ᠡᠪᠤᠯ᠎ᠤᠨ ᠡᠬᠢ᠎ᠪᠠᠷ᠂ ᠤᠷᠠᠳ᠎ᠤᠨ ᠲᠤᠮᠳᠠᠳᠤ ᠬᠤᠱᠢᠭᠤᠨ᠎ᠤ ᠲᠦᠪ ᠬᠠᠯᠢᠭᠤᠳᠤ ᠪᠠᠯᠭᠠᠰᠤ᠎ᠠᠴᠠ ᠭᠠᠷᠤᠨ᠂ ᠵᠡᠭᠦᠨ ᠡᠮᠦᠨᠡᠰᠢ ᠰᠤᠨᠤᠯᠵᠠᠭ᠍ᠰᠠᠨ ᠨᠠᠷᠢᠨ ᠵᠠᠰᠠᠮᠠᠯ ᠵᠠᠮ᠎ᠢᠶᠠᠷ ᠬᠠᠭᠠᠰ ᠴᠠᠭ ᠢᠯᠡᠭᠦᠦ ᠠᠶᠠᠯᠠᠨ᠂ ᠵᠤᠷᠢᠭ᠍ᠰᠠᠨ ᠭᠠᠵᠠᠷ ᠱᠢᠨᠡᠬᠦ᠋ᠷᠢᠶᠡ ᠰᠤᠮᠤᠨ᠎ᠤ ᠪᠠᠶᠠᠨᠬᠠᠲᠠᠢ ᠨᠡᠭᠦᠯᠭᠡᠨ ᠱᠢᠯᠵᠢᠭᠦᠯᠵᠦ᠍ ᠲᠦᠪᠯᠡᠷᠡᠭᠦᠯᠦᠨ ᠲᠦᠪᠬᠢᠨᠡᠬᠦᠯᠬᠦ᠌ ᠲᠡᠵᠢᠭᠡᠪᠦᠷᠢ᠎ᠶ᠋ᠢᠨ ᠬᠦᠷᠢᠶᠡᠯᠡᠩ᠎ᠳᠤ ᠬᠦᠷᠦᠯ᠎ᠠ᠃
ᠵᠠᠰᠠᠮᠠᠯ ᠵᠠᠮ᠎ᠤᠨ ᠬᠤᠢᠲᠤ ᠵᠠᠬ᠎ᠠ᠎ᠪᠠᠷ ᠬᠡᠳᠦᠨ ᠮᠦᠷ ᠱᠢᠨᠡᠭᠡᠨ ᠲᠤᠭᠤᠰᠭᠠᠨ ᠪᠠᠢᠱᠢᠩ ᠵᠢᠭ᠌ᠲᠡᠷᠡᠨ ᠬᠠᠷᠠᠭ᠍ᠳᠠᠵᠤ᠂ ᠠᠷᠤ ᠲᠠᠯ᠎ᠠ᠎ᠳᠠᠭᠠᠨ ᠴᠦᠮ ᠲᠤᠮᠤ ᠲᠤᠮᠤ ᠬᠦᠷᠢᠶ᠎ᠡ ᠬᠠᠱᠢᠶ᠎ᠠ ᠵᠢᠴᠢ ᠲᠤᠯᠠᠭᠠᠨ ᠰᠠᠷᠠᠪᠴᠢ᠎ᠲᠠᠢ᠃ ᠪᠢᠲᠡ ᠬᠠᠮᠤᠭ᠎ᠤᠨ ᠡᠮᠦᠨ᠎ᠡ ᠲᠠᠯ᠎ᠠ᠎ᠶ᠋ᠢᠨ ᠠᠢᠯ᠎ᠤᠨ ᠭᠠᠳᠠᠨ᠎ᠠ ᠨᠢᠭᠡᠨ ᠵᠠᠯᠠᠭᠤ ᠮᠠᠯ ᠲᠡᠵᠢᠭᠡᠳᠡᠭ ᠲᠡᠮᠦᠷ ᠤᠩᠭᠤᠴᠠ᠎ᠪᠠᠨ ᠭᠠᠩᠨᠠᠨ ᠵᠤᠭ᠍ᠰᠤᠬᠤᠶ᠋ᠢ ᠬᠠᠷᠠᠭᠠᠳ ᠮᠡᠨᠳᠦ ᠠᠰᠠᠭᠤᠨ ᠵᠤᠯᠭᠠᠪᠠ᠃
ᠡᠳᠡᠭᠡᠷ ᠪᠠᠢᠱᠢᠩ ᠬᠦᠷᠢᠶ᠎ᠡ᠎ᠨᠢ ᠱᠢᠨᠡᠬᠦ᠋ᠷᠢᠶᠡ ᠰᠤᠮᠤᠨ᠎ᠤ ᠶᠠᠳᠠᠭᠤ ᠬᠦᠴᠢᠷᠲᠡᠯᠲᠡᠢ ᠡᠷᠦᠬᠡ᠎ᠶ᠋ᠢ ᠨᠡᠭᠦᠯᠭᠡᠨ ᠱᠢᠯᠵᠢᠭᠦᠯᠵᠦ᠍ ᠲᠦᠪᠯᠡᠷᠡᠭᠦᠯᠦᠨ ᠲᠦᠪᠬᠢᠨᠡᠬᠦᠯᠬᠦ᠌ ᠲᠡᠵᠢᠭᠡᠪᠦᠷᠢ᠎ᠶ᠋ᠢᠨ ᠬᠦᠷᠢᠶᠡᠯᠡᠩ᠎ᠤᠨ ᠪᠠᠢᠱᠢᠩ ᠬᠦᠷᠢᠶ᠎ᠡ ᠪᠠᠢᠵᠤ᠂ ᠲᠤᠰ ᠬᠦᠷᠢᠶᠡᠯᠡᠩ᠎ᠳᠤ ᠨᠡᠢᠲᠡ ᠪᠦᠬᠦ᠌ ᠰᠤᠮᠤᠨ᠎ᠤ 18 ᠡᠷᠦᠬᠡ᠎ᠶ᠋ᠢ ᠲᠦᠪᠯᠡᠷᠡᠭᠦᠯᠦᠨ ᠲᠦᠪᠬᠢᠨᠡᠬᠦᠯᠵᠡᠢ᠃ ᠡᠭᠦᠨ᠎ᠳᠤ ᠴᠠᠭᠠᠨ᠌ᠤ᠋ᠪᠤᠭ᠎ᠠ ᠭᠠᠴᠠᠭᠠᠨ᠎ᠠᠴᠠ 5 ᠡᠷᠦᠬᠡ ᠪᠠᠢᠵᠤ᠂ ᠪᠢᠲᠡᠨ᠎ᠤ ᠠᠭᠤᠯᠵᠠᠭ᠍ᠰᠠᠨ ᠡᠨᠡ ᠵᠠᠯᠠᠭᠤ ᠪᠤᠯ ᠴᠠᠭᠠᠨ᠌ᠤ᠋ᠪᠤᠭ᠎ᠠ ᠭᠠᠴᠠᠭᠠᠨ᠎ᠤ ᠶᠠᠳᠠᠭᠤ ᠬᠦᠴᠢᠷᠳᠡᠯᠲᠡᠢ ᠡᠷᠦᠬᠡ ᠵᠠᠩ ᠪᠢᠶᠤᠤ ᠪᠤᠯᠤᠨ᠎ᠠ᠃ ᠵᠠᠩ ᠪᠢᠶᠤᠤᠶ᠋ᠢᠨᠬᠢᠨ 2016 ᠤᠨ᠎ᠳᠤ ᠲᠠᠩᠰᠠᠯᠠᠵᠤ ᠺᠠᠷᠲᠯᠠᠬ᠍ᠰᠠᠨ ᠶᠠᠳᠠᠭᠤ ᠬᠦᠴᠢᠷᠲᠡᠯᠲᠡᠢ ᠡᠷᠦᠬᠡ᠎ᠶ᠋ᠢ ᠡᠷᠬᠢᠨ ᠬᠠᠷᠠᠵᠤ ᠤᠨᠤᠪᠴᠢᠲᠡᠢ᠎ᠪᠠᠷ ᠢᠯᠭᠠᠨ ᠲᠠᠨᠢᠬᠤ᠎ᠪᠠᠷ ᠲᠠᠮᠵᠢᠨ ᠲᠠᠬᠢᠨ ᠤᠯᠤᠰ᠎ᠤᠨ ᠳᠡᠰ᠎ᠤᠨ ᠶᠠᠳᠠᠭᠤ ᠬᠦᠴᠢᠷᠳᠡᠯᠲᠡᠢ ᠡᠷᠦᠬᠡ᠎ᠪᠠᠷ ᠲᠤᠳᠤᠯᠠᠭ᠍ᠳᠠᠵᠤ᠂ 2018 ᠤᠨ᠎ᠳᠤ ᠡᠨᠡ ᠬᠦ᠌ ᠲᠦᠪᠯᠡᠷᠡᠭᠦᠯᠦᠨ ᠲᠦᠪᠬᠢᠨᠡᠬᠦᠯᠬᠦ᠌ ᠲᠡᠵᠢᠭᠡᠪᠦᠷᠢ᠎ᠶ᠋ᠢᠨ ᠬᠦᠷᠢᠶᠡᠯᠡᠩ᠎ᠳᠤ ᠨᠡᠬᠦᠵᠦ᠍ ᠢᠷᠡᠵᠡᠢ᠃ ᠵᠠᠩ ᠪᠢᠶᠤᠤ᠎ᠶ᠋ᠢᠨ ᠡᠭᠡᠴᠢ᠎ᠨᠢ ᠪᠠᠭ᠎ᠠ᠎ᠠᠴᠠ᠎ᠪᠠᠨ ᠦᠶ᠎ᠡ ᠭᠡᠱᠢᠭᠦᠨ᠎ᠤ ᠡᠪᠡᠳᠴᠢᠨ᠎ᠢᠶᠠᠷ ᠵᠡᠮᠳᠡᠭ ᠪᠤᠯᠵᠤ ᠵᠢᠳᠬᠦᠬᠦᠷ ᠳᠡᠷᠬᠡᠨ ᠳᠡᠭᠡᠷ᠎ᠡ ᠰᠠᠭᠤᠵᠤ ᠪᠤᠢ᠂ ᠠᠪᠤ᠎ᠨᠢ 2016 ᠤᠨ᠎ᠳᠤ ᠠᠭᠤᠰᠭᠢᠨ᠎ᠤ ᠦᠮᠡᠨ ᠡᠪᠡᠳᠴᠢᠨ᠎ᠳᠤ ᠨᠡᠷᠪᠡᠭ᠌ᠳᠡᠵᠦ᠍ ᠨᠠᠰᠤ ᠪᠠᠷᠠᠵᠠᠢ᠂ 2019 ᠤᠨ᠎ᠳᠤ ᠡᠵᠢ᠎ᠨᠢ ᠪᠠᠰᠠ ᠰᠠ ᠡᠪᠡᠳᠴᠢᠨ᠎ᠠᠴᠠ ᠪᠤᠯᠤᠭᠠᠳ ᠬᠡᠪᠲᠡᠷᠢ᠎ᠳᠡᠭᠡᠨ ᠤᠷᠤᠵᠠᠢ᠃ ᠭᠡᠷ᠎ᠤᠨ᠎ᠢᠶᠠᠨ ᠨᠤᠶᠠᠨ ᠨᠢᠷᠤᠭᠤ ᠪᠤᠯᠤᠬ᠍ᠰᠠᠨ ᠵᠠᠩ ᠪᠢᠶᠤᠤ ᠬᠦᠴᠢᠷ ᠬᠦᠨᠳᠦ ᠠᠵᠢᠯ᠎ᠢ ᠬᠤᠶᠠᠷ ᠮᠦᠷᠦᠨ᠎ᠳᠡᠭᠡᠨ ᠡᠬᠦᠷᠦᠨ ᠡᠵᠢ ᠪᠤᠯᠤᠨ ᠡᠭᠡᠴᠢ᠎ᠪᠠᠨ ᠠᠰᠠᠷᠠᠳᠠᠭ᠃
ᠪᠢᠲᠡᠨ᠎ᠢ ᠬᠦᠷᠬᠦ᠌᠎ᠳᠤ ᠵᠠᠩ ᠪᠢᠶᠤᠤ ᠶᠠᠭ ᠲᠡᠮᠦᠷ ᠤᠩᠭᠤᠴᠠ᠎ᠪᠠᠨ ᠭᠠᠩᠨᠠᠭᠠᠳ ᠶᠠᠭᠠᠷᠠᠵᠤ ᠪᠠᠢᠵᠠᠢ᠃ 《ᠬᠤᠷᠳᠤᠬᠠᠨ ᠭᠠᠩᠨᠠᠵᠤ ᠪᠠᠷᠠᠭᠠᠳ ᠪᠠᠰᠠ ᠮᠠᠯ᠎ᠢᠶᠠᠨ ᠲᠡᠵᠢᠭᠡᠨ᠎ᠡ》 ᠬᠡᠮᠡᠨ ᠵᠠᠩ ᠪᠢᠶᠤᠤ ᠶᠠᠷᠢᠨ᠎ᠠ᠃ ᠡᠳᠡᠨᠡᠢᠬᠢᠨ ᠤᠳᠤ 50 ᠭᠠᠷᠤᠢ ᠮᠠᠯ᠎ᠲᠠᠢ ᠪᠤᠯᠵᠤ᠂ ᠵᠢᠯ᠎ᠳᠡᠭᠡᠨ ᠪᠠᠰᠠ ᠬᠡᠳᠦᠨ ᠡᠷ᠎ᠡ ᠲᠦᠯ᠎ᠢᠶᠠᠨ ᠬᠤᠳᠠᠯᠳᠤᠵᠤ ᠤᠷᠤᠯᠭ᠎ᠠ ᠤᠯᠳᠠᠬ᠃ 《ᠰᠤᠯᠠ ᠰᠡᠯᠡᠭᠦᠦ ᠴᠠᠭ᠎ᠢᠶᠠᠷ᠎ᠢᠶᠠᠨ ᠪᠢ ᠪᠠᠰᠠ ᠵᠢᠭᠠᠬᠠᠨ ᠬᠦᠯᠦᠰᠦᠨ ᠠᠵᠢᠯ ᠬᠢᠵᠦ᠍᠂ ᠲᠠᠬᠢᠨ ᠲᠤᠤᠷ᠎ᠠ ᠪᠠᠳᠤᠯᠠᠭ᠎ᠠ᠎ᠶ᠋ᠢᠨ ᠡᠷᠦᠬᠡ᠎ᠶ᠋ᠢᠨ ᠨᠦᠬᠦᠪᠦᠷᠢ ᠮᠦᠩᠭᠦ᠌ ᠵᠡᠷᠭᠡ᠎ᠶ᠋ᠢ ᠨᠡᠮᠡᠪᠡᠯ ᠠᠮᠢᠳᠤᠷᠠᠯ᠎ᠳᠠᠭᠠᠨ ᠬᠦᠢᠴᠡᠴᠢᠬᠡᠨᠡ᠂ ᠤᠳᠤ ᠮᠠᠨ᠎ᠤ ᠰᠠᠭᠤᠷᠢ ᠡᠬᠡ ᠮᠠᠯ ᠴᠤ᠌ ᠨᠡᠯᠢᠶᠡᠳ ᠤᠯᠠᠨ ᠪᠤᠯᠤᠭ᠍ᠰᠠᠨ᠂ ᠬᠤᠢᠲᠤᠨ ᠵᠢᠯ᠎ᠠᠴᠠ ᠡᠬᠢᠯᠡᠨ ᠵᠢᠯ᠎ᠳᠡᠭᠡᠨ ᠨᠡᠯᠢᠶᠡᠳ ᠲᠦᠯ ᠬᠤᠳᠠᠯᠳᠤᠬᠤ ᠴᠢᠳᠠᠯ᠎ᠲᠠᠢ ᠪᠤᠯᠵᠤ᠂ ᠤᠯᠤᠰ᠎ᠤᠨ ᠡᠨᠡ ᠰᠠᠢᠬᠠᠨ ᠲᠦᠷᠦ᠎ᠶ᠋ᠢᠨ ᠪᠤᠳᠤᠯᠭ᠎ᠠ᠎ᠶ᠋ᠢᠨ ᠲᠤᠤᠷ᠎ᠠ ᠠᠮᠢᠳᠤᠷᠠᠯ ᠡᠳᠦᠷ᠎ᠠᠴᠠ ᠡᠳᠦᠷ ᠰᠠᠢᠵᠢᠷᠠᠬᠤ ᠪᠤᠯᠤᠨ᠎ᠠ ᠡ》 ᠬᠡᠮᠡᠨ ᠵᠠᠩ ᠪᠢᠶᠤᠤ ᠢᠳᠡᠭᠡᠯ ᠪᠢᠯᠬᠠᠮ᠎ᠠ ᠶᠠᠷᠢᠵᠤ ᠪᠠᠢᠯ᠎ᠠ᠃
《ᠡᠳᠡᠭᠡᠷ ᠲᠦᠪᠯᠡᠷᠡᠭᠦᠯᠦᠨ ᠲᠦᠪᠬᠢᠨᠡᠬᠦᠯᠬᠦ᠌ ᠪᠠᠢᠱᠢᠩ ᠬᠦᠷᠢᠶ᠎ᠡ᠎ᠨᠢ 600 ᠲᠡᠭ᠌ᠰᠢ ᠲᠦᠷᠪᠡᠯᠵᠢᠨ ᠮᠧᠲᠷ ᠲᠠᠯᠠᠪᠠᠢ᠎ᠲᠠᠢ᠂ ᠵᠠᠰᠠᠭ᠎ᠤᠨ ᠤᠷᠳᠤᠨ᠎ᠠᠴᠠ ᠶᠠᠳᠠᠭᠤ ᠬᠦᠴᠢᠷᠳᠡᠯᠲᠡᠢ ᠡᠷᠦᠬᠡ ᠪᠦᠷᠢ᠎ᠳᠤ ᠦᠨ᠎ᠡ ᠲᠦᠯᠦᠪᠦᠷᠢ ᠦᠭᠡᠢ ᠬᠠᠩᠭᠠᠵᠤ ᠦᠭ᠌ᠭᠦᠭ᠌ᠰᠡᠨ ᠪᠦᠭᠡᠳ ᠨᠢᠭᠡ ᠠᠢᠯ᠎ᠳᠤᠨᠢ 19 ᠮᠠᠯ ᠠᠪᠴᠤ᠌ ᠦᠭ᠌ᠭᠦᠨ᠂ ᠵᠢᠯ ᠪᠦᠷᠢ ᠪᠠᠰᠠ ᠵᠤᠬᠢᠬᠤ ᠬᠡᠮᠵᠢᠶᠡᠨ᠎ᠤ ᠡᠪᠡᠰᠦ ᠪᠤᠷᠳᠤᠭ᠎ᠠ ᠬᠠᠩᠭᠠᠵᠤ ᠦᠭ᠌ᠳᠡᠭ》 ᠭᠡᠵᠦ᠍ ᠴᠠᠭᠠᠨ᠌ᠤ᠋ᠪᠤᠭ᠎ᠠ ᠭᠠᠴᠠᠭᠠᠨ᠎ᠤ ᠨᠢᠭᠡᠳᠦᠭᠡᠷ ᠱᠦᠵᠢ ᠶᠠᠩ ᠵᠤᠤ ᠸᠧᠢ ᠲᠠᠨᠢᠯᠴᠠᠭᠤᠯᠤᠨ᠎ᠠ᠃ ᠤᠳᠤ ᠲᠤᠰ ᠭᠠᠴᠠᠭᠠᠨ᠎ᠤ 44 ᠶᠠᠳᠠᠭᠤ ᠬᠦᠴᠢᠷᠳᠡᠯᠲᠡᠢ ᠡᠷᠦᠬᠡ᠎ᠠᠴᠠ 35 ᠡᠷᠦᠬᠡ᠎ᠨᠢ ᠲᠤᠭ᠍ᠲᠠᠪᠤᠷᠢᠲᠡᠢ ᠶᠠᠳᠠᠭᠤ᠎ᠠᠴᠠ᠎ᠪᠠᠨ ᠠᠩᠬᠢᠵᠢᠷᠠᠵᠤ᠂ 9 ᠡᠷᠦᠬᠡ᠎ᠨᠢ ᠬᠡᠪ᠎ᠤᠨ ᠪᠠᠢᠳᠠᠯ᠎ᠲᠠᠢ ᠶᠠᠳᠠᠭᠤ᠎ᠠᠴᠠ ᠠᠩᠬᠢᠵᠢᠷᠠᠵᠤ᠂ ᠡᠭᠦᠨ᠎ᠠᠴᠠ 5 ᠡᠷᠦᠬᠡ᠎ᠶ᠋ᠢ᠎ᠨᠢ ᠲᠡᠵᠢᠭᠡᠪᠦᠷᠢ᠎ᠶ᠋ᠢᠨ ᠬᠦᠷᠢᠶᠡᠯᠡᠩ᠎ᠳᠤ ᠲᠦᠪᠯᠡᠷᠡᠭᠦᠯᠦᠨ ᠲᠦᠪᠬᠢᠨᠡᠭᠦᠯᠵᠦ᠍᠂ 4 ᠡᠷᠦᠬᠡ᠎ᠶ᠋ᠢ᠎ᠨᠢ ᠬᠤᠱᠢᠭᠤᠨ ᠲᠦᠪ᠎ᠲᠤ ᠲᠦᠪᠬᠢᠨᠡᠭᠦᠯᠵᠦ᠍ ᠦᠭ᠌ᠴᠡᠢ᠃
ᠵᠠᠩ ᠪᠢᠶᠤᠤᠶ᠋ᠢᠨᠬᠢᠠᠴᠠ ᠭᠠᠷᠤᠭᠠᠳ ᠬᠦᠳᠡᠭᠡ ᠲᠠᠯ᠎ᠠ ᠳᠡᠭᠡᠷ᠎ᠡ ᠮᠤᠷᠤᠯᠵᠠᠨ ᠰᠤᠨᠤᠯᠵᠠᠭ᠍ᠰᠠᠨ ᠱᠦᠢᠨᠢ ᠵᠠᠮ᠎ᠢᠶᠠᠷ ᠲᠠᠬᠢᠨ ᠬᠤᠷᠢᠭᠠᠳ ᠮᠢᠨᠦ᠋ᠲ ᠶᠠᠪᠤᠭᠠᠳ ᠴᠠᠭᠠᠨ᠌ᠤ᠋ᠪᠤᠭ᠎ᠠ ᠭᠠᠴᠠᠭᠠᠨ᠎ᠤ ᠬᠠᠮᠲᠤ᠎ᠶ᠋ᠢᠨ ᠠᠵᠤ ᠠᠬᠤᠢ᠎ᠶ᠋ᠢᠨ ᠲᠡᠵᠢᠭᠡᠪᠦᠷᠢ᠎ᠶ᠋ᠢᠨ ᠲᠠᠯᠠᠪᠠᠢ ᠪᠤᠯᠬᠤ ᠨᠠᠷᠠᠨᠪᠤᠯᠠᠭ ᠲᠡᠷᠢᠶᠠᠯᠠᠩ ᠮᠠᠯ ᠠᠵᠤ ᠠᠬᠤᠢ᠎ᠶ᠋ᠢᠨ ᠲᠤᠰᠭᠠᠢ ᠬᠤᠷᠱᠢᠶᠠᠨ᠎ᠳᠤ ᠬᠦᠷᠪᠡ᠃ ᠦᠨᠳᠦᠷ ᠲᠤᠮᠤ ᠴᠡᠩᠭᠡᠷ ᠦᠩᠭᠡ᠎ᠶ᠋ᠢᠨ ᠲᠡᠮᠦᠷ ᠬᠠᠪᠲᠠᠰᠤᠨ ᠲᠡᠭᠡᠭᠡᠪᠦᠷᠢ᠎ᠲᠠᠢ ᠦᠭᠡᠷ᠎ᠤᠨ ᠬᠦᠷᠢᠶ᠎ᠡ ᠵᠢᠴᠢ ᠪᠤᠷᠳᠤᠭᠠᠨ᠎ᠤ ᠬᠦᠮᠦᠷᠭᠡ ᠵᠡᠷᠭᠡ᠎ᠨᠢ ᠲᠡᠭ᠌ᠰᠢᠬᠡᠨ ᠲᠠᠯ᠎ᠠ᠎ᠶ᠋ᠢᠨ ᠲᠤᠮᠳᠠ ᠤᠨᠴᠠ ᠢᠯᠡᠭᠡᠨ ᠬᠠᠷᠠᠭ᠍ᠳᠠᠵᠤ᠂ ᠲᠡᠮᠦᠷ ᠰᠡᠷᠡᠯᠵᠢ᠎ᠪᠠᠷ ᠬᠦᠷᠢᠶᠡᠯᠡᠭ᠌ᠰᠡᠨ ᠬᠡᠳᠦᠨ ᠲᠤᠮᠤ ᠬᠠᠱᠢᠶᠠᠨ᠎ᠳᠤ ᠬᠠᠷ᠎ᠠ ᠠᠯᠠᠭ ᠦᠨᠢᠶ᠎ᠡ᠂ ᠪᠦᠲᠦᠭᠦᠨ ᠲᠤᠮᠤ ᠱᠢᠮᠧᠨ᠋ᠳᠠᠷ ᠦᠭᠡᠷ᠎ᠤᠳ ᠢᠳᠡᠱᠢᠯᠡᠨ ᠵᠤᠭ᠍ᠰᠤᠨ᠎ᠠ᠃ ᠡᠨᠡ ᠵᠢᠯ ᠴᠠᠭᠠᠨ᠌ᠤ᠋ᠪᠤᠭ᠎ᠠ ᠭᠠᠴᠠᠭ᠎ᠠ ᠬᠠᠮᠲᠤ᠎ᠶ᠋ᠢᠨ ᠠᠵᠤ ᠠᠬᠤᠢ᠎ᠶ᠋ᠢ ᠪᠤᠵᠠᠭᠠᠢᠷᠠᠭᠤᠯᠵᠤ ᠮᠠᠯᠴᠢᠳ᠎ᠢ ᠳᠠᠢᠴᠢᠯᠠᠨ ᠪᠠᠶᠠᠵᠢᠨ ᠴᠢᠨᠡᠭᠡᠯᠢᠭ᠌ᠵᠢᠬᠦ᠌ ᠱᠢᠨ᠎ᠡ ᠠᠷᠭ᠎ᠠ ᠵᠠᠮ᠎ᠢ ᠰᠦᠪᠡᠭ᠌ᠴᠢᠯᠡᠬᠦ᠌ ᠬᠦᠭ᠌ᠵᠢᠯᠲᠡ᠎ᠶ᠋ᠢᠨ ᠰᠡᠳᠭᠢᠮᠵᠢ᠎ᠪᠠᠷ ᠦᠨᠳᠦᠰᠦᠲᠡᠨ᠎ᠤ ᠬᠡᠷᠡᠭ ᠡᠷᠬᠢᠯᠡᠬᠦ᠌ ᠵᠦᠪᠯᠡᠯ᠎ᠠᠴᠠ ᠪᠠᠭᠤᠯᠭᠠᠭ᠍ᠰᠠᠨ 50 ᠲᠦᠮᠡᠨ ᠲᠦᠭᠦᠷᠢᠭ᠎ᠤᠨ ᠴᠦᠬᠡᠨ ᠲᠤᠭᠠᠳᠤ ᠦᠨᠳᠦᠰᠦᠲᠡᠨ᠎ᠤ ᠬᠦᠭ᠌ᠵᠢᠯᠲᠡ᠎ᠶ᠋ᠢᠨ ᠪᠡᠯᠡ ᠮᠦᠩᠭᠦ᠎ᠶ᠋ᠢ ᠠᠱᠢᠭ᠍ᠯᠠᠨ᠂ ᠮᠠᠯᠴᠢᠳ᠎ᠤᠨ ᠪᠠᠢᠭᠤᠯᠤᠭ᠍ᠰᠠᠨ ᠲᠤᠰᠭᠠᠢ ᠬᠤᠷᠱᠢᠶᠠᠨ᠎ᠳᠤ ᠪᠡᠯᠡ ᠤᠷᠤᠭᠤᠯᠵᠤ᠂ ᠦᠭᠡᠷ ᠲᠡᠵᠢᠭᠡᠬᠦ᠌ ᠠᠵᠤ ᠦᠢᠯᠡᠰ᠎ᠢ ᠬᠦᠭ᠌ᠵᠢᠭᠦᠯᠵᠦ᠍᠂ ᠲᠤᠰᠭᠠᠢ ᠬᠤᠷᠱᠢᠶ᠎ᠠ᠎ᠠᠴᠠ ᠵᠢᠯ᠎ᠳᠡᠭᠡᠨ 8% ᠤᠨ ᠬᠦᠦ ᠮᠦᠩᠭᠦ᠎ᠪᠠᠷ ᠪᠤᠳᠤᠨ ᠭᠠᠴᠠᠭᠠᠨ᠎ᠤ᠎ᠪᠠᠨ ᠬᠠᠮᠲᠤ᠎ᠶ᠋ᠢᠨ ᠠᠵᠤ ᠠᠬᠤᠢ᠎ᠳᠤ 4 ᠲᠦᠮᠡᠨ ᠲᠦᠭᠦᠷᠢᠭ ᠲᠤᠱᠢᠶᠠᠯᠭᠠᠵᠤ᠂ 5 ᠵᠢᠯ᠎ᠤᠨ ᠲᠠᠷᠠᠭ᠎ᠠ ᠡᠬᠡ ᠮᠦᠩᠭᠦ᠎ᠪᠠᠨ ᠪᠤᠴᠠᠭᠠᠵᠤ ᠠᠪᠬᠤ᠎ᠪᠠᠷ ᠲᠤᠭ᠍ᠲᠠᠵᠠᠢ᠃
《ᠭᠠᠴᠠᠭᠠᠨ᠎ᠠᠴᠠ ᠡᠨᠡ ᠬᠦ᠌ 4 ᠲᠦᠮᠡᠨ ᠲᠦᠭᠦᠷᠢᠭ᠎ᠤᠨ ᠬᠠᠮᠲᠤ᠎ᠶ᠋ᠢᠨ ᠠᠵᠤ ᠠᠬᠤᠢ᠎ᠶ᠋ᠢᠨ ᠤᠷᠤᠯᠭ᠎ᠠ᠎ᠪᠠᠨ ᠨᠢᠭᠡ ᠪᠦᠯᠦᠭ᠎ᠢ᠎ᠨᠢ ᠶᠠᠳᠠᠭᠤ ᠬᠦᠴᠢᠷᠳᠡᠯᠲᠡᠢ ᠠᠷᠠᠳ ᠲᠦᠮᠡᠨ᠎ᠢ ᠠᠪᠤᠷᠠᠨ ᠲᠤᠰᠠᠯᠠᠬᠤ᠎ᠳᠤ ᠵᠠᠷᠤᠴᠠᠭᠤᠯᠵᠤ᠂ ᠨᠢᠭᠡ ᠪᠦᠯᠦᠭ᠎ᠢ᠎ᠨᠢ ᠦᠷᠭᠦᠯᠵᠢᠯᠡᠨ ᠪᠡᠯᠡ ᠤᠷᠤᠭᠤᠯᠤᠨ ᠦᠭᠡᠷ ᠮᠠᠯ ᠠᠪᠴᠤ᠌ ᠬᠠᠮᠲᠤ᠎ᠶ᠋ᠢᠨ ᠠᠵᠤ ᠠᠬᠤᠢ᠎ᠪᠠᠨ ᠬᠦᠭ᠌ᠵᠢᠭᠦᠯᠬᠦ᠌᠎ᠳᠤ ᠵᠠᠷᠤᠴᠠᠭᠤᠯᠬᠤ ᠪᠤᠯᠤᠨ᠎ᠠ᠃ ᠤᠳᠤ ᠡᠨᠡ ᠲᠤᠰᠭᠠᠢ ᠬᠤᠷᠱᠢᠶ᠎ᠠ᠎ᠳᠤ ᠨᠡᠢᠲᠡ 70 ᠭᠠᠷᠤᠢ ᠦᠭᠡᠷ ᠲᠡᠵᠢᠭᠡᠵᠦ᠍ ᠪᠤᠢ᠃ ᠲᠠᠷᠠᠭᠠᠴᠢ᠎ᠶ᠋ᠢᠨ ᠠᠯᠬᠤᠮ᠎ᠳᠤ ᠪᠢᠲᠡ ᠠᠲᠡ ᠪᠠᠰᠠ ᠮᠠᠯ᠎ᠤᠨ ᠮᠢᠬ᠎ᠠ᠎ᠶ᠋ᠢ ᠡᠳ᠋ᠱᠢᠭᠦᠯᠦᠨ ᠪᠤᠯᠪᠠᠰᠤᠷᠠᠭᠤᠯᠬᠤ ᠦᠢᠯᠡᠳᠪᠦᠷᠢ ᠪᠠᠢᠭᠤᠯᠵᠤ᠂ ᠮᠢᠬ᠎ᠠ᠎ᠪᠠᠨ ᠨᠠᠷᠢᠯᠢᠭ ᠠᠩᠬᠢᠯᠠᠨ ᠨᠠᠷᠢᠯᠢᠭ ᠪᠤᠭᠤᠳᠠᠯᠯᠠᠵᠤ ᠨᠤᠳᠤᠭ᠎ᠤᠨ ᠱᠢᠯᠢᠳᠡᠭ ᠪᠦᠲᠦᠭᠡᠭ᠌ᠳᠡᠭᠦᠨ᠎ᠢᠶᠠᠨ ᠪᠦᠬᠦ᠌ ᠤᠯᠤᠰ᠎ᠤᠨ ᠵᠠᠬ᠎ᠠ ᠲᠡᠯᠭᠡᠭᠦᠷ᠎ᠲᠤ ᠭᠠᠷᠭᠠᠬᠤ ᠪᠤᠯᠤᠨ᠎ᠠ》 ᠬᠡᠵᠦ᠍ ᠶᠠᠩ ᠵᠤᠤ ᠸᠧᠢ ᠬᠡᠯᠡᠨ᠎ᠡ᠃
ᠨᠠᠮ᠎ᠤᠨ ᠠᠷᠪᠠ ᠶᠢᠰᠤᠳᠦᠭᠡᠷ ᠬᠤᠭᠤᠴᠠᠭᠠᠨ᠎ᠤ ᠲᠦᠪ ᠬᠤᠷᠢᠶᠠᠨ᠎ᠤ ᠲᠠᠪᠤᠳᠤᠭᠠᠷ ᠪᠦᠭᠦᠳᠡ ᠬᠤᠷᠠᠯ ᠲᠡᠭᠡᠷ᠎ᠡ᠂ ᠬᠥᠳᠡᠭᠡ ᠲᠣᠰᠭᠤᠨ᠎ᠤ ᠪᠥᠲᠥᠭᠡᠨ ᠪᠠᠢᠭᠤᠯᠤᠯᠲᠠ᠎ᠶ᠋ᠢᠨ ᠠᠵᠢᠯᠯᠠᠭ᠎ᠠ᠎ᠶ᠋ᠢ ᠬᠡᠷᠡᠭ᠌ᠵᠢᠭᠦᠯᠵᠦ᠍᠂ ᠬᠥᠳᠡᠭᠡ ᠲᠣᠰᠭᠤᠨ᠎ᠤ ᠥᠭᠡᠷᠡᠴᠢᠯᠡᠯᠲᠡ᠎ᠶ᠋ᠢ ᠭᠦᠨᠵᠡᠭᠡᠢᠷᠡᠭᠦᠯᠦᠨ᠂ ᠶᠠᠳᠠᠭᠤ᠎ᠠᠴᠠ ᠠᠩᠭᠢᠵᠢᠷᠠᠭᠤᠯᠬᠤ ᠪᠤᠭᠤᠮᠲᠠ ᠱᠢᠪᠲᠤᠯᠤᠯᠲᠠ᠎ᠶ᠋ᠢᠨ ᠠᠮᠵᠢᠯᠲᠠ ᠪᠦᠲᠦᠭᠡᠯ᠎ᠢ ᠪᠠᠬᠢᠵᠢᠭᠦᠯᠦᠨ ᠥᠷᠭᠡᠳᠭᠡᠬᠦ᠌᠎ᠶ᠋ᠢ ᠬᠥᠳᠡᠭᠡ ᠲᠣᠰᠭᠤᠨ᠎ᠢ ᠬᠥᠭ᠌ᠵᠢᠭᠦᠯᠦᠨ ᠮᠠᠨᠳᠤᠭᠤᠯᠬᠤ᠎ᠲᠠᠢ ᠪᠦᠲᠦᠮᠵᠢᠲᠡᠶ ᠵᠣᠯᠭᠠᠭᠤᠯᠬᠤ᠎ᠶ᠋ᠢ ᠪᠡᠶᠡᠯᠡᠭᠦᠯᠬᠦ᠌ ᠬᠡᠷᠡᠭ᠌ᠲᠡᠢ ᠭᠡᠵᠦ᠍ ᠲᠤᠷᠠᠳᠴᠠᠢ᠃ ᠴᠠᠭᠠᠨ᠌ᠤ᠋ᠪᠤᠭ᠎ᠠ ᠭᠠᠴᠠᠭ᠎ᠠ᠎ᠨᠢ ᠠᠵᠤ ᠦᠢᠯᠡᠰ᠎ᠢᠶᠠᠷ ᠶᠠᠳᠠᠭᠤ᠎ᠶ᠋ᠢ ᠲᠡᠳᠭᠦᠨ ᠶᠠᠳᠠᠭᠤ᠎ᠠᠴᠠ ᠠᠩᠬᠢᠵᠢᠷᠠᠭᠤᠯᠬᠤ ᠪᠤᠭᠤᠮᠲᠠ ᠱᠢᠪᠲᠤᠯᠤᠯᠲᠠ᠎ᠶ᠋ᠢᠨ ᠠᠮᠵᠢᠯᠲᠠ ᠪᠦᠲᠦᠭᠡᠯ᠎ᠢᠶᠠᠨ ᠪᠠᠬᠢᠵᠢᠭᠦᠯᠬᠦ᠌᠎ᠶ᠋ᠢᠨ ᠬᠠᠮᠲᠤ ᠭᠠᠴᠠᠭᠠᠨ᠎ᠤ᠎ᠪᠠᠨ ᠤᠨᠴᠠᠯᠢᠭ᠎ᠲᠠᠭᠠᠨ ᠲᠤᠬᠢᠷᠠᠭᠤᠯᠤᠨ ᠭᠤᠤᠯᠯᠠᠬᠤ ᠠᠵᠤ ᠦᠢᠯᠡᠰ ᠪᠤᠯᠬᠤ ᠮᠠᠯ ᠠᠵᠤ ᠠᠬᠤᠢ᠎ᠪᠠᠨ ᠬᠤᠷᠱᠢᠶ᠎ᠠ ᠪᠠᠢᠭᠤᠯᠬᠤ ᠪᠠ ᠬᠠᠮᠲᠤ᠎ᠶ᠋ᠢᠨ ᠠᠵᠤ ᠠᠬᠤᠢ᠎ᠶ᠋ᠢ ᠬᠦᠭ᠌ᠵᠢᠭᠦᠯᠬᠦ᠌ ᠬᠡᠯᠪᠡᠷᠢ᠎ᠪᠠᠷ ᠰᠠᠢᠳᠤᠷ ᠬᠦᠭ᠌ᠵᠢᠭᠦᠯᠦᠨ᠂ ᠤᠤᠯ᠎ᠤᠨ ᠤᠯᠠᠮᠵᠢᠯᠠᠯᠲᠤ ᠮᠠᠯᠵᠢᠯ᠎ᠤᠨ ᠬᠡᠯᠪᠡᠷᠢ᠎ᠪᠠᠨ ᠦᠭᠡᠷᠡᠴᠢᠯᠡᠨ᠂ ᠨᠠᠷᠢᠯᠢᠭ ᠲᠡᠵᠢᠭᠡᠪᠦᠷᠢᠯᠡᠨ᠂ ᠨᠠᠷᠢᠯᠢᠭ ᠠᠩᠬᠢᠯᠠᠨ ᠪᠤᠭᠤᠳᠠᠯᠯᠠᠵᠤ᠂ ᠤᠷᠤᠨ ᠨᠤᠳᠤᠭ᠎ᠤᠨ ᠨᠡᠷᠡᠲᠦ ᠲᠡᠮᠳᠡᠭ᠎ᠢ ᠴᠤᠭ᠍ᠴᠠᠯᠠᠵᠤ᠂ ᠪᠤᠬᠢᠷᠳᠤᠯ ᠦᠭᠡᠢ ᠬᠦᠭ᠌ᠵᠢᠯᠲᠡ᠎ᠶ᠋ᠢᠨ ᠵᠠᠮ᠎ᠢᠶᠠᠷ ᠵᠠᠮᠨᠠᠬᠤ᠎ᠪᠠᠷ ᠰᠦᠪᠡᠭ᠌ᠴᠢᠯᠡᠨ ᠴᠢᠷᠮᠠᠢᠵᠦ᠍ ᠪᠠᠢᠨ᠎ᠠ᠃