ᠡᠨᠡ ᠵᠢᠯ᠎ᠤᠨ 《10 · 1》 ᠤ ᠠᠮᠠᠷᠠᠯᠳᠠ᠎ᠶ᠋ᠢᠨ ᠬᠤᠭᠤᠴᠠᠭ᠎ᠠ᠎ᠪᠠᠷ᠂ ᠰᠣᠷᠪᠣᠯᠵᠢᠯᠠᠬ᠍ᠴᠢ ᠥᠣᠱᠢᠨ ᠬᠤᠱᠢᠭᠤᠨ᠎ᠤ ᠠᠳᠣᠭᠤᠨ ᠰᠣᠶᠣᠯ᠎ᠳᠠᠭᠠᠨ ᠬᠠᠢᠷᠠᠳᠡᠢ᠂ ᠠᠳᠤᠭᠤᠨ ᠰᠤᠶᠤᠯ᠎ᠢ ᠮᠤᠩᠭᠤᠯ ᠦᠨᠳᠤᠰᠤᠳᠡᠨ᠎ᠤ ᠡᠷᠬᠢᠮ ᠨᠠᠨᠳᠢᠨ ᠦᠪ ᠰᠤᠶᠤᠯ ᠪᠤᠯᠭᠠᠨ ᠵᠠᠯᠭᠠᠮᠵᠢᠯᠠᠨ ᠤᠯᠠᠮᠵᠢᠯᠠᠬ᠍ᠰᠠᠭᠠᠷ ᠢᠷᠡᠭ᠌ᠰᠡᠨ ᠮᠠᠯᠴᠢᠨ ᠡᠷᠳᠡᠮᠳᠡᠬᠦᠰᠤᠨᠬᠢᠨᠢ ᠰᠣᠷᠪᠣᠯᠵᠢᠯᠠᠵᠣ ᠪᠢᠯᠠ᠃
ᠡᠷᠳᠡᠮᠳᠡᠭᠦᠰᠤᠨᠬᠢᠨ ᠪᠣᠯ ᠥᠥᠱᠢᠨ ᠬᠤᠱᠢᠭᠤᠨ᠎ᠤ ᠰᠥᠯᠳᠡ ᠰᠣᠮᠣ᠎ᠶ᠋ᠢᠨ ᠲᠠᠯ᠎ᠠ᠎ᠶ᠋ᠢᠨ ᠣᠰᠣ ᠭᠠᠴᠠᠭ᠎ᠠ᠎ᠶ᠋ᠢᠨ ᠮᠠᠯᠴᠢᠨ ᠪᠠᠢᠵᠣ᠂ ᠮᠤᠩᠭᠤᠯ ᠠᠳᠤᠭᠤ᠎ᠪᠠᠨ ᠦᠷᠡᠵᠢᠭᠦᠯᠵᠤ ᠦᠰᠭᠡᠨ᠂ ᠦᠤᠱᠢᠨ ᠤᠰᠤᠨ ᠵᠢᠷᠤᠭ᠎ᠠ ᠮᠤᠷᠢ᠎ᠪᠠᠨ ᠰᠤᠷᠭᠠᠨ ᠲᠤᠳᠤᠮᠳᠠᠵᠤ᠂ ᠨᠡᠩ ᠴᠤ᠌ ᠦᠷ᠎ᠡ ᠬᠤᠢᠴᠢᠰ᠎ᠲᠠᠭᠠᠨ ᠠᠳᠤᠭᠤᠨ ᠰᠤᠶᠤᠯ᠎ᠢᠶᠠᠨ ᠤᠢᠯᠠᠭᠠᠭᠤᠯᠤᠨ ᠲᠠᠨᠢᠭᠤᠯᠵᠤ ᠶᠠᠪᠤᠭ᠎ᠠ ᠠᠳᠤᠭᠤᠴᠢᠨ ᠠᠢᠯ᠎ᠤᠨ ᠨᠢᠭᠡᠨ ᠪᠢᠯᠡ᠃ 2011 ᠤᠨ᠎ᠤ 5 ᠰᠠᠷ᠎ᠠ᠎ᠶ᠋ᠢᠨ 9 ᠤ ᠡᠳᠤᠷ ᠲᠡᠲᠡᠨ᠎ᠤ᠎ᠬᠢᠨ ᠨᠤᠳᠤᠭ᠎ᠤᠨ᠎ᠢᠶᠠᠨ 10 ᠮᠠᠯᠴᠢᠨ ᠡᠷᠤᠬᠡ᠎ᠲᠠᠢ ᠬᠤᠯᠪᠤᠭᠠᠯᠠᠨ ᠤᠷᠳᠤᠰ ᠬᠤᠳᠠ᠎ᠶ᠋ᠢᠨ ᠦᠤᠱᠢᠨ ᠬᠤᠱᠢᠭᠤᠨ᠎ᠤ ᠮᠤᠩᠭᠤᠯ ᠠᠳᠤᠭᠤᠨ᠎ᠤ ᠲᠡᠵᠢᠭᠡᠪᠦᠷᠢ᠎ᠶ᠋ᠢᠨ ᠲᠤᠰᠭᠠᠢᠵᠢᠭ᠍ᠰᠠᠨ ᠬᠤᠷᠱᠢᠶ᠎ᠠ᠎ᠶ᠋ᠢ ᠪᠠᠢᠭᠤᠯᠵᠤ᠂ ᠲᠡᠷᠡ ᠬᠤᠷᠱᠢᠶᠠᠵᠢᠯ᠎ᠤᠨ ᠬᠠᠤᠯᠢ᠎ᠪᠠᠷ ᠰᠤᠩᠭᠤᠭ᠍ᠳᠠᠭ᠍ᠰᠠᠨ ᠲᠦᠯᠦᠭᠡᠯᠡᠭ᠌ᠴᠢ᠂ ᠬᠡᠷᠡᠭ ᠡᠷᠬᠢᠯᠡᠭ᠌ᠴᠢᠳ᠎ᠤᠨ ᠲᠠᠷᠤᠭ᠎ᠠ ᠪᠤᠯᠤᠭ᠍ᠰᠠᠨ ᠪᠠᠢᠨ᠎ᠠ᠃ ᠡᠨᠡ ᠡᠳᠤᠷ᠎ᠠᠴᠠ ᠡᠬᠢᠯᠡᠨ ᠡᠷᠳᠡᠮᠳᠡᠭᠦᠰ ᠨᠡᠩ ᠴᠤ᠌ ᠵᠢᠷᠤᠭ᠎ᠠ ᠮᠤᠷᠢ ᠰᠤᠷᠭᠠᠨ ᠲᠤᠳᠤᠮᠳᠠᠬᠤ ᠠᠵᠢᠯ᠎ᠤᠨ ᠲᠤᠰᠭᠠᠢ ᠠᠵᠢᠯᠳᠠᠨ ᠪᠤᠯᠤᠭ᠍ᠰᠠᠨ ᠪᠦᠭᠡᠳ ᠲᠡᠷᠡ᠎ᠪᠠᠷ 2016 ᠤᠨ᠎ᠤ 7 ᠰᠠᠷ᠎ᠠ᠎ᠳᠤ᠂ ᠵᠢᠷᠤᠭ᠎ᠠ ᠮᠤᠷᠢ ᠲᠠᠰᠭᠠᠨ ᠲᠡᠵᠢᠭᠡᠬᠦ᠌ ᠤᠷ᠎ᠠ ᠮᠡᠷᠭᠡᠵᠢᠯ᠎ᠢᠶᠠᠷ᠎ᠢᠶᠠᠨ ᠣᠷᠳᠣᠰ ᠬᠤᠳᠠ᠎ᠶ᠋ᠢᠨ ᠪᠤᠳᠡᠰ᠎ᠤᠨ ᠪᠤᠰᠤ ᠰᠤᠶᠤᠯ᠎ᠤᠨ ᠦᠪ᠎ᠤᠨ ᠲᠦᠯᠦᠭᠡᠯᠡᠬᠦ᠌ ᠴᠢᠨᠠᠷᠲᠠᠢ ᠤᠯᠠᠮᠵᠢᠯᠠᠭ᠍ᠴᠢ ᠪᠤᠯᠤᠭ᠍ᠰᠠᠨ ᠪᠠᠢᠨ᠎ᠠ᠃ ᠲᠡᠭᠦᠨ᠎ᠤ ᠰᠤᠷᠭᠠᠵᠤ ᠭᠠᠷᠭᠠᠭ᠍ᠰᠠᠨ ᠮᠤᠷᠢᠳ᠎ᠨᠢ ᠨᠤᠳᠤᠭ ᠤᠷᠤᠨ᠎ᠤ ᠤᠪᠤᠭ᠎ᠠ᠎ᠶ᠋ᠢᠨ ᠨᠠᠢᠷ᠂ ᠨᠠᠭᠠᠳᠤᠮ ᠴᠤᠭ᠍ᠯᠠᠭ᠎ᠠ᠂ ᠬᠤᠱᠢᠭᠤ ᠰᠤᠮᠤᠨ᠎ᠤ ᠤᠷᠤᠯᠳᠤᠭᠠᠨ ᠮᠦᠷᠦ᠋ᠢᠴᠡᠭᠡᠨ᠎ᠳᠤ ᠤᠯᠠᠨ ᠤᠳᠠᠭ᠎ᠠ ᠲᠡᠷᠢᠭᠦᠯᠡᠭ᠌ᠰᠡᠨ᠎ᠢᠶᠠᠷ ᠪᠠᠷᠠᠬᠤ ᠥᠬᠡᠢ᠂ 2016 ᠤᠨ᠎ᠤ 《ᠤᠷᠳᠤᠰ ᠤᠰᠤᠨ ᠵᠢᠷᠤᠭ᠎ᠠ ᠮᠤᠷᠢᠨ᠎ᠤ ᠤᠷᠤᠯᠳᠤᠭᠠᠠ》 ᠤ ᠲᠡᠷᠢᠭᠦᠨ ᠱᠠᠩᠢ ᠲᠤᠰᠴᠤ᠌᠂ ᠠᠯᠳᠠᠷ ᠴᠤᠯᠠ᠎ᠪᠠᠨ ᠣᠯᠠᠨ᠎ᠳᠤ ᠲᠠᠭᠤᠷᠢᠰᠭᠠᠵᠤ ᠶᠠᠪᠤᠭ᠍ᠰᠠᠨ ᠪᠢᠯᠡ᠃

ᠡᠷᠳᠡᠮᠳᠡᠭᠦᠰ ᠲᠤᠰᠭᠠᠢ ᠬᠤᠷᠱᠢᠶᠠᠵᠢᠯ᠎ᠢᠶᠠᠷ ᠲᠠᠮᠵᠢᠨ ᠦᠢ ᠤᠯᠠᠨ ᠮᠤᠷᠢᠨ᠎ᠳᠤ ᠬᠠᠢᠷᠠᠳᠠᠢ᠂ ᠮᠤᠷᠢᠨ᠎ᠳᠤ ᠪᠠᠭ᠍ᠠᠳᠠᠢ ᠠᠳᠤᠭᠤᠴᠢᠳ᠎ᠲᠠᠭᠠᠨ ᠮᠡᠷᠭᠡᠵᠢᠯ ᠰᠤᠯᠢᠯᠴᠠᠬᠤ᠂ ᠤᠷᠤᠯᠳᠤᠭᠠᠨ ᠮᠦᠷᠦ᠋ᠢᠴᠡᠭᠡᠨ ᠵᠤᠬᠢᠶᠠᠨ ᠪᠠᠢᠭᠤᠯᠬᠤ ᠠᠵᠠᠳᠠᠢ ᠲᠤᠬᠢᠶᠠᠯ᠎ᠢ ᠪᠤᠢ ᠪᠤᠯᠭᠠᠭ᠍ᠰᠠᠨ᠎ᠢᠶᠠᠷ ᠪᠠᠷᠠᠬᠤ ᠥᠬᠡᠢ ᠠᠳᠤᠭᠤᠨ ᠰᠤᠶᠤᠯ᠎ᠤᠨ ᠮᠦᠽᠸᠢ᠎ᠶ᠋ᠢ ᠰᠠᠨᠠᠭᠠᠴᠢᠯᠠᠨ ᠪᠠᠢᠭᠤᠯᠵᠣ᠂ ᠠᠮᠢ ᠠᠬᠤᠢ ᠰᠤᠶᠤᠯ ᠵᠢᠭᠤᠯᠴᠢᠯᠠᠯ᠎ᠤᠨ ᠠᠵᠤ ᠦᠢᠯᠡᠰ᠎ᠢ ᠲᠦᠯᠬᠢᠨ ᠠᠬᠢᠭᠤᠯᠬᠤ᠂ ᠵᠠᠯᠠᠭᠤ ᠪᠠᠭᠠᠴᠤᠳ᠎ᠲᠤ ᠠᠳᠤᠭᠤᠨ ᠰᠤᠶᠤᠯ᠎ᠢᠶᠠᠨ ᠵᠠᠯᠭᠠᠮᠵᠢᠯᠠᠨ ᠲᠦᠭᠡᠮᠡᠯᠵᠢᠭᠦᠯᠬᠦ᠌ ᠬᠦᠮᠦᠵᠢᠯ ᠦᠢᠯᠡᠳᠦᠯᠭᠡ ᠬᠢᠬᠦ᠌᠎ᠶ᠋ᠢ ᠪᠡᠶᠡᠯᠡᠬᠦᠯᠥᠭ᠌ᠰᠡᠨ ᠪᠠᠢᠨ᠎ᠠ᠃ ᠲᠡᠷᠡ᠂ ᠰᠣᠷᠪᠣᠯᠵᠢᠯᠠᠬ᠍ᠴᠢ᠎ᠳᠤ᠄ 《ᠪᠢ᠂ ᠲᠤᠰ ᠮᠦᠽᠸᠢ᠎ᠪᠠᠨ 2013 ᠠᠴᠠ ᠡᠬᠢᠯᠡᠨ ᠪᠠᠢᠭᠤᠯᠵᠤ᠂ 2014 ᠤᠨ᠎ᠤ 11 ᠰᠠᠷ᠎ᠠ᠎ᠳᠤ ᠵᠢᠩᠬᠢᠨᠢ᠎ᠪᠠᠷ ᠠᠱᠢᠭ᠍ᠯᠠᠯᠳᠠᠳᠤ ᠤᠷᠤᠭᠤᠯᠣᠬ᠍ᠰᠠᠨ ᠶᠣᠮ᠃ ᠮᠢᠨᠥ᠍ ᠮᠥᠽᠸᠢ 500 ᠲᠡᠭ᠌ᠰᠢ ᠲᠦᠷᠪᠡᠯᠵᠢᠨ ᠮᠧᠲᠷ᠎ᠤᠨ ᠦᠵᠡᠭᠦᠯᠭᠡ᠎ᠶ᠋ᠢᠨ ᠲᠢᠩᠬᠢᠮ᠎ᠲᠠᠢ᠂ ᠪᠡᠰᠠ 3000 ᠲᠡᠭ᠌ᠰᠢ ᠲᠦᠷᠪᠡᠯᠵᠢᠨ ᠮᠧᠲᠷ᠎ᠤᠨ ᠮᠤᠷᠢ ᠲᠡᠵᠢᠭᠡᠬᠦ᠌ ᠬᠠᠱᠢᠶ᠎ᠠ ᠰᠠᠷᠠᠪᠴᠢ᠂ 800 ᠲᠡᠭ᠌ᠰᠢ ᠲᠥᠷᠪᠡᠯᠵᠢᠨ ᠮᠧᠲᠷ᠎ᠤᠨ ᠮᠤᠷᠢ ᠤᠷᠤᠯᠳᠤᠭᠤᠯᠬᠤ ᠲᠠᠯᠠᠪᠤᠷ᠂ 500 ᠲᠡᠭ᠌ᠰᠢ ᠲᠥᠷᠪᠡᠯᠵᠢᠨ ᠮᠧᠲᠷ ᠤᠷᠳᠤ ᠵᠢᠷᠤᠭ᠎ᠠ ᠮᠤᠷᠢ ᠤᠷᠤᠯᠳᠤᠬᠤ ᠱᠢᠭᠤᠳ ᠲᠠᠯᠠᠪᠤᠷ ᠵᠡᠷᠭᠡ ᠪᠥ᠋ᠷᠢᠨ ᠪᠠᠢᠨ᠎ᠠ》 ᠬᠡᠵᠣ ᠬᠡᠯᠡᠪᠡ᠃ ᠣᠳᠣ ᠲᠡᠬᠦᠨ᠎ᠤ ᠦᠵᠡᠭᠦᠯᠭᠡ᠎ᠶ᠋ᠢᠨ ᠲᠢᠩᠬᠢᠮ᠎ᠳᠤ ᠦᠤᠱᠢᠨ ᠠᠳᠤᠭᠤ᠎ᠶ᠋ᠢᠨ ᠡᠷᠳᠡᠨ ᠡᠳᠤᠭᠡ᠂ ᠠᠳᠤᠭᠤ ᠠᠷᠠᠴᠢᠯᠠᠵᠤ ᠲᠤᠳᠤᠮᠳᠠᠬᠤ᠂ ᠵᠤᠯᠠᠭ᠎ᠤᠨ ᠨᠠᠢᠷ᠂ ᠦᠤᠱᠢᠨ ᠤᠰᠤᠨ ᠵᠢᠷᠤᠭ᠎ᠠ ᠮᠤᠷᠢ᠂ ᠦᠤᠱᠢᠨ ᠠᠳᠤᠭᠤ᠎ᠶ᠋ᠢᠨ ᠦᠩᠭᠡ ᠵᠢᠰᠤᠮ᠂ ᠦᠤᠱᠢᠨ ᠡᠮᠡᠭᠡᠯ᠂ ᠦᠤᠱᠢᠨ ᠠᠳᠤᠭᠤ᠎ᠶ᠋ᠢᠨ ᠡᠳ᠋ᠯᠡᠯ ᠬᠡᠷᠡᠭ᠌ᠰᠡᠯ ᠵᠡᠷᠭᠡ ᠨᠠᠢ᠍ᠮᠠᠨ ᠬᠡᠰᠡᠭ ᠠᠭᠤᠯᠭ᠎ᠠ᠎ᠶ᠋ᠢ ᠪᠠᠭ᠍ᠳᠠᠭᠠᠵᠤ ᠠᠳᠤᠭᠤᠨ ᠰᠤᠶᠤᠯ᠎ᠢ ᠤᠯᠠᠮᠵᠢᠯᠠᠨ ᠵᠠᠯᠭᠠᠮᠵᠢᠯᠠᠬᠤ ᠴᠢᠬᠤᠯᠠ ᠰᠠᠭᠤᠷᠢᠨ ᠪᠤᠯᠤᠭ᠍ᠰᠠᠨ ᠪᠠᠢᠨ᠎ᠠ᠃
ᠵᠢᠯ᠎ᠤᠨ ᠬᠡᠳᠣ ᠣᠳᠠᠭ᠎ᠠ ᠳᠣᠰ ᠰᠤᠮᠤᠨ᠎ᠤ ᠵᠡᠭᠦᠨ ᠬᠡᠰᠡᠭ᠎ᠤᠨ ᠮᠤᠷᠢᠨ ᠮᠡᠷᠭᠡᠵᠢᠯ᠎ᠤᠨ ᠤᠷ᠎ᠠ ᠪᠠᠭ᠍ᠠᠳᠠᠢ ᠠᠳᠤᠭᠤᠴᠢᠳ ᠡᠷᠳᠡᠮᠳᠡᠭᠦᠰᠤᠨᠬᠢᠨᠤ ᠮᠤᠷᠢᠨ᠎ᠤ ᠲᠠᠯᠠᠪᠤᠷ᠎ᠲᠤ ᠤᠷᠤᠯᠳᠤᠭᠠᠨ ᠮᠦᠷᠦ᠋ᠢᠴᠡᠭᠡᠨ ᠵᠤᠬᠢᠶᠠᠨ ᠪᠠᠢᠭᠤᠯᠳᠠᠭ ᠪᠦᠬᠡᠳ ᠡᠮᠨᠢᠭ ᠰᠤᠷᠭᠠᠬᠤ᠂ ᠦᠷᠢᠶ᠎ᠡ ᠬᠠᠭᠠᠷᠢᠬᠤ᠂ ᠮᠤᠷᠢ ᠲᠠᠬᠠᠯᠠᠬᠤ᠂ ᠠᠳᠤᠭᠤ ᠲᠠᠮᠠᠭᠠᠯᠠᠬᠤ᠂ ᠠᠳᠤᠭᠤ ᠲᠡᠯᠯᠡᠬᠦ᠌ ᠵᠡᠷᠭᠡ ᠠᠳᠤᠭᠤ ᠰᠤᠷᠭᠠᠵᠤ ᠲᠤᠳᠤᠮᠳᠠᠬᠤ ᠵᠠᠩ ᠦᠢᠯᠡ᠎ᠶ᠋ᠢ ᠪᠡᠶᠡᠴᠢᠯᠠᠨ ᠶᠠᠪᠤᠭ᠍ᠳᠠᠭᠤᠯᠳᠠᠭᠢᠶᠠᠷ ᠪᠠᠷᠠᠬᠤ ᠥᠬᠡᠢ ᠮᠤᠩᠭᠤᠯ ᠪᠠᠭᠠᠴᠤᠳ ᠬᠡᠤᠬᠡᠳ᠎ᠢᠶᠠᠨ ᠮᠤᠷᠢᠨ ᠦᠢᠯᠡ᠎ᠳᠤ ᠲᠠᠰᠭᠠᠨ᠂ ᠡᠮᠨᠢᠭ ᠠᠳᠤᠭᠤ᠎ᠲᠠᠢ ᠨᠤᠴᠤᠯᠳᠤᠭᠤᠯᠤᠨ ᠪᠡᠶ᠎ᠡ ᠴᠢᠬᠢᠷᠠᠭ᠍ᠵᠢᠭᠤᠯᠬᠤ᠂ ᠵᠤᠷᠢᠭ ᠴᠢᠩᠭᠠᠯᠠᠬᠤ᠂ ᠮᠤᠷᠢᠨ ᠡᠳ᠋ᠯᠡᠯ ᠬᠡᠷᠡᠭ᠌ᠰᠡᠯ᠎ᠢ ᠲᠠᠨᠢᠭᠤᠯᠬᠤ ᠵᠡᠷᠭᠡ᠎ᠶ᠋ᠢ ᠤᠯᠠᠮᠵᠢᠯᠠᠨ ᠵᠠᠯᠭᠠᠮᠵᠢᠯᠠᠳᠠᠭ ᠪᠠᠢᠨ᠎ᠠ᠃