ᠬᠤᠷᠴᠢᠨ ᠪᠠᠷᠠᠭᠤᠨ ᠭᠠᠷᠤᠨ ᠡᠮᠦᠨᠡᠳᠤ ᠬᠤᠱᠢᠭᠤ ᠵᠢᠨ ᠬᠤᠢ᠍ᠢᠳᠤ ᠬᠡᠰᠡᠭ ᠲᠡᠬᠢ ᠠᠭᠤᠯᠠ ᠬᠠᠳᠠᠠ ᠳ᠋ᠤ ᠬᠦᠷᠢᠶᠡᠯᠡᠬ᠍ᠳᠡᠨ᠂ ᠤᠢ ᠮᠤᠳᠤᠨ ᠳ᠋ᠤ ᠪᠦᠷᠬᠦᠭ᠌ᠳᠡᠭ᠌ᠰᠡᠨ ᠰᠤᠯᠤᠨ ᠪᠠᠯᠭᠠᠰᠤ ᠵᠢᠨ ᠯᠢᠶᠠᠨ ᠹᠧᠩ ᠭᠠᠴᠠᠭ᠎ᠠ ᠬᠡᠭ᠌ᠴᠢ ᠭᠤᠷᠪᠠᠨ ᠭᠤᠤᠯᠤᠨ ᠠᠭᠤᠯᠵᠠᠷ ᠲᠤ ᠪᠠᠢᠷᠢᠯᠠᠭ᠍ᠰᠠᠨ ᠵᠢᠡᠷ᠂ ᠠᠭᠤᠯᠠ ᠨᠢ ᠬᠦᠬᠡ ᠤᠰᠤ ᠨᠢ ᠳᠤᠩᠭᠠᠯᠠᠭ ᠦᠵᠡᠮᠵᠢ ᠳᠡᠬᠦᠰ ᠪᠠᠢᠭᠠᠯᠢ ᠠᠬᠤᠢ ᠳᠠᠢ ᠠᠮᠢᠵᠢᠷᠠᠯ ᠪᠢᠯᠬᠠᠭ᠍ᠰᠠᠨ ᠭᠠᠴᠠᠭ᠎ᠠ ᠪᠢᠯᠡ᠃ ᠠᠯᠤᠰ ᠡᠴᠡ ᠬᠠᠷᠠᠬᠤ ᠳ᠋ᠤ ᠬᠦᠬᠡ ᠤᠷᠤᠢ ᠲᠠᠢ ᠸᠠᠭᠠᠷ ᠳᠤᠭᠤᠰᠭᠠᠨ ᠪᠠᠢᠱᠢᠩ ᠵᠢᠭ᠌ᠳᠡᠷᠡᠨ᠂ ᠬᠦᠷᠢᠶ᠎ᠠ ᠬᠠᠱᠢᠶᠠ ᠳ᠋ᠤᠨᠢ ᠡᠯᠪᠡᠭ ᠬᠤᠷᠢᠶᠠᠯᠳᠠ ᠵᠢᠨ ᠪᠠᠶᠠᠰᠤᠯ ᠪᠢᠯᠬᠠᠬ᠍ᠰᠠᠨ ᠡᠨᠡ ᠭᠠᠴᠠᠭ᠎ᠠ ᠵᠢᠨ ᠠᠷᠠᠳ ᠤᠯᠠᠨ ᠠᠵᠢᠯᠴᠢ ᠬᠢᠴᠢᠶᠠᠡᠭ᠌ᠬᠦᠢ ᠠᠷᠢᠭᠤᠨ ᠬᠦᠳᠡᠯᠮᠦᠷᠢ ᠪᠡᠷ ᠵᠢᠡᠨ ᠴᠢᠨᠡᠬᠡᠯᠢᠭ ᠠᠮᠢᠳᠤᠷᠠᠯᠤᠨ ᠵᠠᠮ ᠵᠢᠡᠨ ᠢᠳᠡᠷᠠᠬᠦᠨ ᠵᠤᠷᠢᠨ᠎ᠠ᠃
ᠯᠢᠶᠠᠨ ᠹᠧᠩ ᠭᠠᠴᠠᠭ᠎ᠠ ᠵᠢᠨ ᠤᠢ᠍ᠢᠷᠠ ᠬᠠᠪᠢ ᠪᠡᠷ ᠠᠭᠤᠯᠠ ᠬᠠᠳᠠ ᠰᠦᠨᠳᠡᠷᠯᠡᠨ᠂ ᠤᠢ ᠮᠤᠳᠤ ᠰᠦᠭ᠌ᠯᠡᠢᠨ᠂ ᠡᠯᠳᠡᠪ ᠵᠦᠢᠯᠤᠨ ᠡᠪᠡᠰᠤᠨ ᠡᠮ ᠤᠷᠭᠤᠳᠠᠭ ᠪᠦᠬᠡᠳ ᠢᠯᠠᠩᠭᠤᠶ᠎ᠠ ᠴᠢᠨ᠋ᠸ᠎ᠠ ᠵᠢᠨ ᠬᠠᠯᠳᠠᠷ ᠤᠯᠠᠨ ᠤᠷᠭᠤᠳᠠᠭ ᠵᠢᠡᠷ ᠡᠨᠳᠡᠬᠢ ᠠᠷᠠᠳ ᠠᠭᠤᠯᠠᠨ ᠳ᠋ᠤ ᠭᠠᠷᠴᠤ᠌ ᠡᠪᠡᠰᠦᠨ ᠡᠮ ᠮᠠᠯᠳᠠᠳᠠᠭ ᠪᠠᠢᠵᠠᠢ᠃《ᠤᠤᠯ ᠨᠢ ᠠᠭᠤᠯᠠᠨ ᠳ᠋ᠤ ᠭᠠᠷᠴᠤ᠌ ᠡᠪᠡᠰᠦᠨ ᠡᠮ ᠮᠠᠯᠳᠠᠪᠠᠯ ᠡᠳᠦᠷ ᠲᠤ 300 ᠲᠦᠬᠦᠷᠢᠭ ᠡᠴᠡ 500 ᠲᠦᠬᠦᠷᠢᠭ ᠡᠪᠦᠷᠳᠦᠯᠡᠳᠡᠭ᠂ ᠡᠨᠡ ᠨᠢ ᠳᠠᠷᠢᠶᠠᠴᠢᠨ ᠠᠢᠯ ᠳ᠋ᠤ ᠠᠪᠴᠤ᠌ ᠬᠡᠯᠡᠪᠡᠯ ᠪᠠᠭ᠎ᠠ ᠪᠤᠰᠤ ᠤᠷᠤᠯᠭ᠎ᠠ ᠱᠢᠤ》ᠬᠡᠵᠦ᠍ ᠯᠢᠶᠠᠨ ᠹᠧᠩ ᠭᠠᠴᠠᠭ᠎ᠠ ᠵᠢᠨ ᠨᠠᠮ ᠤᠨ ᠡᠬᠦᠷ ᠤᠨ ᠱᠦᠵᠢ ᠭᠦᠩ ᠯᠢ ᠸᠧᠢ ᠳᠠᠨᠢᠯᠴᠠᠭᠤᠯᠤᠨ᠎ᠠ᠃ ᠬᠡᠪᠡᠴᠦ᠍᠂ ᠬᠦᠬᠡᠮᠳᠦᠭ ᠨᠤᠭᠤᠭᠠᠠ ᠠᠭᠤᠯᠠ ᠤᠰᠤ ᠪᠠᠨ ᠬᠠᠮᠠᠭᠠᠯᠠᠬᠤ᠂ ᠠᠮᠢ ᠠᠬᠤᠢ ᠵᠢᠨ ᠤᠷᠴᠢᠨ ᠳᠤᠭᠤᠷᠢᠨᠢ ᠬᠠᠮᠠᠭᠠᠯᠬᠠᠤ ᠬᠦᠨᠳᠤ ᠡᠬᠦᠷᠬᠡ ᠵᠢᠨ ᠡᠮᠦᠨ᠎ᠡ᠂ ᠡᠨᠳᠡᠬᠢ ᠠᠭᠤᠯᠠ ᠤᠰᠤᠨᠤ ᠡᠬᠢ ᠪᠠᠶᠠᠯᠢᠭ ᠵᠢᠡᠨ ᠲᠦᠱᠢᠵᠦ᠍ ᠠᠮᠢᠳᠤᠷᠠᠳᠠᠭ ᠠᠷᠠᠳᠤᠨ ᠤᠷᠤᠯᠭ᠎ᠠ ᠪᠠᠭᠠᠰᠴᠤ᠌᠂ ᠳᠤᠰᠭᠤᠨᠤ ᠠᠷᠠᠳᠤᠨ ᠠᠮᠢᠳᠤᠷᠠᠯ ᠬᠦᠴᠢᠷᠳᠡᠯᠳᠡᠢ ᠪᠤᠯᠵᠤ ᠢᠷᠡᠵᠡᠢ᠃
ᠬᠦᠭ᠌ᠵᠢᠯᠳᠡ ᠵᠢᠨ ᠰᠡᠳᠭᠢᠴᠡ ᠪᠠᠨ ᠬᠤᠪᠢᠷᠠᠭᠤᠯᠪᠠᠯ ᠶᠠᠪᠤᠬᠤ ᠵᠠᠮ ᠦᠷᠬᠡᠨ ᠬᠡᠭ᠌ᠴᠢ ᠪᠡᠷ ᠯᠢᠶᠠᠨ ᠹᠧᠩ ᠭᠠᠴᠠᠭ᠎ᠠ ᠵᠢᠨ ᠨᠠᠮᠤᠨ ᠡᠬᠦᠷᠤᠨ ᠱᠦᠵᠢ ᠬᠦᠩ ᠯᠢ ᠸᠧᠢ ᠠᠵᠤ ᠦᠢᠯᠡᠰ ᠪᠠ ᠠᠮᠢ ᠠᠬᠤᠢ ᠵᠢ ᠤᠷᠭᠠᠨᠢᠭ ᠵᠢᠡᠷ ᠤᠶᠠᠯᠳᠤᠭᠤᠯᠪᠠᠯ ᠰᠠᠶᠢ ᠠᠮᠢ ᠠᠬᠤᠢ ᠵᠢ ᠬᠠᠮᠠᠭᠠᠯᠠᠬᠤ ᠵᠢᠨ ᠬᠠᠮᠳᠤ ᠠᠷᠠᠳᠤᠨ ᠤᠷᠤᠯᠭ᠎ᠠ ᠵᠢ ᠴᠤ᠌ ᠨᠡᠮᠡᠭ᠌ᠳᠡᠬᠦᠯᠵᠦ᠍ ᠴᠢᠳᠠᠨ᠎ᠠ ᠬᠡᠳᠡᠭᠢ ᠳᠠᠨᠢᠵᠤ ᠤᠯᠤᠯ᠎ᠠ᠃ ᠲᠡᠳᠡ《ᠬᠦᠷᠦᠰᠤ ᠰᠠᠢᠳᠠᠢ ᠭᠠᠵᠠᠷ ᠲᠠᠭᠠᠨ ᠠᠮᠤ ᠪᠤᠳᠠᠭ᠎ᠠ ᠳᠠᠷᠢᠵᠤ᠂ ᠬᠦᠷᠦᠰᠤ ᠨᠢᠮᠬᠡᠨ ᠭᠠᠵᠠᠷ ᠲᠤ ᠡᠪᠡᠰᠦᠨ ᠡᠮ ᠳᠠᠷᠢᠬᠤ》ᠳᠤᠬᠠᠢ ᠵᠢᠨ ᠭᠠᠵᠠᠷᠤᠨ ᠨᠠᠮ ᠵᠠᠰᠠᠭᠤᠨ ᠱᠢᠨᠵᠢᠯᠡᠬᠦ᠌ ᠤᠬᠠᠭᠠᠨᠴᠢ ᠳᠠᠭᠠᠭᠤᠯᠭ᠎ᠠ ᠵᠢᠴᠢ 《ᠬᠢᠳᠠᠳ ᠡᠪᠡᠰᠤᠨ ᠡᠮ ᠤᠨ ᠪᠡᠶ᠎ᠠ ᠰᠤᠪᠢᠯᠠᠯᠳᠠ ᠵᠢᠨ ᠪᠠᠯᠭᠠᠰᠤ》ᠪᠠᠢᠭᠤᠯᠬᠤ ᠳᠤᠬᠢᠶᠠᠯᠢ ᠠᠱᠢᠬ᠍ᠯᠠᠵᠤ᠂ ᠳᠤᠬᠠᠢ ᠵᠢᠨ ᠭᠠᠵᠠᠷᠤᠨ ᠪᠠᠢᠭᠠᠯᠢ ᠠᠬᠤᠢ ᠳ᠋ᠠᠭᠠᠨ ᠲᠤᠬᠢᠷᠠᠭᠤᠯᠵᠤ ᠬᠢᠳᠠᠳ ᠡᠪᠡᠰᠦᠨ ᠡᠮᠤᠨ ᠮᠠᠲ᠋ᠧᠷᠢᠶᠠᠯᠤᠨ ᠳᠠᠷᠢᠮᠠᠯᠢ ᠬᠦᠭ᠌ᠵᠢᠬᠦᠯᠵᠦ᠍᠂ ᠠᠮᠢ ᠠᠬᠤᠢ ᠵᠢᠨ ᠳᠠᠪᠠᠭᠤᠯᠢᠭ ᠵᠢᠡᠨ ᠠᠵᠤ ᠦᠢᠯᠡᠰ᠂ ᠠᠵᠤ ᠠᠬᠤᠢ᠂ ᠬᠦᠭ᠌ᠵᠢᠯᠳᠡ ᠵᠢᠨ ᠳᠠᠪᠠᠭᠤᠯᠢᠭ ᠪᠤᠯᠭᠠᠨ ᠬᠤᠪᠢᠷᠠᠭᠤᠯᠪᠠ᠃
2017 ᠤᠨ ᠳ᠋ᠤ ᠰᠤᠯᠤᠨ ᠪᠠᠯᠭᠠᠰᠤ ᠨᠢ ᠠᠨᠾᠦ᠋ᠢ ᠮᠤᠵᠢ ᠵᠢᠨ ᠵᠢᠩ ᠴᠢᠤᠸᠠᠨ ᠬᠢᠳᠠᠳ ᠡᠮ ᠤᠨ ᠮᠠᠲ᠋ᠧᠷᠢᠶᠠᠯ ᠤᠨ ᠬᠢᠵᠠᠭᠠᠷᠳᠤ ᠺᠤᠮᠫᠠᠨᠢ ᠵᠢ ᠤᠷᠤᠭᠤᠯᠤᠨ ᠠᠪᠴᠢᠷᠠᠵᠤ᠂《ᠵᠠᠰᠠᠭ ᠤᠨ ᠤᠷᠳᠤᠨ + ᠲᠠᠭᠠᠭᠤᠯᠤᠬ᠍ᠴᠢ ᠠᠵᠤ ᠠᠬᠤᠢ᠍ᠢᠯᠠᠯ + ᠰᠠᠭᠤᠷᠢᠨ+ ᠬᠠᠮᠳᠤ ᠵᠢᠨ ᠠᠵᠤ ᠠᠬᠤᠢ + ᠳᠠᠷᠢᠶᠠᠴᠢᠨ ᠡᠷᠦᠬᠡ》 ᠵᠢᠨ ᠠᠵᠤ ᠦᠢᠯᠡᠰᠵᠢᠭ᠌ᠰᠡᠨ ᠡᠵᠡᠩᠨᠡᠯᠳᠡ ᠵᠢᠨ ᠬᠡᠯᠪᠡᠷᠢ ᠪᠠ ᠲᠦᠭ᠌ᠰᠢᠬᠦᠷᠢ ᠵᠢ ᠬᠠᠮᠳᠤ ᠪᠡᠷ ᠡᠬᠦᠷᠭᠡᠯᠡᠬᠦ᠂ ᠠᠱᠢᠭ ᠤᠷᠤᠯᠭ᠎ᠠ ᠪᠠᠨ ᠬᠠᠮᠳᠤ ᠪᠡᠷ ᠡᠳ᠋ᠯᠡᠬᠦ᠌ ᠳᠤᠭ᠍ᠳᠠᠴᠠ ᠵᠢ ᠪᠠᠢᠭᠤᠯᠪᠠ᠃ ᠳᠤᠬᠠᠢ ᠵᠢᠨ ᠵᠢᠯ ᠳ᠋ᠤ ᠲᠤᠰ ᠭᠠᠴᠠᠭ᠎ᠠ ᠲᠦᠮᠡᠨ ᠳᠡᠭ᠌ᠰᠢ ᠲᠦᠷᠪᠡᠯᠵᠢᠨ ᠮᠧᠲ᠋ᠷᠤᠨ ᠳᠠᠯᠠᠪᠠᠢ ᠳᠠᠢ 19 ᠰᠠᠭᠤᠷᠢ ᠳᠤᠯᠠᠭᠠᠨ ᠬᠦᠯᠡᠮᠵᠢ ᠪᠠᠢᠭᠤᠯᠵᠤ᠂ ᠤᠰᠤ ᠴᠠᠬᠢᠯᠭᠠᠨᠢ ᠪᠦᠷᠢᠳᠦᠬᠦᠯᠪᠡ᠃ ᠭᠠᠴᠠᠭ᠎ᠠ ᠵᠢᠨ ᠬᠠᠮᠳᠤ ᠵᠢᠨ ᠠᠵᠤ ᠠᠬᠤᠢ ᠪᠠᠨ ᠬᠦᠭ᠌ᠵᠢᠬᠦᠯᠬᠦ᠌ ᠵᠢᠨ ᠲᠦᠯᠦᠬᠡ᠂ ᠳᠤᠯᠠᠭᠠᠨ ᠬᠦᠯᠡᠮᠵᠢ ᠪᠠᠨ ᠵᠢᠩ ᠴᠢᠤᠸᠠᠨ ᠬᠢᠳᠠᠳ ᠡᠮᠤᠨ ᠮᠠᠲ᠋ᠧᠷᠢᠶᠠᠯᠤᠨ ᠳᠠᠷᠢᠮᠠᠯᠤᠨ ᠬᠢᠵᠠᠭᠠᠷᠳᠤ ᠺᠤᠮᠫᠠᠨᠢ ᠳ᠋ᠤ ᠳᠠᠭᠠᠭᠠᠴᠢᠯᠠᠨ ᠦᠭ᠌ᠴᠦ᠂ ᠭᠤᠤᠯᠳᠠᠭᠤ ᠴᠢᠨ᠋ᠸ᠎ᠠ ᠵᠢᠨ ᠬᠠᠯᠳᠠᠷᠤᠨ ᠴᠢᠬᠢ ᠪᠤᠢ᠍ᠢᠵᠢᠭᠤᠯᠵᠠᠢ᠃ ᠵᠢᠩ ᠴᠢᠤᠸᠠᠨ ᠬᠢᠳᠠᠳ ᠡᠮᠤᠨ ᠮᠠᠲ᠋ᠧᠷᠢᠶᠠᠯᠤᠨ ᠳᠠᠷᠢᠮᠠᠯᠤᠨ ᠬᠢᠵᠠᠭᠠᠷᠳᠤ ᠺᠤᠮᠫᠠᠨᠢ ᠨᠢ ᠪᠠᠰᠠ ᠯᠢᠶᠠᠨ ᠹᠧᠩ ᠭᠠᠴᠠᠭ᠎ᠠ ᠵᠢᠨ 1060 ᠮᠦ᠍ ᠭᠠᠵᠠᠷᠢ ᠱᠢᠯᠵᠢᠬᠦᠯᠦᠨ ᠠᠪᠴᠤ᠌ 1000 ᠲᠦᠮᠡᠨ ᠰᠠᠭᠤᠷᠢ ᠴᠢᠨ᠋ᠸ᠎ᠠ ᠵᠢᠨ ᠬᠠᠯᠳᠠᠷ ᠳᠠᠷᠢᠭ᠍ᠰᠠᠨ ᠪᠠᠢᠨ᠎ᠠ᠃ ᠺᠤᠮᠫᠠᠨᠢ ᠵᠢᠨ ᠴᠢᠬᠢ ᠪᠤᠢ᠍ᠢᠵᠢᠭᠤᠯᠬᠤ ᠰᠠᠭᠤᠷᠢᠨᠤ ᠵᠢᠱ᠌ᠢᠶᠠ ᠦᠵᠡᠬᠦᠯᠬᠦ᠌ ᠵᠢᠯᠤᠭᠤᠳᠤᠯᠭ᠎ᠠ ᠳᠤᠤᠷ᠎ᠠ᠂ 《ᠡᠪᠡᠰᠦᠨ ᠡᠮᠤᠨ ᠮᠠᠲ᠋ᠧᠷᠢᠶᠠᠯ ᠤᠨ ᠰᠠᠭᠤᠷᠢᠨ + ᠬᠠᠮᠳᠤ ᠵᠢᠨ ᠠᠵᠤ ᠠᠬᠤᠢ + ᠳᠠᠷᠢᠶᠠᠴᠢᠨ ᠡᠷᠦᠬᠡ》 ᠵᠢᠨ ᠵᠠᠠᠠᠪᠤᠷ ᠢ ᠪᠦᠷᠢᠯᠳᠦᠬᠦᠯᠵᠦ᠍ ᠂ ᠳᠠᠷᠢᠶᠠᠴᠢᠳᠤᠨ ᠤᠷᠤᠯᠭ᠎ᠠ ᠵᠢ ᠳᠠᠬᠢᠨ ᠵᠢᠡᠷ ᠨᠡᠮᠡᠭ᠌ᠳᠡᠬᠦᠯᠵᠦ᠍᠂ ᠡᠪᠡᠰᠦᠨ ᠡᠮ ᠮᠠᠯᠳᠠᠵᠤ ᠪᠠᠢᠭ᠍ᠰᠠᠨ ᠡᠴᠡ ᠪᠠᠨ ᠡᠪᠡᠰᠦᠨ ᠡᠮᠤᠨ ᠮᠠᠲ᠋ᠧᠷᠢᠶᠠᠯ ᠳᠠᠷᠢᠬᠤ ᠪᠤᠯᠵᠤ᠂ ᠬᠠᠱᠢᠶᠠ ᠬᠦᠷᠢᠶᠡᠨ ᠳ᠋ᠡᠬᠡᠨ ᠴᠤ᠌ ᠡᠪᠡᠰᠦᠨ ᠡᠮ ᠳᠠᠷᠢᠬᠤ ᠬᠠᠯᠠᠭᠤᠨ ᠦᠷᠨᠢᠯᠳᠡ ᠪᠤᠯᠵᠤ᠂ ᠢᠮᠠᠬᠤ ᠱᠢᠷᠤᠢ ᠡᠴᠡ ᠴᠤ᠌ ᠤᠷᠤᠯᠭ᠎ᠠ ᠤᠯᠬᠤ ᠪᠤᠯᠪᠠ᠃
ᠠᠭᠤᠳᠠᠮ ᠰᠠᠷᠠᠭᠤᠯ ᠱᠢᠨ᠎ᠡ ᠪᠠᠢᠱᠢᠩ ᠳᠠᠢ᠂ ᠴᠡᠪᠡᠷ ᠴᠡᠮᠴᠡᠬᠡᠷ ᠬᠦᠷᠢᠶ᠎ᠠ ᠬᠠᠱᠢᠶᠠ ᠳᠠᠢ ᠯᠢᠤᠢ ᠵᠢᠶᠠᠨ ᠨᠠᠨᠤ ᠬᠢᠨ ᠳ᠋ᠤ ᠤᠷᠤᠬᠤ ᠳ᠋ᠤ ᠴᠠᠭᠠᠨ ᠴᠠᠨ᠎ᠠ᠂ ᠴᠢᠨ᠋ᠸ᠎ᠠ ᠵᠢᠨ ᠬᠠᠯᠳᠠᠷᠢ ᠬᠠᠱᠢᠶᠠ ᠲᠦᠬᠦᠷᠡᠩ ᠳᠠᠷᠢᠭᠠᠳ ᠪᠠᠢᠯ᠎ᠠ᠃ ᠳᠡᠳᠡᠨᠡᠢᠬᠢᠨ 2 ᠮᠦ᠍ ᠢᠯᠡᠬᠦᠦ ᠨᠤᠭᠤᠭᠠᠨ ᠬᠠᠱᠢᠶᠠᠨ ᠳ᠋ᠠᠭᠠᠨ ᠡᠪᠡᠰᠦᠨ ᠡᠮᠤᠨ ᠮᠠᠲ᠋ᠧᠷᠢᠶᠠᠯ ᠳᠠᠷᠢᠭᠠᠳ ᠭᠤᠷᠪᠠᠳᠡᠬᠢ ᠵᠢᠯ ᠵᠢᠡᠨ ᠪᠤᠯᠵᠤ ᠪᠠᠢᠭ᠎ᠠ ᠪᠦᠬᠡᠳ ᠵᠢᠯ ᠳ᠋ᠤ 1.2 ᠲᠦᠮᠡᠨ ᠲᠦᠬᠦᠷᠢᠭᠤᠨ ᠤᠷᠤᠯᠭ᠎ᠠ ᠤᠯᠳᠠᠭ ᠪᠠᠢᠯ᠎ᠠ᠃ ᠯᠢᠶᠠᠨ ᠹᠧᠩ ᠭᠠᠴᠠᠭ᠎ᠠ ᠵᠢᠨ 60% ᠵᠢᠨ ᠠᠢᠯ ᠡᠷᠦᠬᠡ ᠬᠠᠱᠢᠶᠠᠨ ᠳ᠋ᠠᠭᠠᠨ ᠡᠪᠡᠰᠦᠨ ᠡᠮᠤᠨ ᠮᠠᠲ᠋ᠧᠷᠢᠶᠠᠯ ᠳᠠᠷᠢᠵᠤ᠂ ᠡᠷᠦᠬᠡ ᠪᠦᠷᠢ ᠵᠢᠨ ᠳᠤᠮᠳᠠᠴᠢ ᠵᠢᠯᠤᠨ ᠤᠷᠤᠯᠭ᠎ᠠ ᠨᠢ 5000 ᠲᠦᠬᠦᠷᠢᠭ ᠲᠤ ᠬᠦᠷᠴᠡᠢ᠃
ᠬᠦᠳᠡᠬᠡ ᠳᠤᠰᠭᠤᠨ ᠢ ᠬᠦᠭ᠌ᠵᠢᠬᠦᠯᠦᠨ ᠮᠠᠨᠳᠤᠭᠤᠯᠬᠤ ᠳ᠋ᠤ ᠠᠵᠤ ᠦᠢᠯᠡᠰᠢ ᠬᠦᠭ᠌ᠵᠢᠬᠦᠯᠬᠦ᠌ ᠪᠦᠬᠡᠳ ᠠᠮᠢᠳᠤᠷᠠᠨ ᠰᠠᠭᠤᠷᠢᠱᠢᠬᠤ ᠤᠷᠴᠢᠨ ᠠᠬᠤᠢ ᠵᠢ ᠴᠤ᠌ ᠰᠠᠢᠵᠢᠷᠠᠭᠤᠯᠬᠤ ᠴᠢᠬᠤᠯᠠ ᠳᠠᠢ᠃ ᠡᠪᠡᠰᠦᠨ ᠡᠮᠤᠨ ᠠᠵᠤ ᠦᠢᠯᠡᠰᠢ ᠬᠦᠭ᠌ᠵᠢᠬᠦᠯᠦᠬᠡᠳ ᠬᠠᠮᠳᠤ ᠵᠢᠨ ᠠᠵᠤ ᠠᠬᠤᠢ ᠴᠤ᠌ ᠵᠤᠭᠤᠰ ᠵᠤᠭ᠎ᠠ ᠳᠠᠢ ᠪᠤᠯᠵᠤ᠂ ᠭᠠᠴᠠᠭ᠎ᠠ ᠵᠢᠨ ᠠᠷᠠᠳᠤᠨ ᠤᠷᠤᠯᠭ᠎ᠠ ᠨᠡᠮᠡᠭ᠌ᠳᠡᠭ᠌ᠰᠡᠨ ᠵᠢᠡᠷ ᠲᠡᠳᠡ ᠠᠮᠢᠳᠤᠷᠠᠨ ᠰᠠᠭᠤᠷᠢᠱᠢᠬᠤ ᠤᠷᠴᠢᠨ ᠳᠤᠭᠤᠷᠢᠨ ᠵᠢᠡᠨ ᠰᠠᠢᠵᠢᠷᠠᠭᠤᠯᠵᠤ ᠡᠬᠢᠯᠡᠪᠡ᠃ 2019 ᠤᠨ ᠳ᠋ᠤ ᠤᠯᠠᠨ ᠳᠠᠯ᠎ᠠ ᠪᠡᠷ ᠴᠢᠷᠮᠠᠢᠵᠤ ᠪᠠᠢᠭᠠᠳ ᠪᠡᠯᠡ ᠮᠦᠩᠬᠦ᠌ ᠤᠯᠵᠤ᠂ ᠦᠪᠡᠷᠤᠨ ᠴᠤᠭ᠍ᠯᠠᠭᠤᠯᠤᠭ᠍ᠰᠠᠨ ᠪᠡᠯᠡ ᠮᠦᠩᠬᠦ᠌ ᠲᠠᠢ ᠪᠠᠨ ᠨᠡᠢᠯᠡᠬᠦᠯᠦᠨ ᠭᠠᠴᠠᠭ᠎ᠠ ᠵᠢᠨ ᠬᠠᠪᠢ ᠪᠡᠷ ᠤᠷᠤᠰᠳᠠᠭ ᠭᠤᠤᠯᠤᠨ ᠲᠡᠬᠡᠬᠦᠷ ᠬᠦᠬᠦᠷᠬᠡ ᠵᠠᠰᠠᠵᠦ᠍᠂ ᠳᠠᠷᠢᠶᠠᠴᠢᠳᠤᠨ ᠶᠠᠪᠤᠵᠤ ᠰᠠᠭᠤᠬᠤᠳᠤ ᠲᠦᠬᠦᠮ ᠪᠤᠯᠭᠠᠪᠠ᠃ ᠳᠠᠷᠢᠶᠠᠨ ᠭᠠᠵᠠᠷᠤᠨ ᠬᠤᠭᠤᠷᠤᠨᠳᠤᠬᠢ ᠵᠠᠮᠢ ᠳᠡᠭ᠌ᠰᠢᠯᠡᠨᠡ᠂ ᠭᠠᠴᠠᠭ᠎ᠠ ᠵᠢᠨ ᠵᠠᠮᠤᠨ ᠬᠤᠶᠠᠷ ᠳᠠᠯ᠎ᠠ ᠪᠡᠷ ᠮᠤᠳᠤ ᠳᠠᠷᠢᠨ᠎ᠠ ᠁ ᠠᠮᠢᠳᠤᠷᠠᠯ ᠦᠢᠯᠡᠳᠪᠦᠷᠢᠯᠡᠯᠤᠨ ᠤᠷᠴᠢᠨ ᠳᠤᠭᠤᠷᠢᠨ ᠵᠢᠡᠨ ᠰᠠᠢᠵᠢᠷᠠᠭᠤᠯᠬᠤ ᠵᠢᠨ ᠲᠠᠭᠠᠤ ᠳᠤᠰᠭᠤᠨᠤ ᠠᠷᠠᠳᠤᠨ ᠤᠶᠤᠨᠤ ᠪᠤᠯᠪᠠᠰᠤᠨᠤ ᠪᠠᠢᠭᠤᠯᠤᠯᠳᠠ ᠵᠢ ᠴᠤ᠌ ᠰᠠᠢᠳᠤᠷ ᠬᠢᠵᠦ᠍ ᠪᠠᠢᠯ᠎ᠠ᠃ ᠳᠤᠰᠭᠤᠨᠤ ᠬᠤᠶᠠᠷ ᠵᠦᠪᠯᠡᠯ ᠨᠢ 《ᠰᠠᠢᠨ ᠪᠡᠷᠢ》᠂ 《ᠰᠠᠢᠨ ᠬᠦᠷᠰᠢ》᠂ 《ᠵᠠᠭᠤᠨ ᠱᠢᠯᠢᠳᠡᠭ ᠪᠤᠯᠪᠠᠰᠤᠨ ᠡᠷᠦᠬᠡ》 ᠵᠢ ᠱᠢᠯᠭᠠᠷᠠᠭᠤᠯᠵᠤ᠂ ᠳᠤᠰᠭᠤᠨᠤ ᠪᠤᠯᠪᠠᠰᠤᠨ ᠬᠡᠪ ᠰᠤᠷᠳᠠᠯᠢ ᠳᠠᠢᠴᠢᠯᠠᠯᠠ᠃
ᠡᠨᠡ ᠵᠢᠯ ᠬᠢᠩᠭᠠᠨ ᠠᠢᠮᠠᠭᠤᠨ ᠡᠮᠡᠭ᠌ᠳᠡᠢᠴᠤᠳᠤᠨ ᠬᠤᠯᠪᠤᠭ᠎ᠠ ᠡᠴᠡ ᠳᠤᠰᠭᠤᠨᠤ ᠠᠷᠠᠳ ᠯᠢ ᠴᠢᠦ ᠱᠢᠶᠠᠩᠢ ᠬᠦᠳᠡᠬᠡ ᠳᠤᠰᠭᠤᠨᠤ ᠱᠢᠨᠵᠢᠯᠡᠬᠦ᠌ ᠤᠬᠠᠭᠠᠨ ᠲᠧᠭ᠌ᠨᠢᠭ ᠮᠡᠷᠬᠡᠵᠢᠯ ᠵᠢᠡᠷ ᠪᠠᠶᠠᠵᠢᠭᠤᠯᠬᠤ ᠭᠠᠷᠮᠠᠭᠠᠢ ᠡᠮᠡᠭ᠌ᠳᠡᠢ ᠪᠡᠷ ᠴᠤᠯᠠᠯᠠᠵᠠᠢ᠃ ᠯᠢ ᠴᠢᠦ ᠱᠢᠶᠠᠩᠤᠨ ᠱᠢᠨᠡᠬᠡᠨ ᠪᠠᠷᠢᠭ᠍ᠰᠠᠨ 6 ᠳᠠᠰᠤᠯᠭ᠎ᠠ ᠪᠠᠢᠱᠢᠩ ᠨᠢ ᠤᠨᠴᠠ ᠵᠢᠨ ᠢᠯᠡ ᠳᠡᠢ ᠬᠠᠷᠠᠭ᠍ᠳᠠᠨᠠ᠃ ᠬᠦᠷᠢᠶ᠎ᠡ ᠬᠠᠱᠢᠶᠠᠨ ᠳ᠋ᠡᠬᠢ ᠢᠳᠡᠱᠢᠨ ᠨᠤᠭᠤᠭ᠎ᠠ᠂ ᠴᠢᠨᠤ᠎ᠠ ᠵᠢᠨ ᠬᠠᠯᠳᠠᠷ ᠤᠷᠭᠤᠴᠠ ᠰᠠᠢᠳᠠᠢ ᠪᠠᠢᠵᠤ᠂ ᠠᠵᠢᠯᠴᠢ ᠠᠢᠯ ᠪᠤᠯᠬᠤ ᠨᠢ ᠠᠷᠭ᠎ᠠ ᠦᠬᠡᠢ ᠮᠡᠳᠡᠷᠡᠭ᠌ᠳᠡᠨᠡ᠃ ᠡᠳᠡᠨᠤ ᠬᠢᠨ 6 ᠠᠮᠠ ᠪᠦᠯᠢ ᠳᠠᠢ᠃ 《ᠮᠢᠨᠦ᠍ ᠨᠦᠬᠦᠷ ᠭᠠᠳᠠᠨ᠎ᠠ ᠬᠦᠯᠦᠰᠦᠨ ᠠᠵᠢᠯ ᠬᠢᠳᠡᠭ᠂ ᠵᠢᠯᠤᠨ ᠤᠷᠤᠯᠭ᠎ᠠ ᠠᠷᠪᠠ ᠭᠠᠷᠤᠢ ᠲᠦᠮᠡᠨ ᠲᠦᠬᠦᠷᠢᠭ ᠬᠦᠷᠳᠡᠭ ᠪᠤᠯ ᠪᠢ ᠴᠤ᠌ ᠡᠨᠡ ᠬᠦᠷᠢᠶ᠎ᠠ ᠬᠠᠱᠢᠶᠠ ᠡᠴᠡ ᠪᠠᠨ ᠬᠡᠳᠦᠨ ᠲᠦᠮᠡᠨ ᠲᠦᠬᠦᠷᠢᠭ ᠤᠯᠳᠠᠭ ᠪᠦᠬᠡᠳ ᠨᠠᠰᠤᠳᠠᠨ ᠨᠢᠯᠬᠠᠰ ᠵᠢᠡᠨ ᠴᠤ᠌ ᠬᠠᠷᠠᠭᠠᠯᠵᠠᠴᠢᠬᠠᠨᠠ》 ᠬᠡᠵᠦ᠍ ᠯᠢ ᠴᠢᠦ ᠱᠢᠶᠠᠩ ᠢᠨᠢᠶᠡᠮᠰᠦᠭ᠌ᠯᠡᠨ ᠬᠡᠯᠡᠨ᠎ᠡ᠃
ᠤᠷᠤᠱᠢᠨ ᠰᠠᠭᠤᠷᠢᠱᠢᠬᠤ ᠳ᠋ᠤ ᠳᠠᠭᠠᠯᠠᠮᠵᠢᠳᠠᠢ᠂ ᠦᠢᠯᠡᠳᠪᠦᠷᠢᠯᠡᠯ ᠠᠮᠢᠳᠤᠷᠠᠯ ᠳ᠋ᠤᠨᠢ ᠳᠤᠬᠢᠷᠠᠮᠵᠢᠳᠠᠢ ᠠᠵᠤ ᠦᠢᠯᠡᠰᠵᠢᠭ᠌ᠰᠡᠨ ᠬᠦᠳᠡᠬᠡ ᠨᠤᠳᠤᠭᠢ ᠴᠤᠭ᠍ᠴᠠᠯᠠᠬᠤ ᠳ᠋ᠤ ᠠᠵᠤ ᠠᠬᠤᠢ ᠪᠠ ᠠᠮᠢ ᠠᠬᠤᠢ ᠵᠢ ᠤᠷᠭᠠᠨᠢᠭ ᠵᠢᠡᠷ ᠤᠶᠠᠯᠳᠤᠭᠤᠯᠬᠤ ᠴᠢᠬᠤᠯᠠ ᠳᠠᠢ᠃ ᠤᠯᠠᠨ ᠵᠢᠯᠤᠨ ᠳᠤᠷᠰᠢ᠂ ᠰᠤᠯᠤᠨ ᠪᠠᠯᠭᠠᠰᠤ ᠨᠢ 《ᠬᠢᠳᠠᠳ ᠡᠮᠤᠨ ᠰᠤᠪᠢᠯᠠᠯᠳᠠ ᠵᠢᠨ ᠵᠢᠷᠭᠠᠯᠳᠤ ᠤᠷᠤᠨ ᠠᠮᠢ ᠠᠬᠤᠢ ᠵᠢᠨ ᠰᠤᠯᠤᠨ ᠪᠠᠯᠭᠠᠰᠤ》 ᠵᠢ ᠪᠦᠬᠦ᠌ ᠬᠦᠴᠦᠨ ᠵᠢᠡᠷ ᠪᠠᠢᠭᠤᠯᠵᠤ᠂ ᠳᠤᠭᠤᠷ ᠭᠤᠤᠯᠤᠨ ᠬᠦᠪᠡᠬᠡ ᠪᠡᠷ ᠰᠤᠯᠤᠨ ᠨᠠᠭᠤᠷ ᠠᠭᠤᠳᠠᠮ ᠳᠠᠯᠠᠪᠠᠢ ᠪᠠᠢᠭᠤᠯᠵᠤ᠂ ᠰᠤᠯᠤᠨ ᠪᠠᠯᠭᠠᠰᠤ ᠵᠢᠨ ᠠᠷᠤ ᠪᠡᠷ ᠶᠤᠤ ᠸᠠᠩ ᠹᠧᠩ ᠦᠵᠡᠮᠵᠢ ᠵᠢᠨ ᠤᠷᠤᠨᠢ ᠪᠠᠢᠭᠤᠯᠵᠤ᠂ ᠳᠤᠰᠭᠤᠨᠤ ᠠᠷᠠᠳ ᠲᠤ ᠦᠵᠡᠮᠵᠢ ᠰᠤᠨᠢᠷᠬᠠᠨ ᠳᠤᠭᠤᠷᠢᠨ ᠵᠢᠭᠤᠯᠴᠢᠯᠠᠬᠤ ᠰᠡᠯᠡᠬᠦᠴᠡᠯ ᠤᠨ ᠭᠠᠵᠠᠷ ᠭᠠᠷᠭᠠᠨ ᠦᠭ᠌ᠴᠡᠢ᠃
ᠡᠬᠢ ᠪᠠᠶᠠᠯᠢᠭ ᠵᠢᠡᠨ ᠠᠱᠢᠬ᠍ᠯᠠᠵᠤ ᠠᠵᠤ ᠦᠢᠯᠡᠰᠢ ᠬᠦᠭ᠌ᠵᠢᠬᠦᠯᠦᠭ᠌ᠰᠡᠨ ᠵᠢᠡᠷ ᠯᠢᠶᠠᠨ ᠹᠧᠩ ᠭᠠᠴᠠᠭ᠎ᠠ ᠵᠢᠨ ᠠᠷᠠᠳ ᠴᠢᠨᠡᠬᠡᠯᠢᠭ᠌ᠵᠢᠯᠤᠨ ᠵᠠᠮ ᠵᠢᠡᠷ ᠢᠳᠡᠷᠡᠬᠦᠨ ᠵᠢᠪᠬᠤᠭ᠎ᠠ ᠳᠠᠢ ᠠᠯᠬᠤᠨ᠂ ᠲᠦᠷᠦ᠍ ᠵᠢᠨ ᠪᠤᠳᠤᠯᠭ᠎ᠠ ᠵᠢᠨ ᠳᠡᠮᠵᠢᠯᠬᠡ ᠨᠢ ᠯᠢᠶᠠᠨ ᠹᠧᠩ ᠭᠠᠴᠠᠭ᠎ᠠ ᠵᠢ ᠴᠢᠨᠡᠬᠡᠯᠢᠭ᠌ᠵᠢᠯᠤᠨ ᠵᠠᠮ ᠵᠢᠡᠷ ᠬᠦᠳᠦᠯᠦᠯᠡ᠃
ᠯᠢ ᠢᠤᠢ ᠡᠷ᠎ᠡ ᠡᠮ᠎ᠡ ᠬᠤᠶᠠᠭᠤᠯᠠ ᠪᠠᠨ ᠡᠪᠡᠳᠴᠢᠨ ᠡᠮᠬᠡᠭ ᠳᠠᠢ᠃ 2016 ᠤᠨ ᠳ᠋ᠤ ᠳᠠᠩᠰᠠᠯᠠᠨ ᠺᠠᠷᠲ᠋ᠯᠠᠭ᠍ᠰᠠᠨ ᠶᠠᠳᠠᠭᠤ ᠬᠦᠴᠢᠷᠳᠡᠯᠳᠡᠢ ᠡᠷᠦᠬᠡ ᠪᠤᠯᠵᠠᠢ᠃ ᠶᠠᠳᠠᠭᠤ ᠵᠢ ᠳᠡᠳᠬᠦᠬᠦ᠌ ᠲᠦᠷᠦ᠍ ᠵᠢᠨ ᠪᠤᠳᠤᠯᠭ᠎ᠠ ᠵᠢᠨ ᠳᠡᠮᠵᠢᠯᠬᠡ ᠪᠡᠷ ᠬᠡᠷ ᠲᠡᠷᠬᠡ ᠵᠢ ᠨᠢ ᠰᠠᠢᠵᠢᠷᠠᠭᠤᠯᠵᠤ ᠦᠭ᠌ᠬᠦᠭ᠌ᠰᠡᠨ ᠵᠢᠡᠷ ᠪᠠᠷᠠᠬᠤ ᠦᠬᠡᠢ ᠳᠡᠬᠦᠨ ᠳ᠋ᠤ ᠳᠤᠭ᠍ᠳᠠᠪᠤᠷᠢᠳᠠᠢ ᠠᠵᠢᠯ ᠤᠯᠭᠤᠪᠠ᠃ ᠯᠢ ᠢᠤᠢ ᠵᠢᠨ ᠤᠤᠯᠤᠨ ᠰᠠᠭᠤᠵᠤ ᠪᠠᠢᠭ᠍ᠰᠠᠨ ᠬᠤᠷᠢᠨ ᠬᠡᠳᠦᠨ ᠵᠢᠯᠤᠨ ᠱᠢᠪᠠᠷ ᠪᠠᠢᠱᠢᠩᠢ ᠨᠤᠷᠠᠬᠤ ᠠᠶᠤᠯᠳᠠᠢ ᠬᠡᠷ ᠪᠠᠢᠱᠢᠩᠢ ᠦᠬᠡᠷᠡᠴᠢᠯᠡᠨ ᠰᠠᠢᠵᠢᠷᠠᠭᠤᠯᠬᠤ ᠢᠨᠵᠸ᠋ᠨ᠋ᠸ᠋ᠷᠢᠩ ᠵᠢᠡᠷ ᠳᠠᠮᠵᠢᠨ᠂ ᠡᠪᠦᠯ ᠳ᠋ᠡᠬᠡᠨ ᠳᠤᠯᠠᠭᠠᠨ ᠵᠤᠨ ᠳ᠋ᠠᠭᠠᠨ ᠰᠡᠷᠢᠬᠦᠨ ᠱᠢᠨᠠ ᠪᠠᠢᠱᠢᠩ ᠪᠤᠯᠭᠠᠵᠠᠢ᠃ ᠬᠦᠷᠢᠶ᠎ᠠ ᠲᠦᠬᠦᠷᠡᠩ ᠳᠠᠬᠢᠶ᠎ᠠ ᠭᠠᠯᠠᠭᠤ ᠲᠠᠢ᠂ ᠬᠠᠱᠢᠶᠠ ᠲᠦᠬᠦᠷᠡᠩ ᠨᠤᠭᠤᠭ᠎ᠠ ᠲᠠᠢ ᠠᠮᠢᠳᠤᠷᠠᠯ ᠳ᠋ᠠᠭᠠᠨ ᠰᠡᠳᠭᠢᠯ ᠬᠠᠩᠬᠤᠯᠤᠭᠤᠨ ᠪᠦᠬᠡᠳ ᠨᠡᠩ ᠴᠤ᠌ ᠵᠢᠷᠠ ᠭᠠᠷᠤᠭᠠᠳ ᠳᠤᠭ᠍ᠳᠠᠮᠠᠯ ᠠᠵᠢᠯ ᠳᠠᠢ ᠪᠤᠯᠤᠭ᠍ᠰᠠᠨ ᠳ᠋ᠠᠭᠠᠨ ᠯᠢ ᠢᠤᠢ ᠬᠡᠮᠵᠢᠶᠡᠯᠡᠰᠢ ᠦᠬᠡᠢ ᠪᠠᠶᠠᠷᠯᠠᠨ᠎ᠠ᠃ ᠪᠢ ᠴᠢᠨᠢ ᠠᠮᠢ ᠠᠬᠤᠢ ᠵᠢᠨ ᠬᠠᠮᠢᠶᠠᠷᠤᠯᠳᠠ ᠵᠢᠨ ᠠᠵᠢᠯᠳᠠᠨ ᠪᠤᠯᠤᠭᠠᠳ ᠵᠢᠯ ᠳ᠋ᠡᠬᠡᠨ ᠲᠦᠮᠡᠨ ᠲᠦᠬᠦᠷᠢᠭᠤᠨ ᠤᠷᠤᠯᠭ᠎ᠠ ᠳᠠᠢ᠂ ᠠᠵᠤ ᠦᠢᠯᠡᠰ ᠵᠢᠡᠷ ᠶᠠᠳᠠᠭᠤ ᠵᠢ ᠳᠡᠳᠬᠦᠬᠦ᠌ ᠳ᠋ᠤ ᠬᠤᠪᠢ ᠤᠷᠤᠭᠠᠳ ᠵᠢᠯ ᠳ᠋ᠤ 1200 ᠲᠦᠬᠦᠷᠢᠭᠤᠨ ᠤᠷᠤᠯᠭ᠎ᠠ ᠳᠠᠢ᠂ ᠳᠠᠷᠢᠶᠠᠨ ᠭᠠᠵᠠᠷ ᠵᠢᠡᠨ ᠪᠤᠰᠤᠳ ᠲᠤ ᠱᠢᠯᠵᠢᠬᠦᠯᠦᠬᠡᠳ 2000 ᠱᠢᠬᠠᠮ ᠲᠦᠬᠦᠷᠢᠭᠤᠨ ᠤᠷᠤᠯᠭ᠎ᠠ ᠳᠠᠢ ᠪᠤᠯᠵᠠᠢ᠃《ᠡᠳᠡᠬᠡᠷ ᠴᠢᠨᠢ ᠪᠦᠷ ᠨᠢᠬᠡ ᠵᠢᠯᠤᠨ ᠳᠤᠭ᠍ᠳᠠᠭ᠍ᠰᠠᠨ ᠤᠷᠤᠯᠭ᠎ᠠ ᠱᠢᠤ᠂ ᠬᠠᠱᠢᠶᠠᠨᠤ ᠴᠢᠨᠤ᠎ᠠ ᠵᠢᠨ ᠬᠠᠯᠳᠠᠷ ᠵᠢᠡᠨ ᠬᠤᠳᠠᠯᠳᠤᠭᠠᠳ ᠴᠤ᠌ ᠨᠡᠯᠢᠶᠡᠳ ᠤᠷᠤᠯᠭ᠎ᠠ ᠤᠯᠴᠢᠬᠠᠨ᠎ᠠ᠂ ᠠᠮᠢᠳᠤᠷᠠᠯ ᠡᠳᠦᠷ ᠡᠴᠡ ᠡᠳᠦᠷ ᠰᠠᠢᠵᠢᠷᠠᠵᠤ ᠪᠠᠢᠨ᠎ᠠ᠂ ᠨᠠᠮᠤᠨ ᠰᠠᠢᠨ ᠲᠦᠷᠦ᠍ ᠵᠢᠨ ᠪᠤᠳᠤᠯᠭ᠎ᠠ ᠪᠡᠷ ᠪᠢᠳᠡ ᠶᠠᠳᠠᠭᠤ ᠮᠠᠯᠠᠭᠠᠢ ᠪᠠᠨ ᠲᠠᠶᠠᠭ᠍ᠳᠠᠭ᠍ᠰᠠᠨ ᠱᠢᠤ》 ᠬᠡᠵᠦ᠍ ᠯᠢ ᠢᠤᠢ ᠶᠠᠷᠢᠨ᠎ᠠ᠃
ᠯᠢᠶᠠᠨ ᠹᠧᠩ ᠭᠠᠴᠠᠭ᠎ᠠ ᠡᠯ᠎ᠠ ᠵᠦᠢᠯᠤᠨ ᠶᠠᠳᠠᠭᠤ ᠵᠢ ᠳᠡᠳᠬᠦᠬᠦ᠌ ᠲᠦᠷᠦ᠍ ᠵᠢᠨ ᠪᠤᠳᠤᠯᠭ᠎ᠠ ᠵᠢ ᠪᠦᠬᠦ᠌ ᠳᠠᠯ᠎ᠠ ᠪᠡᠷ ᠰᠠᠢᠳᠤᠷ ᠨᠠᠢᠳᠠᠪᠤᠷᠢᠵᠢᠭᠤᠯᠵᠤ᠂ 2017 ᠤᠨ ᠡᠴᠡ 2019 ᠤᠨᠤ ᠬᠤᠭᠤᠷᠤᠨᠳᠤ 28 ᠡᠷᠦᠬᠡ ᠵᠢᠨ ᠨᠤᠷᠠᠬᠤ ᠠᠶᠤᠯᠳᠠᠢ ᠬᠡᠷ ᠪᠠᠢᠱᠢᠩᠢ ᠵᠠᠰᠠᠨ ᠱᠢᠨᠡᠳᠭᠡᠪᠡ᠃ ᠨᠡᠢᠳᠡ ᠵᠢᠨ ᠠᠰᠠᠷᠠᠮᠵᠢ ᠵᠢᠨ ᠴᠢᠨᠠᠷᠳᠠᠢ ᠠᠵᠢᠯᠤᠨ ᠪᠠᠢᠷᠢ ᠳ᠋ᠤ ᠨᠦᠬᠦᠴᠡᠯ ᠳ᠋ᠤ ᠨᠡᠢᠴᠡᠬᠦ᠌ ᠳᠠᠩᠰᠠᠯᠠᠵᠤ ᠺᠠᠷᠲ᠋ᠯᠠᠭ᠍ᠰᠠᠨ ᠶᠠᠳᠠᠭᠤ ᠬᠦᠴᠢᠷᠳᠡᠯᠳᠡᠢ ᠬᠦᠳᠡᠯᠮᠦᠷᠢ ᠬᠦᠴᠦᠨ ᠳ᠋ᠤ ᠠᠵᠢᠯ ᠤᠯᠭᠤᠵᠤ᠂ ᠨᠡᠢᠳᠡ ᠵᠢᠨ ᠠᠰᠠᠷᠠᠮᠵᠢ ᠵᠢᠨ ᠴᠢᠨᠠᠷᠳᠠᠢ ᠴᠠᠯᠢᠩ 29.12 ᠲᠦᠮᠡᠨ ᠲᠦᠬᠦᠷᠢᠭ ᠤᠯᠭᠤᠭ᠍ᠰᠠᠨ ᠪᠠᠢᠨ᠎ᠠ᠃ 21 ᠡᠷᠦᠬᠡ ᠵᠢᠨ 38 ᠬᠦᠮᠦᠨᠳᠤ ᠤᠯᠤᠰᠤᠨ ᠡᠷᠡᠬᠦᠯ ᠮᠡᠨᠳᠤ ᠪᠡᠷ ᠶᠠᠳᠠᠭᠤ ᠵᠢ ᠳᠡᠳᠬᠦᠬᠦ᠌ ᠲᠦᠷᠦ᠍ ᠵᠢᠨ ᠪᠤᠳᠤᠯᠭ᠎ᠠ ᠵᠢᠨ ᠠᠱᠢᠭᠢ ᠬᠦᠷᠳᠡᠭᠡᠵᠦ᠍᠂ ᠬᠦᠮᠦᠰᠤᠨ ᠡᠪᠡᠳᠴᠢᠨ ᠡᠮᠬᠡᠭ ᠡᠴᠡ ᠪᠤᠯᠵᠤ ᠳᠠᠬᠢᠨ ᠶᠠᠳᠠᠭᠤᠷᠠᠬᠤ ᠵᠢ ᠬᠤᠷᠢᠬ᠍ᠯᠠᠵᠤ᠂ ᠲᠦᠷᠦ᠍ ᠵᠢᠨ ᠪᠤᠳᠤᠯᠭ᠎ᠠ ᠵᠢᠨ ᠦᠨᠳᠦᠰᠦᠨ ᠵᠦᠢᠯ ᠵᠢᠡᠷ ᠶᠠᠳᠠᠭᠤ ᠵᠢ ᠳᠡᠳᠬᠦᠬᠦ᠌ ᠪᠡᠷ ᠳᠠᠮᠵᠢᠨ 86 ᠡᠷᠦᠬᠡ ᠵᠢᠨ 127 ᠬᠦᠮᠦᠨᠢ ᠠᠮᠢᠳᠤᠷᠠᠯᠤᠨ ᠨᠠᠭᠠᠳᠤ ᠵᠠᠬ᠎ᠠ ᠵᠢᠨ ᠪᠠᠳᠤᠯᠠᠪᠤᠷᠢ ᠵᠢᠨ ᠬᠡᠪᠴᠢᠶᠡᠨ ᠳ᠋ᠤ ᠤᠷᠤᠭᠤᠯᠤᠨ ᠤᠷᠤᠯᠭ᠎ᠠ ᠵᠢ ᠨᠢ ᠨᠡᠮᠡᠭ᠌ᠳᠡᠬᠦᠯᠦᠭ᠌ᠰᠡᠨ ᠪᠠᠢᠨ᠎ᠠ᠃
ᠬᠦᠳᠡᠬᠡ ᠵᠢᠨ ᠠᠷᠠᠳ ᠤᠨ ᠤᠷᠤᠯᠭ᠎ᠠ ᠨᠡᠮᠡᠭ᠌ᠳᠡᠯᠡ ᠂ ᠠᠮᠢᠳᠤᠷᠠᠨ ᠤᠷᠤᠱᠢᠬᠤ ᠨᠦᠬᠦᠴᠡᠯ ᠰᠠᠢᠵᠢᠷᠠᠯᠠ᠂ ᠠᠮᠢᠳᠤᠷᠠᠯ ᠴᠢᠨᠡᠬᠡᠯᠢᠭ᠌ᠵᠢᠯᠡ᠃ ᠵᠤᠯ ᠵᠢᠷᠭᠠᠯ ᠵᠢᠡᠷ ᠪᠢᠯᠬᠠᠭ᠍ᠰᠠᠨ ᠠᠮᠢᠳᠤᠷᠠᠯ ᠨᠢ ᠬᠦᠳᠡᠬᠡ ᠨᠤᠳᠤᠭᠤᠨ ᠭᠤᠶᠤ ᠦᠵᠡᠮᠵᠢ ᠪᠤᠯᠤᠨ ᠳᠤᠳᠤᠷᠠᠨ᠎ᠠ᠃