ᠣᠢᠷ᠎ᠠ᠎ᠳᠤ᠂ ᠵᠠᠷᠣᠳ ᠬᠤᠱᠢᠭᠤᠨ᠎ᠤ ᠠᠷᠠᠳ᠎ᠤᠨ ᠲᠦᠯᠦᠭᠡᠯᠡᠭ᠌ᠴᠢᠳ᠎ᠤᠨ ᠶᠡᠭᠡ ᠬᠤᠷᠡᠯ᠎ᠤᠨ ᠪᠠᠢᠩᠭᠤ᠎ᠶ᠋ᠢᠨ ᠬᠤᠷᠢᠶᠡᠨ᠎ᠳᠤ ᠠᠵᠢᠯ ᠠᠯᠪᠡ᠎ᠲᠠᠢ ᠪᠣᠶᠠᠨᠮᠦᠩᠭᠡᠶ᠋ᠢᠨ ᠣᠷᠣᠨ ᠨᠤᠲᠤᠭ᠎ᠤᠨ ᠰᠣᠶᠣᠯ᠎ᠤᠨ ᠲᠥᠯᠥᠭᠡᠯᠡᠭ᠌ᠴᠢ ᠪᠦᠲᠦᠭᠡᠯ 《ᠵᠠᠷᠤᠳ ᠨᠣᠳᠤᠭ᠎ᠤᠨ ᠠᠭᠤᠯᠠ ᠣᠰᠣ》 ᠭᠡᠬᠦ᠌ ᠱᠢᠷᠢᠰ ᠴᠤᠪᠤᠷᠠᠯ ᠪᠢᠴᠢᠭ᠎ᠤᠨ ᠬᠤᠶᠠᠳᠤᠭᠠᠷ ᠪᠦᠯᠦᠭ ᠬᠡᠪᠯᠡᠭ᠌ᠳᠡᠪᠡ᠃
ᠲᠤᠰ ᠪᠦᠯᠦᠭ᠎ᠲᠤ ᠭᠤᠣᠯᠳᠠᠭᠤ ᠠᠭᠤᠯᠠ ᠬᠠᠢᠷᠬᠠᠨ᠂ ᠲᠠᠪᠠᠭ᠎ᠠ ᠬᠦᠳᠣᠯ᠎ᠠᠴᠠ ᠭᠠᠷᠳᠡᠵᠦ᠍᠂ ᠵᠠᠷᠤᠳ ᠬᠤᠱᠢᠭᠤᠨ᠎ᠤ ᠥᠪᠡᠷᠮᠢᠴᠡ ᠣᠨᠴᠠᠯᠢᠭ ᠪᠦᠬᠦᠢ ᠬᠠᠩᠭᠠᠢ ᠨᠣᠳᠤᠭ᠎ᠤᠨ ᠰᠣᠶᠣᠯ᠎ᠤᠨ ᠣᠨᠴᠠᠯᠢᠭ᠎ᠢ ᠭᠦᠨᠵᠡᠭᠡᠶ ᠠᠭᠤᠳᠠᠯᠤᠨ ᠳᠡᠯᠭᠡᠨ ᠦᠵᠡᠬᠦᠯᠦᠭ᠌ᠰᠡᠨ ᠪᠠᠢᠨ᠎ᠠ᠃ ᠪᠣᠶᠠᠨᠮᠦᠩᠬᠡ 《ᠵᠠᠷᠤᠳ ᠨᠣᠳᠤᠭ᠎ᠤᠨ ᠠᠭᠤᠯᠠ ᠣᠰᠣ》 ᠬᠡᠬᠦ᠌ ᠭᠠᠵᠡᠷ ᠣᠰᠣᠨ᠎ᠤ ᠨᠡᠷᠡᠢᠳᠣᠯᠤᠨ ᠨᠣᠮ᠎ᠤᠨ ᠭᠤᠣᠯ ᠮᠦᠷᠡᠨ᠂ ᠨᠠᠭᠤᠷ ᠱᠠᠩᠳᠠ᠎ᠶ᠋ᠢᠨ ᠬᠡᠪᠯᠡᠯ᠎ᠢᠶᠠᠨ 2018 ᠣᠨ᠎ᠳᠤ ᠪᠢᠴᠢᠵᠥ᠍ ᠨᠠᠢᠳᠠᠯᠡᠬᠦᠯᠦᠭ᠌ᠰᠡᠡᠠᠴᠠ ᠨᠠᠭᠠᠰᠢ᠂ 70 ᠲᠦᠮᠡ ᠭᠠᠷᠤᠢ ᠥᠰᠥᠭ᠎ᠲᠠᠢ᠂ ᠬᠤᠱᠢᠭᠤᠨ᠎ᠤ᠎ᠪᠠᠨ 100 ᠭᠠᠷᠣᠢ ᠭᠤᠣᠯ ᠭᠤᠷᠤᠬ᠎ᠠ᠂ 300 ᠭᠠᠷᠤᠢ ᠪᠤᠯᠠᠭ ᠱᠠᠩᠳᠠ᠂ 5000 ᠭᠠᠷᠤᠢ ᠠᠭᠤᠯᠠ ᠬᠠᠢᠷᠬᠠᠨ᠂ 400 ᠭᠠᠷᠤᠢ ᠲᠠᠪᠠᠭ᠎ᠠ ᠬᠦᠳᠣᠯ᠂ 70 ᠭᠠᠷᠤᠢ ᠨᠠᠭᠤᠷ ᠴᠦᠬᠦᠷᠣᠮᠢ ᠪᠦᠷᠢᠳᠭᠡᠨ ᠲᠡᠮᠳᠡᠭ᠌ᠯᠡᠵᠥ᠍᠂ ᠵᠠᠷᠤᠳ᠎ᠤᠨ ᠠᠭᠤᠯᠠ ᠤᠰᠤᠨ᠎ᠤ ᠭᠠᠵᠠᠷ᠎ᠤᠨ ᠨᠠᠷᠡᠢᠳᠣᠯᠤᠨ ᠰᠣᠶᠣᠯ᠎ᠤᠨ ᠬᠦᠨ ᠰᠠᠨᠠᠭ᠎ᠠ᠎ᠶ᠋ᠢ ᠦᠷᠬᠡᠨ ᠣᠯᠠᠨ ᠲᠦᠮᠡᠨ᠎ᠳᠤ ᠨᠠᠷᠢᠯᠢᠭ ᠪᠣᠳᠠᠳᠠᠢ ᠲᠠᠨᠢᠯᠴᠠᠭᠤᠯᠣᠭ᠍ᠰᠡᠨ ᠪᠠᠢᠨ᠎ᠠ᠃

《ᠵᠠᠷᠤᠳ ᠨᠣᠳᠤᠭ᠎ᠤᠨ ᠠᠭᠤᠯᠠ ᠣᠰᠣ》 ᠬᠡᠬᠦ᠌ ᠭᠠᠵᠠᠷ ᠣᠰᠣᠨ᠎ᠤ ᠨᠡᠷᠡᠢᠳᠣᠯᠤᠨ ᠱᠢᠷᠢᠰ ᠴᠤᠪᠤᠷᠠᠯ ᠪᠢᠴᠢᠭ ᠵᠠᠷᠤᠳ᠎ᠤᠨ ᠲᠡᠣᠬᠡ ᠰᠣᠶᠣᠯ᠎ᠢ ᠰᠤᠳᠤᠯᠬᠤ᠎ᠳᠤ ᠠᠩᠬᠠᠨ᠎ᠤ ᠮᠠᠲ᠋ᠧᠷᠢᠶᠠᠯ ᠬᠠᠩᠭᠠᠬ᠍ᠰᠡᠨᠢᠶᠠᠷ ᠪᠠᠷᠠᠬᠤ ᠦᠭᠡᠶ ᠣᠷᠣᠨ ᠨᠤᠲᠤᠭ᠎ᠤᠨ ᠣᠨᠴᠠᠯᠢᠭ ᠪᠦᠬᠦᠢ ᠲᠡᠣᠬᠡ ᠰᠣᠶᠣᠯ᠎ᠢ ᠡᠮᠬᠢᠳᠭᠡᠨ ᠠᠭᠤᠳᠠᠯᠬᠤ᠎ᠳᠤ ᠲᠥᠯᠥᠭᠡᠯᠡᠬᠦ᠌ ᠪᠦᠲᠦᠭᠡᠯ ᠪᠣᠯᠤᠭ᠍ᠰᠠᠨ ᠪᠠᠢᠨ᠎ᠠ᠃ ᠦᠢᠯᠠᠭᠠᠭ᠍ᠰᠡᠨᠢᠶᠠᠷ᠂ ᠪᠣᠶᠠᠨᠮᠦᠩᠭᠡ 《ᠵᠠᠷᠤᠳ ᠨᠣᠳᠤᠭ᠎ᠤᠨ ᠠᠭᠤᠯᠠ ᠣᠰᠣ》 ᠶ᠋ᠢᠨ᠎ᠢᠶᠠᠨ ᠭᠤᠷᠪᠠᠳᠤᠭᠠᠷ ᠪᠦᠯᠦᠭ ᠪᠣᠯᠬᠤ ᠲᠡᠯ᠎ᠡ ᠵᠢᠯᠠᠭ᠎ᠠ᠂ ᠮᠠᠩᠬ᠎ᠠ ᠵᠣᠶ᠋ᠢᠨ ᠬᠡᠪᠯᠡᠯ᠎ᠢᠶᠠᠨ ᠪᠢᠴᠢᠬᠦ᠌ ᠠᠵᠢᠯ᠎ᠢᠶᠠᠨ ᠡᠬᠢᠯᠡᠬᠦᠯᠵᠥ᠍᠂ ᠨᠢᠭᠡᠨᠲᠡ 20 ᠲᠦᠮᠡ ᠭᠠᠷᠤᠢ ᠦᠰᠦᠭ ᠱᠢᠪᠡᠵᠤ ᠬᠡᠪᠯᠡᠯ᠎ᠳᠤ ᠦᠭ᠌ᠬᠦ᠎ᠪᠠᠷ ᠱᠢᠮᠳᠡᠵᠦ᠍ ᠪᠣᠢ᠃