ᠡᠯᠪᠡᠭ ᠪᠠᠶᠠᠨ᠎ᠤ ᠤᠨᠳᠤᠷᠤᠭ᠎ᠠ᠎ᠲᠠᠢ ᠦᠷᠡᠵᠢᠯᠲᠦ ᠰᠦᠷᠦᠭ᠎ᠤᠨ ᠬᠡᠱᠢᠭ
2020-10-09 11:04:06
ᠵᠣᠬᠢᠶᠠᠭ᠍ᠴᠢ᠄
ᠪᠢᠯᠢᠭ᠌ᠪᠡᠭᠠᠲᠤᠷ
ᠣᠩᠱᠢᠭ᠍ᠰᠠᠨ ᠣᠳᠠᠭ᠎ᠠ᠄
★★★☆☆

ᠪᠠᠶᠠᠨ ᠲᠠᠩᠰᠤᠭ ᠨᠠᠮᠤᠷ ᠲᠠᠯ᠎ᠠ ᠨᠤᠳᠤᠭ᠎ᠲᠤ ᠠᠢᠯᠴᠢᠯᠠᠨ ᠰᠠᠭᠠᠳᠠᠯ᠎ᠠ᠂ ᠡᠪᠡᠰᠤ ᠤᠷᠭᠤᠮᠠᠯ ᠦᠷᠡᠯᠡᠨ ᠨᠢᠳᠤᠯᠡᠭᠡᠳ ᠦᠷ᠎ᠡ ᠬᠦᠨᠡᠰᠤ ᠴᠡᠮᠴᠡᠭᠡᠨᠡᠬᠦ᠌᠎ᠳᠤ ᠦᠭᠡᠬᠦ᠌᠎ᠪᠠᠷ ᠪᠦᠮᠪᠦᠭᠡᠯᠡᠭ᠌ᠰᠡᠨ ᠮᠠᠯ ᠰᠦᠷᠦᠭ ᠡᠵᠡᠨ᠎ᠢᠶᠠᠨ ᠪᠠᠶᠠᠰᠭᠠᠨ ᠲᠠᠯ᠎ᠠ᠎ᠶ᠋ᠢᠨ ᠦᠷᠦᠴᠡᠨ᠎ᠳᠤ ᠨᠠᠯᠠᠢᠨ ᠪᠠᠢᠨ᠎ᠠ᠃

9 ᠰᠠᠷ᠎ᠠ᠎ᠶ᠋ᠢᠨ 26 ᠎ᠤ ᠦᠷᠯᠦᠭᠡ᠂ ᠠᠪᠠᠭ᠎ᠠ ᠬᠤᠱᠢᠭᠤᠨ᠎ᠤ ᠪᠡᠯᠭᠦᠳᠡᠢ ᠪᠠᠯᠭᠠᠰᠤᠨ᠎ᠤ ᠪᠠᠶᠬᠠᠠᠭᠤᠯᠠ ᠭᠠᠴᠠᠭᠠᠨ᠎ᠤ ᠮᠠᠯᠴᠢᠨ ᠵᠠᠩ ᠵᠢᠩ ᠶᠤᠸᠠᠨ ᠦᠤᠷ᠎ᠢᠶᠠᠷ ᠪᠤᠰᠴᠤ᠌ ᠪᠡᠯᠴᠢᠭᠡᠷᠯᠡᠭᠦ᠌ ᠬᠤᠨᠢᠳ᠎ᠢᠶᠠᠨ ᠰᠦᠷᠦᠭ᠎ᠲᠤᠨᠢ ᠵᠠᠯᠠᠵᠤ ᠲᠠᠯᠪᠢᠴᠢᠬᠠᠭᠠᠳ ᠭᠠᠷ ᠤᠳᠠᠰᠤ᠎ᠪᠠᠨ ᠲᠠᠴᠢᠭᠢᠨᠠᠭᠤᠯᠤᠨ ᠮᠤᠩᠭᠠᠨᠢᠨ᠎ᠠ᠃ ᠤᠤᠯ᠎ᠨᠢ ᠲᠡᠷᠡ ᠬᠤᠱᠢᠭᠤᠨ᠎ᠤ ᠬᠡᠳᠦᠨ ᠮᠠᠯ᠎ᠤᠨ ᠡᠳ᠋ᠱᠢᠭᠦᠯᠦᠯᠳᠡ᠎ᠶ᠋ᠢᠨ ᠬᠦᠮᠦᠷᠬᠡ᠎ᠯᠦᠭᠡ ᠬᠤᠯᠪᠤᠭ᠎ᠠ ᠠᠪᠴᠤ᠌ ᠬᠤᠷᠠᠭᠠᠨ᠎ᠤ ᠦᠨ᠎ᠡ ᠰᠤᠷᠠᠭ᠍ᠯᠠᠬᠤ᠎ᠶ᠋ᠢᠨ ᠲᠠᠭᠠᠤ ᠵᠦᠭᠡᠭᠡᠪᠦᠷᠢ᠎ᠶ᠋ᠢᠨ ᠲᠡᠷᠭᠡ ᠬᠦᠰᠭᠡ ᠬᠠᠷᠢᠯᠴᠠᠵᠤ ᠪᠠᠢᠭ᠎ᠠ ᠰᠠᠨᠵᠠᠢ᠃


QQ图片20201009095621.png


《ᠬᠤᠷᠠᠭᠠᠨ᠎ᠤ ᠬᠡᠨᠭ᠌ᠬᠦᠳᠡᠭ᠎ᠤᠨ ᠦᠨ᠎ᠡ ᠵᠢᠩ᠎ᠳᠡᠭᠡᠨ 32 ᠲᠦᠭᠦᠷᠢᠭ᠂ ᠬᠦᠷᠭᠡᠵᠦ᠍ ᠢᠷᠡᠪᠡᠯ ᠮᠠᠯ᠎ᠤᠨ ᠲᠤᠭ᠎ᠠ᠎ᠪᠠᠷ ᠨᠤᠭ᠍ᠳᠠᠭᠤᠯᠤᠨ 6 ᠲᠦᠭᠦᠷᠢᠭ᠎ᠤᠨ ᠨᠦᠬᠦᠪᠦᠷᠢ᠎ᠲᠠᠢ᠂ ᠲᠠᠷᠤᠢ ᠬᠦᠮᠦᠷᠬᠡ᠎ᠠᠴᠠ ᠵᠦᠭᠡᠭᠡᠪᠦᠷᠢ᠎ᠶ᠋ᠢᠨ ᠰᠦᠢᠳᠭᠡᠯ᠎ᠢ ᠲᠠᠭᠠᠵᠤ ᠪᠠᠢᠬᠤ ᠤᠬᠠᠭᠠᠨ᠎ᠲᠠᠢ᠃ ᠲᠡᠭᠡᠬᠦ᠌ ᠮᠦᠷᠳᠡᠭᠡᠨ ᠨᠢᠳᠤᠯᠠᠵᠤ ᠲᠠᠭᠤᠰᠤᠮᠠᠭ᠍ᠴᠠ ᠪᠡᠯᠡᠨ ᠵᠤᠭᠤᠰ᠎ᠢᠶᠠᠨ ᠭᠠᠷᠳᠠᠨ ᠠᠪᠴᠤ᠌ ᠪᠤᠯᠤᠨ᠎ᠠ》 ᠭᠡᠬᠦ᠌ ᠵᠡᠷᠭᠡ ᠵᠠᠩᠭᠢ᠎ᠶ᠋ᠢ ᠯᠠᠪᠳᠠᠭᠤᠯᠤᠨ ᠰᠤᠷᠠᠭ᠍ᠰᠠᠨ ᠲᠡᠷᠡ ᠪᠦᠰᠡᠬᠦᠢ᠎ᠲᠠᠢ᠎ᠪᠠᠨ ᠬᠡᠰᠡᠭ ᠵᠠᠭᠤᠷ᠎ᠠ ᠵᠦᠪᠳᠡᠯᠴᠡᠭ᠌ᠰᠡᠨ᠎ᠢᠶᠠᠨ 360 ᠬᠤᠷᠠᠭ᠎ᠠ᠎ᠪᠠᠨ ᠬᠤᠱᠢᠭᠤᠨ᠎ᠤ ᠡᠷᠳᠡᠨᠢ ᠢᠳᠡᠭᠡᠨ᠎ᠤ ᠬᠢᠵᠠᠭᠠᠷᠳᠤ ᠺᠤᠮᠫᠠᠨᠢ᠎ᠶ᠋ᠢᠨ ᠬᠦᠢᠳᠡᠨ ᠬᠦᠮᠦᠷᠬᠡ᠎ᠳᠤ ᠬᠦᠷᠭᠡᠵᠦ᠍ ᠬᠤᠳᠠᠯᠳᠤᠬᠤ᠎ᠪᠠᠷ ᠪᠤᠯᠵᠤ ᠵᠦᠭᠡᠭᠡᠪᠦᠷᠢ᠎ᠶ᠋ᠢᠨ ᠲᠡᠷᠭᠡ ᠲᠠᠭᠤᠳᠠᠪᠠ᠃

ᠦᠳᠡ᠎ᠶ᠋ᠢᠨ ᠠᠯᠳᠠ᠎ᠳᠤ᠂ 4 ᠠᠴᠢᠶᠠᠨ᠎ᠤ ᠮᠠᠱᠢᠨ᠎ᠤ ᠬᠤᠤᠰ ᠲᠠᠪᠬᠤᠷᠭᠠᠳᠤ ᠰᠠᠭ᠍ᠰᠤᠨ᠎ᠳᠤ ᠲᠦᠭᠦᠷᠡᠳᠡᠯ᠎ᠠ ᠬᠤᠷᠠᠭ᠎ᠠ ᠠᠴᠢᠶᠠᠯᠠᠭ᠍ᠰᠠᠨ ᠲᠡᠷᠭᠡ ᠬᠤᠱᠢᠭᠤᠨ ᠲᠦᠪ ᠪᠡᠯᠭᠦᠳᠡᠢ ᠪᠠᠯᠭᠠᠰᠤᠨ᠎ᠳᠤ ᠪᠠᠢᠷᠢᠱᠢᠭ᠎ᠠ ᠡᠷᠳᠡᠨᠢ ᠢᠳᠡᠭᠡᠨ᠎ᠤ ᠬᠢᠵᠠᠭᠠᠷᠳᠤ ᠺᠤᠮᠫᠠᠨᠢ᠎ᠶ᠋ᠢᠨ ᠬᠦᠢᠳᠡᠨ ᠬᠦᠮᠦᠷᠬᠡ᠎ᠶ᠋ᠢᠨ ᠵᠠᠬ᠎ᠠ᠎ᠳᠤ ᠬᠦᠷᠴᠤ᠌ ᠢᠷᠡᠭᠡᠳ ᠬᠢᠵᠢᠭ᠎ᠤᠨ ᠪᠠᠢᠴᠠᠭᠠᠯᠳᠠ᠎ᠶ᠋ᠢ ᠦᠡᠭ᠌ᠭᠡᠷᠡᠭᠦᠯᠦᠮᠡᠭ᠌ᠴᠡ ᠬᠤᠷᠠᠭ᠎ᠠ᠎ᠪᠠᠨ ᠪᠠᠭᠤᠯᠭᠠᠵᠤ ᠡᠬᠢᠯᠠᠵᠠᠢ᠃

ᠵᠠᠩ ᠵᠢᠩ ᠶᠤᠸᠠᠨ᠄ 《ᠡᠨᠡ ᠵᠢᠯ᠎ᠤᠨ ᠬᠤᠷᠠᠭᠠᠨ᠎ᠤ ᠦᠨ᠎ᠡ ᠮᠦᠨ ᠴᠤ᠌ ᠭᠠᠢᠭᠤᠢ ᠪᠠᠢᠨ᠎ᠠ᠂ ᠮᠠᠨ᠎ᠤ ᠨᠤᠲᠤᠭ᠎ᠢᠶᠠᠷ ᠵᠤᠨ᠎ᠤ ᠪᠡᠯᠴᠢᠭᠡᠷ ᠰᠠᠢᠨ ᠪᠤᠯᠬᠤᠷ ᠮᠠᠯ ᠰᠦᠷᠦᠭ ᠡᠷᠳᠡ ᠲᠠᠷᠭᠤ ᠠᠪᠤᠭ᠍ᠰᠠᠨ᠂ ᠨᠠᠮᠤᠷ ᠡᠷᠳᠡ ᠵᠠᠷᠤᠴᠠᠭᠤᠯᠴᠢᠬᠠᠪᠠᠯ ᠪᠡᠯᠴᠢᠭᠡᠷ᠎ᠤᠨ ᠲᠠᠷᠤᠭᠠᠰᠤ᠎ᠪᠠᠨ ᠬᠦᠡᠭ᠌ᠭᠡᠷᠡᠭᠦᠯᠴᠢᠭᠡᠨ᠎ᠡ᠂ ᠪᠠᠰᠠ ᠨᠢᠭᠡ ᠪᠦᠯᠦᠭ ᠤᠷᠤᠯᠭ᠎ᠠ᠎ᠪᠠᠷ᠎ᠢᠶᠠᠨ ᠡᠪᠦᠯ᠎ᠤᠨ ᠪᠡᠯᠡᠳᠭᠡᠯ᠎ᠢᠶᠠᠨ ᠴᠤ᠌ ᠠᠮᠵᠢᠭᠤᠯᠵᠤ ᠪᠤᠯᠤᠨ᠎ᠠ》 ᠭᠡᠵᠦ᠍ ᠶᠠᠷᠢᠬᠤ᠎ᠶ᠋ᠢ᠎ᠨᠢ ᠰᠤᠨᠤᠰᠭᠤ᠎ᠳᠤ ᠬᠠᠱᠢᠷ ᠰᠠᠭᠤᠭ᠍ᠰᠠᠨ ᠲᠤᠬᠢ ᠭᠠᠷ ᠭᠡᠳᠡᠭ᠎ᠨᠢ ᠮᠡᠳᠡᠭ᠌ᠳᠡᠨ᠎ᠠ᠃

ᠬᠠᠷᠢᠨ ᠱᠢᠯᠢ᠎ᠶ᠋ᠢᠨ ᠭᠤᠤᠯ ᠠᠢᠮᠠᠭ᠎ᠤᠨ ᠠᠷᠤ ᠲᠤᠮᠳᠠ᠎ᠪᠠᠷ ᠪᠠᠢᠷᠢᠯᠠᠳᠠᠭ ᠪᠦᠭᠡᠳ ᠮᠠᠯ ᠰᠦᠷᠦᠭ᠎ᠢᠶᠠᠷ ᠵᠤᠵᠠᠭᠠᠨ᠂ ᠬᠤᠨᠢ ᠦᠭᠡᠷ᠎ᠢᠶᠠᠷ ᠠᠯᠳᠠᠷᠳᠠᠢ ᠠᠪᠠᠭ᠎ᠠ ᠬᠤᠱᠢᠭᠤ ᠪᠤᠯ ᠮᠠᠯ᠎ᠤᠨ ᠡᠳ᠋ᠱᠢᠭᠦᠯᠦᠯᠳᠡ᠎ᠶ᠋ᠢᠨ ᠪᠠᠰᠠ ᠨᠢᠭᠡᠨ ᠴᠢᠬᠤᠯᠠ ᠭᠠᠷᠤᠯᠳᠠ᠎ᠶ᠋ᠢᠨ ᠤᠷᠤᠨ ᠪᠤᠯᠬᠤᠷ ᠦᠢᠯᠡᠳᠪᠦᠷᠢ ᠬᠦᠮᠦᠷᠭᠡ ᠤᠯᠠᠨᠳᠠᠢ ᠪᠠᠢᠳᠠᠭ᠂ ᠠᠳᠡ ᠡᠷᠳᠡᠨᠢ ᠢᠳᠡᠭᠡᠨ᠎ᠤ ᠬᠢᠵᠠᠭᠠᠷᠳᠤ ᠺᠤᠮᠫᠠᠨᠢ᠂ ᠮᠸᠡᠭ ᠭᠤᠤ ᠯᠢ ᠶᠠ ᠵᠡᠷᠭᠡ ᠲᠤᠮᠤ ᠲᠤᠮᠳᠠ ᠬᠡᠯᠪᠡᠷᠢ᠎ᠶ᠋ᠢᠨ ᠤᠯᠠᠭᠠᠨ ᠢᠳᠡᠭᠡᠨ᠎ᠤ ᠡᠳ᠋ᠱᠢᠭᠦᠯᠦᠯᠳᠡ᠎ᠶ᠋ᠢᠨ ᠠᠵᠤ ᠠᠬᠤᠢ᠍ᠢᠯᠠᠯ ᠴᠦᠮ ᠬᠦᠢᠳᠡᠨ ᠬᠦᠮᠦᠷᠭᠡ ᠪᠠᠢᠭᠤᠯᠤᠭ᠍ᠰᠠᠨ ᠪᠦᠭᠡᠳ ᠡᠳ᠋ᠱᠢᠬᠦᠯᠥᠯᠳᠡ᠎ᠶ᠋ᠢᠨ ᠪᠦᠷᠢᠨ ᠱᠤᠭᠤᠮ ᠲᠦᠬᠦᠷᠵᠢᠭ᠌ᠰᠡᠨ ᠤᠯᠠᠨ ᠴᠢᠳᠠᠪᠬᠢᠳᠤ ᠦᠢᠯᠡᠳᠭᠡᠯ᠎ᠤᠨ ᠭᠠᠵᠠᠷ᠎ᠲᠠᠢ ᠪᠤᠯᠬᠤᠷ ᠠᠪᠠᠭ᠎ᠠ ᠬᠤᠱᠢᠭᠤ ᠲᠡᠳᠤᠢ ᠦᠭᠡᠢ ᠤᠢ᠍ᠢᠷ᠎ᠠ ᠬᠠᠪᠢ᠎ᠶ᠋ᠢᠨ ᠰᠦᠨᠢᠳ᠂ ᠱᠢᠯᠢᠩᠬᠤᠳᠠ ᠵᠡᠷᠭᠡ᠎ᠶ᠋ᠢᠨ ᠮᠠᠯᠴᠢᠳ ᠮᠠᠯ ᠤᠨᠤᠭ᠎ᠠ᠎ᠪᠠᠨ ᠠᠪᠴᠢᠷᠠᠵᠤ ᠬᠤᠳᠠᠯᠳᠤᠳᠠᠭ᠃

ᠠᠪᠠᠭ᠎ᠠ ᠬᠤᠱᠢᠭᠤᠨ᠎ᠤ ᠡᠷᠳᠡᠨᠢ ᠢᠳᠡᠭᠡᠨ᠎ᠤ ᠬᠢᠵᠠᠭᠠᠷᠳᠤ ᠺᠤᠮᠫᠠᠨᠢ᠎ᠶ᠋ᠢᠨ ᠲᠡᠳ᠋ ᠵᠠᠬᠢᠷᠤᠯ ᠪᠤᠤ ᠹᠦ᠋ ᠴᠸᠡᠭ᠄ 《ᠡᠨᠡ ᠨᠠᠮᠤᠷ᠎ᠤᠨ ᠮᠡᠯ᠎ᠤᠨ ᠡᠳ᠋ᠱᠢᠭᠦᠯᠦᠯᠳᠡ᠎ᠶ᠋ᠢᠨ ᠠᠵᠢᠯ 8 ᠰᠠᠷ᠎ᠠ᠎ᠶ᠋ᠢᠨ ᠠᠷᠪᠠᠳ᠎ᠠᠴᠠ ᠡᠬᠢᠯᠡᠵᠦ᠍᠂ 9 ᠰᠠᠷ᠎ᠠ᠎ᠶ᠋ᠢᠨ ᠲᠤᠮᠳᠠᠴᠢ ᠪᠤᠯᠳᠠᠯ᠎ᠠ 2.3 ᠲᠦᠮᠡᠨ ᠬᠤᠷᠠᠭ᠎ᠠ ᠬᠤᠷᠢᠶᠠᠨ ᠠᠪᠴᠤ᠌ ᠡᠳ᠋ᠱᠢᠭᠦᠯᠦᠨ ᠲᠠᠭᠤᠰᠭᠠᠵᠠᠢ᠃ ᠤᠳᠠᠯ ᠦᠭᠡᠢ ᠨᠠᠰᠤ ᠭᠦᠢᠴᠡᠭ᠌ᠰᠡᠨ ᠬᠤᠨᠢ ᠬᠤᠳᠠᠯᠳᠤᠵᠥ᠍ ᠠᠪᠬᠤ ᠠᠵᠢᠯ ᠴᠤ᠌ ᠡᠬᠢᠯᠡᠵᠦ᠍᠂ 11 ᠰᠠᠷ᠎ᠠ᠎ᠶ᠋ᠢᠨ ᠲᠤᠮᠳᠠᠴᠢ ᠪᠤᠶᠤ ᠰᠠᠭᠦᠯᠴᠢ ᠪᠤᠯᠳᠠᠯ᠎ᠠ ᠦᠷᠭᠦᠯᠵᠢᠯᠡᠨ᠎ᠡ》 ᠭᠡᠯ᠎ᠠ᠃

ᠡᠨᠡ ᠨᠠᠮᠤᠷ᠎ᠤᠨ ᠮᠠᠯ᠎ᠤᠨ ᠵᠠᠷᠤᠴᠠᠭᠤᠯᠤᠯᠳᠠ᠎ᠶ᠋ᠢᠨ ᠲᠤᠬᠠᠢ ᠪᠢᠳᠡ ᠠᠪᠠᠭ᠎ᠠ ᠬᠤᠱᠢᠭᠤᠨ᠎ᠤ ᠬᠠᠮᠢᠶ᠎ᠠ ᠪᠦᠬᠦᠢ ᠰᠠᠯᠠᠭ᠎ᠠ ᠮᠦᠴᠢᠷ᠎ᠠᠴᠠ ᠤᠢ᠍ᠢᠯᠠᠭᠠᠭ᠍ᠰᠠᠨ᠎ᠢᠶᠠᠷ᠂ ᠡᠨᠡ ᠵᠢᠯ᠎ᠤᠨ 9 ᠰᠠᠷ᠎ᠠ᠎ᠶ᠋ᠢᠨ ᠡᠬᠢᠨ᠎ᠤ ᠪᠠᠢᠳᠠᠯ᠎ᠢ ᠨᠢᠳᠤᠨᠤᠨ᠎ᠤ ᠠᠳᠠᠯᠢ ᠬᠤᠭᠤᠴᠠᠭᠠᠨ᠎ᠤ᠎ᠬᠢ᠎ᠲᠠᠢ ᠠᠳᠠᠯᠢᠳᠭᠠᠪᠠᠯ᠂ ᠲᠤᠰ ᠬᠤᠱᠢᠭᠤᠨ᠎ᠤ ᠮᠠᠯ᠎ᠤᠨ ᠭᠠᠷᠭᠠᠯᠳᠠ 10% ᠎ᠪᠠᠷ ᠨᠡᠮᠡᠭ᠌ᠳᠡᠵᠦ᠍᠂ 9 ᠰᠠᠷ᠎ᠠ᠎ᠶ᠋ᠢᠨ 26 ᠪᠤᠯᠳᠠᠯ᠎ᠠ 62.49 ᠲᠦᠮᠡᠨ ᠪᠤᠳᠠ ᠪᠤᠭ ᠮᠠᠯ᠎ᠢ ᠵᠠᠷᠤᠴᠠᠭᠤᠯᠵᠤ᠂ ᠪᠦᠬᠦ᠌ ᠵᠢᠯ᠎ᠤᠨ ᠮᠠᠯ᠎ᠤᠨ ᠵᠠᠷᠤᠴᠠᠭᠤᠯᠤᠯᠳᠠ᠎ᠶ᠋ᠢᠨ ᠤᠷᠢᠳᠴᠢᠯᠠᠨ ᠲᠦᠰᠦᠪᠯᠡᠭ᠌ᠰᠡᠨ ᠡᠭᠦᠷᠭᠡ᠎ᠶ᠋ᠢᠨ᠎ᠢᠶᠠᠨ 78% ᠎ᠶ᠋ᠢ ᠨᠢᠭᠡᠨᠳᠡ ᠪᠡᠶᠡᠯᠡᠭᠦᠯᠵᠠᠢ᠃ ᠵᠠᠯᠭᠠᠭᠠᠳ ᠮᠦᠨ ᠮᠠᠯ᠎ᠤᠨ ᠵᠠᠷᠤᠴᠠᠭᠤᠯᠤᠯᠳᠠ᠎ᠶ᠋ᠢᠨ ᠠᠬᠢᠴᠠ᠎ᠪᠠᠨ ᠦᠷᠭᠦᠯᠵᠢᠯᠡᠨ ᠲᠦᠷᠭᠡᠳᠭᠡᠵᠦ᠍᠂ 10 ᠰᠠᠷ᠎ᠠ᠎ᠶ᠋ᠢᠨ ᠰᠡᠭᠦᠯᠴᠢ ᠪᠤᠯᠳᠠᠯ᠎ᠠ 85% ᠎ᠶ᠋ᠢᠨ ᠡᠭᠦᠷᠭᠡ᠎ᠶ᠋ᠢ ᠪᠡᠶᠡᠯᠡᠭᠦᠯᠬᠦ᠌᠎ᠪᠠᠷ ᠴᠢᠷᠮᠠᠢᠵᠤ᠂ 11 ᠰᠠᠷ᠎ᠠ᠎ᠶ᠋ᠢᠨ ᠰᠡᠭᠦᠯᠴᠢ ᠪᠤᠯᠳᠠᠯ᠎ᠠ ᠪᠦᠬᠦᠨ᠎ᠢ ᠪᠡᠶᠡᠯᠡᠭᠦᠯᠬᠦ᠌᠎ᠪᠠᠷ ᠲᠦᠰᠦᠪᠯᠡᠵᠤ ᠪᠠᠢᠨ᠎ᠠ᠃

 

ᠣᠷᠴᠢᠭᠤᠯᠤᠭ᠍ᠴᠢ᠄
ᠨᠠᠢᠷᠠᠭᠤᠯᠤᠭ᠍ᠴᠢ᠄ ᠪᠣᠣ ᠮᠧᠢ ᠷᠥᠩ
ᠲᠤᠮᠳᠠᠳᠤ ᠤᠯᠤᠰ᠎ᠤᠨ ᠮᠤᠩᠭᠤᠯ ᠬᠡᠯᠡᠡ᠎ᠤ ᠰᠤᠨᠢᠠ ᠮᠠᠳᠡᠭᠡ᠎ᠶ᠋ᠢᠨ ᠰᠦᠯᠵᠢᠶ᠎ᠠ
ᠢᠷᠡᠯᠲᠡ᠄
ᠬᠤᠪᠢᠶᠠᠯᠴᠠᠬᠤ᠄

2008-2023 © ᠳᠤᠮᠳᠠᠳᠤ ᠤᠯᠤᠰ᠎ᠤᠨ ᠮᠤᠩᠭᠤᠯ ᠬᠡᠯᠡᠨ᠎ᠤ ᠰᠤᠨᠢᠨ ᠮᠡᠳᠡᠭᠡᠨ᠎ᠤ ᠰᠦᠯᠵᠢᠶ᠎ᠡ ᠦᠮᠴᠢᠯᠡᠯ᠎ᠤᠨ ᠡᠷᠬᠡ᠎ᠲᠠᠢ

ᠵᠤᠬᠢᠶᠠᠭᠴᠢ᠎ᠶᠢᠨ ᠡᠷᠬᠡ ᠬᠠᠤᠯᠢ᠎ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ᠎ᠪᠠᠷ ᠬᠠᠭᠤᠯᠪᠤᠷᠢᠯᠠᠬᠤ᠎ᠶᠢ ᠬᠠᠲᠠᠭᠤ ᠬᠤᠷᠢᠭᠯᠠᠨ᠎ᠠ

ᠬᠠᠷᠢᠯᠴᠠᠬᠤ ᠤᠲᠠᠰᠤ᠄0471-6635435

ᠢᠮᠧᠯ᠄tn@mgyxw.net   蒙ICP备10000005号