ᠬᠤᠱᠢᠭᠤᠴᠢ ᠭᠠᠴᠠᠭ᠎ᠠ ᠨᠠᠮ᠎ᠤᠨ ᠪᠠᠢᠭᠤᠯᠤᠯᠳᠡ᠎ᠪᠠᠷ ᠬᠥᠲᠥᠯᠥᠨ ᠲᠠᠭᠠᠭᠤᠯᠵᠤ ᠠᠵᠤ ᠦᠢᠯᠡᠰ᠎ᠢᠶᠠᠷ ᠶᠠᠳᠠᠭᠤ᠎ᠶ᠋ᠢ ᠲᠡᠳᠬᠦᠵᠥ᠍ ᠪᠠᠢᠨ᠎ᠠ
2020-11-16 10:25:32
ᠵᠣᠬᠢᠶᠠᠭ᠍ᠴᠢ᠄
ᠨᠠᠶᠠᠨᠳᠠᠢ ᠤᠰᠤᠷ ᠦᠨᠳᠤᠰᠤ
ᠣᠩᠱᠢᠭ᠍ᠰᠠᠨ ᠣᠳᠠᠭ᠎ᠠ᠄
★★★☆☆

ᠠᠯᠠᠱᠠ ᠪᠠᠷᠠᠭᠤᠨ ᠬᠤᠱᠢᠭᠤᠨ᠎ᠤ ᠲᠠᠩᠰᠤᠬ᠍ᠪᠤᠯᠠᠭ ᠰᠤᠮᠤᠨ᠎ᠤ ᠬᠤᠱᠢᠭᠤᠴᠢ ᠭᠠᠴᠠᠭᠠᠨ᠎ᠤ ᠨᠠᠮ᠎ᠤᠨ ᠡᠬᠦᠷ ᠨᠠᠮ᠎ᠤᠨ ᠪᠠᠢᠭᠤᠯᠤᠯᠳᠡ᠎ᠪᠠᠷ ᠶᠠᠳᠠᠭᠤ᠎ᠠᠴᠠ ᠠᠩᠬᠢᠵᠢᠷᠠᠬᠤ᠎ᠶ᠋ᠢ ᠬᠥᠲᠥᠯᠥᠨ ᠲᠠᠭᠠᠭᠤᠯᠵᠤ᠂ ᠶᠠᠳᠠᠭᠤ᠎ᠠᠴᠠ ᠠᠩᠬᠢᠵᠢᠷᠠᠭᠤᠯᠬᠤ᠎ᠪᠠᠷ ᠨᠠᠮ᠎ᠤᠨ ᠪᠠᠢᠭᠤᠯᠤᠯᠳᠡ᠎ᠶ᠋ᠢ ᠠᠬᠢᠭᠤᠯᠬᠤ ᠠᠵᠢᠯ᠎ᠤᠨ ᠰᠡᠳᠭᠢᠴᠡ᠎ᠶ᠋ᠢ ᠪᠠᠷᠢᠮᠳᠠᠯᠠᠵᠤ᠂ ᠨᠠᠮ᠎ᠤᠨ ᠵᠤᠬᠢᠶᠠᠨ ᠪᠠᠢᠭᠤᠯᠤᠯᠳᠡ᠎ᠪᠠᠷ ᠠᠵᠤ ᠦᠢᠯᠡᠰ᠎ᠢ ᠲᠠᠢᠴᠢᠯᠠᠵᠤ᠂ ᠦᠨᠳᠤᠰᠤᠨ ᠱᠠᠳᠤᠨ᠎ᠤ ᠨᠠᠮ᠎ᠤᠨ ᠪᠠᠢᠭᠤᠯᠤᠯᠳᠡ ᠪᠠ ᠠᠵᠤ ᠦᠢᠯᠡᠰ᠎ᠤᠨ ᠭᠦᠭ᠌ᠵᠢᠯᠳᠡ᠎ᠶ᠋ᠢᠨ ᠬᠠᠮᠳᠤ᠎ᠪᠠᠷ ᠬᠦᠭ᠌ᠵᠢᠵᠤ ᠬᠠᠮᠳᠤ᠎ᠪᠠᠷ ᠠᠬᠢᠭᠤᠯᠬᠤ᠂ ᠬᠠᠷᠢᠯᠴᠠᠨ ᠠᠭᠤᠰᠤᠯᠴᠠᠬᠤ ᠶᠠᠳᠠᠭᠤ᠎ᠠᠴᠠ ᠠᠩᠬᠢᠵᠢᠷᠠᠭᠤᠯᠬᠤ ᠪᠣᠭᠤᠮᠲᠠ ᠱᠢᠪᠳᠤᠯᠬᠤ ᠱᠢᠨ᠎ᠡ ᠵᠠᠮ᠎ᠢ ᠨᠡᠭᠡᠭᠡᠵᠡᠢ᠃

ᠬᠤᠱᠢᠭᠤᠴᠢ ᠭᠠᠴᠠᠭᠠᠨ᠎ᠤ ᠯᠢᠦᠢ ᠹᠧᠩ ᠮᠠᠯᠴᠢᠨ ᠲᠠᠷᠢᠶᠠᠴᠢᠳ᠎ᠤᠨ ᠬᠤᠷᠱᠢᠶ᠎ᠠ᠎ᠳᠤ ᠬᠦᠷᠬᠦ᠌᠎ᠳᠤ᠂ ᠭᠠᠴᠠᠭᠠᠨ᠎ᠤ ᠨᠠᠮ᠎ᠤᠨ ᠡᠬᠦᠷ᠎ᠤᠨ ᠱᠦᠵᠢ ᠪᠦᠷᠢᠨᠳᠡᠬᠦᠰ ᠴᠢᠨᠠᠷ᠎ᠢ ᠪᠠᠳᠤᠯᠠᠬᠤ᠎ᠪᠠᠷ ᠢᠩᠭᠡᠨ ᠰᠦ᠎ᠶ᠋ᠢ ᠨᠠᠷᠢᠠ ᠨᠢᠮᠪᠠᠢ ᠪᠠᠢᠴᠠᠭᠠᠵᠤ ᠪᠠᠢᠯ᠎ᠠ᠃ ᠪᠦᠷᠢᠨᠳᠡᠬᠦᠰ ᠱᠦᠵᠢ᠄ 《ᠲᠤᠰ ᠬᠤᠷᠱᠢᠶ᠎ᠠ᠎ᠳᠤ ᠤᠳᠤ 170 ᠰᠠᠭᠠᠳᠠᠭ ᠢᠩᠭᠡ᠎ᠲᠠᠢ᠂ ᠡᠬᠦᠨ᠎ᠳᠤ 100 ᠢᠩᠭᠡ᠎ᠨᠢ ᠶᠠᠳᠠᠭᠤ ᠬᠦᠴᠢᠷᠳᠡᠯᠳᠡᠢ ᠡᠷᠤᠭᠡ ᠪᠠ ᠲᠤᠰ ᠭᠠᠴᠠᠭᠠᠨ᠎ᠤ ᠮᠠᠯᠴᠢᠳ ᠬᠤᠷᠱᠢᠶ᠎ᠠ᠎ᠳᠤ ᠨᠠᠢᠳᠠᠨ ᠠᠷᠠᠴᠢᠯᠠᠭᠤᠯᠵᠤ ᠪᠠᠢᠨ᠎ᠠ᠃ ᠵᠢᠯ᠎ᠤᠨ ᠡᠴᠤᠰ᠎ᠲᠤ᠌᠂ ᠬᠤᠷᠱᠢᠶ᠎ᠠ᠎ᠠᠴᠠ ᠢᠩᠭᠡ ᠪᠦ᠍ᠷᠢ᠎ᠳᠤ 1000 ᠲᠦᠬᠦᠷᠢᠭ᠎ᠤᠨ ᠠᠱᠢᠭ ᠤᠯᠵᠠᠪᠦᠷᠢ ᠬᠤᠪᠢᠶᠠᠨ᠎ᠠ᠂ ᠨᠢᠳᠤᠨᠤᠨ 10 ᠲᠦᠮᠡᠨ ᠲᠥᠭᠦᠷᠢᠭ᠎ᠤᠨ ᠠᠱᠢᠭ ᠤᠯᠵᠠᠪᠤᠷᠢ ᠬᠤᠪᠢᠶᠠᠵᠡᠢ᠂ ᠭᠡᠳᠦ᠋ᠢᠪᠡᠷ ᠤᠳᠤ ᠭᠠᠴᠠᠭᠠᠨ᠎ᠤ ᠬᠠᠮᠳᠤ᠎ᠶ᠋ᠢᠨ ᠠᠵᠤ ᠠᠬᠤᠢ᠎ᠶ᠋ᠢᠨ ᠤᠷᠤᠯᠭ᠎ᠠ ᠨᠡᠮᠡᠭ᠌ᠳᠡᠵᠤ ᠶᠠᠳᠠᠭᠤ᠎ᠠᠴᠠ ᠠᠩᠬᠢᠵᠢᠷᠠᠭ᠍ᠰᠠᠨ ᠪᠤᠯᠪᠠᠴᠤ᠌ ᠬᠡᠳᠤᠨ ᠵᠢᠯ᠎ᠤᠨ ᠡᠮᠤᠨ᠎ᠡ ᠭᠠᠴᠠᠭ᠎ᠠ᠎ᠪᠠᠨ ᠶᠠᠳᠠᠭᠤ᠎ᠠᠴᠠ ᠠᠩᠬᠢᠵᠢᠷᠠᠭᠤᠯᠬᠤ ᠠᠵᠢᠯ ᠨᠠᠮ᠎ᠤᠨ ᠡᠬᠦᠷ᠎ᠤᠨ ᠠᠵᠢᠯ᠎ᠤᠨ ᠬᠦᠴᠢᠷ ᠠᠰᠠᠭᠤᠳᠠᠯ ᠪᠠᠢᠵᠡᠢ》 ᠬᠡᠵᠥ᠍ ᠲᠡᠨᠢᠯᠴᠠᠭᠤᠯᠤᠨ᠎ᠠ᠃ 

ᠪᠦᠷᠢᠨᠳᠡᠬᠦᠰ ᠱᠦᠵᠢ 2013 ᠣᠨ᠎ᠤ ᠡᠪᠦᠯ᠎ᠠᠴᠠ ᠶᠠᠳᠠᠭᠤ ᠬᠦᠴᠢᠷᠳᠡᠯᠳᠡᠢ ᠡᠷᠤᠭᠡ᠎ᠶ᠋ᠢ ᠬᠤᠷᠱᠢᠶ᠎ᠠ᠎ᠳᠤ ᠠᠪᠴᠢᠷᠠᠨ ᠲᠡᠮᠡᠭᠡ ᠰᠠᠭᠠᠯᠭᠠᠬᠤ ᠠᠵᠢᠯ ᠬᠢᠯᠬᠡᠡ ᠣᠷᠤᠯᠭ᠎ᠠ᠎ᠶ᠋ᠢ ᠨᠡᠮᠡᠭ᠌ᠳᠡᠭᠦᠯᠵᠥ᠍᠂ ᠠᠢᠷᠠᠭ ᠬᠢᠵᠥ᠍ ᠬᠤᠳᠠᠯᠳᠤᠬᠤ᠎ᠳᠤ ᠣᠷᠤᠯᠭ᠎ᠠ᠎ᠶ᠋ᠢ ᠶᠠᠳᠠᠭᠤ ᠬᠦᠴᠢᠷᠳᠡᠯᠳᠡᠢ ᠡᠷᠤᠭᠡ᠎ᠶ᠋ᠢᠨ ᠴᠠᠯᠢᠩ ᠪᠣᠯᠭᠠᠵᠤ ᠥᠭ᠌ᠳᠡᠭ ᠪᠠᠢᠯ᠎ᠠ᠃ ᠲᠤᠰ ᠭᠠᠴᠠᠭ᠎ᠠ ᠪᠤᠯ ᠮᠠᠯᠵᠢᠬᠤ ᠦᠢᠯᠡᠰ᠎ᠢᠶᠠᠷ ᠭᠤᠤᠯᠯᠠᠭ᠍ᠰᠠᠠ ᠭᠠᠴᠠᠭ᠎ᠠ ᠪᠤᠯᠤᠨ᠎ᠠ᠂ ᠦᠶ᠎ᠡ ᠤᠯᠠᠷᠢᠨ ᠤᠯᠠᠮᠵᠢᠯᠠᠯᠲᠤ ᠠᠷᠭ᠎ᠠ᠎ᠪᠠᠷ ᠮᠠᠯ ᠮᠠᠯᠵᠢᠬᠤ᠎ᠶ᠋ᠢ ᠤᠷᠤᠯᠭ᠎ᠠ᠎ᠶ᠋ᠢᠨ ᠭᠤᠤᠯ ᠢᠷᠡᠯᠳᠡ᠎ᠪᠠᠨ ᠪᠤᠯᠭᠠᠵᠤ ᠪᠠᠢᠵᠡᠢ᠃ ᠡᠨᠡ ᠬᠦ᠌ ᠪᠠᠢᠳᠠᠯ᠎ᠳᠤ ᠴᠢᠭ᠌ᠯᠡᠬᠦᠯᠤᠨ ᠭᠠᠴᠠᠭᠠᠨ᠎ᠤ ᠨᠠᠮ᠎ᠤᠨ ᠡᠬᠦᠷ ᠲᠡᠢᠴᠢᠯᠠᠠ ᠲᠡᠭᠠᠭᠤᠯᠬᠤ ᠦᠢᠯᠡᠳᠤᠯ᠎ᠢᠶᠠᠨ ᠬᠦᠢᠴᠡᠳ ᠪᠠᠳᠠᠷᠠᠭᠤᠯᠵᠤ᠂ ᠪᠠᠢᠭᠠᠯᠢᠯᠢᠭ ᠨᠤᠳᠤᠭ ᠪᠡᠯᠴᠢᠭᠡᠷ᠂ ᠢᠩᠭᠡᠨ ᠰᠦ ᠵᠡᠷᠭᠡ ᠡᠬᠢ ᠪᠠᠶᠠᠯᠢᠭ᠎ᠢ ᠬᠦᠢᠴᠡᠳ ᠠᠱᠢᠬ᠍ᠯᠠᠠ᠂ 《ᠮᠠᠯᠵᠢᠯ᠎ᠢ ᠤᠳᠤᠬᠢᠴᠢᠯᠠᠬᠤ᠂ ᠡᠯᠡᠰᠦᠠ ᠤᠷᠭᠤᠮᠠᠯ᠎ᠢ ᠠᠮᠢ ᠠᠬᠤᠢ᠍ᠢᠴᠢᠯᠠᠬᠤ》 ᠠᠵᠤ ᠦᠢᠯᠡᠰ᠎ᠤᠨ ᠪᠦᠳᠤᠴᠡ᠎ᠶ᠋ᠢ ᠪᠣᠢ ᠪᠣᠯᠭᠠᠵᠤ᠂  ᠨᠠᠮ᠎ᠤᠨ ᠡᠬᠦᠷ + ᠬᠤᠷᠱᠢᠶ᠎ᠠ + ᠨᠠᠮ᠎ᠤᠨ ᠭᠡᠱᠢᠬᠦᠨ + ᠶᠠᠳᠠᠭᠤ ᠬᠦᠴᠢᠷᠳᠡᠯᠳᠡᠢ ᠡᠷᠤᠭᠡ》 ᠎ᠶ᠋ᠢᠨ ᠭᠦᠭ᠌ᠵᠢᠯᠳᠡ᠎ᠶ᠋ᠢᠨ ᠬᠡᠯᠪᠡᠷᠢ᠎ᠶ᠋ᠢ ᠰᠦᠪᠡᠭ᠌ᠴᠢᠯᠡᠵᠤ᠂ ᠨᠠᠮ᠎ᠤᠨ ᠡᠬᠦᠷ ᠲᠠᠭᠠᠭᠤᠯᠤᠨ ᠯᠢᠦᠢ ᠹᠧᠩ ᠮᠠᠯᠴᠢᠠ ᠲᠡᠷᠢᠶᠠᠴᠢᠳ᠎ᠤᠨ ᠲᠤᠰᠭᠠᠢ ᠬᠤᠷᠱᠢᠶ᠎ᠠ ᠪᠠᠢᠭᠤᠯᠵᠤ᠂ 6 ᠨᠠᠮ᠎ᠤᠨ ᠭᠡᠱᠢᠬᠦᠨ᠂ 29 ᠶᠠᠳᠠᠭᠤ ᠬᠦᠴᠢᠷᠳᠡᠯᠳᠡᠢ ᠡᠷᠤᠭᠡ᠎ᠶ᠋ᠢ ᠬᠤᠷᠱᠢᠶ᠎ᠠ᠎ᠶ᠋ᠢᠨ ᠬᠡᠱᠢᠬᠦᠠ ᠪᠤᠯᠭᠠᠵᠡᠢ᠃ 

ᠶᠠᠳᠠᠭᠤ ᠬᠦᠴᠢᠷᠳᠡᠯᠳᠡᠢ ᠡᠷᠤᠭᠡ ᠪᠤᠤᠱᠠᠨ ᠨᠠᠰᠤ ᠠᠬᠢᠭ᠍ᠰᠠᠨ ᠠᠪᠤ ᠡᠵᠢ᠎ᠲᠠᠢ᠎ᠪᠠᠨ ᠬᠠᠮᠳᠤ ᠠᠮᠢᠳᠤᠷᠠᠵᠥ᠍᠂ ᠬᠦᠳᠡᠯᠮᠤᠷᠢ᠎ᠶ᠋ᠢᠨ ᠬᠦᠴᠤ᠌ ᠲᠤᠳᠠᠮᠠᠭ᠎ᠠᠴᠠ ᠠᠮᠢᠳᠤᠷᠠᠯ᠎ᠤᠨ ᠨᠦᠬᠦᠴᠡᠯ ᠮᠠᠭᠤ ᠪᠠᠢᠵᠠᠢ᠃ ᠡᠨᠡ ᠬᠦ᠌ ᠪᠠᠢᠳᠠᠯ᠎ᠢ ᠤᠢ᠍ᠢᠯᠠᠭᠠᠭᠠᠳ ᠭᠠᠴᠠᠭᠠᠨ᠎ᠤ ᠨᠠᠮ᠎ᠤᠨ ᠡᠬᠦᠷ ᠲᠡᠬᠦᠨ᠎ᠢ ᠬᠤᠷᠱᠢᠶ᠎ᠠ᠎ᠳᠤ ᠠᠵᠢᠯᠯᠠᠭᠤᠯᠵᠠᠢ᠃ ᠪᠤᠤ ᠱᠠᠨ᠄ 《ᠪᠢ ᠠᠳᠡ ᠲᠡᠮᠡᠭᠡ ᠠᠷᠠᠴᠢᠯᠠᠠ ᠮᠠᠯᠵᠢᠬᠤ ᠠᠵᠢᠯ ᠬᠢᠵᠤ ᠪᠠᠢᠨ᠎ᠡ᠂ ᠵᠢᠯ᠎ᠤᠨ ᠡᠴᠤᠰ᠎ᠲᠤ 1 ᠲᠦᠮᠡᠨ ᠲᠥᠭᠦᠷᠢᠭ᠎ᠤᠨ ᠱᠠᠩᠨᠠᠯ᠎ᠤᠨ ᠮᠦᠡᠭ᠌ᠬᠦ᠎ᠲᠠᠢ᠂ ᠰᠠᠷ᠎ᠠ᠎ᠳᠤ 3500 ᠲᠦᠬᠦᠷᠢᠭ᠎ᠤᠨ ᠴᠠᠯᠢᠩ᠎ᠲᠠᠢ᠂ ᠪᠠᠰᠠ 4 ᠲᠡᠮᠡᠭᠡ᠎ᠪᠠᠨ ᠠᠳᠡ ᠨᠠᠢᠳᠠᠠ ᠮᠠᠯᠵᠢᠭᠤᠯᠵᠥ᠍ ᠪᠠᠢᠭ᠎ᠠ ᠪᠣᠯᠬᠤᠷ ᠪᠠᠰᠠ 4000 ᠵᠣᠭᠤᠰ᠎ᠤᠨ ᠣᠷᠤᠯᠭ᠎ᠠ᠎ᠲᠠᠢ᠂ ᠣᠳᠣ ᠠᠮᠢᠳᠤᠷᠠᠯ ᠶᠤᠰᠤᠳᠠᠢ ᠰᠠᠢᠵᠢᠷᠠᠭ᠍ᠰᠠᠠ》 ᠬᠡᠵᠥ᠍ ᠪᠠᠶᠠᠷᠯᠠᠨ᠎ᠠ᠃

ᠬᠤᠷᠱᠢᠶ᠎ᠠ ᠶᠠᠳᠠᠭᠤ᠎ᠠᠴᠠ ᠠᠩᠬᠢᠵᠢᠷᠠᠬᠤ᠎ᠳᠤ ᠬᠦᠴᠤᠯᠡᠬᠦ᠌᠎ᠠᠴᠠ ᠭᠠᠳᠠᠨ᠎ᠠ᠂ ᠭᠠᠴᠠᠭᠠᠨ᠎ᠤ ᠨᠠᠮ᠎ᠤᠨ ᠡᠬᠦᠷ ᠭᠠᠴᠠᠭᠠᠨ᠎ᠤ ᠬᠠᠮᠳᠤ᠎ᠶ᠋ᠢᠨ ᠠᠵᠤ ᠠᠬᠤᠢ᠎ᠶ᠋ᠢᠨ ᠣᠷᠣᠯᠭ᠎ᠠ᠎ᠶ᠋ᠢ ᠨᠡᠮᠡᠭ᠌ᠳᠡᠬᠦᠯᠬᠦ᠌᠎ᠪᠠᠷ 《ᠭᠤᠷᠪᠠ᠎ᠶ᠋ᠢ ᠲᠤᠰᠭᠤᠨ᠎ᠳᠤ ᠣᠷᠣᠭᠤᠯᠵᠤ᠂ ᠭᠤᠷᠪᠠ᠎ᠶ᠋ᠢ ᠡᠷᠤᠭᠡ᠎ᠳᠤ ᠬᠦᠷᠭᠡᠬᠦ᠌》᠂ ᠶᠠᠳᠠᠭᠤ᠎ᠶ᠋ᠢ ᠲᠡᠳᠬᠦᠬᠦ᠌ ᠨᠡᠭᠡᠭᠡᠯᠳᠡ ᠬᠢᠬᠦ᠌ ᠵᠡᠷᠭᠡ ᠲᠦᠷᠦᠯ ᠵᠦᠢᠯ᠎ᠤᠨ ᠪᠡᠯᠡ ᠮᠥᠩᠬᠦ᠌᠎ᠶ᠋ᠢ ᠨᠢᠭᠡᠳᠤᠯᠳᠡᠢ ᠲᠤᠬᠢᠷᠠᠭᠤᠯᠵᠤ᠂ ᠬᠤᠱᠢᠭᠤᠨ᠎ᠤ ᠬᠠᠪᠰᠤᠷᠤᠨ ᠲᠡᠳᠬᠦᠬᠦ᠌ ᠪᠠᠢᠭᠤᠯᠭ᠎ᠠ ᠮᠡᠷᠭᠡᠵᠢᠯ᠂ ᠮᠡᠳᠡᠭᠡ ᠵᠠᠩᠬᠢ᠎ᠶ᠋ᠢᠨ ᠲᠡᠮᠵᠢᠯᠭᠡ᠎ᠶ᠋ᠢ ᠢᠳᠡᠪᠬᠢᠳᠠᠢ ᠡᠷᠡᠮᠡᠯᠵᠡᠯᠡᠨ ᠤᠯᠵᠤ᠂ ᠤᠷᠢᠳ ᠬᠤᠵᠢᠳ 433.5 ᠲᠦᠮᠡᠨ ᠲᠦᠬᠦᠷᠢᠭ᠎ᠤᠨ ᠪᠡᠯᠡ ᠤᠷᠤᠭᠤᠯᠵᠤ᠂ ᠢᠩᠭᠡ ᠰᠠᠭᠠᠬᠤ ᠲᠠᠰᠤᠭ᠂ ᠲᠡᠮᠡᠭᠡᠨ ᠬᠠᠱᠢᠶ᠎ᠠ᠂ ᠡᠪᠡᠰᠤᠨ ᠬᠦᠮᠤᠷᠭᠡ ᠵᠡᠷᠭᠡ ᠰᠠᠭᠤᠷᠢ ᠪᠦᠲᠦᠭᠡᠨ ᠪᠠᠢᠭᠤᠯᠤᠯᠲᠠ ᠬᠢᠵᠡᠢ᠃ ᠪᠠᠰᠠ 300 ᠲᠦᠮᠡᠨ ᠲᠦᠬᠦᠷᠢᠭ᠎ᠤᠨ ᠪᠡᠯᠡ ᠤᠷᠤᠭᠤᠯᠵᠤ᠂ ᠮᠠᠯᠴᠢᠳ᠎ᠢᠶᠠᠨ ᠲᠠᠢᠴᠢᠯᠠᠨ᠂ 4.3 ᠲᠦᠮᠡᠨ ᠮᠦ᠍ ᠵᠠᠭ᠂ 6000 ᠮᠦ᠍ ᠴᠠᠭᠠᠨ ᠭᠤᠶᠤᠤ ᠲᠠᠷᠢᠵᠤ᠂ ᠴᠠᠭᠠᠨ ᠭᠤᠶᠤᠤ᠎ᠶ᠋ᠢᠨ ᠰᠠᠭᠤᠷᠢᠠ ᠪᠠᠢᠭᠤᠯᠤᠨ᠂ ᠠᠮᠢ ᠠᠬᠤᠢ᠎ᠶ᠋ᠢ ᠵᠠᠰᠠᠬᠤ ᠪᠠ ᠮᠠᠯᠴᠢᠨ ᠲᠠᠷᠢᠶᠠᠴᠢᠨ᠎ᠤ ᠤᠷᠤᠯᠭ᠎ᠠ᠎ᠶ᠋ᠢ ᠨᠡᠮᠡᠭ᠌ᠳᠡᠬᠦᠯᠤᠠ ᠴᠢᠨᠡᠭᠡᠯᠢᠭ᠌ᠵᠢᠬᠦᠯᠬᠦ᠌ ᠬᠤᠤᠰ ᠠᠱᠢᠭ᠎ᠢ ᠪᠡᠶᠡᠯᠡᠬᠦᠯᠵᠡᠢ᠃ ᠪᠦᠷᠢᠨᠳᠡᠬᠦᠰ᠄ 《6000 ᠭᠠᠷᠤᠢ ᠮᠦ᠍ ᠴᠠᠭᠠᠨ ᠭᠤᠶᠤᠤ᠎ᠪᠠᠷ᠎ᠢᠶᠠᠨ ᠶᠠᠳᠠᠭᠤ ᠬᠦᠴᠢᠷᠳᠡᠯᠳᠡᠢ ᠡᠷᠤᠭᠡ᠎ᠶ᠋ᠢᠨ ᠤᠷᠤᠯᠭ᠎ᠠ ᠪᠠ ᠭᠠᠴᠠᠭᠠᠨ᠎ᠤ ᠬᠠᠮᠳᠤ᠎ᠶ᠋ᠢᠨ ᠠᠵᠥ᠍ ᠠᠬᠤᠢ᠎ᠶ᠋ᠢᠨ ᠣᠷᠤᠯᠭ᠎ᠠ᠎ᠶ᠋ᠢ ᠨᠡᠮᠡᠭ᠌ᠳᠡᠬᠦᠯᠤᠨ᠎ᠠ᠂ ᠢᠡᠭ᠌ᠬᠡᠡ ᠰᠦ᠎ᠶ᠋ᠢᠨ ᠦᠢᠯᠡᠰ᠎ᠢᠶᠠᠷ ᠭᠠᠴᠠᠭᠠᠨ᠎ᠤ ᠬᠠᠮᠳᠤ᠎ᠶ᠋ᠢᠨ ᠠᠵᠥ᠍ ᠠᠬᠤᠢ᠎ᠶ᠋ᠢᠨ ᠵᠢᠯ᠎ᠤᠨ ᠤᠷᠤᠯᠭ᠎ᠠ 10 ᠲᠦᠮᠡ᠎ᠳᠤ ᠬᠦᠷᠴᠤ᠌ ᠪᠤᠢ᠂ ᠴᠠᠭᠠᠨ ᠭᠤᠶᠤᠤ ᠪᠣᠯᠤᠨ ᠲᠡᠮᠡᠭᠡ᠎ᠶ᠋ᠢᠨ ᠣᠷᠤᠯᠭ᠎ᠠ᠎ᠪᠠᠷ ᠵᠢᠯ᠎ᠤᠨ ᠣᠷᠤᠯᠭ᠎ᠠ᠎ᠶ᠋ᠢ 20 ᠎ᠠᠴᠠ 30 ᠲᠦᠮᠡᠨ ᠲᠥᠭᠦᠷᠢᠭ᠎ᠲᠤ ᠬᠦᠷᠬᠡᠬᠦ᠌ ᠰᠠᠨᠠᠭ᠎ᠠ᠎ᠲᠠᠢ》 ᠬᠡᠵᠥ᠍ ᠶᠠᠷᠢᠨ᠎ᠠ᠃ 





ᠣᠷᠴᠢᠭᠤᠯᠤᠭ᠍ᠴᠢ᠄
ᠨᠠᠢᠷᠠᠭᠤᠯᠤᠭ᠍ᠴᠢ᠄ ᠱᠢᠨᠡᠴᠡᠴᠡᠭ
ᠲᠤᠮᠳᠠᠳᠤ ᠤᠯᠤᠰ᠎ᠤᠨ ᠮᠤᠩᠭᠤᠯ ᠬᠡᠯᠡᠡ᠎ᠤ ᠰᠤᠨᠢᠠ ᠮᠠᠳᠡᠭᠡ᠎ᠶ᠋ᠢᠨ ᠰᠦᠯᠵᠢᠶ᠎ᠠ
ᠢᠷᠡᠯᠲᠡ᠄
ᠬᠤᠪᠢᠶᠠᠯᠴᠠᠬᠤ᠄

2008-2023 © ᠳᠤᠮᠳᠠᠳᠤ ᠤᠯᠤᠰ᠎ᠤᠨ ᠮᠤᠩᠭᠤᠯ ᠬᠡᠯᠡᠨ᠎ᠤ ᠰᠤᠨᠢᠨ ᠮᠡᠳᠡᠭᠡᠨ᠎ᠤ ᠰᠦᠯᠵᠢᠶ᠎ᠡ ᠦᠮᠴᠢᠯᠡᠯ᠎ᠤᠨ ᠡᠷᠬᠡ᠎ᠲᠠᠢ

ᠵᠤᠬᠢᠶᠠᠭᠴᠢ᠎ᠶᠢᠨ ᠡᠷᠬᠡ ᠬᠠᠤᠯᠢ᠎ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ᠎ᠪᠠᠷ ᠬᠠᠭᠤᠯᠪᠤᠷᠢᠯᠠᠬᠤ᠎ᠶᠢ ᠬᠠᠲᠠᠭᠤ ᠬᠤᠷᠢᠭᠯᠠᠨ᠎ᠠ

ᠬᠠᠷᠢᠯᠴᠠᠬᠤ ᠤᠲᠠᠰᠤ᠄0471-6635435

ᠢᠮᠧᠯ᠄tn@mgyxw.net   蒙ICP备10000005号