9 ᠰᠠᠷ᠎ᠠ᠎ᠶ᠋ᠢᠨ 22 ᠤᠨ ᠡᠳᠦᠷ᠂ ᠲᠦᠩᠯᠢᠶᠣᠤ ᠬᠤᠲᠠ᠎ᠶ᠋ᠢᠨ ᠠᠵᠤ ᠠᠬᠤᠢ ᠮᠡᠷᠭᠡᠵᠢᠯ᠎ᠤᠨ ᠨᠡᠭᠡᠭᠡᠯᠲᠡ᠎ᠶ᠋ᠢᠨ ᠲᠣᠭᠤᠷᠢᠭ᠎ᠤᠨ ᠾᠧᠰᠢ ᠵᠡᠭᠡᠯᠢ ᠭᠤᠳᠤᠮᠵᠢ ᠭᠤᠷᠪᠠᠳᠤᠭᠠᠷ ᠬᠤᠭᠤᠴᠠᠭᠠᠨ᠎ᠤ 《ᠳᠤᠮᠳᠠᠳᠤ ᠤᠯᠤᠰ᠎ᠤᠨ ᠲᠠᠷᠢᠶᠠᠴᠢᠨ᠎ᠤ ᠡᠯᠪᠡᠭ ᠬᠤᠷᠢᠶᠠᠯᠲᠠ᠎ᠶ᠋ᠢᠨ ᠪᠠᠶᠠᠷ》 ᠤᠨ ᠤᠷᠠᠨ ᠰᠠᠢᠬᠠᠨ᠎ᠤ ᠬᠠᠮ ᠲᠣᠭ᠍ᠯᠠᠯᠲᠠ᠎ᠶ᠋ᠢ ᠡᠷᠬᠢᠯᠡᠠ ᠶᠠᠪᠤᠭ᠍ᠳᠠᠭᠤᠯᠪᠠ᠃


ᠡᠯ᠎ᠡ ᠭᠠᠴᠠᠭ᠎ᠠ ᠲᠣᠰᠭᠤᠨ᠂ ᠨᠡᠢᠭᠡᠮ ᠲᠣᠭᠤᠷᠢᠭ᠂ ᠪᠠᠢᠭᠤᠯᠭ᠎ᠠ ᠨᠢᠭᠡᠴᠢ᠂ ᠬᠠᠷᠢᠶ᠎ᠠ ᠣᠷᠣᠨ᠎ᠤ ᠠᠵᠤ ᠠᠬᠤᠢᠯᠠᠯ᠂ ᠲᠥᠩᠯᠢᠶᠤᠤ᠎ᠶ᠋ᠢᠨ ᠳ᠋ᠥᠩ ᠸᠠᠩ᠎ᠤᠨ ᠰᠠᠢᠨ ᠳᠤᠷ᠎ᠠ᠎ᠶ᠋ᠢᠨ ᠠᠵᠢᠯᠯᠠᠭ᠍ᠰᠠᠳ᠎ᠤᠨ ᠨᠡᠢᠭᠡᠮᠯᠢᠭ ᠵᠡᠷᠭᠡ᠎ᠠᠴᠠ ᠬᠥᠷᠥᠯᠴᠡᠨ ᠢᠷᠡᠭ᠌ᠰᠡᠨ 300 ᠭᠠᠷᠤᠢ ᠬᠥᠮᠦᠨ ᠨᠠᠢᠷ᠎ᠲᠤ ᠤᠷᠤᠯᠴᠠᠬ᠍ᠰᠠᠨ ᠪᠠᠢᠨ᠎ᠠ᠃

ᠲᠥᠯᠵᠢᠬᠦ᠌ ᠬᠠᠪᠤᠷ᠎ᠤᠨ ᠨᠢᠭᠡ ᠮᠥᠬᠦᠯᠢᠭ ᠥᠷ᠎ᠡ ᠳᠠᠩᠰᠤᠬ ᠨᠠᠮᠤᠷ᠎ᠤᠨ ᠲᠦᠮᠡᠨ ᠮᠥᠬᠦᠯᠢᠭ ᠠᠮᠤ ᠪᠤᠯᠥᠨ ᠲᠥᠷᠥᠵᠤ᠂ ᠳᠠᠷᠢᠶᠠᠴᠢᠳ ᠨᠢᠭᠡ ᠵᠢᠯ᠎ᠤᠨ ᠱᠢᠷᠭᠠᠭᠤ ᠬᠥᠳᠡᠯᠮᠦᠷᠢ᠎ᠪᠠᠷ᠎ᠢᠶᠠᠨ ᠠᠯᠲᠠᠨ ᠨᠠᠮᠤᠷ᠎ᠤᠨ ᠡᠯᠪᠡᠭ ᠬᠤᠷᠢᠶᠠᠯᠲᠠ᠎ᠪᠠᠨ ᠤᠭ᠍ᠲᠤᠯ᠎ᠠ᠃ ᠨᠠᠢᠷ᠎ᠤᠨ ᠠᠬᠤᠢ ᠲᠠᠯᠠᠪᠠᠢ᠎ᠳᠤ ᠡᠯ᠎ᠡ ᠵᠦᠢᠯ᠎ᠤᠨ ᠤᠨᠴᠠᠯᠢᠬ᠍ᠳᠤ ᠲᠠᠷᠢᠶᠠᠯᠠᠩ᠎ᠤᠨ ᠪᠦᠲᠦᠭᠡᠭ᠌ᠳᠡᠬᠦᠨ᠎ᠢ ᠬᠠᠷᠠᠭ᠎ᠠ ᠳᠥᠭᠦᠷᠡᠩ ᠳᠡᠯᠭᠡᠵᠤ᠂ ᠡᠯ᠎ᠡ ᠲᠣᠰᠭᠤᠨ᠂ ᠨᠡᠢᠭᠡᠮ ᠲᠣᠭᠤᠷᠢᠭ ᠪᠣᠯᠤᠨ ᠰᠠᠢᠨ ᠳᠤᠷᠠᠴᠤᠳ᠎ᠤᠨ ᠨᠡᠢᠭᠡᠮᠯᠢᠭ᠎ᠤᠨ ᠰᠣᠩᠭᠤᠨ ᠳᠡᠪᠱᠢᠭᠦᠯᠥᠭ᠌ᠰᠡᠨ ᠳᠡᠪᠢᠭᠦᠷᠳᠥ ᠪᠥᠵᠢᠭ 《ᠳᠤᠮᠳᠠᠳᠤ ᠤᠯᠤᠰ ᠡᠯᠪᠡᠭ ᠬᠤᠷᠢᠶᠠᠯᠲᠠ ᠣᠯᠤᠯ᠎ᠠ》᠂ ᠠᠭᠤᠳᠠᠮ ᠲᠠᠯᠠᠪᠠᠶ᠎ᠶ᠋ᠢᠨ ᠪᠥᠵᠢᠭ 《ᠭᠠᠳᠠ ᠮᠠᠢᠷᠠᠨ》᠂ ᠭᠤᠴᠣᠯᠠᠯ ᠳᠠᠭᠤᠤ 《ᠲᠠᠯ᠎ᠠ ᠨᠤᠲᠤᠭ᠎ᠲᠤ ᠮᠥᠩᠬᠡ᠎ᠶ᠋ᠢᠨ ᠨᠠᠷᠠ ᠮᠠᠨᠳᠤᠯ᠎ᠠ》 ᠵᠡᠷᠭᠡ 17 ᠲᠣᠭ᠍ᠯᠠᠯᠲᠠ ᠠᠯᠠᠭ᠎ᠠ ᠲᠠᠱᠢᠯᠲᠠ᠎ᠶ᠋ᠢᠨ ᠳᠤᠮᠳᠠ ᠪᠠᠶᠠᠷ ᠪᠠᠶᠠᠰᠭᠤᠯᠠᠩ᠎ᠲᠠᠢ᠂ ᠬᠥᠷ ᠬᠥᠭ᠌ᠵᠢᠶᠠᠨᠲᠠᠢ ᠰᠠᠢᠬᠠᠨ ᠶᠠᠪᠤᠬ᠍ᠳᠠᠵᠤ᠂ ᠲᠠᠷᠢᠶᠠᠴᠢᠳ᠎ᠤᠨ ᠡᠯᠪᠡᠭ ᠬᠤᠷᠢᠶᠠᠯᠲᠠ᠎ᠪᠠᠨ ᠪᠡᠯᠭᠡᠯᠡᠵᠦ᠍᠂ ᠪᠦᠬᠦ᠌ ᠠᠷᠠᠳ᠎ᠤᠨ ᠡᠯᠪᠡᠭ ᠬᠤᠷᠢᠶᠠᠯᠳᠠ ᠤᠯᠤᠬ᠍ᠰᠠᠨ ᠪᠠᠶᠠᠷ ᠪᠠᠶᠠᠰᠤᠯ᠎ᠢ ᠭᠥᠢᠴᠡᠳ ᠢᠯᠡᠷᠡᠭᠦᠯᠥᠭ᠌ᠰᠡᠨ ᠪᠠᠢᠨ᠎ᠠ᠃
2008-2023 © ᠳᠤᠮᠳᠠᠳᠤ ᠤᠯᠤᠰ᠎ᠤᠨ ᠮᠤᠩᠭᠤᠯ ᠬᠡᠯᠡᠨ᠎ᠤ ᠰᠤᠨᠢᠨ ᠮᠡᠳᠡᠭᠡᠨ᠎ᠤ ᠰᠦᠯᠵᠢᠶ᠎ᠡ ᠦᠮᠴᠢᠯᠡᠯ᠎ᠤᠨ ᠡᠷᠬᠡ᠎ᠲᠠᠢ
ᠵᠤᠬᠢᠶᠠᠭᠴᠢ᠎ᠶᠢᠨ ᠡᠷᠬᠡ ᠬᠠᠤᠯᠢ᠎ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ᠎ᠪᠠᠷ ᠬᠠᠭᠤᠯᠪᠤᠷᠢᠯᠠᠬᠤ᠎ᠶᠢ ᠬᠠᠲᠠᠭᠤ ᠬᠤᠷᠢᠭᠯᠠᠨ᠎ᠠ
ᠬᠠᠷᠢᠯᠴᠠᠬᠤ ᠤᠲᠠᠰᠤ᠄0471-6635435
ᠢᠮᠧᠯ᠄tn@mgyxw.net 蒙ICP备10000005号