᠠᠨ᠎ᠤ ᠮᠠᠯᠴᠢᠨ ᠵᠢᠶᠠ ᡁᠢ ᠭᠠᠨᠭ᠌᠎ᠤᠨ᠎ᠬᠢᠨ 1600 ᠭᠠᠷᠤᠢ ᠮᠦ᠍ ᠪᠡᠯᠴᠢᠭᠡᠷ ᠲᠡᠭᠡᠷ᠎ᠡ᠎ᠪᠠᠨ 100 ᠭᠠᠷᠤᠢ ᠦᠭᠡᠷ ᠮᠠᠯᠵᠢᠵᠤ᠂ ᠬᠠᠪᠤᠷ ᠪᠤᠯᠭᠠᠨ ᠡᠪᠡᠰᠤ ᠪᠤᠷᠳᠤᠭ᠎ᠠ᠎ᠪᠠᠨ ᠠᠬᠢᠭᠤᠬᠠᠨ ᠨᠦᠭᠡᠴᠡᠯᠡᠳᠡᠭ ᠵᠤᠷᠱᠢᠯ᠎ᠲᠠᠢ᠃ ᠡᠨᠡ ᠵᠢᠯ ᠲᠡᠲᠡᠨ᠎ᠤ᠎ᠬᠢᠨ ᠮᠦᠨ ᠪᠡᠯᠴᠢᠭᠡᠷ ᠰᠡᠷᠭᠦᠭᠡᠬᠦ᠌ ᠬᠤᠭᠤᠴᠠᠭᠠᠨ᠎ᠳᠠᠬᠢ ᠡᠪᠡᠰᠤ ᠪᠤᠷᠳᠤᠭ᠎ᠠ᠎ᠪᠠᠨ ᠡᠷᠳᠡ᠎ᠠᠴᠠ ᠨᠦᠭᠡᠴᠡᠯᠡᠵᠦ᠍᠂ ᠲᠦᠷᠪᠡᠳᠤᠭᠡᠷ ᠰᠠᠷ᠎ᠠ᠎ᠶ᠋ᠢᠨ ᠡᠬᠢᠨ ᠪᠤᠯᠳᠠᠯ᠎ᠠ 15 ᠲᠤᠨ ᠨᠠᠷᠢᠯᠢᠭ ᠪᠤᠷᠳᠤᠭ᠎ᠠ ᠬᠦᠮᠦᠷᠭᠡᠯᠡᠵᠤ᠂ ᠪᠡᠯᠡᠳᠭᠡᠯ ᠠᠵᠢᠯ᠎ᠢᠶᠠᠨ ᠶᠠᠪ ᠴᠠᠪ ᠠᠮᠵᠢᠭᠤᠯᠴᠢᠬᠠᠭᠠᠳ ᠰᠠᠭᠤᠨ᠎ᠠ᠃ ᠮᠠᠯᠴᠢᠨ ᠵᠢᠶᠠ ᡁᠢ ᠭᠠᠨᠭ᠍᠄ 《ᠨᠢᠳᠤᠨᠤᠨ ᠡᠪᠦᠯ ᠴᠠᠰᠤ ᠶᠡᠬᠡᠳᠡᠢ ᠪᠤᠯᠬᠤᠷ ᠡᠨᠡ ᠬᠠᠪᠤᠷ ᠴᠢᠭᠢᠭ ᠰᠠᠢᠳᠠᠢ ᠪᠤᠯᠵᠤ᠂ ᠲᠡᠭᠡᠷ᠎ᠡ᠎ᠨᠢ ᠬᠠᠪᠤᠷ᠎ᠤᠨ ᠤᠯᠠᠷᠢᠯ᠎ᠤᠨ ᠪᠡᠯᠴᠢᠭᠡᠷ ᠰᠡᠷᠭᠦᠭᠡᠬᠦ᠌ ᠠᠵᠢᠯ᠎ᠢ ᠰᠠᠢᠨ ᠬᠢᠴᠢᠭᠡᠬᠦ᠌ ᠶᠤᠮ ᠪᠤᠯ ᠨᠤᠲᠤᠭ ᠪᠡᠯᠴᠢᠭᠡᠷ ᠲᠤᠤᠷᠠᠬᠠᠨ᠎ᠢᠶᠠᠨ ᠰᠡᠷᠭᠦᠭᠡᠳ ᠠᠮᠢ ᠠᠬᠤᠢ ᠰᠠᠢᠵᠢᠷᠠᠴᠢᠬᠠᠨ᠎ᠠ᠃ ᠪᠢᠳᠡ ᠯᠠᠪᠳᠠᠢ ᠡᠢᠮᠤ ᠠᠷᠠᠳ᠎ᠲᠤ ᠠᠱᠢᠬ᠍ᠲᠠᠢ ᠤᠯᠤᠰ᠎ᠲᠤ ᠲᠤᠰᠠᠲᠠᠢ ᠲᠦᠷᠦ᠎ᠶ᠋ᠢᠨ ᠪᠤᠳᠤᠯᠭ᠎ᠠ ᠲᠦᠷᠢᠮ ᠲᠤᠭ᠍ᠳᠠᠭᠠᠯ᠎ᠢ ᠬᠢᠴᠢᠶᠡᠨ ᠵᠢᠷᠤᠮᠯᠠᠨ᠎ᠠ》 ᠭᠡᠵᠦ᠍ ᠰᠤᠷᠪᠤᠯᠵᠢᠯᠠᠭ᠍ᠴᠢ᠎ᠳᠤ ᠶᠠᠷᠢᠨ᠎ᠠ᠃
      ᠱᠢᠯᠤᠭᠤᠨ ᠬᠦᠬᠡ ᠬᠤᠱᠢᠭᠤ ᠪᠤᠯ ᠤᠢ᠍ᠢᠷ᠎ᠠ᠎ᠶ᠋ᠢᠨ ᠵᠢᠯ᠎ᠳᠤ ᠱᠢᠯᠢ᠎ᠶ᠋ᠢᠨ ᠭᠤᠤᠯ ᠠᠢᠮᠠᠭ᠎ᠤᠨ 《ᠬᠤᠨᠢ᠎ᠶ᠋ᠢ ᠴᠦᠭᠡᠳᠭᠡᠵᠦ᠍ ᠦᠭᠡᠷ᠎ᠢ ᠨᠡᠮᠡᠭ᠌ᠳᠡᠭᠦᠯᠬᠦ᠌》 ᠪᠠᠢᠯᠳᠤᠬᠤ ᠪᠤᠳᠤᠯᠭ᠎ᠠ᠎ᠶ᠋ᠢ ᠬᠡᠷᠡᠭ᠌ᠵᠢᠭᠦᠯᠦᠭ᠌ᠰᠡᠨ ᠵᠢᠱ᠌ᠢᠶᠡᠴᠢ ᠬᠤᠱᠢᠭᠤ ᠱᠢᠶᠠᠨ᠎ᠤ ᠨᠢᠭᠡ ᠪᠠᠢᠵᠤ᠂ ᠨᠡᠩ ᠴᠤ᠌ ᠬᠠᠪᠤᠷ᠎ᠤᠨ ᠬᠤᠭᠤᠴᠠᠭᠠᠨ᠎ᠤ ᠪᠡᠯᠴᠢᠭᠡᠷ ᠰᠡᠷᠭᠦᠭᠡᠬᠦ᠌ ᠠᠵᠢᠯ᠎ᠢ ᠵᠢᠯ ᠲᠠᠷᠠᠭᠠᠯᠠᠨ ᠰᠠᠢᠨ ᠭᠢᠭᠡᠳ ᠠᠮᠢ ᠠᠬᠤᠢ᠎ᠶ᠋ᠢᠨ ᠦᠷ᠎ᠡ ᠠᠱᠢᠬ᠎ᠢ ᠬᠦᠷᠳᠡᠭ᠌ᠰᠡᠨ ᠭᠠᠵᠠᠷ ᠤᠷᠤᠨ ᠪᠤᠯᠬᠤ ᠶᠤᠮ᠃ ᠡᠨᠡ ᠵᠢᠯ ᠲᠤᠰ ᠬᠤᠱᠢᠭᠤ 4 ᠰᠠᠷ᠎ᠠ᠎ᠶ᠋ᠢᠨ 10 ᠎ᠠᠴᠠ 5 ᠰᠠᠷ᠎ᠠ᠎ᠶ᠋ᠢᠨ 10 ᠎ᠤ ᠡᠳᠦᠷ ᠪᠤᠯᠳᠠᠯ᠎ᠠ ᠪᠦᠲᠦᠨ ᠰᠠᠷ᠎ᠠ᠎ᠶ᠋ᠢᠨ ᠬᠤᠭᠤᠴᠠᠭᠠᠨ᠎ᠳᠤ 860 ᠲᠦᠮᠡ ᠭᠠᠷᠤᠢ ᠮᠦ᠍ ᠨᠤᠲᠤᠭ᠎ᠲᠠᠭᠠᠨ ᠪᠡᠯᠴᠢᠭᠡᠷ ᠰᠡᠷᠭᠦᠭᠡᠭᠦ᠎ᠶ᠋ᠢ ᠬᠡᠷᠡᠭ᠌ᠵᠢᠭᠦᠯᠬᠦ᠌ ᠪᠤᠯᠵᠤ᠂ ᠡᠨᠡ ᠬᠤᠭᠤᠴᠠᠭᠠᠨ᠎ᠳᠤ ᠮᠠᠯ ᠰᠦᠷᠦᠭ᠎ᠢᠶᠠᠨ ᠪᠡᠯᠴᠢᠭᠡᠷ᠎ᠲᠤ ᠮᠠᠯᠵᠢᠬᠤ᠎ᠶ᠋ᠢ ᠴᠢᠩᠳᠠᠯᠠᠨ ᠬᠤᠷᠢᠬ᠍ᠯᠠᠵᠤ᠂ ᠬᠠᠪᠤᠷ᠎ᠤᠨ ᠬᠤᠭᠤᠴᠠᠭᠠᠨ᠎ᠳᠠᠬᠢ ᠪᠡᠯᠴᠢᠭᠡᠷ ᠡᠪᠡᠰᠤᠨ᠎ᠤ ᠤᠷᠭᠤᠯᠳᠠ᠎ᠶ᠋ᠢ ᠭᠦᠢᠴᠡᠳ ᠪᠠᠳᠤᠯᠠᠬᠤ᠎ᠪᠠᠷ ᠲᠦᠯᠦᠪᠯᠡᠵᠦ᠍ ᠪᠤᠢ᠃ ᠪᠡᠯᠴᠢᠭᠡᠷ ᠰᠡᠷᠭᠦᠭᠡᠬᠦ᠌ ᠬᠤᠭᠤᠴᠠᠭᠠᠨ᠎ᠳᠠᠬᠢ ᠬᠠᠮᠢᠶ᠎ᠠ ᠪᠦᠬᠦᠢ ᠲᠤᠭ᠍ᠳᠠᠭᠠᠯ᠎ᠤᠨ ᠲᠤᠬᠠᠢ ᠰᠤᠷᠪᠤᠯᠵᠢᠯᠠᠭ᠎ᠠ ᠬᠦᠯᠢᠶᠡᠭ᠌ᠰᠡᠨ ᠱᠢᠯᠤᠭᠤᠨ ᠬᠦᠬᠡ ᠬᠤᠱᠢᠭᠤᠨ᠎ᠤ ᠲᠠᠯ᠎ᠠ ᠨᠤᠲᠤᠭ᠎ᠤᠨ ᠠᠮᠢ ᠠᠬᠤᠢ᠎ᠶ᠋ᠢᠨ ᠬᠠᠤᠯᠢ ᠬᠡᠷᠡᠭ᠌ᠵᠢᠭᠦᠯᠬᠦ᠌ ᠶᠡᠭᠡ ᠠᠩᠭᠢ᠎ᠶ᠋ᠢᠨ ᠠᠵᠢᠯᠳᠠᠨ ᠼᠤᠤ ᠶᠦᠡᠭ ᠭᠦᠢ᠄ 《ᠪᠡᠯᠴᠢᠭᠡᠷ ᠰᠡᠷᠭᠦᠭᠡᠬᠦ᠌ ᠬᠤᠭᠤᠴᠠᠭᠠᠨ᠎ᠳᠤ ᠨᠤᠲᠤᠭ ᠪᠡᠯᠴᠢᠭᠡᠷ᠎ᠤᠨ ᠨᠦᠬᠦᠪᠦᠷᠢ ᠤᠯᠭᠤᠬᠤ ᠪᠦᠭᠡᠳ ᠬᠠᠤᠯᠢ ᠬᠡᠷᠡᠭ᠌ᠵᠢᠭᠦᠯᠬᠦ᠌ ᠠᠩᠭᠢ ᠴᠢᠩᠭ᠎ᠠ ᠬᠢᠨᠠᠵᠤ᠂ ᠲᠤᠭ᠍ᠳᠠᠭᠠᠯ᠎ᠢ ᠵᠦᠷᠢᠴᠡᠭ᠌ᠰᠡᠳ᠎ᠲᠤ ᠬᠠᠷᠠᠭᠠᠯᠵᠠᠭ᠍ᠰᠠᠨ ᠲᠤᠷᠭᠠᠭᠤᠯᠢ ᠦᠭ᠌ᠴᠤ᠂ ᠲᠦᠷᠢᠮ ᠲᠤᠭ᠍ᠳᠠᠭᠠᠯ᠎ᠤᠨ ᠲᠦᠪ ᠴᠢᠩᠭ᠎ᠠ᠂ ᠭᠤᠤᠯᠴᠢ ᠱᠢᠳᠤᠷᠭᠤ ᠬᠡᠷᠡᠭ᠌ᠵᠢᠭᠦᠯᠬᠦ᠌᠎ᠶ᠋ᠢ ᠪᠠᠳᠤᠯᠠᠨ᠎ᠠ》 ᠭᠡᠵᠦ᠍ ᠲᠠᠨᠢᠯᠴᠠᠭᠤᠯᠤᠯ᠎ᠠ᠃
      ᠱᠢᠯᠢ᠎ᠶ᠋ᠢᠨ ᠭᠤᠤᠯ ᠠᠢᠮᠠᠭ ᠡᠨᠡ ᠵᠢᠯ ᠪᠦᠬᠦ᠌ ᠠᠢᠮᠠᠭ᠎ᠤᠨ ᠠᠱᠢᠬ᠍ᠯᠠᠵᠤ ᠪᠤᠯᠬᠤᠢ᠍ᠢᠴᠠ ᠨᠤᠲᠤᠭ ᠪᠡᠯᠴᠢᠭᠡᠷ᠎ᠤᠨ ᠪᠠᠷᠤᠭ 80% ᠎ᠶ᠋ᠢ ᠡᠵᠡᠯᠡᠬᠦ᠌ 2.24 ᠳ᠋ᠦᠡᠭ᠌ᠰᠢᠭᠤᠷ ᠮᠦ᠍ ᠪᠡᠯᠴᠢᠭᠡᠷ᠎ᠲᠤ ᠬᠠᠪᠤᠷ᠎ᠤᠨ ᠤᠯᠠᠷᠢᠯ᠎ᠤᠨ ᠪᠡᠯᠴᠢᠭᠡᠷ ᠰᠡᠷᠭᠦᠭᠡᠬᠦ᠌᠎ᠶ᠋ᠢ ᠬᠡᠷᠡᠭ᠌ᠵᠢᠭᠦᠯᠦᠨ᠎ᠡ᠃ ᠡᠭᠦᠨ᠎ᠳᠤ ᠡᠯ᠎ᠠ ᠬᠤᠱᠢᠭᠤ ᠱᠢᠶᠠᠨ (ᠬᠤᠳᠠ᠂ ᠲᠤᠭᠤᠷᠢᠭ) ᠲᠤᠬᠠᠢ᠎ᠶ᠋ᠢᠨ ᠭᠠᠵᠠᠷ᠎ᠤᠨ ᠨᠦᠬᠦᠴᠡᠯ ᠪᠠᠢᠳᠠᠯ᠎ᠢᠶᠠᠨ ᠦᠨᠳᠦᠰᠤᠯᠡᠵᠦ᠍᠂ ᠶᠡᠷᠦᠩᠬᠡᠢ ᠲᠡᠭᠡᠷ᠎ᠡ᠎ᠪᠠᠨ 4 ᠰᠠᠷ᠎ᠠ᠎ᠶ᠋ᠢᠨ 10 ᠎ᠠᠴᠠ 5 ᠰᠠᠷ᠎ᠠ᠎ᠶ᠋ᠢᠨ ᠲᠤᠮᠳᠠᠴᠢ ᠰᠡᠭᠦᠯᠴᠢ ᠪᠤᠯᠳᠠᠯ᠎ᠠ ᠨᠠᠭᠠᠳᠤ ᠵᠠᠬ᠎ᠠ᠎ᠳᠠᠭᠠᠨ 30 ᠡᠳᠦᠷ᠎ᠠᠴᠠ ᠲᠡᠭᠡᠭ᠌ᠰᠢ ᠬᠤᠭᠤᠴᠠᠭ᠎ᠠ᠎ᠲᠠᠢ ᠪᠡᠯᠴᠢᠭᠡᠷ ᠰᠡᠷᠭᠦᠭᠡᠨ᠎ᠠ᠂ ᠡᠭᠦᠨ᠎ᠳᠤ ᠮᠠᠯᠵᠢᠬᠤ ᠡᠷᠦᠬᠡ᠎ᠶ᠋ᠢᠨ ᠪᠡᠯᠴᠢᠭᠡᠷ ᠰᠡᠷᠭᠦᠭᠡᠭ᠌ᠰᠡᠨ ᠪᠡᠯᠴᠢᠭᠡᠷ᠎ᠤᠨ ᠲᠠᠯᠠᠪᠠᠢ᠎ᠶ᠋ᠢ ᠦᠨᠳᠦᠰᠦᠯᠡᠨ ᠪᠠᠷᠢᠮᠵᠢᠶ᠎ᠠ᠎ᠪᠠᠷ ᠰᠠᠷ᠎ᠠ ᠪᠦᠷᠢ ᠮᠦ᠍ ᠪᠦᠷᠢ᠎ᠳᠤ 0.75 ᠲᠦᠭᠦᠷᠢᠭ᠎ᠤᠨ ᠨᠦᠬᠦᠪᠦᠷᠢ ᠤᠯᠭᠤᠵᠤ᠂ ᠤᠳᠤᠬᠠᠨ᠎ᠳᠤ ᠠᠩᠬ᠎ᠠ ᠠᠯᠬᠤᠮ ᠲᠤᠭᠠᠴᠢᠯᠠᠭ᠍ᠰᠠᠨ᠎ᠢᠶᠠᠷ ᠨᠡᠢᠳᠡ ᠪᠠᠷᠤᠭ 1.6 ᠳ᠋ᠦᠡᠭ᠌ᠰᠢᠭᠤᠷ ᠲᠦᠭᠦᠷᠢᠭ᠎ᠤᠨ ᠪᠡᠯᠡ ᠵᠠᠷᠤᠴᠠᠭᠤᠯᠬᠤ᠎ᠪᠠᠷ ᠲᠦᠯᠦᠪᠯᠡᠭᠡᠳ ᠪᠤᠢ᠃ ᠡᠭᠦᠨ᠎ᠠᠴᠠ ᠭᠠᠳᠠᠨ᠎ᠠ᠂ ᠡᠨᠡ ᠬᠠᠪᠤᠷ ᠲᠤᠰ ᠠᠢᠮᠠᠭ᠎ᠤᠨ ᠵᠠᠰᠠᠭ᠎ᠤᠨ ᠤᠷᠳᠤᠨ᠎ᠤ ᠬᠠᠮᠢᠶ᠎ᠠ ᠪᠦᠬᠦᠢ ᠪᠠᠢᠭᠤᠯᠭ᠎ᠠ ᠨᠢᠭᠡᠴᠢ᠂ ᠬᠤᠪᠢ ᠡᠷᠦᠬᠡ᠎ᠶ᠋ᠢᠨ ᠦᠪᠡᠷᠰᠡᠳ᠎ᠢᠶᠠᠨ ᠪᠡᠯᠡᠳᠭᠡᠭ᠌ᠰᠡᠨ ᠪᠡᠯᠴᠢᠭᠡᠷ ᠰᠡᠷᠭᠦᠭᠡᠬᠦ᠌ ᠬᠤᠭᠤᠴᠠᠭᠠᠨ᠎ᠤ ᠡᠪᠡᠰᠤ ᠪᠤᠷᠳᠤᠭᠠᠨ᠎ᠤ ᠶᠡᠷᠦᠩᠬᠡᠢ ᠨᠦᠭᠡᠴᠡ 9.84 ᠳ᠋ᠦᠡᠭ᠌ᠰᠢᠭᠤᠷ ᠺᠢᠯᠤᠭ᠌ᠷᠠᠮ᠎ᠳᠤ ᠬᠦᠷᠴᠤ᠌᠂ ᠪᠡᠯᠴᠢᠭᠡᠷ ᠰᠡᠷᠭᠦᠭᠡᠬᠦ᠌ ᠬᠤᠭᠤᠴᠠᠭᠠᠨ᠎ᠤ ᠡᠪᠡᠰᠤ ᠪᠤᠷᠳᠤᠭᠠᠨ᠎ᠤ ᠨᠦᠭᠡᠴᠡ ᠭᠦᠢᠴᠡᠳ ᠪᠠᠢᠨ᠎ᠠ᠃
      2018 ᠤᠨ᠎ᠠᠴᠠ ᠨᠠᠭᠠᠰᠢ ᠱᠢᠯᠢ᠎ᠶ᠋ᠢᠨ ᠭᠤᠤᠯ ᠠᠢᠮᠠᠭ ᠮᠠᠨ᠎ᠤ ᠤᠷᠤᠨ᠎ᠳᠤ ᠬᠠᠮᠤᠭ ᠤᠷᠢᠳ᠎ᠢᠶᠠᠷ ᠬᠠᠪᠤᠷ᠎ᠤᠨ ᠤᠯᠠᠷᠢᠯ᠎ᠤᠨ ᠪᠡᠯᠴᠢᠭᠡᠷ ᠰᠡᠷᠭᠦᠭᠡᠬᠦ᠌ ᠲᠦᠷᠦ᠎ᠶ᠋ᠢᠨ ᠪᠤᠳᠤᠯᠭ᠎ᠠ᠎ᠶ᠋ᠢ ᠬᠡᠷᠡᠭ᠌ᠵᠢᠭᠦᠯᠵᠦ᠍᠂ ᠡᠨᠡ᠎ᠨᠢ ᠪᠦᠬᠦ᠌ ᠱᠢᠯᠢ᠎ᠶ᠋ᠢᠨ ᠭᠤᠤᠯ ᠠᠢᠮᠠᠭ᠎ᠤᠨ 86519 ᠡᠷᠦᠬᠡ᠎ᠶ᠋ᠢᠨ ᠠᠮᠢᠳᠤᠷᠠᠯ ᠦᠢᠯᠡᠳᠪᠦᠷᠢᠯᠡᠯ᠎ᠯᠦᠭᠡ ᠬᠤᠯᠪᠤᠭ᠍ᠳᠠᠵᠤ ᠪᠠᠢᠬᠤ ᠶᠤᠮ᠃ ᠤᠢ᠍ᠢᠷ᠎ᠠ᠎ᠶ᠋ᠢᠨ ᠬᠤᠶᠠᠷ ᠵᠢᠯ᠎ᠤᠨ ᠤᠯᠤᠰ᠎ᠤᠨ ᠠᠮᠢ ᠠᠬᠤᠢ ᠤᠷᠴᠢᠨ ᠲᠤᠭᠤᠷᠢᠨ᠎ᠤ ᠶᠠᠮᠤᠨ᠎ᠤ ᠪᠠᠢᠴᠠᠭᠠᠯᠳᠠ᠎ᠶ᠋ᠢᠨ ᠲᠤᠭ᠎ᠠ ᠪᠠᠷᠢᠮᠳᠠ᠎ᠶ᠋ᠢ ᠦᠨᠳᠦᠰᠦᠯᠡᠪᠡᠯ᠂ 2019 ᠤᠨ᠎ᠳᠤ ᠱᠢᠯᠢ᠎ᠶ᠋ᠢᠨ ᠭᠤᠤᠯ ᠠᠢᠮᠠᠭ᠎ᠤᠨ ᠪᠡᠯᠴᠢᠭᠡᠷ ᠡᠪᠡᠰᠤᠨ᠎ᠤ ᠤᠷᠭᠤᠴᠠ᠎ᠶ᠋ᠢᠨ ᠲᠤᠮᠳᠠᠴᠢ ᠦᠨᠳᠦᠷᠴᠡ 13.74 ᠰᠡᠨᠲ᠋ᠢᠮᠧᠳ᠋ᠷ ᠪᠠᠢᠵᠤ᠂ ᠪᠦᠷᠬᠦᠴᠡ᠎ᠶ᠋ᠢᠨ ᠨᠤᠷᠮ᠎ᠠ᠎ᠨᠢ ᠱᠢᠯᠢ᠎ᠶ᠋ᠢᠨ ᠭᠤᠤᠯ ᠠᠢᠮᠠᠭ᠎ᠤᠨ ᠨᠤᠳᠤᠭ ᠪᠡᠯᠴᠢᠭᠡᠷ᠎ᠤᠨ 36.78% ᠎ᠳᠤ ᠬᠦᠷᠴᠤ᠌᠂ ᠡᠨᠡ᠎ᠨᠢ 2018 ᠤᠨ᠎ᠤ ᠠᠳᠠᠯᠢ ᠬᠤᠭᠤᠴᠠᠭᠠᠨ᠎ᠤ᠎ᠬᠢ᠎ᠲᠠᠢ ᠠᠳᠠᠯᠢᠳᠭᠠᠪᠠᠯ ᠲᠤᠰᠪᠤᠷᠢ 2.74 ᠰᠡᠨᠲ᠋ᠢᠮᠧᠲᠷ ᠦᠨᠳᠦᠷ ᠪᠤᠯᠤᠭ᠍ᠰᠠᠨ ᠪᠤᠶᠤ 2.78% ᠎ᠪᠠᠷ ᠲᠡᠭᠡᠭ᠌ᠰᠢᠯᠡᠭ᠌ᠰᠡᠨ ᠪᠠᠢᠨ᠎ᠠ᠃
      ᠱᠢᠯᠢ᠎ᠶ᠋ᠢᠨ ᠭᠤᠤᠯ ᠠᠢᠮᠠᠭ ᠰᠢ᠎ᠶ᠋ᠢᠨ ᠫᠢᠩ᠎ᠤᠨ ᠠᠮᠢ ᠠᠬᠤᠢ᠎ᠶ᠋ᠢᠨ ᠪᠤᠯᠪᠠᠰᠤᠨ᠎ᠤ ᠦᠵᠡᠯ ᠰᠠᠨᠠᠭ᠎ᠠ᠎ᠶ᠋ᠢ ᠬᠦᠨᠵᠡᠭᠡᠢ ᠲᠤᠭᠤᠱᠢᠯᠠᠭᠤᠯᠵᠤ᠂ 《ᠬᠥᠬᠡᠮᠲᠥᠭ ᠨᠤᠭᠤᠭᠠᠨ ᠠᠭᠤᠯᠠ ᠤᠰᠤ ᠪᠤᠯ ᠠᠯᠳᠠ ᠮᠦᠡᠭ᠌ᠭᠦᠨ ᠠᠭᠤᠯᠠ ᠮᠥᠨ》 ᠭᠡᠬᠦ᠌ ᠤᠢ᠍ᠢᠯᠠᠭᠠᠭ᠍ᠳᠠᠬᠤᠨ᠎ᠢ ᠪᠠᠳᠤ ᠪᠤᠢ ᠪᠤᠯᠭᠠᠵᠤ᠂ ᠡᠷᠡᠰ ᠴᠢᠩᠭ᠎ᠠ ᠠᠷᠭ᠎ᠠ ᠬᠡᠮᠵᠢᠶ᠎ᠠ᠎ᠪᠠᠷ ᠲᠠᠯ᠎ᠠ ᠨᠤᠳᠤᠭ᠎ᠤᠨ ᠠᠮᠢ ᠠᠬᠤᠢ᠎ᠶ᠋ᠢ ᠬᠠᠮᠠᠭᠠᠯᠠᠵᠤ᠂ ᠠᠵᠤ ᠦᠢᠯᠡᠰ᠎ᠤᠨ ᠪᠠᠢᠷᠢᠯᠠᠭᠤᠯᠤᠯᠳᠠ᠎ᠶ᠋ᠢᠨ ᠲᠤᠬᠢᠷᠠᠭᠤᠯᠤᠯᠳᠠ ᠪᠤᠯᠤᠨ ᠬᠡᠯᠪᠡᠷᠢ᠎ᠪᠠᠨ ᠦᠭᠡᠷᠡᠴᠢᠯᠡᠨ ᠲᠡᠰ ᠲᠡᠪᠱᠢᠭᠦᠯᠬᠦ᠌᠎ᠶ᠋ᠢ ᠲᠦᠷᠭᠡᠳᠭᠡᠨ᠂ ᠪᠤᠬᠢᠷᠳᠤᠯ᠎ᠢ ᠰᠡᠷᠭᠡᠢᠯᠡᠨ ᠵᠠᠰᠠᠬᠤ ᠪᠤᠭᠤᠮᠳᠠ ᠱᠢᠪᠳᠤᠯᠬᠤ ᠲᠠᠢᠯᠠᠯᠳᠤᠭᠠᠨ᠎ᠢ ᠡᠷᠡᠰ ᠰᠠᠢᠳᠤᠷ ᠬᠢᠵᠤ᠂ ᠠᠮᠢ ᠠᠬᠤᠢ᠎ᠶ᠋ᠢ ᠤᠷᠢᠳ᠎ᠢᠶᠠᠷ ᠪᠤᠳᠤᠯᠬᠢᠯᠠᠨ᠂ ᠪᠤᠬᠢᠷᠳᠤᠯ ᠦᠭᠡᠢ ᠬᠦᠭ᠌ᠵᠢᠯᠳᠡ᠎ᠪᠠᠷ ᠤᠳᠤᠷᠢᠳᠤᠮᠵᠢ ᠪᠤᠯᠭᠠᠭ᠍ᠰᠠᠨ ᠴᠢᠨᠠᠷ ᠰᠠᠢᠳᠠᠢ ᠬᠦᠭ᠌ᠵᠢᠯᠳᠡ᠎ᠶ᠋ᠢᠨ ᠵᠠᠮ᠎ᠢ ᠯᠠᠪᠳᠠᠭᠤᠨ ᠪᠠᠳᠤᠳᠠᠢ ᠠᠯᠬᠤᠭ᠍ᠰᠠᠨ ᠪᠠᠢᠨ᠎ᠠ᠃

ᠣᠷᠴᠢᠭᠤᠯᠤᠭ᠍ᠴᠢ᠄
ᠨᠠᠢᠷᠠᠭᠤᠯᠤᠭ᠍ᠴᠢ᠄ ᠪᠣᠣ ᠮᠧᠢ ᠷᠥᠩ
ᠲᠤᠮᠳᠠᠳᠤ ᠤᠯᠤᠰ᠎ᠤᠨ ᠮᠤᠩᠭᠤᠯ ᠬᠡᠯᠡᠡ᠎ᠤ ᠰᠤᠨᠢᠠ ᠮᠠᠳᠡᠭᠡ᠎ᠶ᠋ᠢᠨ ᠰᠦᠯᠵᠢᠶ᠎ᠠ
ᠢᠷᠡᠯᠲᠡ᠄
ᠬᠤᠪᠢᠶᠠᠯᠴᠠᠬᠤ᠄

2008-2023 © ᠳᠤᠮᠳᠠᠳᠤ ᠤᠯᠤᠰ᠎ᠤᠨ ᠮᠤᠩᠭᠤᠯ ᠬᠡᠯᠡᠨ᠎ᠤ ᠰᠤᠨᠢᠨ ᠮᠡᠳᠡᠭᠡᠨ᠎ᠤ ᠰᠦᠯᠵᠢᠶ᠎ᠡ ᠦᠮᠴᠢᠯᠡᠯ᠎ᠤᠨ ᠡᠷᠬᠡ᠎ᠲᠠᠢ

ᠵᠤᠬᠢᠶᠠᠭᠴᠢ᠎ᠶᠢᠨ ᠡᠷᠬᠡ ᠬᠠᠤᠯᠢ᠎ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ᠎ᠪᠠᠷ ᠬᠠᠭᠤᠯᠪᠤᠷᠢᠯᠠᠬᠤ᠎ᠶᠢ ᠬᠠᠲᠠᠭᠤ ᠬᠤᠷᠢᠭᠯᠠᠨ᠎ᠠ

ᠬᠠᠷᠢᠯᠴᠠᠬᠤ ᠤᠲᠠᠰᠤ᠄0471-6635435

ᠢᠮᠧᠯ᠄tn@mgyxw.net   蒙ICP备10000005号