— ᠪᠦᠬᠦ᠌ ᠤᠯᠤᠰ᠎ᠤᠨ ᠬᠦᠳᠡᠯᠮᠤᠷᠢ᠎ᠶ᠋ᠢᠨ ᠵᠢᠱ᠌ᠢᠶᠠᠴᠢ ᠳ᠋ᠦ᠋ ᠬᠠᠶ ᠺᠤᠸᠠ᠎ᠨᠢ ᠳᠡᠮᠳᠡᠭ᠌ᠯᠡᠪᠡ
ᠳ᠋ᠦ᠋ ᠬᠠᠶ ᠺᠤᠸᠠᠨ ᠪᠤᠯ ᠬᠥᠬᠡᠬᠤᠲᠠ᠎ᠶ᠋ᠢᠨ ᠲᠠᠮᠤᠷ ᠵᠠᠮ᠎ᠤᠨ ᠲᠣᠪᠴᠢᠶ᠎ᠠ᠎ᠶ᠋ᠢᠨ ᠪᠤᠭᠤᠲᠤ᠎ᠶ᠋ᠢᠨ ᠪᠠᠷᠠᠭᠤᠨ ᠪᠤᠬ᠎ᠠ ᠲᠡᠷᠭᠡᠨ᠎ᠤ ᠶᠠᠪᠤᠳᠠᠯ᠎ᠤᠨ ᠭᠡᠰᠡᠭ᠎ᠤᠨ ᠵᠢᠯᠣᠭᠤᠴᠢ ᠪᠤᠯᠬᠤ ᠶᠤᠮ᠃ ᠲᠡᠷᠡ 35 ᠵᠢᠯ᠎ᠤᠨ ᠲᠤᠷᠰᠢ ᠭᠠᠯᠲᠤ ᠲᠡᠷᠭᠡᠨ᠎ᠤ ᠵᠢᠯᠣᠭᠤᠴᠢ᠎ᠶ᠋ᠢᠨ ᠠᠵᠢᠯ᠎ᠤᠨ ᠪᠠᠢᠷᠢ᠎ᠪᠠᠨ ᠪᠠᠲᠤ ᠰᠠᠬᠢᠵᠤ᠂ ᠠᠭᠤᠷ᠂ ᠳᠣᠲᠣᠭᠠᠳᠤ ᠱᠢᠲᠠᠯᠲᠠ᠂ ᠴᠠᠬᠢᠯᠭᠠᠨ ᠬᠦᠴᠤᠨ᠎ᠳᠤ ᠪᠤᠬ᠎ᠠ ᠲᠡᠷᠭᠡ᠎ᠶ᠋ᠢᠨ ᠰᠣᠯᠢᠭ᠍ᠳᠠᠯ᠎ᠢ ᠥᠩᠭᠡᠷᠡᠭᠦᠯᠵᠤ᠂ 5400 ᠤᠳᠠᠭ᠎ᠠ ᠠᠮᠤᠷ ᠲᠦᠪᠱᠢᠨ ᠠᠶᠠᠯᠠᠭ᠍ᠰᠠᠨ ᠱᠢᠯᠢᠳᠡᠭ ᠬᠢᠷᠢ ᠪᠦᠲᠦᠮᠵᠢ᠎ᠶ᠋ᠢ ᠡᠭᠦᠳᠴᠤ᠌᠂ ᠲᠠᠯ᠎ᠠ ᠨᠤᠲᠤᠭ᠎ᠤᠨ ᠠᠷᠠᠳ ᠲᠦᠮᠡᠨ᠎ᠤ ᠠᠮᠤᠷ ᠲᠦᠪᠱᠢᠨ ᠵᠠᠮᠨᠠᠬᠤ᠎ᠳᠤ ᠯᠤᠲᠤ ᠶᠡᠭᠡ ᠬᠤᠪᠢ ᠨᠡᠮᠡᠷᠢ ᠦᠵᠡᠭᠦᠯᠦᠭ᠌ᠰᠡᠨ ᠪᠢᠯᠠ᠃
ᠲᠡᠮᠦᠷ ᠵᠠᠮ᠎ᠤᠨ ᠬᠠᠵᠠᠭᠤ᠎ᠳᠤ ᠲᠦᠷᠦᠵᠤ ᠦᠰᠦᠭ᠌ᠰᠡᠨ ᠳ᠋ᠦ᠋ ᠬᠠᠶ ᠺᠤᠸᠠᠨᠤ ᠪᠠᠭ᠎ᠠ᠎ᠶ᠋ᠢᠨ ᠦᠶ᠎ᠠ᠎ᠶ᠋ᠢᠨ ᠬᠦᠰᠡᠯ ᠮᠦᠷᠦᠭᠡᠳᠦᠯ ᠪᠤᠯ ᠰᠤᠨᠤᠮ᠎ᠠ ᠤᠷᠲᠤ ᠭᠠᠯᠲᠤ ᠲᠡᠷᠭᠡ᠎ᠶ᠋ᠢ ᠵᠢᠯᠣᠭᠤᠳᠤᠨ ᠠᠯᠤᠰ ᠲᠡᠷᠲᠡᠭᠡ᠎ᠶ᠋ᠢ ᠵᠤᠷᠢᠬᠤ ᠶᠠᠪᠤᠳᠠᠯ ᠪᠠᠢᠭ᠍ᠰᠠᠨ ᠶᠤᠮ᠃ 1985 ᠣᠨ᠎ᠤ 7 ᠰᠠᠷ᠎ᠠ᠎ᠳᠤ᠂ ᠰᠠᠶᠢᠬᠠᠨ ᠰᠤᠷᠭᠠᠭᠤᠯᠢ ᠲᠡᠭᠦᠰᠦᠭ᠌ᠰᠡᠨ ᠳ᠋ᠦ᠋ ᠬᠠᠶ ᠺᠤᠸᠠᠨ ᠪᠤᠭᠤᠲᠤ᠎ᠶ᠋ᠢᠨ ᠪᠠᠷᠠᠭᠤᠨ ᠪᠤᠬ᠎ᠠ ᠲᠡᠷᠭᠡᠨ᠎ᠤ ᠶᠠᠪᠤᠳᠠᠯ᠎ᠤᠨ ᠬᠡᠰᠡᠭ᠎ᠲᠤ ᠬᠦᠷᠴᠦ᠍᠂ ᠠᠭᠤᠷ᠎ᠤᠨ ᠪᠤᠬ᠎ᠠ ᠲᠡᠷᠭᠡᠨ᠎ᠤ ᠭᠠᠯᠴᠢ ᠪᠣᠯᠪᠠ᠃ ᠳ᠋ᠦ᠋ ᠬᠠᠢ ᠺᠤᠸᠠᠨ ᠪᠦᠬᠦ᠌ ᠰᠡᠳᠭᠢᠯ ᠪᠦᠬᠦ᠌ ᠵᠤᠷᠢᠭ᠎ᠢᠶᠠᠷ᠎ᠢᠶᠠᠨ ᠲᠤᠬᠠᠢᠯᠠᠭ᠍ᠰᠠᠨ ᠠᠵᠢᠯ᠎ᠳᠠᠭᠠᠨ ᠱᠢᠮᠳᠠᠵᠤ᠂ ᠪᠠᠭ᠍ᠰᠢ᠎ᠶ᠋ᠢᠨ᠎ᠢᠶᠠᠨ ᠠᠵᠢᠯᠯᠠᠬᠤ ᠶᠠᠪᠤᠴᠠ᠎ᠶ᠋ᠢ ᠨᠠᠷᠢᠨ ᠠᠵᠢᠬ᠍ᠯᠠᠵᠤ᠂ ᠮᠡᠳᠡᠬᠦ᠌ ᠦᠭᠡᠢ ᠵᠦᠢᠯ᠎ᠢᠶᠠᠨ ᠠᠰᠠᠭᠤᠨ ᠮᠡᠳᠡᠵᠤ ᠠᠪᠳᠠᠭ᠂ ᠠᠵᠢᠯ᠎ᠤᠨ ᠴᠢᠯᠥᠭᠡᠨ᠎ᠳᠡᠭᠡᠨ ᠲᠤᠬᠠᠢᠯᠠᠭ᠍ᠰᠠᠨ ᠠᠵᠢᠯ᠎ᠤᠨ ᠲᠤᠬᠠᠢ ᠨᠣᠮ ᠤᠡᠭ᠌ᠰᠢᠵᠤ ᠮᠡᠳᠡᠯᠭᠡ᠎ᠪᠠᠨ ᠨᠠᠮᠡᠭ᠌ᠳᠡᠬᠦᠯᠤᠨ᠂ ᠲᠡᠷᠬᠡ ᠵᠢᠯᠤᠭᠤᠳᠭᠤ ᠤᠷ᠎ᠠ ᠮᠡᠷᠭᠡᠵᠢᠯ᠎ᠢ ᠱᠢᠮᠳᠠᠨ ᠰᠤᠳᠤᠯᠵᠤ᠂ ᠠᠵᠢᠯ ᠪᠠᠭᠤᠭ᠍ᠰᠠᠨ᠎ᠤ ᠳᠠᠷᠠᠭ᠎ᠠ ᠭᠠᠯᠲᠤ ᠲᠡᠷᠭᠡᠨ᠎ᠳᠤ ᠭᠠᠷᠴᠤ᠌ ᠬᠥᠳᠡᠯᠦᠯ᠎ᠤᠨ ᠠᠨᠢᠰᠤ᠎ᠶ᠋ᠢ ᠳᠠᠪᠲᠠᠨ ᠪᠣᠯᠪᠠᠰᠤᠷᠠᠳᠠᠭ᠃
ᠴᠢᠷᠮᠠᠢᠯᠭ᠎ᠠ ᠬᠦᠮᠦᠨ᠎ᠢ ᠭᠤᠮᠤᠳᠠᠭᠠᠬᠤ ᠦᠭᠡᠢ᠂ ᠡᠢᠨ ᠬᠦ᠌ ᠳ᠋ᠦ᠋ ᠬᠠᠢ ᠺᠤᠸᠠᠨ ᠠᠪᠢᠶᠠᠰ ᠴᠢᠳᠠᠪᠤᠷᠢ᠎ᠪᠠᠷ᠎ᠢᠶᠠᠨ ᠤᠯᠠᠨ᠎ᠠᠴᠠ ᠤᠷᠦ᠋ᠢᠯᠡᠵᠤ᠂ ᠪᠦᠬᠦ᠌ ᠲᠤᠪᠴᠢᠶᠠᠨ᠎ᠤ ᠮᠡᠷᠭᠡᠵᠢᠯ᠎ᠤᠨ ᠦᠵᠡᠭᠦᠯᠭᠡ᠎ᠶ᠋ᠢᠨ ᠤᠷᠤᠯᠳᠤᠭᠠᠨ᠎ᠳᠤ ᠨᠢᠭᠡᠳᠦᠭᠡᠷ᠎ᠲᠤ ᠲᠤᠳᠤᠷᠠᠵᠤ᠂ 《ᠲᠡᠮᠦᠷ ᠵᠠᠮ᠎ᠤᠨ ᠵᠠᠯᠠᠭᠤᠴᠤᠳ᠎ᠤᠨ ᠳᠣᠯᠣᠭᠠᠨ ᠰᠠᠷ᠎ᠠ᠎ᠶ᠋ᠢᠨ ᠲᠠᠪᠤᠨ᠎ᠤ ᠭᠠᠪᠢᠶᠠᠨ ᠲᠡᠮᠳᠡᠭ》 ᠢ ᠬᠦᠷᠲᠡᠵᠤ᠂ ᠭᠤᠷᠪᠠᠨ ᠵᠢᠯ᠎ᠤᠨ ᠳᠣᠲᠣᠷ᠎ᠠ ᠭᠠᠯᠴᠢ᠎ᠠᠴᠠ ᠳᠡᠳ᠋ ᠵᠢᠯᠣᠭᠤᠴᠢ᠂ ᠳᠡᠳ᠋ ᠵᠢᠯᠣᠭᠤᠴᠢ᠎ᠠᠴᠠ ᠵᠢᠯᠤᠭᠤᠴᠢ ᠪᠤᠯᠵᠤ ᠳᠡᠪᠱᠢᠪᠠ᠃
ᠳᠡᠭᠡᠷ᠎ᠡ ᠵᠠᠭᠤᠨ᠎ᠤ ᠶᠡᠷᠡᠭᠡᠳ ᠤᠨ᠎ᠳᠤ᠂ ᠲᠠᠯ᠎ᠠ ᠨᠤᠲᠤᠭ᠎ᠤᠨ ᠲᠡᠮᠦᠷ ᠵᠠᠮ ᠳᠣᠲᠣᠭᠠᠳᠤ ᠱᠢᠲᠠᠯᠲᠠ᠎ᠶ᠋ᠢᠨ ᠴᠠᠭ ᠦᠶ᠎ᠡ᠎ᠳᠤ ᠣᠷᠤᠭ᠍ᠰᠠᠨ ᠶᠤᠮ᠃ ᠳ᠋ᠦ᠋ ᠬᠠᠢ ᠺᠤᠸᠠᠨ ᠳᠣᠲᠣᠭᠠᠳᠤ ᠱᠢᠲᠠᠯᠲᠠ᠎ᠶ᠋ᠢᠨ ᠭᠠᠯᠲᠤ ᠲᠡᠷᠭᠡ ᠵᠢᠯᠣᠭᠤᠳᠭᠤ ᠦᠨᠡᠮᠯᠡᠯ᠎ᠢ ᠪᠦᠬᠦ᠌ ᠬᠦᠴᠦᠨ᠎ᠢᠶᠠᠷ᠎ᠢᠶᠠᠨ ᠱᠢᠯᠭᠠᠨ ᠠᠪᠴᠤ᠌᠂ 1994 ᠣᠨ᠎ᠳᠤ ᠳᠣᠲᠣᠭᠠᠳᠤ ᠱᠢᠲᠠᠯᠲᠠ᠎ᠶ᠋ᠢᠨ ᠪᠤᠬ᠎ᠠ ᠲᠡᠷᠭᠡᠨ᠎ᠳᠤ ᠭᠠᠷᠪᠠ᠃ ᠱᠢᠨ᠎ᠡ ᠮᠡᠷᠭᠡᠵᠢᠯ ᠱᠢᠨ᠎ᠡ ᠲᠣᠨᠤᠭ ᠲᠥᠬᠦᠭᠡᠷᠦᠮᠵᠢ᠎ᠶ᠋ᠢᠨ ᠦᠷᠢᠰᠦᠯᠳᠦᠭᠡᠨ᠎ᠨᠢ ᠲᠡᠭᠦᠨ᠎ᠢ ᠵᠢᠯᠤᠭᠤᠴᠢ ᠪᠣᠯᠭᠠᠭ᠍ᠰᠠᠨ᠎ᠢᠶᠠᠷ ᠪᠠᠷᠠᠬᠤ ᠦᠭᠡᠶ 《ᠵᠠᠰᠠᠭᠤᠷᠴᠢᠨ》 ᠴᠤ᠌ ᠪᠤᠯᠭᠠᠵᠠᠢ᠃ ᠲᠡᠷᠡ ᠠᠷᠭ᠎ᠠ ᠪᠦᠬᠦᠨ᠎ᠢ ᠰᠦᠪᠡᠭ᠌ᠴᠢᠯᠡᠨ ᠵᠢᠯᠣᠭᠤᠳᠭᠤ ᠬᠢᠷᠢ ᠲᠦᠪᠱᠢᠨ᠎ᠢᠶᠠᠨ ᠳᠡᠭᠡᠭ᠌ᠰᠢᠯᠡᠭᠦᠯᠵᠦ᠍᠂ ᠪᠤᠬ᠎ᠠ ᠲᠡᠷᠭᠡᠨ᠎ᠤ ᠪᠦᠲᠦᠴᠡ᠎ᠶ᠋ᠢᠨ ᠤᠭ ᠶᠣᠰᠣ᠂ ᠴᠠᠬᠢᠯᠭᠠᠨ ᠬᠡᠷᠡᠭ᠌ᠰᠡᠯ᠎ᠤᠨ ᠰᠡᠯᠪᠢᠭ ᠲᠤᠨᠤᠭ᠂ ᠴᠠᠬᠢᠯᠭᠠᠨ ᠬᠡᠯᠬᠢᠶᠡᠨ ᠵᠢᠷᠤᠭ᠎ᠢ ᠰᠤᠳᠤᠯᠵᠤ᠂ ᠲᠡᠷᠭᠡ ᠰᠠᠯᠪᠢᠨ ᠵᠠᠰᠠᠬᠤ ᠮᠡᠷᠭᠡᠵᠢᠯ᠎ᠢᠶᠠᠨ ᠴᠢᠷᠮᠠᠢᠨ ᠳᠡᠭᠡᠭ᠌ᠰᠢᠯᠡᠭᠦᠯᠪᠠ᠃ 2009 ᠣᠨ᠎ᠳᠤ ᠴᠠᠬᠢᠯᠭᠠᠨ ᠬᠦᠴᠤᠨ᠎ᠳᠤ ᠪᠤᠬ᠎ᠠ ᠲᠡᠷᠭᠡ ᠠᠱᠢᠬ᠍ᠯᠠᠯᠳᠠ᠎ᠳᠤ ᠤᠷᠤᠬᠤ ᠦᠶ᠎ᠠ᠎ᠳᠤ᠂ ᠪᠠᠢᠭᠤᠯᠭ᠎ᠠ᠎ᠠᠴᠠ ᠲᠤᠬᠠᠢᠯᠠᠭ᠍ᠰᠠᠨ ᠠᠵᠢᠯ᠎ᠤᠨ ᠮᠡᠷᠭᠡᠵᠢᠯ ᠦᠨᠳᠦᠷ ᠵᠠᠯᠠᠭᠤᠴᠤᠳ᠎ᠢ ᠴᠠᠬᠢᠯᠭᠠᠨ ᠬᠦᠴᠤᠨ᠎ᠳᠤ ᠪᠤᠬ᠎ᠠ ᠲᠡᠷᠭᠡᠨ᠎ᠤ ᠵᠢᠯᠣᠭᠤᠴᠢ᠎ᠶ᠋ᠢᠨ ᠦᠨᠡᠮᠯᠡᠯ᠎ᠢ ᠱᠢᠯᠭᠠᠭᠤᠯᠬᠤ᠎ᠶ᠋ᠢ ᠵᠤᠷᠢᠭ᠍ᠵᠢᠭᠤᠯᠤᠭ᠍ᠰᠠᠨᠳᠤ ᠳ᠋ᠦ᠋ ᠬᠠᠢ ᠺᠤᠸᠠᠨ ᠴᠤ᠌ ᠰᠠᠨᠠᠭᠠᠴᠢᠯᠠᠭ᠎ᠠ᠎ᠠᠴᠠ᠎ᠪᠠᠨ ᠱᠢᠯᠭᠠᠯᠲᠠ᠎ᠳᠤ ᠪᠡᠯᠡᠳᠭᠡᠵᠦ᠍᠂ ᠴᠠᠭᠠᠷᠠᠭ᠍ᠰᠠᠨ ᠠᠵᠢᠯ᠎ᠤᠨ ᠬᠢᠷᠢ ᠲᠦᠪᠱᠢᠨ ᠪᠠ ᠯᠠᠪᠳᠠᠭᠤᠨ ᠲᠣᠭ᠍ᠲᠠᠭᠤᠨ ᠵᠢᠯᠣᠭᠤᠳᠭᠤ ᠮᠡᠷᠭᠡᠵᠢᠯ᠎ᠢᠶᠠᠷ᠎ᠢᠶᠠᠨ ᠴᠠᠬᠢᠯᠭᠠᠨ ᠬᠦᠴᠤᠨ᠎ᠳᠤ ᠪᠤᠬ᠎ᠠ ᠲᠡᠷᠭᠡᠨ᠎ᠤ ᠵᠢᠯᠣᠭᠤᠴᠢ᠎ᠶ᠋ᠢᠨ ᠦᠨᠡᠮᠯᠡᠯ᠎ᠢ ᠠᠮᠵᠢᠯᠳᠠ᠎ᠲᠠᠢ᠎ᠪᠠᠷ ᠱᠢᠯᠭᠠᠨ ᠠᠪᠴᠠᠶ᠃
ᠡᠨᠡ ᠮᠡᠲᠦ᠎ᠪᠠᠷ ᠭᠠᠯᠲᠤ ᠲᠡᠷᠭᠡᠨ᠎ᠤ ᠴᠢᠷᠬᠦ᠌ ᠬᠦᠴᠦ᠍ ᠬᠡᠷᠬᠢᠨ ᠱᠢᠨᠡᠳᠴᠦ᠍ ᠰᠣᠯᠢᠭ᠍ᠳᠠᠭ᠍ᠰᠠᠨ ᠴᠤ᠌᠂ ᠰᠠᠯᠪᠤᠷᠢ ᠱᠤᠭᠤᠮ᠎ᠠᠴᠠ ᠭᠤᠣᠯ ᠱᠤᠭᠤᠮ ᠬᠦᠷᠲᠡᠯ᠎ᠠ᠂ ᠠᠴᠢᠶᠠᠨ᠎ᠤ ᠭᠠᠯᠳᠤ ᠲᠡᠷᠭᠡ᠎ᠠᠴᠠ ᠠᠶᠠᠨᠴᠢᠳ᠎ᠤᠨ ᠭᠠᠯᠳᠤ ᠲᠡᠷᠭᠡ ᠬᠦᠷᠲᠡᠯ᠎ᠡ ᠳ᠋ᠦ᠋ ᠬᠠᠢ ᠺᠤᠸᠠᠨ ᠢᠮᠠᠭ᠍ᠲᠠ ᠥᠪᠡᠷ᠎ᠢ᠎ᠪᠠᠨ ᠴᠢᠩᠭ᠎ᠠ ᠱᠠᠭᠠᠷᠳᠠᠵᠤ ᠬᠠᠲᠠᠭᠤᠵᠢᠯᠲᠠᠢ ᠪᠤᠯᠪᠠᠰᠤᠷᠠᠨ ᠲᠤᠬᠠᠢᠯᠠᠭ᠍ᠰᠠᠨ ᠠᠵᠢᠯ᠎ᠤᠨ ᠬᠤᠱᠢᠭᠤᠴᠢ ᠪᠣᠯᠤᠭ᠍ᠰᠠᠨ ᠶᠤᠮ᠃
ᠳ᠋ᠦ᠋ ᠬᠠᠢ ᠺᠤᠸᠠᠨ ᠤᠳᠠᠭ᠎ᠠ ᠪᠦᠷᠢ ᠭᠠᠯᠳᠤ ᠲᠡᠷᠭᠡᠨ᠎ᠳᠤ ᠭᠠᠷᠬᠤ᠎ᠳᠠᠭᠠᠨ ᠨᠢᠭᠡ ᠬᠡᠰᠡᠭ ᠵᠡᠷᠭᠡᠯᠡᠭ᠌ᠰᠡᠨ ᠮᠣᠳᠣ᠎ᠶ᠋ᠢ ᠠᠵᠢᠯᠯᠠᠬᠤ ᠲᠠᠪᠴᠠᠩ ᠳᠡᠭᠡᠷ᠎ᠡ᠎ᠪᠠᠨ ᠲᠠᠯᠪᠢᠳᠠᠭ᠃ ᠤᠤᠯ᠎ᠨᠢ ᠭᠠᠯᠲᠤ ᠲᠡᠷᠭᠡ ᠠᠶᠠᠯᠠᠬᠤ ᠶᠠᠪᠤᠴᠠ᠎ᠳᠠᠭᠠᠨ ᠳᠤᠩᠰᠤᠯᠬᠤᠨᠢ ᠵᠠᠢᠯᠠᠰᠢ ᠦᠭᠡᠶ ᠶᠤᠮ᠂ ᠡᠨᠡ᠎ᠨᠢ ᠤᠯᠠᠩᠭᠢ᠎ᠳᠠᠭᠠᠨ ᠵᠢᠯᠣᠭᠤᠴᠢ᠎ᠶ᠋ᠢᠨ ᠠᠵᠢᠯᠯᠠᠬᠤ ᠠᠷᠭ᠎ᠠ ᠠᠪᠴᠠᠯ᠎ᠨᠢ ᠨᠠᠷᠢᠯᠢᠭ ᠪᠢᠰᠢ᠎ᠠᠴᠠ ᠪᠣᠯᠳᠠᠭ᠃ ᠪᠠᠷᠠᠭᠠᠨ᠎ᠤ ᠭᠠᠯᠳᠤ ᠲᠡᠷᠭᠡ᠎ᠶ᠋ᠢ ᠴᠢᠷᠬᠦ᠌ ᠡᠭᠦᠷᠭᠡ᠎ᠶ᠋ᠢ ᠡᠭᠦᠷᠭᠡᠯᠡᠬᠦ᠌᠎ᠳᠤ ᠦᠨᠡᠨ᠎ᠳᠡᠭᠡᠨ 《ᠪᠠᠭ᠎ᠠ ᠳᠤᠩᠰᠤᠯᠭᠠᠬᠤ》 ᠭᠡᠰᠡᠨ ᠱᠠᠭᠠᠷᠳᠠᠯᠭ᠎ᠠ ᠪᠠᠢᠶᠬᠤ ᠦᠭᠡᠢ᠂ ᠭᠡᠲᠡᠯ᠎ᠡ ᠳ᠋ᠦ᠋ ᠬᠠᠢ ᠺᠤᠸᠠᠨᠤ ᠪᠠᠷᠢᠮᠵᠢᠶ᠎ᠠ ᠥᠨᠳᠥᠷ᠂ ᠱᠠᠭᠠᠷᠳᠠᠯᠭ᠎ᠠ ᠴᠢᠩᠭ᠎ᠠ ᠲᠤᠯᠠ ᠠᠷᠭ᠎ᠠ ᠪᠦᠬᠦᠨ᠎ᠢ ᠰᠦᠪᠡᠭ᠌ᠴᠢᠯᠡᠨ ᠤᠷ᠎ᠠ ᠴᠢᠳᠠᠪᠤᠷᠢ᠎ᠪᠠᠨ ᠳᠠᠪᠲᠠᠨ ᠪᠣᠯᠪᠠᠰᠤᠷᠠᠭᠤᠯᠳᠠᠭ ᠪᠢᠯᠡ᠃
2010 ᠣᠨ᠎ᠳᠤ᠂ ᠳ᠋ᠦ᠋ ᠬᠠᠢ ᠺᠤᠸᠠᠨ ᠪᠤᠭᠤᠲᠤ᠎ᠠᠴᠠ ᠲᠡᠮᠡᠭᠡᠲᠦ ᠬᠦᠷᠬᠦ᠌ ᠠᠶᠠᠨᠴᠢᠳ᠎ᠤᠨ ᠭᠠᠯᠲᠤ ᠲᠡᠷᠭᠡ᠎ᠶ᠋ᠢ ᠴᠢᠷᠬᠦ᠌ ᠡᠭᠦᠷᠭᠡ᠎ᠶ᠋ᠢ ᠡᠭᠦᠷᠭᠡᠯᠡᠪᠡ᠃ ᠡᠨᠡ ᠬᠦ᠌ ᠪᠦᠬᠦ᠌ ᠤᠷᠲᠤ᠎ᠨᠢ 303 ᠺᠢᠯᠣᠮᠧᠲᠷ᠎ᠤᠨ ᠲᠡᠮᠦᠷ ᠵᠠᠮ᠎ᠤᠨ ᠱᠤᠭᠤᠮ᠎ᠨᠢ 4 ᠨᠦᠬᠡᠨ ᠵᠠᠮ᠎ᠢ ᠲᠤᠭᠤᠯᠬᠤ ᠴᠢᠬᠤᠯᠠᠲᠠᠶ᠂ ᠪᠠᠷᠤᠭ 30 ᠱᠢᠬᠠᠮ ᠭᠠᠵᠠᠷ 11 ᠠᠴᠠ ᠳᠡᠭᠡᠭ᠌ᠰᠢ ᠨᠠᠯᠠᠤ ᠵᠠᠮ ᠪᠠᠢᠵᠤ᠂ 2 ᠬᠡᠰᠡᠭ᠎ᠲᠤ ᠤᠷᠲᠤ ᠨᠠᠯᠠᠤ ᠵᠠᠮ᠎ᠲᠠᠢ᠃ ᠡᠢᠮᠤ ᠲᠤᠭ᠎ᠠ ᠦᠭᠡᠢ ᠤᠯᠠᠨ ᠮᠤᠷᠤᠶ ᠵᠠᠮ᠎ᠳᠤ ᠭᠠᠯᠲᠤ ᠲᠡᠷᠭᠡ᠎ᠶ᠋ᠢ ᠲᠣᠭ᠍ᠲᠠᠭᠤᠨ ᠵᠢᠯᠣᠭᠤᠳᠭᠤ᠎ᠳᠤ ᠦᠨᠡᠬᠡᠷ ᠬᠦᠴᠢᠷ ᠪᠠᠢᠳᠠᠭ᠃
ᠭᠠᠯᠲᠤ ᠲᠡᠷᠭᠡᠨ᠎ᠤ ᠳᠤᠩᠰᠤᠯᠤᠯᠢ ᠪᠠᠭᠠᠰᠭᠠᠵᠤ᠂ ᠠᠶᠠᠨᠴᠢᠳ᠎ᠲᠤ ᠨᠠᠩ ᠲᠠᠭᠠᠯᠠᠮᠵᠢᠲᠠᠶ ᠲᠦᠷᠦᠭ᠌ᠳᠡᠯ ᠤᠯᠭᠤᠬᠤ᠎ᠶ᠋ᠢᠨ ᠲᠥᠯᠥᠭᠡ᠂ ᠳ᠋ᠦ᠋ ᠬᠠᠶ ᠺᠤᠸᠠᠨ ᠠᠵᠢᠯᠯᠠᠬᠤ ᠲᠠᠪᠴᠡᠩ᠎ᠤᠨ ᠵᠡᠷᠭᠡᠯᠡᠭ᠌ᠰᠡᠨ ᠮᠣᠳᠣ᠎ᠶ᠋ᠢ ᠲᠣᠭ᠍ᠲᠠᠭᠤᠨ ᠪᠠᠢᠯᠭᠠᠬᠤ ᠵᠢᠯᠣᠭᠤᠳᠭᠤ ᠠᠷᠭ᠎ᠠ᠎ᠶ᠋ᠢ ᠪᠤᠳᠤᠵᠤ ᠣᠯᠵᠠᠶ᠃ ᠠᠶᠠᠨ᠎ᠤ ᠳᠤᠮᠳᠠ ᠬᠡᠷᠪᠡ ᠵᠡᠷᠭᠡᠯᠡᠭ᠌ᠰᠡᠨ ᠮᠣᠳᠣ ᠤᠨᠠᠪᠠᠯ᠂ ᠲᠡᠷᠡ ᠬᠠᠮᠲᠤ ᠠᠵᠢᠯᠯᠠᠭ᠍ᠰᠠᠳᠢᠶᠠᠷᠢᠶᠠᠨ ᠭᠠᠵᠠᠷ ᠤᠷᠤᠨ ᠪᠠ ᠴᠠᠭ ᠬᠤᠭᠤᠴᠠᠭ᠎ᠠ᠎ᠶ᠋ᠢ ᠲᠡᠮᠳᠡᠭ᠌ᠯᠡᠬᠦᠯᠵᠦ᠍᠂ ᠭᠡᠷ᠎ᠲᠡᠭᠡᠨ ᠬᠠᠷᠢᠭ᠍ᠰᠠᠨ᠎ᠤ ᠳᠠᠷᠠᠭ᠎ᠠ ᠲᠡᠮᠳᠡᠭ᠌ᠯᠡᠯ᠎ᠢᠶᠠᠨ ᠨᠠᠷᠢᠨ ᠨᠢᠮᠪᠠᠢ ᠵᠠᠳᠠᠯᠤᠨ ᠠᠵᠢᠯᠯᠠᠬᠤ ᠠᠷᠭ᠎ᠠ ᠪᠠᠷᠢᠯ᠎ᠢᠶᠠᠨ ᠲᠠᠰᠤᠷᠠᠯᠲᠠ ᠦᠭᠡᠢ ᠰᠠᠢᠵᠢᠷᠠᠭᠤᠯᠤᠨ ᠱᠢᠯᠢᠳᠡᠭ᠌ᠵᠢᠭᠦᠯᠳᠡᠭ᠃
ᠳ᠋ᠦ᠋ ᠬᠠᠢ ᠺᠤᠸᠠᠨ ᠢᠲᠡᠭᠡᠯ ᠵᠣᠷᠢᠭ ᠪᠠ ᠠᠵᠢᠯ ᠦᠢᠯᠡᠰ᠎ᠢᠶᠠᠨ ᠳᠡᠭᠡᠳᠦᠯᠡᠬᠦ᠌ ᠵᠣᠷᠢᠭ ᠰᠠᠨᠠᠭ᠎ᠠ᠎ᠪᠠᠷ᠎ᠢᠶᠠᠨ 《ᠳᠦᠷᠢᠮ ᠲᠣᠭ᠍ᠲᠠᠭᠠᠯ᠎ᠢ ᠵᠥᠷᠢᠴᠡᠭ᠌ᠰᠡᠨ ᠦᠭᠡᠢ᠂ ᠰᠠᠬᠢᠯᠭ᠎ᠠ ᠪᠠᠲᠤ᠎ᠶ᠋ᠢ ᠵᠥᠷᠢᠴᠡᠭ᠌ᠰᠡᠨ ᠦᠭᠡᠢ᠂ ᠮᠠᠱᠢᠨ ᠡᠪᠳᠡᠭ᠌ᠰᠡᠨ ᠦᠭᠡᠢ᠂ ᠴᠠᠭ ᠣᠷᠦ᠋ᠢᠲᠠᠭᠤᠯᠤᠭ᠍ᠰᠠᠨ ᠦᠭᠡᠢ᠂ ᠵᠠᠭᠠᠯᠳᠤᠯᠭ᠎ᠠ ᠦᠭᠡᠢ》 《ᠲᠠᠪᠤᠨ ᠦᠭᠡᠢ》 ᠲᠡᠮᠳᠡᠭ᠌ᠯᠡᠯ᠎ᠢ ᠡᠭᠦᠳᠴᠦ᠍᠂ ᠦᠶᠯᠡᠳᠦᠯᠭᠡ᠎ᠶ᠋ᠢᠨ ᠳᠤᠮᠳᠠ 《ᠭᠤᠷᠪᠠ᠎ᠶ᠋ᠢ ᠲᠣᠭ᠍ᠲᠠᠪᠤᠷᠢᠵᠢᠭᠤᠯᠵᠤ᠂ ᠬᠤᠶᠠᠷ ᠬᠤᠷᠳᠤᠴᠠ᠎ᠶ᠋ᠢ ᠬᠡᠮᠵᠢᠵᠤ᠂ ᠨᠢᠭᠡ᠎ᠶ᠋ᠢ ᠪᠠᠷᠢᠮᠵᠢᠶᠠᠵᠢᠭᠤᠯᠬᠤ》 ᠲᠣᠭ᠍ᠲᠠᠭᠤᠨ ᠵᠢᠯᠣᠭᠤᠳᠭᠤ ᠠᠷᠭ᠎ᠠ ᠪᠠ 《ᠠᠵᠢᠬ᠍ᠯᠠᠬᠤ᠂ ᠪᠠᠢᠴᠠᠭᠠᠬᠤ᠂ ᠱᠢᠯᠭᠠᠬᠤ》 ᠰᠠᠭᠠᠳ ᠱᠢᠶᠳᠪᠦᠷᠢᠯᠡᠬᠦ᠌ ᠠᠷᠭ᠎ᠠ᠎ᠶ᠋ᠢ ᠰᠦᠪᠡᠭ᠌ᠴᠢᠯᠡᠨ ᠳ᠋ᠦᠩᠨᠡᠵᠦ᠍᠂ ᠬᠠᠮᠲᠤ ᠠᠵᠢᠯᠯᠠᠭ᠍ᠰᠠᠳ᠎ᠤᠨ᠎ᠢᠶᠠᠨ ᠭᠠᠯᠲᠤ ᠲᠡᠷᠭᠡ ᠵᠢᠯᠣᠭᠤᠳᠭᠤ ᠬᠢᠷᠢ ᠲᠦᠪᠱᠢᠨ᠎ᠢ ᠳᠡᠭᠡᠭ᠌ᠰᠢᠯᠡᠭᠦᠯᠵᠤ᠂ ᠠᠶᠠᠨᠴᠢᠳ᠎ᠢ ᠰᠠᠨᠠᠭ᠎ᠠ ᠠᠮᠤᠷ᠂ ᠳᠠᠭᠠᠯᠠᠮᠵᠢᠲᠠᠢ ᠲᠡᠷᠭᠡᠨ᠎ᠳᠤ ᠰᠠᠭᠤᠯᠭᠠᠬᠤ ᠪᠤᠯᠭᠠᠭ᠍ᠰᠠᠨ ᠶᠤᠮ᠃
ᠭᠠᠯᠲᠤ ᠲᠡᠷᠭᠡᠨ᠎ᠤ ᠵᠢᠯᠣᠭᠤᠴᠢ᠎ᠳᠤ ᠠᠪᠴᠤ᠌ ᠬᠡᠯᠡᠪᠡᠯ᠂ ᠠᠮᠤᠷ ᠲᠦᠪᠱᠢᠨ ᠪᠣᠯ ᠴᠢᠬᠤᠯᠠ᠎ᠠᠴᠠ ᠴᠢᠬᠤᠯᠠ ᠶᠤᠮ᠃ ᠳ᠋ᠦ᠋ ᠬᠠᠢ ᠺᠤᠸᠠᠨ 《ᠪᠠᠷᠢᠮᠵᠢᠶ᠎ᠠ᠎ᠶ᠋ᠢ ᠳᠠᠳᠭᠠᠯ ᠪᠣᠯᠭᠠᠵᠤ᠂ ᠳᠠᠳᠭᠠᠯ᠎ᠢ ᠪᠠᠷᠢᠮᠵᠢᠶ᠎ᠠ᠎ᠳᠤ ᠨᠡᠢᠴᠡᠭᠦᠯᠬᠦ᠌》 ᠠᠮᠤᠷ ᠲᠦᠪᠱᠢᠨ᠎ᠤ ᠣᠢᠯᠠᠭᠠᠭ᠍ᠳᠠᠬᠤᠨ᠎ᠢ ᠨᠠᠷᠢᠨ ᠬᠢᠨᠠᠮᠠᠭᠠᠶ ᠦᠶᠯᠡᠳᠦᠯᠭᠡᠵᠢᠭᠦᠯᠵᠦ᠍᠂ ᠥᠪᠡᠷ᠎ᠢ᠎ᠪᠠᠨ ᠴᠢᠩᠭ᠎ᠠ ᠱᠠᠭᠠᠷᠳᠠᠬᠤ᠎ᠪᠠᠷ ᠪᠠᠷᠠᠬᠤ ᠦᠭᠡᠢ᠂ ᠱᠠᠪᠢ ᠪᠣᠯᠤᠨ ᠬᠠᠮᠲᠤ ᠠᠵᠢᠯᠯᠠᠭ᠍ᠰᠠᠳ᠎ᠢᠶᠠᠨ ᠴᠤ᠌ ᠴᠢᠩᠭ᠎ᠠ ᠱᠠᠭᠠᠷᠳᠠᠭ᠍ᠰᠠᠭᠠᠷ ᠢᠷᠡᠪᠠ᠃
ᠠᠭᠠᠳᠠᠷ ᠪᠣᠷᠣᠭᠠᠨ ᠴᠢᠳᠭᠤᠭ᠍ᠰᠠᠨ ᠨᠢᠭᠡᠨ ᠡᠳᠦᠷ ᠱᠠᠪᠢ ᠱᠢᠶᠤᠤ ᠸᠠᠩ ᠴᠠᠭ᠍ᠳᠠᠨ ᠪᠠᠢᠴᠠᠭᠠᠬᠤ ᠠᠵᠢᠯ᠎ᠢᠶᠠᠨ ᠬᠠᠷᠢᠭᠤ ᠮᠡᠳᠡᠭᠦᠯᠬᠦ᠌᠎ᠳᠡᠭᠡᠨ ᠨᠢᠭᠡ ᠵᠦᠶᠯ᠎ᠢ ᠣᠷᠬᠢᠭ᠍ᠳᠠᠭᠤᠯᠤᠭ᠍ᠰᠠᠨ ᠪᠦ᠍ᠭᠡᠳ ᠦᠶᠡᠷ᠎ᠤᠨ ᠬᠤᠭᠤᠴᠠᠭᠠᠨ᠎ᠳᠤ ᠭᠠᠯᠳᠤ ᠲᠡᠷᠭᠡ ᠠᠶᠠᠯᠠᠬᠤ ᠮᠡᠳᠡᠯᠭᠡ᠎ᠶ᠋ᠢ ᠡᠵᠡᠮᠱᠢᠭ᠌ᠰᠡᠨ᠎ᠨᠢ ᠴᠦ᠍ ᠲᠤᠯᠢᠮᠠᠭ ᠪᠠᠢᠪᠠ᠃ ᠳ᠋ᠦ᠋ ᠬᠠᠢ ᠺᠤᠸᠠᠨ ᠲᠦᠪ ᠴᠢᠩᠭ᠎ᠠ᠎ᠪᠠᠷ ᠱᠠᠪᠢᠶ᠋ᠢᠨᠢᠶᠠᠨ ᠠᠯᠳᠠᠭ᠎ᠠ᠎ᠶ᠋ᠢ ᠵᠢᠭᠠᠨ ᠭᠠᠷᠭᠠᠵᠤ᠂ ᠪᠦᠬᠦ᠌ ᠶᠠᠪᠤᠴᠠ᠎ᠳᠤ 《ᠬᠠᠪᠰᠤᠷᠤᠨ ᠪᠣᠯᠪᠠᠰᠤᠷᠠᠬᠤ》 ᠪᠠᠷ ᠱᠢᠢᠤᠨᠪᠠ᠃ ᠲᠡᠷᠡ ᠡᠳᠦᠷ ᠪᠦᠷᠢ ᠠᠵᠢᠯ᠎ᠳᠠᠭᠠᠨ ᠶᠠᠪᠤᠵᠤ᠂ ᠠᠵᠢᠯ᠎ᠠᠴᠠ᠎ᠪᠠᠨ ᠪᠠᠭᠤᠬᠤ᠎ᠳᠠᠭᠠᠨ ᠱᠢᠶᠤᠤ ᠸᠠᠩ᠎ᠲᠠᠢ ᠬᠠᠮᠲᠤ ᠶᠠᠪᠠᠭᠠᠨ ᠶᠠᠪᠤᠵᠤ᠂ ᠵᠠᠮ᠎ᠳᠠᠭᠠᠨ ᠲᠦᠷᠢᠮ ᠲᠣᠭ᠍ᠲᠠᠭᠠᠯ᠎ᠢ ᠱᠢᠯᠭᠠᠵᠤ᠂ ᠠᠵᠢᠯ᠎ᠤᠨ ᠳᠤᠮᠳᠠ ᠱᠢᠶᠤᠤ ᠸᠠᠩ᠎ᠢᠶᠠᠷ ᠲᠣᠭᠤᠷᠢᠨ ᠪᠠᠢᠴᠠᠭᠠᠵᠤ ᠬᠠᠷᠢᠭᠤ ᠮᠡᠳᠡᠭᠦᠯᠦᠯᠲᠡ ᠬᠢᠯᠭᠡᠬᠦ᠌᠎ᠶ᠋ᠢ ᠪᠠᠷᠢᠮᠲᠠᠯᠠᠵᠤ᠂ ᠴᠠᠭ ᠢᠮᠠᠭ᠍ᠲᠠ ᠰᠡᠷᠡᠮᠵᠢᠯᠡᠭᠦᠯᠵᠦ᠍᠂ ᠴᠡᠭᠡᠵᠢᠯᠡᠭ᠌ᠰᠡᠨᠢᠨᠢ ᠪᠠᠲᠤᠳᠭᠠᠳᠠᠭ᠃ ᠲᠡᠭᠦᠨ᠎ᠤ ᠳᠠᠭᠠᠭᠤᠯᠭ᠎ᠠ ᠪᠠ ᠵᠣᠷᠢᠭ᠍ᠵᠢᠭᠤᠯᠤᠯ ᠳᠣᠣᠷ᠎ᠠ᠂ ᠱᠢᠶᠣᠤ ᠸᠠᠩ ᠱᠢᠷᠭᠠᠭᠤ ᠬᠠᠲᠠᠭᠤᠵᠢᠯᠲᠠᠶ ᠰᠤᠷᠤᠯᠴᠠᠵᠤ᠂ ᠲᠤᠬᠠᠢᠯᠠᠭ᠍ᠰᠠᠨ ᠠᠵᠢᠯ᠎ᠤᠨ ᠬᠢᠷᠢ ᠬᠡᠮᠵᠢᠶ᠎ᠡ᠎ᠨᠢ ᠢᠯᠡᠳᠲᠠ ᠳᠡᠭᠡᠭ᠌ᠰᠢᠯᠡᠵᠦ᠍᠂ ᠭᠠᠯᠲᠤ ᠲᠡᠷᠭᠡᠨ᠎ᠤ ᠭᠡᠮ ᠰᠣᠭᠤᠭ᠎ᠢ ᠤᠯᠠᠨᠲᠠ ᠠᠮᠵᠢᠯᠲᠠ᠎ᠲᠠᠢ ᠱᠢᠢᠳᠪᠦᠷᠢᠯᠡᠵᠦ᠍᠂ ᠦᠢᠯᠡᠳᠪᠦᠷᠢ᠎ᠶ᠋ᠢᠨ ᠲᠠᠰᠤᠭ᠎ᠤᠨ ᠮᠡᠷᠭᠡᠵᠢᠯ᠎ᠤᠨ ᠭᠤᠣᠯᠯᠠᠭ᠍ᠴᠢ ᠬᠦᠴᠦᠨ ᠪᠣᠯᠪᠠ᠃
ᠡᠳᠡᠭᠡᠷ ᠵᠢᠯ᠎ᠤᠨ ᠲᠤᠷᠰᠢ᠂ ᠳ᠋ᠦ᠋ ᠬᠠᠢ ᠺᠤᠸᠠᠨ ᠲᠠᠯ᠎ᠠ ᠨᠤᠲᠤᠭ᠎ᠤᠨ ᠲᠡᠮᠦᠷ ᠵᠠᠮ᠎ᠳᠤ ᠲᠤᠬᠠᠢᠯᠠᠭ᠍ᠰᠠᠨ ᠠᠵᠢᠯ᠎ᠤᠨ ᠮᠡᠷᠭᠡᠵᠢᠯ᠎ᠢᠶᠠᠷ ᠦᠨᠳᠦᠷ ᠭᠠᠯᠲᠤ ᠲᠡᠷᠭᠡᠨ᠎ᠤ ᠵᠢᠯᠣᠭᠤᠴᠢ᠎ᠶ᠋ᠢ 50 ᠭᠠᠷᠤᠢ ᠳᠠᠭᠠᠭᠤᠯᠤᠨ ᠬᠦᠮᠦᠵᠢᠭᠦᠯᠵᠤ᠂ 8 ᠬᠥᠮᠦᠨ᠎ᠨᠢ ᠬᠠᠮᠢᠶᠠᠷᠤᠯᠲᠠ᠎ᠶ᠋ᠢᠨ ᠠᠵᠢᠯ᠎ᠤᠨ ᠪᠠᠢᠷᠢᠨ᠎ᠳᠤ ᠭᠠᠷᠤᠭ᠍ᠰᠠᠨ ᠪᠠᠢᠵᠠᠢ᠃