ᠪᠣᠬᠢᠷᠲᠤᠯ ᠦᠭᠡᠢ ᠬᠥᠭ᠌ᠵᠢᠯᠲᠡ᠎ᠶ᠋ᠢᠨ ᠠᠷᠭ᠎ᠠ ᠬᠡᠯᠪᠡᠷᠢ ᠪᠠ ᠠᠮᠢᠳᠤᠷᠠᠯ᠎ᠤᠨ ᠠᠷᠭ᠎ᠠ ᠬᠡᠯᠪᠡᠷᠢ᠎ᠶ᠋ᠢ ᠲᠦᠷᠭᠡᠳᠭᠡᠨ ᠪᠦᠷᠢᠯᠳᠦᠭᠦᠯᠰᠦᠭᠡᠢ
2020-12-18 11:11:02
ᠵᠣᠬᠢᠶᠠᠭ᠍ᠴᠢ᠄
ᠲᠦᠩ ᠹᠠᠨ
ᠣᠩᠱᠢᠭ᠍ᠰᠠᠨ ᠣᠳᠠᠭ᠎ᠠ᠄
★★★☆☆

【 ᠭᠤᠤᠯ ᠰᠠᠨᠠᠭᠤᠯᠤᠮᠵᠢ 】

● ᠠᠮᠢ ᠠᠬᠤᠢ᠎ᠶ᠋ᠢᠨ ᠪᠣᠯᠪᠠᠰᠤᠨ᠎ᠤ ᠪᠠᠢᠭᠤᠯᠤᠯᠲᠠ᠎ᠶ᠋ᠢᠨ ᠳᠤᠲᠠᠭᠤᠳᠠᠯ᠎ᠢ ᠨᠥᠬᠦᠪᠥᠷᠢᠯᠡᠬᠦ᠌᠎ᠨᠢ ᠴᠢᠨᠡᠭᠡᠯᠢᠭ ᠨᠡᠢᠭᠡᠮ᠎ᠢ ᠪᠦᠬᠦ᠌ ᠲᠠᠯ᠎ᠠ᠎ᠪᠠᠷ ᠪᠡᠶᠡᠯᠡᠭᠦᠯᠬᠦ᠌ ᠱᠢᠶᠳᠪᠦᠷᠢᠲᠦ ᠱᠠᠲᠤᠨ᠎ᠤ ᠠᠭᠤᠤ ᠶᠡᠭᠡ ᠢᠯᠠᠯᠲᠠ᠎ᠶ᠋ᠢ ᠲᠡᠮᠡᠴᠡᠨ ᠣᠯᠬᠤ᠎ᠳᠤ ᠡᠷᠬᠡᠪᠰᠢ ᠱᠢᠪᠲᠤᠯᠬᠤ ᠴᠢᠬᠤᠯᠠ᠎ᠲᠠᠢ ᠪᠡᠷᠬᠡ ᠪᠣᠭᠤᠮᠲᠠ ᠪᠣᠯᠬᠤ ᠮᠥᠷᠲᠡᠭᠡᠨ ᠪᠠᠰᠠ ᠳᠤᠮᠳᠠᠳᠤ᠎ᠶ᠋ᠢᠨ ᠦᠨᠳᠦᠰᠦᠲᠡᠨ᠎ᠤ ᠥᠨᠢᠳᠡ᠎ᠶ᠋ᠢᠨ ᠬᠥᠭ᠌ᠵᠢᠯᠲᠡ᠎ᠶ᠋ᠢ ᠪᠡᠶᠡᠯᠡᠭᠦᠯᠬᠦ᠌᠎ᠳᠤ ᠰᠠᠢᠲᠤᠷ ᠬᠠᠷᠢᠭᠤᠯᠬᠤ ᠴᠢᠬᠤᠯᠠ ᠶᠡᠭᠡ ᠰᠡᠳᠦᠪ ᠪᠣᠯᠤᠨ᠎ᠠ

● ᠪᠣᠬᠢᠷᠲᠤᠯ ᠦᠭᠡᠢ ᠬᠥᠭ᠌ᠵᠢᠯᠲᠡ᠎ᠶ᠋ᠢᠨ ᠠᠷᠭ᠎ᠠ ᠬᠡᠯᠪᠡᠷᠢ ᠪᠠ ᠠᠮᠢᠳᠤᠷᠠᠯ᠎ᠤᠨ ᠠᠷᠭ᠎ᠠ ᠬᠡᠯᠪᠡᠷᠢ᠎ᠶ᠋ᠢᠨ ᠪᠦᠷᠢᠯᠳᠦᠯᠬᠦ᠌᠎ᠶ᠋ᠢ ᠠᠬᠢᠭᠤᠯᠬᠤ᠎ᠨᠢ ᠬᠥᠭ᠌ᠵᠢᠯᠲᠡ᠎ᠶ᠋ᠢᠨ ᠣᠢᠯᠠᠭᠠᠭ᠍ᠳᠠᠬᠤᠨ᠂ ᠬᠥᠭ᠌ᠵᠢᠯᠲᠡ᠎ᠶ᠋ᠢᠨ ᠵᠠᠭ᠍ᠪᠤᠷ᠂ ᠬᠥᠭ᠌ᠵᠢᠯᠲᠡ᠎ᠶ᠋ᠢᠨ ᠠᠷᠭ᠎ᠠ ᠵᠠᠮ᠎ᠤᠨ ᠭᠦᠨ ᠳᠠᠪᠬᠤᠷᠭ᠎ᠠ᠎ᠶ᠋ᠢᠨ ᠬᠤᠪᠢᠷᠠᠯᠲᠠ ᠪᠠ ᠲᠣᠬᠢᠷᠠᠭᠤᠯᠤᠯᠲᠠ᠎ᠲᠠᠢ ᠬᠤᠯᠪᠣᠭ᠍ᠳᠠᠵᠤ᠂ ᠬᠥᠭ᠌ᠵᠢᠯᠲᠡ᠎ᠶ᠋ᠢᠨ ᠦᠵᠡᠯᠲᠡ᠎ᠶ᠋ᠢᠨ ᠨᠢᠭᠡᠨ ᠤᠳᠠᠭᠠᠨ᠎ᠤ ᠭᠦᠨᠵᠡᠭᠡᠶ ᠬᠤᠪᠢᠰᠭᠠᠯ ᠪᠣᠯᠤᠨ᠎ᠠ

● ᠪᠣᠬᠢᠷᠲᠤᠯ ᠦᠭᠡᠢ ᠬᠥᠭ᠌ᠵᠢᠯᠲᠡ᠎ᠶ᠋ᠢᠨ ᠬᠠᠷᠠᠯᠲᠠ ᠡᠭᠦᠷᠭᠡ᠎ᠶ᠋ᠢ ᠪᠣᠳᠠᠲᠠᠶ᠎ᠳᠤ ᠨᠠᠢᠳᠠᠪᠤᠷᠢᠵᠢᠭᠤᠯᠬᠤ᠎ᠳᠤ ᠱᠢᠨ᠎ᠡ ᠬᠥᠭ᠌ᠵᠢᠯᠲᠡ᠎ᠶ᠋ᠢᠨ ᠣᠢᠯᠠᠭᠠᠭ᠍ᠳᠠᠬᠤᠨ᠎ᠢ ᠪᠠᠷᠢᠮᠲᠠᠯᠠᠨ ᠲᠤᠭᠤᠱᠢᠯᠠᠭᠤᠯᠵᠤ᠂ ᠪᠣᠬᠢᠷᠲᠤᠯ ᠦᠭᠡᠢ ᠬᠥᠭ᠌ᠵᠢᠯᠲᠡ᠂ ᠪᠣᠬᠢᠷᠲᠤᠯ ᠦᠭᠡᠢ ᠬᠠᠩᠭᠠᠯᠭ᠎ᠠ᠎ᠶ᠋ᠢ ᠪᠠᠷᠢᠮᠲᠠᠯᠠᠵᠤ᠂ ᠬᠠᠩᠭᠠᠯᠭ᠎ᠠ᠎ᠶ᠋ᠢᠨ ᠲᠠᠯ᠎ᠠ᠎ᠶ᠋ᠢᠨ ᠪᠦᠲᠦᠴᠡ᠎ᠶ᠋ᠢᠨ ᠴᠢᠨᠠᠷᠲᠠᠶ ᠥᠭᠡᠷᠡᠴᠢᠯᠡᠯᠲᠡ᠎ᠶ᠋ᠢ ᠠᠬᠢᠭᠤᠯᠬᠤ᠎ᠶ᠋ᠢ ᠪᠠᠷᠢᠮᠲᠠᠯᠠᠨ᠎ᠠ

ᠪᠣᠬᠢᠷᠲᠤᠯ ᠦᠭᠡᠢ ᠬᠥᠭ᠌ᠵᠢᠯᠲᠡ᠎ᠶ᠋ᠢᠨ ᠠᠷᠭ᠎ᠠ ᠬᠡᠯᠪᠡᠷᠢ ᠪᠠ ᠠᠮᠢᠳᠤᠷᠠᠯ᠎ᠤᠨ ᠠᠷᠭ᠎ᠠ ᠬᠡᠯᠪᠡᠷᠢ᠎ᠶ᠋ᠢᠨ ᠪᠦᠷᠢᠯᠳᠦᠬᠦ᠌᠎ᠶ᠋ᠢ ᠠᠬᠢᠭᠤᠯᠬᠤ᠎ᠨᠢ ᠨᠢᠭᠡᠨ ᠤᠳᠠᠭᠠᠨ᠎ᠤ ᠬᠥᠭ᠌ᠵᠢᠯᠲᠡ᠎ᠶ᠋ᠢᠨ ᠦᠵᠡᠯᠲᠡ᠎ᠶ᠋ᠢᠨ ᠭᠦᠨᠵᠡᠭᠡᠶ ᠬᠤᠪᠢᠰᠭᠠᠯ ᠪᠠᠢᠵᠤ᠂ ᠠᠮᠢ ᠠᠬᠤᠢ᠎ᠶ᠋ᠢᠨ ᠪᠣᠯᠪᠠᠰᠤᠨ᠎ᠤ ᠦᠨᠳᠦᠰᠦᠨ ᠤᠢ᠍ᠢᠯᠠᠭᠠᠬ᠍ᠳᠠᠬᠤᠨ᠎ᠢ ᠢᠯᠡᠷᠡᠭᠦᠯᠵᠦ᠍᠂ ᠦᠵᠡᠰᠭᠦᠯᠡᠩᠲᠦ ᠰᠠᠢᠬᠠᠨ ᠳᠤᠮᠳᠠᠳᠤ ᠤᠯᠤᠰ᠎ᠢ ᠪᠦᠲᠦᠭᠡᠨ ᠪᠠᠢᠭᠤᠯᠬᠤ ᠭᠤᠣᠯ ᠠᠷᠭ᠎ᠠ ᠵᠠᠮ᠎ᠢ ᠲᠣᠳᠣᠷᠬᠠᠢ ᠵᠢᠭᠠᠵᠤ᠂ ᠠᠷᠠᠳ ᠲᠦᠮᠡᠨ᠎ᠤ ᠰᠠᠢᠨ ᠰᠠᠢᠬᠠᠨ ᠠᠮᠢᠳᠤᠷᠠᠯ᠎ᠤᠨ ᠲᠤᠬᠠᠢ ᠬᠦᠰᠡᠯ ᠡᠷᠡᠮᠡᠯᠵᠡᠯ᠎ᠳᠤ ᠨᠡᠢᠴᠡᠪᠡ᠃ ᠨᠠᠮ᠎ᠤᠨ ᠠᠷᠪᠠ ᠶᠢᠰᠦᠳᠦᠭᠡᠷ ᠬᠤᠭᠤᠴᠠᠭᠠᠨ᠎ᠤ ᠲᠥᠪ ᠬᠤᠷᠢᠶᠠᠨ᠎ᠤ ᠲᠠᠪᠤᠳᠤᠭᠠᠷ ᠪᠥᠬᠦᠳᠡ ᠬᠤᠷᠠᠯ᠎ᠠᠴᠠ᠂ ᠦᠷᠭᠦᠯᠵᠢᠯᠡᠬᠦ᠌ ᠬᠥᠭ᠌ᠵᠢᠯᠲᠡ᠎ᠶ᠋ᠢᠨ ᠪᠠᠢᠯᠳᠤᠬᠤ ᠪᠣᠳᠣᠯᠭ᠎ᠠ᠎ᠶ᠋ᠢ ᠭᠦᠨᠵᠡᠭᠡᠶ ᠬᠡᠷᠡᠭ᠌ᠵᠢᠭᠦᠯᠵᠦ᠍᠂ ᠠᠮᠢ ᠠᠬᠤᠢ᠎ᠶ᠋ᠢᠨ ᠪᠣᠯᠪᠠᠰᠤᠨ᠎ᠤ ᠬᠦᠷᠢᠶᠡᠨ᠎ᠳᠠᠬᠢ ᠨᠢᠭᠡᠳᠦᠯᠲᠡᠶ ᠲᠥᠯᠥᠪᠵᠢᠭᠦᠯᠤᠨ ᠵᠣᠬᠢᠴᠠᠭᠤᠯᠬᠤ ᠲᠣᠭ᠍ᠲᠠᠴᠠ᠎ᠶ᠋ᠢ ᠲᠡᠭᠦᠯᠳᠡᠷᠵᠢᠭᠦᠯᠵᠦ᠍᠂ ᠠᠮᠢ ᠠᠬᠤᠢ᠎ᠶ᠋ᠢᠨ ᠪᠣᠯᠪᠠᠰᠤᠨ᠎ᠤ ᠱᠢᠰᠲ᠋ᠧᠮ᠎ᠢ ᠪᠠᠢᠭᠤᠯᠵᠤ᠂ ᠠᠵᠤ ᠠᠬᠤᠶ ᠨᠡᠢᠭᠡᠮ᠎ᠤᠨ ᠬᠥᠭ᠌ᠵᠢᠯᠲᠡ᠎ᠶ᠋ᠢᠨ ᠪᠦᠬᠦ᠌ ᠲᠠᠯ᠎ᠠ᠎ᠶ᠋ᠢᠨ ᠪᠣᠬᠢᠷᠲᠤᠯ ᠦᠭᠡᠢ ᠬᠤᠪᠢᠷᠠᠭᠤᠯᠤᠯᠳᠠ᠎ᠶ᠋ᠢ ᠠᠬᠢᠭᠤᠯᠵᠤ᠂ ᠬᠥᠮᠦᠨ ᠪᠠᠢᠭᠠᠯᠢ ᠡᠶ᠎ᠡ ᠵᠣᠬᠢᠴᠠᠩᠭᠤᠢ᠎ᠪᠠᠷ ᠬᠠᠮᠲᠤ ᠣᠷᠣᠱᠢᠬᠤ ᠣᠳᠣᠬᠢᠴᠢᠯᠠᠯᠲᠠ᠎ᠶ᠋ᠢ ᠪᠠᠢᠭᠤᠯᠤᠨ᠎ᠠ ᠭᠡᠪᠡ᠃ ᠡᠨᠡ ᠬᠦ᠌ ᠪᠣᠬᠢᠷᠲᠤᠯ ᠦᠭᠡᠢ ᠬᠥᠭ᠌ᠵᠢᠯᠲᠡ᠎ᠶ᠋ᠢᠨ ᠬᠠᠷᠠᠯᠲᠠ ᠡᠭᠦᠷᠭᠡ᠎ᠨᠢ ᠪᠢᠳᠡᠨ᠎ᠤ ᠰᠡᠳᠭᠢᠴᠡ᠎ᠪᠠᠨ ᠬᠤᠪᠢᠷᠠᠭᠤᠯᠵᠤ᠂ ᠦᠵᠡᠯ ᠰᠠᠨᠠᠭ᠎ᠠ᠎ᠪᠠᠨ ᠬᠤᠪᠢᠷᠠᠭᠤᠯᠵᠤ᠂ ᠲᠣᠭ᠍ᠲᠠᠯ ᠬᠦᠴᠦᠨ᠎ᠢᠶᠠᠨ ᠪᠠᠲᠤᠯᠠᠵᠤ᠂ ᠵᠥᠪ ᠵᠠᠮ᠎ᠢ ᠰᠣᠩᠭᠤᠵᠤ᠂ ᠠᠮᠢ ᠠᠬᠤᠢ᠎ᠶ᠋ᠢᠨ ᠪᠣᠯᠪᠠᠰᠤᠨ᠎ᠤ ᠪᠠᠢᠭᠤᠯᠤᠯᠲᠠ᠎ᠶ᠋ᠢ ᠲᠠᠰᠤᠷᠠᠯᠲᠠ ᠦᠭᠡᠢ ᠠᠬᠢᠭᠤᠯᠵᠤ᠂ ᠬᠥᠮᠦᠨ ᠪᠠᠢᠭᠠᠯᠢ ᠡᠶ᠎ᠡ ᠵᠣᠬᠢᠴᠠᠩᠭᠤᠢ᠎ᠪᠠᠷ ᠬᠠᠮᠲᠤ ᠣᠷᠣᠱᠢᠬᠤ᠎ᠶ᠋ᠢ ᠪᠡᠶᠡᠯᠡᠭᠦᠯᠬᠦ᠌᠎ᠳᠤ ᠵᠢᠯᠣᠭᠤᠳᠭᠤ ᠴᠢᠭ᠌ᠯᠡᠯ ᠪᠠ ᠦᠨᠳᠦᠰᠦᠨ ᠵᠢᠷᠤᠮᠯᠠᠯ ᠬᠠᠩᠭᠠᠪᠠ᠃

ᠪᠣᠬᠢᠷᠲᠤᠯ ᠦᠭᠡᠢ ᠬᠥᠭ᠌ᠵᠢᠯᠲᠡ᠎ᠶ᠋ᠢᠨ ᠵᠠᠮ᠎ᠢᠶᠠᠷ ᠵᠠᠮᠨᠠᠬᠤ ᠪᠣᠯ ᠵᠠᠢᠯᠠᠰᠢ ᠦᠭᠡᠢ ᠰᠣᠩᠭᠤᠯᠲᠠ ᠮᠥᠨ

ᠬᠤᠷᠤᠬ᠍ᠳᠠᠭᠤᠯᠤᠯ ᠪᠠᠭ᠎ᠠ ᠭᠠᠳᠠᠬ᠍ᠰᠢᠯᠠᠭᠤᠯᠤᠯᠳᠠ ᠪᠠᠭ᠎ᠠ ᠪᠣᠬᠢᠷᠲᠤᠯ ᠦᠭᠡᠢ ᠬᠥᠭ᠌ᠵᠢᠯᠲᠡ᠎ᠶ᠋ᠢᠨ ᠵᠠᠮ᠎ᠢᠶᠠᠷ ᠵᠠᠮᠨᠠᠬᠤ ᠪᠤᠯ ᠪᠢᠳᠡᠨ᠎ᠤ ᠪᠣᠳᠠᠲᠤ ᠠᠰᠠᠭᠤᠳᠠᠯ᠎ᠳᠤ ᠱᠢᠭᠤᠳ ᠬᠠᠨᠳᠤᠬᠤ ᠵᠠᠢᠯᠠᠰᠢ ᠦᠭᠡᠢ ᠰᠣᠩᠭᠤᠯᠲᠠ ᠮᠥᠨ᠃ ᠣᠳᠣᠬᠠᠨ᠎ᠳᠤ᠂ ᠳᠡᠯᠡᠬᠡᠶ᠎ᠶ᠋ᠢᠨ ᠬᠡᠪᠴᠢᠶᠡᠨ᠎ᠠᠴᠠ ᠦᠵᠡᠪᠡᠯ᠂ ᠪᠦᠬᠦ᠌ ᠪᠥᠮᠪᠥᠷᠴᠡᠭ᠎ᠤᠨ ᠬᠥᠮᠦᠨ ᠠᠮᠠ᠎ᠶ᠋ᠢᠨ ᠲᠦᠷᠭᠡᠨ ᠨᠡᠮᠡᠭ᠌ᠳᠡᠯ ᠵᠢᠴᠢ ᠠᠵᠤ ᠠᠬᠤᠶ᠎ᠶ᠋ᠢᠨ ᠲᠦᠷᠭᠡᠨ ᠬᠥᠭ᠌ᠵᠢᠯᠲᠡ᠎ᠨᠢ ᠡᠬᠢ ᠪᠠᠶᠠᠯᠢᠭ᠎ᠤᠨ ᠬᠤᠷᠣᠭ᠍ᠳᠠᠭᠤᠯᠤᠯ᠎ᠢ ᠤᠯᠠᠮ ᠨᠢᠭᠡ ᠠᠯᠬᠤᠮ ᠬᠤᠷᠴᠠᠳᠭᠠᠭ᠍ᠰᠠᠨ ᠪᠠᠢᠨ᠎ᠠ᠃ ᠳᠡᠯᠡᠬᠡᠶ᠎ᠶ᠋ᠢᠨ ᠪᠥᠮᠪᠥᠷᠴᠡᠭ᠎ᠤᠨ ᠡᠬᠢ ᠪᠠᠶᠠᠯᠢᠭ᠎ᠤᠨ ᠬᠢᠵᠠᠭᠠᠷᠲᠤ ᠴᠢᠨᠠᠷ᠎ᠨᠢ ᠡᠳᠦᠷ ᠢᠷᠡᠬᠦᠶ᠎ᠡ ᠨᠡᠮᠡᠭ᠌ᠳᠡᠵᠦ᠍ ᠪᠠᠢᠭ᠎ᠠ ᠬᠥᠮᠦᠨ ᠠᠮᠠ ᠪᠠ ᠨᠡᠢᠭᠡᠮ᠎ᠤᠨ ᠠᠵᠤ ᠠᠬᠤᠢ᠎ᠶ᠋ᠢᠨ ᠬᠡᠷᠡᠭ᠌ᠴᠡᠭᠡ᠎ᠶ᠋ᠢ ᠬᠠᠩᠭᠠᠬᠤᠶ᠎ᠠ ᠪᠡᠷᠭᠡ ᠪᠠᠢᠵᠤ᠂ ᠡᠭᠦᠨ᠎ᠤ ᠳᠡᠭᠡᠷ᠎ᠡ ᠡᠯ᠎ᠡ ᠤᠯᠤᠰ ᠠᠵᠤ ᠠᠬᠤᠶ᠎ᠶ᠋ᠢᠨ ᠬᠥᠭ᠌ᠵᠢᠯᠲᠡ᠎ᠶ᠋ᠢᠨ ᠶᠠᠪᠤᠴᠠ᠎ᠳᠤ ᠶᠡᠭᠡ ᠬᠡᠮᠵᠢᠶᠡᠨ᠎ᠤ ᠳᠠᠬᠢᠠ ᠡᠭᠦᠰᠴᠦ᠍ ᠪᠣᠯᠬᠤ ᠤᠢ᠍ᠭᠡᠢ ᠡᠨᠧᠷᠭᠢ᠎ᠶ᠋ᠢᠨ ᠰᠤᠷᠪᠤᠯᠵᠢ᠎ᠶ᠋ᠢ ᠬᠤᠷᠣᠭ᠍ᠳᠠᠭᠤᠯᠵᠤ᠂ ᠳᠡᠯᠡᠬᠡᠶ᠎ᠶ᠋ᠢᠨ ᠪᠥᠮᠪᠥᠷᠴᠡᠭ᠎ᠤᠨ ᠠᠮᠢ ᠠᠬᠤᠶ᠎ᠶ᠋ᠢᠨ ᠡᠬᠢ ᠪᠠᠶᠠᠯᠢᠭ᠎ᠢ ᠬᠦᠨᠳᠦ ᠨᠣᠴᠢᠲᠠᠶ ᠡᠪᠳᠡᠭ᠌ᠰᠡᠨ ᠪᠠᠢᠨ᠎ᠠ᠃ ᠠᠵᠤ ᠦᠢᠯᠡᠳᠪᠦᠷᠢ᠎ᠠᠴᠠ ᠭᠠᠳᠠᠨ᠎ᠠ᠂ ᠬᠥᠮᠦᠨ ᠲᠥᠷᠥᠯᠬᠢᠲᠡᠨ᠎ᠤ ᠵᠦᠶ ᠵᠣᠬᠢᠰ ᠦᠭᠡᠶ ᠲᠠᠷᠢᠶᠠᠯᠠᠩ᠎ᠤᠨ ᠠᠵᠢᠯᠯᠠᠭ᠎ᠠ ᠪᠠ ᠬᠡᠷᠡᠭ᠌ᠯᠡᠭᠡ᠎ᠶ᠋ᠢᠨ ᠠᠵᠢᠯᠯᠠᠭ᠎ᠠ᠎ᠨᠢ ᠪᠣᠬᠢᠷᠲᠤᠯ ᠦᠭᠡᠶ ᠬᠥᠭ᠌ᠵᠢᠯᠲᠡ᠎ᠳᠤ ᠯᠤᠲᠤ ᠶᠡᠭᠡ ᠥᠷᠢᠰᠥᠯᠳᠦᠭᠡᠨ ᠠᠪᠴᠢᠷᠠᠪᠠ᠃

ᠥᠭᠡᠷᠡᠴᠢᠯᠡᠯᠲᠡ ᠨᠡᠭᠡᠭᠡᠯᠲᠡ ᠬᠢᠭ᠌ᠰᠡᠨ 40 ᠭᠠᠷᠤᠶ ᠵᠢᠯ᠎ᠤᠨ ᠲᠤᠷᠰᠢ᠂ ᠮᠠᠨ᠎ᠤ ᠤᠯᠤᠰ᠎ᠤᠨ ᠠᠵᠤ ᠠᠬᠤᠶ ᠨᠡᠢᠭᠡᠮ᠎ᠤᠨ ᠪᠠᠢᠭᠤᠯᠤᠯᠲᠠ ᠳᠡᠯᠡᠬᠡᠶ ᠳ᠋ᠠᠬᠢᠨ᠎ᠤ ᠠᠩᠬᠠᠷᠤᠯ᠎ᠢ ᠲᠠᠲᠠᠭ᠍ᠰᠠᠨ ᠯᠤᠲᠤ ᠶᠡᠭᠡ ᠠᠮᠵᠢᠯᠲᠠ ᠪᠦᠲᠦᠮᠵᠢ ᠣᠯᠵᠤ᠂ ᠨᠢᠭᠡᠨᠲᠡ ᠳᠡᠯᠡᠬᠡᠶ᠎ᠶ᠋ᠢᠨ ᠬᠤᠶᠠᠳᠤᠭᠠᠷ ᠲᠤᠮᠤ ᠠᠵᠤ ᠠᠬᠤᠶ᠎ᠶ᠋ᠢᠨ ᠴᠣᠭ᠍ᠴᠠ ᠪᠣᠯᠤᠭ᠍ᠰᠠᠨ ᠪᠠᠢᠨ᠎ᠠ᠃ ᠡᠭᠦᠨ᠎ᠤ ᠬᠠᠮᠲᠤ᠌᠂ ᠠᠵᠤ ᠠᠬᠤᠶ᠎ᠶ᠋ᠢᠨ ᠪᠦᠳᠦᠭᠡᠨ ᠪᠠᠢᠭᠤᠯᠤᠯᠲᠠ ᠪᠣᠯᠤᠨ ᠠᠮᠢ ᠠᠬᠤᠶ ᠣᠷᠴᠢᠨ ᠲᠤᠭᠤᠷᠢᠨ᠎ᠤ ᠬᠤᠭᠤᠷᠣᠨᠳᠣᠬᠢ ᠵᠥᠷᠢᠴᠡᠯ ᠡᠳᠦᠷ ᠢᠷᠡᠬᠦᠶ᠎ᠡ ᠲᠤᠪᠤᠢᠮ᠎ᠠ ᠪᠤᠯᠵᠤ᠂ ᠡᠬᠢ ᠪᠠᠶᠠᠯᠢᠭ ᠳᠤᠲᠠᠭ᠍ᠳᠠᠵᠦ᠍᠂ ᠣᠷᠴᠢᠨ ᠲᠤᠭᠤᠷᠢᠨ ᠪᠣᠬᠢᠷᠲᠤᠵᠤ᠂ ᠠᠮᠢ ᠠᠬᠤᠶ ᠲᠡᠩᠴᠡᠭᠦᠷᠢ᠎ᠪᠠᠨ ᠠᠯᠳᠠᠬᠤ ᠵᠡᠷᠭᠡ ᠠᠯᠢ ᠤᠯᠠᠨ ᠠᠰᠠᠭᠤᠳᠠᠯ ᠨᠢᠭᠡᠨᠲᠡ ᠮᠠᠨ᠎ᠤ ᠤᠯᠤᠰ᠎ᠤᠨ ᠠᠵᠤ ᠠᠬᠤᠶ ᠨᠡᠢᠭᠡᠮ᠎ᠤᠨ ᠬᠥᠭ᠌ᠵᠢᠯᠲᠡ᠎ᠶ᠋ᠢ ᠬᠢᠵᠠᠭᠠᠷᠯᠠᠬᠤ ᠪᠣᠭᠤᠮᠢ ᠪᠣᠯᠤᠭ᠍ᠰᠠᠨ ᠪᠠᠢᠨ᠎ᠠ᠃ ᠠᠮᠢ ᠠᠬᠤᠶ ᠬᠦᠨᠳᠦ ᠨᠣᠴᠢᠲᠠᠶ ᠡᠪᠳᠡᠭ᠌ᠳᠡᠵᠦ᠍᠂ ᠠᠮᠢ ᠠᠬᠤᠶ᠎ᠶ᠋ᠢᠨ ᠭᠠᠮᠱᠢᠭ ᠣᠯᠠᠨᠲᠠ ᠡᠭᠦᠰᠴᠦ᠍᠂ ᠠᠮᠢ ᠠᠬᠤᠶ᠎ᠶ᠋ᠢᠨ ᠳᠠᠷᠤᠯᠲᠠ ᠯᠤᠲᠤ ᠶᠡᠭᠡ ᠵᠡᠷᠭᠡ ᠳᠣᠪᠤᠢᠮ᠎ᠠ ᠠᠰᠠᠭᠤᠳᠠᠯ᠎ᠤᠨ ᠡᠮᠦᠨ᠎ᠡ᠂ ᠠᠮᠢ ᠠᠬᠤᠢ᠎ᠶ᠋ᠢᠨ ᠪᠣᠯᠪᠠᠰᠤᠨ᠎ᠤ ᠪᠠᠢᠭᠤᠯᠤᠯᠲᠠ᠎ᠶ᠋ᠢᠨ ᠳᠤᠲᠠᠭᠤᠳᠠᠯ᠎ᠢ ᠨᠥᠬᠦᠪᠥᠷᠢᠯᠡᠬᠦ᠌᠎ᠨᠢ ᠴᠢᠨᠡᠭᠡᠯᠢᠭ ᠨᠡᠢᠭᠡᠮ᠎ᠢ ᠪᠦᠬᠦ᠌ ᠲᠠᠯ᠎ᠠ᠎ᠪᠠᠷ ᠪᠡᠶᠡᠯᠡᠭᠦᠯᠬᠦ᠌ ᠱᠢᠢᠳᠪᠦᠷᠢᠲᠦ ᠱᠠᠲᠤᠨ᠎ᠤ ᠠᠭᠤᠤ ᠶᠡᠭᠡ ᠢᠯᠠᠯᠲᠠ᠎ᠶ᠋ᠢ ᠲᠡᠮᠡᠴᠡᠨ ᠤᠯᠬᠤ᠎ᠳᠤ ᠡᠷᠬᠡᠪᠰᠢ ᠱᠢᠪᠲᠤᠯᠬᠤ ᠴᠢᠬᠤᠯᠠ᠎ᠲᠠᠢ ᠪᠡᠷᠬᠡ ᠪᠣᠭᠤᠮᠲᠠ ᠪᠣᠯᠬᠤ ᠮᠥᠷᠲᠡᠭᠡᠨ ᠪᠠᠰᠠ ᠦᠵᠡᠰᠭᠦᠯᠡᠩᠲᠦ ᠰᠠᠢᠬᠠᠨ ᠳᠤᠮᠳᠠᠳᠤ ᠤᠯᠤᠰ᠎ᠢ ᠪᠦᠳᠦᠭᠡᠨ ᠪᠠᠢᠭᠤᠯᠬᠤ᠂ ᠳᠤᠮᠳᠠᠳᠤ᠎ᠶ᠋ᠢᠨ ᠦᠨᠳᠦᠰᠦᠲᠡᠨ᠎ᠤ ᠥᠨᠢᠳᠡ᠎ᠶ᠋ᠢᠨ ᠦᠷᠭᠦᠯᠵᠢᠯᠡᠬᠦ᠌ ᠬᠥᠭ᠌ᠵᠢᠯᠲᠡ᠎ᠶ᠋ᠢ ᠪᠡᠶᠡᠯᠡᠭᠦᠯᠬᠦ᠌᠎ᠳᠤ ᠰᠠᠢᠲᠤᠷ ᠬᠠᠷᠢᠭᠤᠯᠬᠤ ᠴᠢᠬᠤᠯᠠ᠎ᠲᠠᠢ ᠴᠢᠬᠤᠯᠠ ᠶᠡᠭᠡ ᠰᠡᠳᠦᠪ ᠪᠣᠯᠤᠨ᠎ᠠ᠃ ᠬᠥᠭ᠌ᠵᠢᠯᠲᠡ᠎ᠶ᠋ᠢᠨ ᠬᠡᠷᠡᠭ᠌ᠴᠡᠭᠡ ᠪᠣᠯᠤᠨ ᠡᠬᠢ ᠪᠠᠶᠠᠯᠢᠭ ᠣᠷᠴᠢᠨ ᠲᠣᠭᠤᠷᠢᠨ᠎ᠤ ᠬᠢᠵᠠᠭᠠᠷ᠎ᠲᠠᠢ ᠬᠠᠩᠭᠠᠯᠭ᠎ᠠ᠎ᠶ᠋ᠢᠨ ᠬᠤᠭᠤᠷᠣᠨᠳᠣᠬᠢ ᠵᠥᠷᠢᠴᠡᠯ᠎ᠢ ᠲᠡᠩᠴᠡᠭᠦᠷᠢᠱᠢᠭᠦᠯᠵᠦ᠍᠂ ᠣᠳᠣᠬᠠᠨ᠎ᠤ ᠠᠮᠢ ᠠᠬᠤᠶ ᠣᠷᠴᠢᠨ ᠲᠣᠭᠤᠷᠢᠨ᠎ᠤ ᠬᠠᠮᠠᠭᠠᠯᠠᠯᠲᠠ᠎ᠶ᠋ᠢᠨ ᠳᠣᠪᠤᠢᠮ᠎ᠠ ᠠᠰᠠᠭᠤᠳᠠᠯ᠎ᠢ ᠬᠦᠴᠦᠯᠡᠨ ᠱᠢᠢᠳᠪᠣᠷᠢᠯᠡᠬᠦ᠌᠎ᠳᠤ ᠡᠷᠬᠡᠪᠰᠢ ᠪᠣᠬᠢᠷᠲᠤᠯ ᠦᠭᠡᠶ ᠬᠥᠭ᠌ᠵᠢᠯᠲᠡ᠎ᠶ᠋ᠢᠨ ᠵᠠᠮ᠎ᠢᠶᠠᠷ ᠵᠠᠮᠨᠠᠬᠤ ᠬᠡᠷᠡᠭ᠌ᠲᠡᠶ᠃

ᠪᠣᠬᠢᠷᠲᠤᠯ ᠦᠭᠡᠢ ᠬᠥᠭ᠌ᠵᠢᠯᠲᠡ ᠪᠣᠯ ᠬᠥᠭ᠌ᠵᠢᠯᠲᠡ᠎ᠶ᠋ᠢᠨ ᠦᠵᠡᠯᠲᠡ᠎ᠶ᠋ᠢᠨ ᠨᠢᠭᠡᠨ ᠤᠳᠠᠭᠠᠨ᠎ᠤ ᠭᠦᠨᠵᠡᠭᠡᠶ ᠬᠤᠪᠢᠰᠭᠠᠯ ᠮᠥᠨ

ᠬᠥᠭ᠌ᠵᠢᠯᠲᠡ᠎ᠶ᠋ᠢᠨ ᠦᠵᠡᠯᠲᠡ ᠭᠡᠳᠡᠭ᠎ᠨᠢ ᠵᠣᠬᠢᠬᠤ ᠴᠠᠭ ᠦᠶ᠎ᠡ᠎ᠶ᠋ᠢᠨ ᠠᠵᠤ ᠠᠬᠤᠢ ᠪᠠ ᠨᠡᠢᠭᠡᠮ᠎ᠤᠨ ᠬᠥᠭ᠌ᠵᠢᠯᠲᠡ᠎ᠶ᠋ᠢᠨ ᠬᠡᠷᠡᠭ᠌ᠴᠡᠭᠡ᠎ᠶ᠋ᠢᠨ ᠦᠵᠡᠯ ᠰᠠᠨᠠᠭ᠎ᠠ ᠣᠢᠯᠠᠭᠠᠭ᠍ᠳᠠᠬᠤᠨ᠎ᠤ ᠳᠠᠪᠬᠤᠷᠭ᠎ᠠ᠎ᠳᠠᠬᠢ ᠲᠥᠪᠯᠡᠷᠡᠯ ᠪᠠ ᠳᠤᠰᠭᠠᠯ ᠪᠣᠯᠤᠨ᠎ᠠ᠃ ᠨᠢᠭᠡ ᠤᠯᠤᠰ᠎ᠤᠨ ᠬᠥᠭ᠌ᠵᠢᠯᠲᠡ᠎ᠶ᠋ᠢᠨ ᠶᠠᠪᠤᠴᠠ᠎ᠳᠠᠬᠢ ᠬᠦᠭ᠌ᠵᠢᠯᠳᠠ ᠪᠠ ᠬᠡᠷᠬᠢᠨ ᠬᠥᠭ᠌ᠵᠢᠬᠦ᠌ ᠲᠤᠬᠠᠶ ᠶᠡᠷᠦᠩᠬᠡᠶ ᠪᠥᠭᠡᠳ ᠱᠢᠰᠲ᠋ᠧᠮ᠎ᠲᠠᠢ ᠦᠵᠡᠯᠲᠡ ᠮᠥᠨ᠃ ᠪᠣᠬᠢᠷᠲᠤᠯ ᠦᠭᠡᠢ ᠬᠥᠭ᠌ᠵᠢᠯᠲᠡ᠎ᠶ᠋ᠢᠨ ᠠᠷᠭ᠎ᠠ ᠭᠡᠯᠪᠡᠷᠢ ᠪᠠ ᠠᠮᠢᠳᠤᠷᠠᠯ᠎ᠤᠨ ᠠᠷᠭ᠎ᠠ ᠬᠡᠯᠪᠡᠷᠢ᠎ᠶ᠋ᠢᠨ ᠪᠦᠷᠢᠯᠳᠦᠯ᠎ᠢ ᠠᠬᠢᠭᠤᠯᠬᠤ᠎ᠨᠢ ᠬᠥᠭ᠌ᠵᠢᠯᠲᠡ᠎ᠶ᠋ᠢᠨ ᠣᠢᠯᠠᠭᠠᠭ᠍ᠳᠠᠬᠤᠨ᠂ ᠬᠥᠭ᠌ᠵᠢᠯᠲᠡ᠎ᠶ᠋ᠢᠨ ᠵᠠᠭ᠍ᠪᠤᠷ᠂ ᠬᠥᠭ᠌ᠵᠢᠯᠲᠡ᠎ᠶ᠋ᠢᠨ ᠠᠷᠭ᠎ᠠ ᠵᠠᠮ᠎ᠤᠨ ᠭᠦᠨ ᠳᠠᠪᠬᠤᠷᠭ᠎ᠠ᠎ᠶ᠋ᠢᠨ ᠬᠤᠪᠢᠷᠠᠯᠲᠠ ᠪᠠ ᠲᠤᠬᠢᠷᠠᠭᠤᠯᠤᠯᠳᠡ᠎ᠲᠠᠢ ᠬᠤᠯᠪᠣᠭ᠍ᠳᠠᠬᠤ ᠬᠥᠭ᠌ᠵᠢᠯᠲᠡ᠎ᠶ᠋ᠢᠨ ᠦᠵᠡᠯᠲᠡ᠎ᠶ᠋ᠢᠨ ᠨᠢᠭᠡᠨ ᠤᠳᠠᠭᠠᠨ᠎ᠤ ᠭᠦᠨᠵᠡᠭᠡᠢ ᠬᠤᠪᠢᠰᠭᠠᠯ ᠪᠣᠯᠤᠨ᠎ᠠ᠃

ᠬᠥᠭ᠌ᠵᠢᠯᠲᠡ᠎ᠶ᠋ᠢᠨ ᠣᠢᠯᠠᠭᠠᠭ᠍ᠳᠠᠬᠤᠨ᠎ᠤ ᠶᠡᠭᠡ ᠬᠤᠪᠢᠰᠤᠯᠲᠠ᠃ ᠪᠣᠬᠢᠷᠲᠤᠯ ᠦᠭᠡᠢ ᠬᠥᠭ᠌ᠵᠢᠯᠲᠡ᠎ᠶ᠋ᠢᠨ ᠮᠥᠨ ᠴᠢᠨᠠᠷ ᠪᠣᠯ ᠬᠥᠮᠦᠨ ᠪᠠᠢᠭᠠᠯᠢ ᠡᠶ᠎ᠡ ᠵᠣᠬᠢᠴᠠᠩᠭᠤᠢ ᠬᠠᠮᠲᠤ ᠣᠷᠣᠱᠢᠬᠤ ᠠᠰᠠᠭᠤᠳᠠᠯ᠎ᠢ ᠰᠠᠢᠲᠤᠷ ᠱᠢᠢᠳᠪᠦᠷᠢᠯᠡᠵᠦ᠍᠂ ᠬᠥᠮᠦᠨ ᠪᠠᠢᠭᠠᠯᠢ᠎ᠶ᠋ᠢᠨ ᠠᠮᠢ ᠨᠠᠰᠤᠨ᠎ᠤ ᠬᠠᠮᠲᠤ ᠴᠣᠭ᠍ᠴᠠ᠎ᠶ᠋ᠢᠨ ᠬᠠᠷᠢᠴᠠᠭ᠎ᠠ᠎ᠶ᠋ᠢ ᠴᠢᠬᠤᠯᠠᠴᠢᠯᠠᠬᠤ ᠶᠠᠪᠤᠳᠠᠯ ᠪᠣᠯᠤᠨ᠎ᠠ᠃ ᠶᠡᠷᠦᠩᠬᠡᠶ ᠱᠦᠵᠢ ᠰᠢ᠎ᠶ᠋ᠢᠨ ᠫᠢᠩ᠎ᠤᠨ ᠳᠤᠷᠠᠳᠤᠭ᠍ᠰᠠᠨ 《ᠬᠥᠬᠡᠮᠳᠦᠭ ᠨᠣᠭᠤᠭᠠᠨ ᠠᠭᠤᠯᠠ ᠤᠰᠤ ᠪᠣᠯ ᠲᠠᠷᠤᠢ ᠠᠯᠲᠠ ᠮᠥᠩᠭᠦᠨ ᠠᠭᠤᠯᠠ ᠮᠥᠨ》 ᠭᠡᠬᠦ᠌ ᠴᠢᠬᠤᠯᠠ ᠨᠤᠲᠠᠯᠠᠯᠲᠠ᠎ᠨᠢ ᠪᠠᠢᠭᠠᠯᠢ᠎ᠶ᠋ᠢᠨ ᠡᠬᠢ ᠪᠠᠶᠠᠯᠢᠭ᠎ᠤᠨ ᠲᠤᠬᠠᠶ ᠤᠯᠠᠮᠵᠢᠯᠠᠯᠲᠤ ᠲᠠᠨᠢᠯᠲᠠ᠎ᠪᠠᠨ ᠦᠨᠳᠦᠰᠦᠨ᠎ᠠᠴᠠ᠎ᠨᠢ ᠱᠢᠨᠡᠳᠭᠡᠵᠦ᠍᠂ ᠬᠥᠭ᠌ᠵᠢᠭᠦᠯᠭᠦ᠌ ᠪᠠ ᠬᠠᠮᠠᠭᠠᠯᠠᠬᠤ᠎ᠶ᠋ᠢ ᠡᠰᠡᠷᠭᠦᠴᠡᠯᠳᠦᠭᠦᠯᠦᠭ᠌ᠰᠡᠨ ᠲᠡᠷᠡ ᠬᠦ᠌ ᠳᠥᠭᠦᠮᠬᠡᠨ ᠰᠡᠳᠭᠢᠬᠦᠶ᠎ᠶ᠋ᠢᠨ ᠬᠦᠯᠢᠶᠡᠰᠦᠯᠡᠯ᠎ᠢ ᠡᠪᠳᠡᠵᠦ᠍᠂ ᠬᠥᠭ᠌ᠵᠢᠯᠲᠡ ᠪᠠ ᠳᠣᠲᠣᠭᠠᠳᠤ ᠨᠢᠭᠡᠳᠦᠯ᠎ᠢ ᠬᠠᠮᠠᠭᠠᠯᠠᠬᠤ᠂ ᠬᠠᠷᠢᠯᠴᠠᠨ ᠠᠬᠢᠭᠤᠯᠬᠤ ᠪᠠ ᠵᠣᠬᠢᠴᠠᠭᠤᠯᠤᠨ ᠬᠠᠮᠲᠤ᠎ᠪᠠᠷ ᠣᠷᠣᠱᠢᠬᠤ᠎ᠶ᠋ᠢ ᠪᠡᠶᠡᠯᠡᠭᠦᠯᠬᠦ᠌ ᠠᠷᠭ᠎ᠠ᠎ᠶ᠋ᠢᠨ ᠤᠨᠤᠯ᠎ᠢ ᠵᠢᠭᠠᠵᠦ᠍ ᠦᠭ᠌ᠴᠡᠢ᠃ ᠨᠡᠢᠭᠡᠮ᠎ᠠᠴᠠ ᠴᠢᠬᠤᠯᠠ ᠪᠦᠬᠦᠢ ᠪᠣᠳᠠᠰ᠎ᠤᠨ ᠡᠳ᠋ ᠪᠠᠶᠠᠯᠢᠭ ᠪᠣᠯᠤᠨ ᠣᠶᠤᠨ᠎ᠤ ᠡᠳ᠋ ᠪᠠᠶᠠᠯᠢᠭ᠎ᠢ ᠡᠭᠦᠳᠴᠦ᠍ ᠠᠷᠠᠳ ᠲᠦᠮᠡᠨ᠎ᠤ ᠡᠳᠦᠷ ᠢᠷᠡᠬᠦᠶ᠎ᠡ ᠨᠡᠮᠡᠭ᠌ᠳᠡᠵᠦ᠍ ᠪᠠᠢᠭ᠎ᠠ ᠰᠠᠢᠨ ᠰᠠᠢᠬᠠᠨ ᠠᠮᠢᠳᠤᠷᠠᠯ᠎ᠤᠨ ᠬᠡᠷᠡᠭ᠌ᠴᠡᠭᠡ᠎ᠶ᠋ᠢ ᠬᠠᠩᠭᠠᠬᠤ᠎ᠶ᠋ᠢ ᠱᠠᠭᠠᠷᠳᠠᠵᠦ᠍᠂ ᠠᠷᠠᠳ ᠲᠦᠮᠡᠨ᠎ᠤ ᠡᠳᠦᠷ ᠢᠷᠡᠬᠦᠶ᠎ᠡ ᠨᠡᠮᠡᠭ᠌ᠳᠡᠵᠦ᠍ ᠪᠠᠢᠭ᠎ᠠ ᠭᠤᠢᠳᠠ ᠰᠠᠢᠬᠠᠨ ᠠᠮᠢ ᠠᠬᠤᠶ ᠣᠷᠴᠢᠨ ᠲᠤᠭᠤᠷᠢᠨ᠎ᠤ ᠬᠡᠷᠡᠭ᠌ᠴᠡᠭᠡ᠎ᠨᠢ ᠪᠤᠰᠤᠳᠴᠢ ᠲᠠᠯ᠎ᠠ᠎ᠪᠠᠷ ᠪᠠᠰᠠ ᠴᠢᠨᠠᠷ ᠰᠠᠢᠲᠠᠶ ᠠᠮᠢ ᠠᠬᠤᠶ᠎ᠶ᠋ᠢᠨ ᠪᠦᠲᠦᠭᠡᠭ᠌ᠳᠡᠬᠦᠨ᠎ᠤ ᠦᠢᠯᠡᠳᠪᠣᠷᠢᠯᠡᠯ ᠪᠠ ᠬᠠᠩᠭᠠᠯᠭ᠎ᠠ᠎ᠶ᠋ᠢ ᠪᠠᠭ᠍ᠲᠠᠭᠠᠵᠤ ᠪᠠᠢᠳᠠᠭ᠃ ᠪᠣᠬᠢᠷᠲᠤᠯ ᠦᠭᠡᠢ ᠬᠥᠭ᠌ᠵᠢᠯᠲᠡ᠎ᠨᠢ ᠬᠥᠭ᠌ᠵᠢᠭᠦᠯᠬᠦ᠌ ᠦᠭᠡᠢ ᠭᠡᠰᠡᠨ ᠶᠠᠪᠤᠳᠠᠯ ᠪᠢᠰᠢ᠂ ᠬᠠᠷᠢᠨ ᠪᠠᠢᠭᠠᠯᠢ᠎ᠲᠠᠢ ᠡᠶ᠎ᠡ ᠵᠣᠬᠢᠴᠠᠩᠭᠤᠢ᠎ᠪᠠᠷ ᠬᠠᠮᠲᠤ ᠣᠷᠣᠱᠢᠬᠤ ᠬᠥᠭ᠌ᠵᠢᠯᠲᠡ ᠪᠣᠯᠤᠨ᠎ᠠ᠃ ᠠᠮᠢ ᠠᠬᠤᠶ ᠣᠷᠴᠢᠨ ᠲᠤᠭᠤᠷᠢᠨ ᠪᠣᠯ ᠮᠥᠨ ᠴᠦ᠍ ᠡᠳ᠋ ᠪᠠᠶᠠᠯᠢᠭ ᠮᠥᠨ᠂ ᠦᠢᠯᠡᠳᠪᠣᠷᠢᠯᠡᠯ᠎ᠤᠨ ᠬᠦᠴᠦᠨ᠎ᠤ ᠴᠢᠬᠤᠯᠠ ᠪᠦᠷᠢᠯᠳᠦᠬᠦᠨ ᠬᠡᠰᠡᠭ ᠮᠥᠨ᠂ ᠠᠮᠢ ᠠᠬᠤᠶ ᠊ᠣᠷᠴᠢᠨ ᠲᠤᠭᠤᠷᠢᠨ᠎ᠢ ᠬᠠᠮᠠᠭᠠᠯᠠᠬᠤ ᠪᠣᠯ ᠳᠠᠷᠤᠶ ᠦᠢᠯᠡᠳᠪᠣᠷᠢᠯᠡᠯ᠎ᠤᠨ ᠬᠦᠴᠦᠨ᠎ᠢ ᠬᠠᠮᠠᠭᠠᠯᠠᠵᠤ᠂ ᠠᠮᠢ ᠠᠬᠤᠶ ᠣᠷᠴᠢᠨ ᠲᠤᠭᠤᠷᠢᠨ᠎ᠢ ᠰᠠᠢᠵᠢᠷᠠᠭᠤᠯᠬᠤ ᠪᠣᠯ ᠳᠠᠷᠤᠶ ᠦᠢᠯᠡᠳᠪᠣᠷᠢᠯᠡᠯ᠎ᠤᠨ ᠬᠦᠴᠦᠨ᠎ᠢ ᠬᠥᠭ᠌ᠵᠢᠭᠦᠯᠬᠦ᠌ ᠶᠠᠪᠤᠳᠠᠯ ᠮᠥᠨ᠃

ᠬᠥᠭ᠌ᠵᠢᠯᠲᠡ᠎ᠶ᠋ᠢᠨ ᠵᠠᠭ᠍ᠪᠤᠷ᠎ᠤᠨ ᠶᠡᠭᠡ ᠬᠤᠪᠢᠰᠤᠯᠲᠠ᠃ ᠪᠣᠬᠢᠷᠲᠤᠯ ᠦᠭᠡᠢ ᠬᠥᠭ᠌ᠵᠢᠯᠲᠡ᠎ᠨᠢ ᠬᠥᠭ᠌ᠵᠢᠯᠲᠡ᠎ᠶ᠋ᠢᠨ ᠤᠳᠤᠷᠢᠳᠤᠮᠵᠢ᠎ᠶ᠋ᠢᠨ ᠦᠨᠳᠦᠰᠦᠨ ᠴᠢᠨᠠᠷ᠎ᠲᠠᠢ ᠬᠤᠪᠢᠰᠤᠯᠲᠠ᠎ᠶ᠋ᠢ ᠱᠠᠭᠠᠷᠳᠠᠨ᠎ᠠ᠃ 《GDP ᠎ᠶ᠋ᠢ ᠯᠡ ᠦᠵᠡᠬᠦ᠌》 ᠤᠯᠠᠮᠵᠢᠯᠠᠯᠲᠤ ᠬᠥᠭ᠌ᠵᠢᠯᠲᠡ᠎ᠶ᠋ᠢᠨ ᠦᠵᠡᠯᠲᠡ᠎ᠨᠢ ᠠᠵᠤ ᠠᠬᠤᠶ᠎ᠶ᠋ᠢᠨ ᠬᠥᠭ᠌ᠵᠢᠯᠲᠡ᠎ᠶ᠋ᠢ ᠭᠠᠭ᠍ᠴᠠᠭᠠᠷᠳᠠᠮᠠᠯ᠂ ᠵᠣᠭ᠍ᠰᠣᠩᠭᠤᠶ᠂ ᠥᠷᠥᠭᠡᠰᠦᠭᠡᠯ᠎ᠢᠶᠠᠷ ᠲᠠᠨᠢᠨ ᠮᠡᠳᠡᠵᠦ᠍᠂ ᠡᠭᠦᠨ᠎ᠤ ᠳ᠋ᠦᠩ᠎ᠳᠤ ᠣᠷᠴᠢᠨ ᠲᠤᠭᠤᠷᠢᠨ᠎ᠤ ᠪᠣᠬᠢᠷᠲᠤᠯ᠎ᠢ ᠪᠤᠢ ᠪᠣᠯᠭᠠᠵᠤ᠂ ᠠᠵᠤ ᠠᠬᠤᠶ ᠪᠠ ᠨᠡᠢᠭᠡᠮ᠎ᠤᠨ ᠠᠰᠠᠭᠤᠳᠠᠯ᠎ᠢ ᠲᠤᠪᠤᠢᠯᠭᠠᠨ᠎ᠠ᠃ ᠮᠥᠨ ᠴᠢᠨᠠᠷ᠎ᠤᠨ ᠬᠦᠰᠡᠯ ᠱᠠᠭᠠᠷᠳᠠᠯᠭ᠎ᠠ᠎ᠠᠴᠠ ᠦᠵᠡᠪᠡᠯ᠂ ᠪᠣᠬᠢᠷᠲᠤᠯ ᠦᠭᠡᠢ ᠬᠥᠭ᠌ᠵᠢᠯᠲᠡ ᠪᠣᠯ ᠳᠠᠷᠤᠶ ᠪᠣᠳᠠᠰ᠎ᠤᠨ ᠡᠬᠢ ᠪᠠᠶᠠᠯᠢᠭ᠎ᠤᠨ ᠬᠤᠷᠤᠬ᠍ᠳᠠᠭᠤᠯᠤᠯ᠎ᠳᠤ ᠬᠡᠳᠦ ᠲᠦᠱᠢᠭ᠌ᠯᠡᠬᠦ᠂ ᠬᠡᠪᠴᠢᠶᠠᠵᠢᠯ᠎ᠢ ᠪᠦᠳᠦᠭᠦᠯᠢᠭ᠎ᠢᠶᠠᠷ ᠥᠷᠭᠡᠳᠭᠡᠬᠦ᠌᠎ᠳᠤ ᠬᠡᠳᠦ ᠲᠦᠱᠢᠭ᠌ᠯᠡᠬᠦ᠂ ᠡᠨᠧᠷᠭᠢ᠎ᠶ᠋ᠢᠨ ᠬᠤᠷᠣᠬ᠍ᠳᠠᠭᠤᠯᠤᠯ ᠶᠡᠬᠡᠲᠡᠶ ᠪᠣᠬᠢᠷᠲᠤᠯ ᠶᠡᠬᠡᠲᠡᠶ ᠠᠵᠤ ᠦᠢᠯᠡᠰ᠎ᠲᠤ ᠬᠡᠳᠦ ᠲᠦᠱᠢᠭ᠌ᠯᠡᠬᠦ᠌ ᠬᠥᠭ᠌ᠵᠢᠯᠲᠡ᠎ᠶ᠋ᠢᠨ ᠵᠠᠭ᠍ᠪᠤᠷ᠎ᠢ ᠬᠤᠪᠢᠷᠠᠭᠤᠯᠵᠤ᠂ ᠱᠢᠨ᠎ᠡ᠎ᠶ᠋ᠢ ᠡᠭᠦᠳᠬᠦ᠌᠎ᠪᠠᠷ ᠬᠥᠳᠡᠯᠭᠡᠭᠦᠷ ᠪᠣᠯᠭᠠᠬᠤ᠎ᠳᠤ ᠨᠡᠩ ᠢᠯᠡᠭᠦᠤ ᠲᠦᠱᠢᠭ᠌ᠯᠡᠬᠦ᠂ ᠦᠷᠢᠰᠦᠯᠳᠦᠭᠦ᠌ ᠬᠦᠴᠦᠨ ᠪᠦᠭᠦᠢ ᠳᠠᠪᠠᠭᠤᠯᠢᠭ᠎ᠢ ᠨᠡᠩ ᠢᠯᠡᠭᠦᠤ ᠪᠠᠳᠠᠷᠠᠭᠤᠯᠬᠤ ᠬᠥᠲᠥᠯᠥᠨ ᠳᠠᠭᠠᠭᠤᠯᠬᠤ ᠬᠡᠯᠪᠡᠷᠢ᠎ᠶ᠋ᠢᠨ ᠬᠥᠭ᠌ᠵᠢᠯᠲᠡ᠎ᠶ᠋ᠢ ᠪᠡᠶᠡᠯᠡᠭᠦᠯᠬᠦ᠌ ᠶᠠᠪᠤᠳᠠᠯ ᠪᠣᠯᠤᠨ᠎ᠠ᠃ ᠡᠭᠦᠨ᠎ᠤ ᠬᠠᠮᠲᠤ᠌᠂ ᠡᠬᠢ ᠪᠠᠶᠠᠯᠢᠭ᠎ᠢ ᠠᠷᠪᠢᠯᠠᠨ ᠡᠷᠴᠢᠮᠵᠢᠭᠦᠯᠤᠨ ᠠᠱᠢᠬ᠍ᠯᠠᠬᠤ᠎ᠶ᠋ᠢ ᠪᠦᠬᠦ᠌ ᠲᠠᠯ᠎ᠠ᠎ᠪᠠᠷ ᠠᠬᠢᠭᠤᠯᠵᠤ᠂ ᠡᠬᠢ ᠪᠠᠶᠠᠯᠢᠭ᠎ᠢ ᠨᠡᠭᠡᠭᠡᠨ ᠠᠱᠢᠬ᠍ᠯᠠᠬᠤ᠎ᠳᠤ ᠤᠳᠤ ᠦᠶ᠎ᠡ᠎ᠶ᠋ᠢᠨ ᠬᠥᠮᠦᠰ᠎ᠤᠨ ᠵᠣᠯ ᠵᠢᠷᠭᠠᠯᠲᠤ ᠠᠮᠢᠳᠤᠷᠠᠯ᠎ᠳᠤ ᠲᠤᠯᠭᠠᠭᠤᠷᠢᠯᠠᠬᠤ ᠮᠥᠷᠲᠡᠭᠡᠨ ᠪᠠᠰᠠ ᠦᠷ᠎ᠡ ᠬᠤᠢᠴᠢᠰ᠎ᠲᠠᠭᠠᠨ ᠣᠷᠣᠱᠢᠨ ᠲᠣᠭ᠍ᠲᠠᠨᠢᠬᠤ ᠦᠨᠳᠦᠰᠦ ᠰᠠᠭᠤᠷᠢ᠎ᠶ᠋ᠢ ᠦᠯᠡᠳᠡᠭᠡᠵᠦ᠍ ᠥᠭ᠌ᠬᠦ ᠬᠡᠷᠡᠭ᠌ᠲᠡᠢ᠃ ᠡᠭᠦᠨ᠎ᠳᠤ ᠠᠷᠪᠢᠯᠡᠨ ᠡᠷᠴᠢᠮᠵᠢᠭᠦᠯᠤᠨ ᠡᠷᠬᠢᠯᠳᠦᠭᠦᠯᠦᠨ ᠠᠱᠢᠬ᠍ᠯᠠᠬᠤ ᠡᠬᠢ ᠪᠠᠶᠠᠯᠢᠭ᠎ᠤᠨ ᠦᠵᠡᠯᠲᠡ᠎ᠶ᠋ᠢ ᠪᠤᠢ ᠪᠣᠯᠭᠠᠬᠤ ᠴᠢᠬᠤᠯᠠ᠎ᠲᠠᠢ᠂ ᠡᠬᠢ ᠪᠠᠶᠠᠯᠢᠭ ᠣᠷᠴᠢᠨ ᠲᠣᠭᠤᠷᠢᠨ᠎ᠤ ᠬᠠᠮᠤᠭ᠎ᠤᠨ ᠪᠠᠭ᠎ᠠ ᠦᠨ᠎ᠡ ᠥᠷᠲᠡᠭ᠎ᠢᠶᠠᠷ ᠬᠠᠮᠤᠭ᠎ᠤᠨ ᠶᠡᠭᠡ ᠠᠵᠤ ᠠᠬᠤᠶ ᠨᠡᠢᠭᠡᠮ᠎ᠤᠨ ᠦᠷ᠎ᠡ ᠠᠱᠢᠭ᠎ᠢ ᠣᠯᠬᠤ᠎ᠳᠤ ᠪᠣᠬᠢᠷᠲᠤᠯ ᠦᠭᠡᠶ ᠬᠡᠷᠡᠭ᠌ᠯᠡᠭᠡ᠎ᠶ᠋ᠢ ᠶᠡᠭᠡ᠎ᠪᠠᠷ ᠳᠡᠯᠭᠡᠷᠡᠭᠦᠯᠬᠦ᠌ ᠴᠢᠬᠤᠯᠠ᠎ᠲᠠᠢ᠂ ᠠᠷᠪᠢᠲᠠᠶ ᠲᠣᠬᠢᠷᠠᠮᠵᠢᠲᠠᠶ᠂ ᠪᠣᠬᠢᠷᠲᠤᠯ ᠥᠬᠡᠶ ᠨᠡᠭᠦᠷᠡᠰᠦᠲᠥ᠋ᠷᠥᠭ᠌ᠴᠢ ᠪᠠᠭ᠎ᠠ᠂ ᠪᠣᠯᠪᠠᠰᠤᠨ ᠡᠷᠡᠭᠦᠯ ᠠᠮᠢᠳᠤᠷᠠᠯ᠎ᠤᠨ ᠠᠷᠭ᠎ᠠ ᠬᠡᠯᠪᠡᠷᠢ ᠪᠠ ᠬᠡᠷᠡᠭ᠌ᠯᠡᠭᠡ᠎ᠶ᠋ᠢᠨ ᠬᠡᠪ ᠵᠠᠭ᠍ᠪᠤᠷ᠎ᠢ ᠪᠦᠷᠢᠯᠳᠦᠭᠦᠯᠬᠦ᠌᠎ᠶ᠋ᠢ ᠶᠡᠭᠡ᠎ᠪᠠᠷ ᠠᠬᠢᠭᠤᠯᠬᠤ ᠬᠡᠷᠡᠭ᠌ᠲᠡᠢ᠃

ᠬᠥᠭ᠌ᠵᠢᠯᠲᠡ᠎ᠶ᠋ᠢᠨ ᠠᠷᠭ᠎ᠠ ᠵᠠᠮ᠎ᠤᠨ ᠶᠡᠭᠡ ᠬᠤᠪᠢᠰᠤᠯᠲᠠ᠃ ᠪᠣᠬᠢᠷᠲᠤᠯ ᠦᠭᠡᠢ ᠬᠥᠭ᠌ᠵᠢᠯᠲᠡ᠎ᠳᠤ ᠮᠡᠷᠭᠡᠵᠢᠯ᠎ᠤᠨ ᠱᠢᠨ᠎ᠡ᠎ᠶ᠋ᠢ ᠡᠭᠦᠳᠬᠦ᠌ ᠪᠠ ᠮᠡᠷᠭᠡᠵᠢᠯ᠎ᠤᠨ ᠬᠤᠪᠢᠰᠭᠠᠯ ᠱᠠᠭᠠᠷᠳᠠᠭ᠍ᠳᠠᠨ᠎ᠠ᠃ ᠪᠣᠬᠢᠷᠲᠤᠯ ᠦᠭᠡᠢ ᠬᠥᠭ᠌ᠵᠢᠯᠲᠡ᠎ᠳᠤ ᠪᠠᠰᠠ ᠬᠡᠷᠡᠭ᠌ᠯᠡᠭᠡ᠎ᠶ᠋ᠢᠨ ᠬᠤᠪᠢᠰᠭᠠᠯ ᠬᠢᠬᠦ᠌ ᠴᠢᠬᠤᠯᠠ᠎ᠲᠠᠢ᠂ ᠠᠷᠪᠢᠲᠠᠶ ᠪᠥᠭᠡᠳ ᠲᠣᠬᠢᠷᠠᠮᠵᠢᠲᠠᠶ᠂ ᠪᠣᠬᠢᠷᠲᠤᠯ ᠦᠭᠡᠢ ᠪᠥᠭᠡᠳ ᠨᠡᠭᠦᠷᠡᠰᠦᠲᠥ᠋ᠷᠥᠭ᠌ᠴᠢ ᠪᠠᠭ᠎ᠠ ᠭᠠᠳᠠᠭ᠍ᠰᠢᠯᠠᠭᠤᠯᠬᠤ ᠠᠮᠢᠳᠤᠷᠠᠯ᠎ᠤᠨ ᠠᠷᠭ᠎ᠠ ᠬᠡᠯᠪᠡᠷᠢ᠎ᠶ᠋ᠢ ᠪᠦᠷᠢᠯᠳᠦᠭᠦᠯᠵᠦ᠍᠂ ᠱᠠᠯᠢᠨ ᠪᠦᠷᠢᠯᠭᠡᠬᠦ᠌ ᠪᠠ ᠵᠦᠶ ᠵᠤᠬᠢᠰ ᠦᠭᠡᠢ ᠬᠡᠷᠡᠭ᠌ᠯᠡᠭᠡ᠎ᠶ᠋ᠢ ᠡᠰᠡᠷᠭᠦᠴᠡᠬᠦ᠌ ᠴᠢᠬᠤᠯᠠ᠎ᠲᠠᠢ᠃ ᠡᠬᠢ ᠪᠠᠶᠠᠯᠢᠭ᠎ᠢ ᠠᠷᠪᠢᠯᠠᠬᠤ ᠪᠠ ᠣᠷᠴᠢᠨ ᠲᠣᠭᠤᠷᠢᠨ᠎ᠢ ᠬᠠᠮᠠᠭᠠᠯᠠᠬᠤ᠎ᠪᠠᠷ ᠤᠳᠤᠷᠢᠳᠤᠮᠵᠢ ᠪᠣᠯᠭᠠᠵᠤ᠂ ᠪᠣᠳᠠᠰ᠎ᠤᠨ ᠦᠢᠯᠡᠳᠪᠣᠷᠢᠯᠡᠯ ᠪᠠ ᠡᠳ᠋ ᠪᠠᠶᠠᠯᠢᠭ᠎ᠤᠨ ᠬᠤᠷᠠᠮᠳᠤᠭᠤᠯᠤᠯ᠎ᠢ ᠠᠬᠢᠭᠤᠯᠬᠤ᠎ᠶ᠋ᠢᠨ ᠬᠠᠮᠲᠤ᠌᠂ ᠪᠠᠢᠭᠠᠯᠢ᠎ᠶ᠋ᠢᠨ ᠡᠬᠢ ᠪᠠᠶᠠᠯᠢᠭ ᠬᠢᠭᠡᠳ ᠣᠷᠴᠢᠨ ᠲᠤᠭᠤᠷᠢᠨ᠎ᠤ ᠳᠠᠭᠠᠭᠠᠴᠠ᠎ᠶ᠋ᠢ ᠨᠢᠭᠡ ᠵᠦᠶᠯ᠎ᠤᠨ ᠬᠠᠲᠠᠭᠤ ᠬᠢᠵᠠᠭᠠᠷᠯᠠᠯ ᠪᠣᠯᠭᠠᠵᠦ᠍᠂ ᠬᠥᠭ᠌ᠵᠢᠯᠲᠡ᠎ᠶ᠋ᠢᠨ ᠹᠢᠽᠢᠺ᠎ᠤᠨ ᠵᠠᠭᠠᠭ ᠪᠣᠯᠭᠠᠬᠤ ᠬᠡᠷᠡᠭ᠌ᠲᠡᠢ᠃

ᠪᠣᠬᠢᠷᠲᠤᠯ ᠦᠭᠡᠢ ᠬᠥᠭ᠌ᠵᠢᠯᠲᠡ᠎ᠶ᠋ᠢᠨ ᠬᠠᠷᠠᠯᠲᠠ ᠡᠭᠦᠷᠭᠡ᠎ᠶ᠋ᠢ ᠪᠣᠳᠠᠲᠠᠢ᠎ᠳᠤ ᠨᠠᠢᠳᠠᠪᠤᠷᠢᠵᠢᠭᠤᠯᠬᠤ ᠬᠡᠷᠡᠭ᠌ᠲᠡᠢ

ᠠᠵᠤ ᠠᠬᠤᠢ᠎ᠶ᠋ᠢᠨ ᠬᠥᠭ᠌ᠵᠢᠯᠲᠡ ᠪᠣᠯᠤᠨ ᠠᠮᠢ ᠠᠬᠤᠶ ᠣᠷᠴᠢᠨ ᠲᠣᠭᠤᠷᠢᠨ᠎ᠤ ᠬᠠᠮᠠᠭᠠᠯᠠᠯᠲᠠ᠎ᠶ᠋ᠢᠨ ᠬᠠᠷᠢᠴᠠᠭ᠎ᠠ᠎ᠶ᠋ᠢ ᠵᠥᠪ ᠱᠢᠶᠳᠪᠦᠷᠢᠯᠡᠵᠦ᠍᠂ ᠠᠮᠢ ᠠᠬᠤᠶ ᠣᠷᠴᠢᠨ ᠲᠣᠭᠤᠷᠢᠨ᠎ᠢ ᠦᠵᠡᠭᠦ᠌ ᠨᠢᠳᠦᠨ᠎ᠤ ᠴᠡᠴᠡᠭᠡᠢ ᠱᠢᠭ᠎ᠢᠶᠠᠨ ᠬᠠᠮᠠᠭᠠᠯᠠᠵᠤ᠂ ᠠᠮᠢ ᠨᠠᠰᠤᠨ᠎ᠳᠠᠭᠠᠨ ᠬᠠᠨᠳᠤᠬᠤ ᠱᠢᠬ᠎ᠢᠶᠠᠷ ᠠᠮᠢ ᠠᠬᠤᠶ ᠣᠷᠴᠢᠨ ᠲᠣᠭᠤᠷᠢᠨ᠎ᠳᠤ ᠬᠠᠨᠳᠤᠬᠤ ᠬᠡᠷᠡᠭ᠌ᠲᠡᠶ᠃ ᠠᠮᠢ ᠠᠬᠤᠢ ᠣᠷᠴᠢᠨ ᠲᠣᠭᠤᠷᠢᠨ᠎ᠢ ᠬᠤᠬᠢᠷᠠᠭᠤᠯᠬᠤ ᠴᠢᠨᠠᠭ᠍ᠰᠢᠯᠠᠪᠠᠯ ᠡᠪᠳᠡᠬᠦ᠌ ᠬᠥᠭ᠌ᠵᠢᠯᠲᠡ᠎ᠶ᠋ᠢᠨ ᠵᠠᠭ᠍ᠪᠤᠷ᠎ᠢ ᠡᠷᠡᠰ ᠲᠠᠶᠠᠭ᠍ᠳᠠᠵᠤ᠂ ᠠᠮᠢ ᠠᠬᠤᠶ ᠣᠷᠴᠢᠨ ᠲᠣᠭᠤᠷᠢᠨ᠎ᠤ ᠦᠷᠡᠭ᠌ᠳᠡᠭᠦᠯᠤᠯ᠎ᠢᠶᠠᠷ ᠠᠵᠤ ᠠᠬᠤᠶ᠎ᠶ᠋ᠢᠨ ᠨᠡᠮᠡᠭ᠌ᠳᠡᠯ᠎ᠢ ᠰᠣᠯᠢᠬᠤ ᠠᠷᠭ᠎ᠠ ᠪᠠᠷᠢᠯ᠎ᠢ ᠡᠷᠡᠰ ᠲᠠᠶᠠᠭ᠍ᠳᠠᠵᠤ᠂ ᠰᠠᠢᠨ ᠰᠠᠢᠬᠠᠨ ᠠᠮᠢ ᠠᠬᠤᠶ ᠣᠷᠴᠢᠨ ᠲᠣᠭᠤᠷᠢᠨ᠎ᠢ ᠠᠷᠠᠳ᠎ᠤᠨ ᠠᠮᠢᠳᠤᠷᠠᠯ᠎ᠤᠨ ᠨᠡᠮᠡᠭ᠌ᠳᠡᠯ ᠴᠡᠭ ᠪᠣᠯᠭᠠᠵᠤ᠂ ᠠᠵᠤ ᠠᠬᠤᠶ ᠨᠡᠢᠭᠡᠮ᠎ᠤᠨ ᠦᠷᠭᠦᠯᠵᠢᠯᠡᠨ ᠡᠷᠡᠭᠦᠯ᠎ᠢᠶᠠᠷ ᠬᠥᠭ᠌ᠵᠢᠬᠦ᠌ ᠲᠤᠯᠭᠠᠭᠤᠷᠢ ᠴᠡᠭ ᠪᠣᠯᠭᠠᠵᠤ᠂ ᠮᠠᠨ᠎ᠤ ᠤᠯᠤᠰ᠎ᠤᠨ ᠰᠠᠢᠨ ᠰᠠᠢᠬᠠᠨ ᠳᠦᠷᠢ ᠲᠥᠷᠬᠦ᠌᠎ᠶ᠋ᠢ ᠢᠯᠡᠷᠡᠭᠦᠯᠬᠦ᠌ ᠬᠦᠴᠦᠯᠡᠬᠦ᠌ ᠴᠡᠭ ᠪᠣᠯᠭᠠᠵᠤ᠂ ᠳᠤᠮᠳᠠᠳᠤ᠎ᠶ᠋ᠢᠨ ᠡᠬᠡ ᠭᠠᠵᠠᠷ᠎ᠢ ᠠᠭᠤᠯᠠ᠎ᠨᠢ ᠨᠡᠩ ᠬᠦᠭᠡᠮᠳᠦᠭ᠂ ᠤᠰᠤ᠎ᠨᠢ ᠨᠡᠩ ᠲᠤᠩᠭᠠᠯᠠᠭ᠂ ᠣᠷᠴᠢᠨ ᠲᠣᠭᠤᠷᠢᠨ᠎ᠨᠢ ᠨᠡᠩ ᠦᠵᠡᠰᠭᠦᠯᠡᠩᠲᠦ ᠰᠠᠢᠬᠠᠨ ᠪᠣᠯᠭᠠᠨ᠎ᠠ᠃ ᠪᠢᠳᠡ ᠣᠯᠠᠨ ᠨᠡᠢᠲᠡ᠎ᠶ᠋ᠢᠨ ᠦᠵᠡᠯ ᠰᠠᠨᠠᠭ᠎ᠠ ᠲᠠᠨᠢᠯᠲᠠ᠎ᠶ᠋ᠢᠨ ᠦᠨᠳᠦᠷᠴᠡ᠂ ᠣᠷᠴᠢᠨ ᠲᠣᠭᠤᠷᠢᠨ᠎ᠤ ᠬᠠᠮᠠᠭᠠᠯᠠᠯᠲᠠ᠎ᠶ᠋ᠢᠨ ᠤᠬᠠᠭᠤᠯᠭ᠎ᠠ᠎ᠶ᠋ᠢᠨ ᠥᠷᠭᠡᠴᠡ᠂ ᠣᠷᠴᠢᠨ ᠲᠣᠭᠤᠷᠢᠨ᠎ᠤ ᠬᠥᠮᠦᠵᠢᠯ᠎ᠤᠨ ᠭᠦᠨᠴᠡ᠎ᠶ᠋ᠢ ᠳᠡᠭᠡᠭ᠌ᠰᠢᠯᠡᠭᠦᠯᠵᠦ᠍᠂ ᠠᠮᠢ ᠠᠬᠤᠢ᠎ᠶ᠋ᠢᠨ ᠪᠣᠯᠪᠠᠰᠤᠨ᠎ᠤ ᠣᠢᠯᠠᠭᠠᠭ᠍ᠳᠠᠬᠤᠨ᠎ᠢ ᠬᠥᠮᠦᠰ᠎ᠤᠨ ᠰᠡᠳᠭᠢᠯ᠎ᠳᠤ ᠤᠯᠠᠮ ᠨᠢᠭᠡ ᠠᠯᠬᠤᠮ ᠬᠠᠳᠠᠩᠱᠢᠭᠤᠯᠵᠤ᠂ ᠪᠣᠬᠢᠷᠲᠤᠯ ᠦᠭᠡᠢ ᠬᠥᠭ᠌ᠵᠢᠯᠲᠡ᠎ᠶ᠋ᠢ ᠠᠬᠢᠭᠤᠯᠬᠤ᠂ ᠠᠮᠢ ᠠᠬᠤᠢ ᠣᠷᠴᠢᠨ ᠲᠣᠭᠤᠷᠢᠨ᠎ᠤ ᠶᠠᠰᠤ ᠴᠢᠨᠠᠷ᠎ᠢ ᠳᠡᠭᠡᠭ᠌ᠰᠢᠯᠡᠭᠦᠯᠬᠦ᠌᠎ᠳᠤ ᠬᠦᠴᠦᠲᠡᠢ ᠲᠤᠯᠭᠠᠭᠤᠷᠢᠯᠠᠯ ᠬᠠᠩᠭᠠᠬᠤ ᠬᠡᠷᠡᠭ᠌ᠲᠡᠢ᠃

ᠪᠣᠬᠢᠷᠲᠤᠯ ᠦᠭᠡᠢ ᠬᠥᠭ᠌ᠵᠢᠯᠲᠡ᠂ ᠪᠣᠬᠢᠷᠲᠤᠯ ᠦᠭᠡᠢ ᠬᠠᠩᠭᠠᠯᠭ᠎ᠠ᠎ᠶ᠋ᠢ ᠪᠠᠷᠢᠮᠲᠠᠯᠠᠨ᠎ᠠ᠃ ᠠᠷᠠᠳ ᠤᠯᠠᠨ᠎ᠤ ᠢᠳᠡᠵᠦ᠍ ᠡᠮᠦᠰᠭᠦ᠎ᠳᠡᠭᠡᠨ ᠵᠥᠪ ᠪᠣᠯᠬᠤ᠎ᠠᠴᠠ ᠴᠢᠨᠡᠭᠡᠯᠢᠭ ᠨᠡᠢᠭᠡᠮ ᠵᠦᠭ ᠲᠠᠪᠱᠢᠬᠤ᠎ᠶ᠋ᠢ ᠳᠠᠭᠠᠯᠳᠤᠨ᠂ ᠮᠠᠨ᠎ᠤ ᠨᠡᠢᠭᠡᠮ᠎ᠤᠨ ᠪᠦᠲᠦᠴᠡ᠂ ᠬᠡᠷᠡᠭ᠌ᠯᠡᠭᠡᠨ᠎ᠤ ᠪᠦᠲᠦᠴᠡ᠂ ᠦᠢᠯᠡᠳᠪᠣᠷᠢᠯᠡᠯ ᠪᠠ ᠠᠮᠢᠳᠤᠷᠠᠯ᠎ᠤᠨ ᠠᠷᠭ᠎ᠠ ᠬᠡᠯᠪᠡᠷᠢ᠎ᠳᠤ ᠶᠠᠭ ᠭᠦᠨᠵᠡᠭᠡᠶ ᠬᠤᠪᠢᠷᠠᠯᠲᠠ ᠭᠠᠷᠴᠤ᠌ ᠪᠤᠢ᠃ ᠡᠷᠬᠡᠪᠰᠢ ᠣᠷᠴᠢᠨ ᠲᠣᠭᠤᠷᠢᠨ᠎ᠤ ᠶᠠᠰᠤ ᠴᠢᠨᠠᠷ᠎ᠢ ᠰᠠᠢᠵᠢᠷᠠᠭᠤᠯᠬᠤ᠎ᠪᠠᠷ ᠭᠤᠤᠯ ᠪᠣᠯᠭᠠᠵᠤ᠂ ᠴᠢᠨᠠᠷ ᠰᠠᠢᠲᠠᠶ ᠠᠮᠢ ᠠᠬᠤᠢ᠎ᠶ᠋ᠢᠨ ᠪᠦᠲᠦᠭᠡᠭ᠌ᠳᠡᠬᠦᠨ᠎ᠤ ᠬᠠᠩᠭᠠᠯᠭ᠎ᠠ᠎ᠶ᠋ᠢ ᠥᠷᠭᠡᠳᠭᠡᠵᠦ᠍᠂ ᠠᠷᠠᠳ ᠣᠯᠠᠨ᠎ᠢ ᠰᠠᠢᠨ ᠰᠠᠢᠬᠠᠨ ᠠᠮᠢ ᠠᠬᠤᠶ ᠣᠷᠴᠢᠨ ᠲᠣᠭᠤᠷᠢᠨ᠎ᠳᠤ ᠤᠷᠤᠱᠢᠨ ᠠᠮᠢᠳᠤᠷᠠᠬᠤ ᠪᠣᠯᠭᠠᠵᠤ᠂ ᠣᠯᠠᠨ ᠲᠦᠮᠡᠨ᠎ᠤ ᠬᠦᠷᠲᠡᠮᠵᠢ᠎ᠶ᠋ᠢᠨ ᠲᠥ᠋ᠷᠥᠭ᠌ᠳᠡᠯ ᠪᠣᠯᠤᠨ ᠵᠢᠷᠭᠠᠯᠲᠦ ᠲᠥᠷᠥᠭ᠌ᠳᠡᠯ᠎ᠢ ᠲᠠᠰᠤᠷᠠᠯᠲᠠ ᠤᠢ᠍ᠭᠡᠢ ᠨᠡᠮᠡᠭ᠌ᠳᠡᠭᠦᠯᠦᠨ᠎ᠡ᠃ ᠡᠭᠦᠨ᠎ᠤ ᠬᠠᠮᠲᠤ᠌᠂ ᠪᠢᠳᠡ ᠪᠠᠰᠠ ᠠᠷᠪᠢᠯᠠᠨ ᠭᠠᠮᠨᠠᠬᠤ ᠬᠡᠯᠪᠡᠷᠢ᠎ᠶ᠋ᠢᠨ ᠪᠠᠢᠭᠤᠯᠭ᠎ᠠ᠂ ᠪᠣᠬᠢᠷᠲᠤᠯ ᠦᠭᠡᠢ ᠰᠤᠷᠭᠠᠭᠤᠯᠢ᠂ ᠪᠣᠬᠢᠷᠲᠤᠯ ᠦᠭᠡᠢ ᠨᠡᠢᠭᠡᠮ ᠲᠣᠭᠤᠷᠢᠭ᠂ ᠪᠣᠬᠢᠷᠲᠤᠯ ᠦᠭᠡᠢ ᠭᠡᠷ ᠪᠦᠯᠢ ᠵᠡᠷᠭᠡ᠎ᠶ᠋ᠢ ᠡᠭᠦᠳᠦᠨ ᠪᠠᠢᠭᠤᠯᠬᠤ ᠠᠵᠢᠯᠯᠠᠭ᠎ᠠ᠎ᠶ᠋ᠢ ᠥᠷᠭᠡᠨ᠎ᠢᠶᠠᠷ ᠥᠷᠨᠢᠭᠦᠯᠵᠦ᠍᠂ ᠪᠣᠬᠢᠷᠲᠤᠯ ᠦᠭᠡᠢ ᠥᠷᠲᠡᠭ᠎ᠤᠨ ᠦᠵᠡᠯᠲᠡ᠎ᠶ᠋ᠢ ᠶᠡᠭᠡ᠎ᠪᠠᠷ ᠰᠠᠨᠠᠭᠠᠴᠢᠯᠠᠵᠤ᠂ ᠠᠮᠢ ᠠᠬᠤᠶ᠎ᠶ᠋ᠢᠨ ᠰᠣᠶᠣᠯ᠎ᠢᠶᠠᠷ ᠠᠷᠠᠳ ᠣᠯᠠᠨ᠎ᠤ ᠠᠮᠢᠳᠤᠷᠠᠯ᠎ᠤᠨ ᠠᠷᠭ᠎ᠠ ᠬᠡᠯᠪᠡᠷᠢ ᠪᠣᠯᠤᠨ ᠬᠡᠷᠡᠭ᠌ᠯᠡᠭᠡ᠎ᠶ᠋ᠢᠨ ᠵᠠᠭ᠍ᠪᠤᠷ᠎ᠢ ᠬᠤᠪᠢᠷᠠᠭᠤᠯᠬᠤ᠎ᠶ᠋ᠢ ᠬᠥᠲᠥᠯᠥᠨ ᠵᠢᠯᠣᠭᠤᠳᠭᠤ᠎ᠪᠠᠷ ᠴᠢᠷᠮᠠᠢᠬᠤ ᠬᠡᠷᠡᠭ᠌ᠲᠡᠶ᠃

ᠬᠠᠩᠭᠠᠯᠭ᠎ᠠ᠎ᠶ᠋ᠢᠨ ᠲᠠᠯ᠎ᠠ᠎ᠶ᠋ᠢᠨ ᠪᠦᠲᠦᠴᠡ᠎ᠶ᠋ᠢᠨ ᠴᠢᠨᠠᠷᠲᠠᠶ ᠥᠭᠡᠷᠡᠴᠢᠯᠡᠯᠲᠡ᠎ᠶ᠋ᠢ ᠠᠬᠢᠭᠤᠯᠬᠤ᠎ᠶ᠋ᠢ ᠪᠠᠷᠢᠮᠲᠠᠯᠠᠨ᠎ᠠ᠃ ᠦᠯᠡᠭᠦᠳᠡᠭ᠌ᠰᠡᠨ ᠦᠢᠯᠡᠳᠪᠦᠷᠢᠯᠡᠯ᠎ᠤᠨ ᠴᠢᠳᠠᠪᠤᠷᠢ᠎ᠶ᠋ᠢ ᠡᠷᠡᠰ ᠭᠤᠢᠪᠢᠰᠢ ᠦᠭᠡᠢ ᠱᠢᠶᠳᠪᠦᠷᠢᠯᠡᠵᠦ᠍᠂ ᠡᠨᠧᠷᠭᠢ᠎ᠶ᠋ᠢᠨ ᠬᠤᠷᠤᠬ᠍ᠳᠠᠭᠤᠯᠤᠯ᠎ᠢᠶᠠᠷ ᠪᠠᠭ᠎ᠠ ᠲᠡᠷᠢᠭᠦᠨ᠎ᠤ ᠦᠶᠯᠡᠳᠬᠦ᠌ ᠦᠢᠯᠡᠰ᠂ ᠳᠡᠭᠡᠳᠦ ᠱᠢᠨ᠎ᠡ ᠮᠡᠷᠭᠡᠵᠢᠯ᠎ᠤᠨ ᠠᠵᠤ ᠦᠢᠯᠡᠰ᠂ ᠣᠳᠣ ᠦᠶ᠎ᠡ᠎ᠶ᠋ᠢᠨ ᠦᠶᠯᠡᠴᠢᠯᠡᠭᠡᠨ᠎ᠤ ᠦᠢᠯᠡᠰ᠎ᠢ ᠶᠡᠭᠡ᠎ᠪᠠᠷ ᠬᠥᠭ᠌ᠵᠢᠭᠦᠯᠵᠦ᠍᠂ ᠬᠥᠭ᠌ᠵᠢᠯᠲᠡ᠎ᠶ᠋ᠢᠨ ᠰᠠᠭᠤᠷᠢ ᠴᠡᠭ᠎ᠢ ᠱᠢᠨ᠎ᠡ᠎ᠶ᠋ᠢ ᠡᠭᠦᠳᠬᠦ᠌ ᠳᠡᠭᠡᠷ᠎ᠡ ᠲᠠᠯᠪᠢᠵᠦ᠍᠂ ᠨᠡᠩ ᠤᠯᠠᠨ ᠱᠢᠨ᠎ᠡ᠎ᠶ᠋ᠢ ᠡᠭᠦᠳᠬᠦ᠌᠎ᠪᠠᠷ ᠬᠥᠳᠡᠯᠭᠡᠭᠦᠷ ᠪᠣᠯᠭᠠᠬᠤ᠎ᠳᠤ ᠲᠦᠱᠢᠭ᠌ᠯᠡᠬᠦ᠂ ᠦᠷᠢᠰᠦᠯᠳᠦᠭᠦ᠌ ᠬᠦᠴᠦᠨ ᠪᠦᠭᠦᠢ ᠳᠠᠪᠠᠭᠤᠯᠢᠭ᠎ᠢᠶᠠᠨ ᠨᠡᠩ ᠰᠠᠢᠨ ᠪᠠᠳᠠᠷᠠᠭᠤᠯᠬᠤ ᠬᠥᠲᠥᠯᠥᠨ ᠳᠠᠭᠠᠭᠤᠯᠬᠤ ᠬᠡᠯᠪᠡᠷᠢ᠎ᠶ᠋ᠢᠨ ᠬᠥᠭ᠌ᠵᠢᠯᠲᠡ᠎ᠶ᠋ᠢ ᠪᠤᠢ ᠪᠣᠯᠭᠠᠬᠤ ᠬᠡᠷᠡᠭ᠌ᠲᠡᠢ᠃ ᠪᠢᠳᠡ 《ᠠᠮᠢ ᠠᠬᠤᠶ +》 ᠭᠡᠬᠦ᠌ ᠣᠢᠯᠠᠭᠠᠭ᠍ᠳᠠᠬᠤᠨ᠎ᠢ ᠠᠵᠤ ᠦᠢᠯᠡᠰ᠎ᠤᠨ ᠬᠥᠭ᠌ᠵᠢᠯᠲᠡ᠎ᠳᠤ ᠠᠭᠤᠰᠤᠯᠴᠠᠭᠤᠯᠬᠤ᠎ᠶ᠋ᠢ ᠪᠠᠷᠢᠮᠲᠠᠯᠠᠵᠤ᠂ ᠠᠮᠢ ᠠᠬᠤᠢ᠎ᠶ᠋ᠢᠨ ᠠᠵᠤ ᠦᠢᠯᠡᠰᠵᠢᠯᠲᠡ ᠪᠠ ᠠᠵᠤ ᠦᠢᠯᠡᠰ᠎ᠤᠨ ᠠᠮᠢ ᠠᠬᠤᠢᠵᠢᠯᠲᠠ᠎ᠪᠠᠷ ᠭᠤᠣᠯ ᠴᠣᠭ᠍ᠴᠠ ᠪᠣᠯᠭᠠᠭ᠍ᠰᠠᠨ ᠠᠮᠢ ᠠᠬᠤᠢ ᠠᠵᠤ ᠠᠬᠤᠢ᠎ᠶ᠋ᠢᠨ ᠱᠢᠰᠲ᠋ᠧᠮ᠎ᠤᠨ ᠪᠦᠲᠦᠭᠡᠨ ᠪᠠᠢᠭᠤᠯᠤᠯᠲᠠ᠎ᠶ᠋ᠢ ᠲᠦᠷᠭᠡᠳᠭᠡᠨ ᠠᠬᠢᠭᠤᠯᠵᠤ᠂ ᠠᠵᠤ ᠦᠢᠯᠡᠰ᠎ᠤᠨ ᠬᠥᠭ᠌ᠵᠢᠯᠲᠡ᠎ᠶ᠋ᠢᠨ ᠬᠢᠷᠢ ᠲᠦᠪᠱᠢᠨ᠎ᠢ ᠳᠡᠭᠡᠭ᠌ᠰᠢᠯᠡᠭᠦᠯᠬᠦ᠌ ᠬᠡᠷᠡᠭ᠌ᠲᠡᠢ᠃

(ᠵᠣᠬᠢᠶᠠᠭ᠍ᠴᠢ᠎ᠶ᠋ᠢᠨ ᠪᠠᠢᠭᠤᠯᠭ᠎ᠠ᠄ ᠥᠪᠥᠷ ᠮᠣᠩᠭᠤᠯ᠎ᠤᠨ ᠨᠠᠮ᠎ᠤᠨ ᠰᠤᠷᠭᠠᠭᠤᠯᠢ᠎ᠶ᠋ᠢᠨ ᠠᠵᠤ ᠠᠬᠤᠶ᠎ᠶ᠋ᠢᠨ ᠤᠬᠠᠭᠠᠨ᠎ᠤ ᠵᠢᠭᠠᠨ ᠰᠤᠳᠤᠯᠬᠤ ᠬᠡᠯᠲᠡᠰ)


ᠣᠷᠴᠢᠭᠤᠯᠤᠭ᠍ᠴᠢ᠄
ᠨᠠᠢᠷᠠᠭᠤᠯᠤᠭ᠍ᠴᠢ᠄ ᠪᠤᠶᠠᠨ᠌ᠦ᠌ᠨᠳᠦᠰᠦ
ᠲᠣᠲᠣᠷᠬᠠᠢ ᠦᠭᠡᠢ
ᠢᠷᠡᠯᠲᠡ᠄
ᠬᠤᠪᠢᠶᠠᠯᠴᠠᠬᠤ᠄

2008-2023 © ᠳᠤᠮᠳᠠᠳᠤ ᠤᠯᠤᠰ᠎ᠤᠨ ᠮᠤᠩᠭᠤᠯ ᠬᠡᠯᠡᠨ᠎ᠤ ᠰᠤᠨᠢᠨ ᠮᠡᠳᠡᠭᠡᠨ᠎ᠤ ᠰᠦᠯᠵᠢᠶ᠎ᠡ ᠦᠮᠴᠢᠯᠡᠯ᠎ᠤᠨ ᠡᠷᠬᠡ᠎ᠲᠠᠢ

ᠵᠤᠬᠢᠶᠠᠭᠴᠢ᠎ᠶᠢᠨ ᠡᠷᠬᠡ ᠬᠠᠤᠯᠢ᠎ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ᠎ᠪᠠᠷ ᠬᠠᠭᠤᠯᠪᠤᠷᠢᠯᠠᠬᠤ᠎ᠶᠢ ᠬᠠᠲᠠᠭᠤ ᠬᠤᠷᠢᠭᠯᠠᠨ᠎ᠠ

ᠬᠠᠷᠢᠯᠴᠠᠬᠤ ᠤᠲᠠᠰᠤ᠄0471-6635435

ᠢᠮᠧᠯ᠄tn@mgyxw.net   蒙ICP备10000005号