ᠠᠯᠲᠠᠨ ᠨᠠᠮᠤᠷ᠎ᠤᠨ ᠶᠢᠰᠦᠨ ᠰᠠᠷ᠎ᠠ᠎ᠳᠤ᠂ ᠡᠯᠪᠡᠭ ᠬᠤᠷᠢᠶᠠᠯᠲᠡᠶ᠋ᠢᠨ ᠡᠭᠡᠱᠢᠭ᠌ᠲᠦ ᠳᠠᠭᠤᠨ ᠭᠠᠵᠠᠷ ᠪᠤᠯᠭᠠᠨ᠎ᠳᠤ ᠴᠤᠤᠷᠢᠶᠠᠳᠤᠨ᠎ᠠ᠃ ᠪᠠᠭᠠᠷᠢᠨ ᠵᠡᠭᠦᠨ ᠬᠤᠱᠢᠭᠤᠨ᠎ᠤ ᠠᠷᠪᠠᠨ ᠭᠤᠷᠪᠠᠨ ᠣᠪᠣᠭ᠎ᠠ ᠪᠠᠯᠭᠠᠰᠤᠨ᠎ᠤ ᠪᠦᠦ ᠴᠢᠤᠸᠠᠨ ᠲᠣᠰᠭᠤᠨ᠎ᠤ ᠱᠦᠭᠦᠷ ᠡᠪᠡᠰᠦᠨ᠎ᠤ ᠲᠠᠷᠢᠶᠠᠨ᠎ᠳᠤ ᠬᠠᠳᠤᠵᠤ ᠬᠤᠷᠢᠶᠠᠬᠤ ᠮᠠᠱᠢᠨ ᠶᠠᠭ ᠨᠠᠭᠠᠰᠢ ᠴᠠᠭᠠᠰᠢ ᠰᠦᠯᠵᠢᠯᠳᠦᠭᠡᠳ ᠱᠦᠭᠦᠷ ᠡᠪᠡᠰᠦ ᠬᠠᠲᠤᠵᠤ ᠬᠦᠷᠴᠢᠭᠢᠨᠡᠨᠡ᠃ ᠣᠪ ᠤᠯᠠᠭᠠᠨ ᠱᠦᠭᠦᠷ ᠡᠪᠡᠰᠦ ᠤᠢ᠍ᠢᠷ᠎ᠠ ᠬᠠᠪᠢ᠎ᠶ᠋ᠢᠨ ᠲᠠᠷᠢᠮᠠᠯ᠎ᠤᠨ ᠤᠢ᠍ᠩᠭᠡᠠᠴᠠ ᠤᠨᠴᠠᠯᠢᠭ᠍ᠳᠠᠨ᠂ ᠬᠥᠳᠡᠭᠡ ᠲᠠᠯ᠎ᠠ᠎ᠶ᠋ᠢᠨ ᠦᠵᠡᠰᠭᠦᠯᠡᠩᠲᠦ ᠰᠠᠢᠬᠠᠨ ᠦᠵᠡᠮᠵᠢ᠎ᠶ᠋ᠢ ᠪᠦᠷᠢᠳᠦᠭᠦᠯᠵᠡᠢ᠃
ᠲᠣᠰᠭᠤᠨ᠎ᠤ ᠠᠷᠠᠳ ᠯᠢ ᠲᠢᠶᠧ ᠹᠧᠩ ᠴᠠᠭ᠎ᠢ ᠠᠮᠵᠢᠬᠤ᠎ᠶ᠋ᠢᠨ ᠲᠥᠯᠥᠭᠡ ᠲᠤᠰᠭᠠᠢᠯᠠᠨ ᠬᠡᠳᠦᠨ ᠬᠠᠳᠤᠵᠤ ᠬᠤᠷᠢᠶᠠᠬᠤ ᠠᠵᠢᠯᠴᠢᠨ ᠬᠥᠯᠥᠰᠥᠯᠡᠵᠦ᠍᠂ ᠡᠳᠦᠷᠵᠢᠨ ᠡᠷᠲᠡ ᠪᠤᠰᠴᠤ᠌ ᠤᠷᠤᠢ ᠪᠤᠴᠠᠨ ᠴᠠᠭ᠎ᠢ ᠵᠠᠪᠳᠤᠨ ᠲᠠᠷᠢᠶᠠᠨ ᠠᠵᠢᠯ᠎ᠳᠠᠭᠠᠨ ᠶᠠᠭᠠᠷᠠᠨ᠎ᠠ᠃ ᠡᠨᠡ ᠵᠢᠯ᠎ᠤᠨ ᠣᠷᠣᠯᠭ᠎ᠠ᠎ᠶ᠋ᠢᠨ ᠲᠤᠬᠠᠢ᠎ᠳᠤ ᠲᠡᠷᠡ᠄ 《ᠪᠢ 100 ᠮᠦ᠍ ᠱᠦᠭᠦᠷ ᠡᠪᠡᠰᠦ ᠲᠠᠷᠢᠭ᠍ᠰᠠᠨ᠂ ᠮᠦ᠍ ᠪᠦᠷᠢ᠎ᠠᠴᠠ 300 ᠵᠢᠩ ᠣᠷᠴᠢᠮ ᠱᠦᠭᠦᠷ ᠡᠪᠡᠰᠦ ᠬᠤᠷᠢᠶᠠᠨ᠎ᠠ᠂ ᠵᠠᠬ᠎ᠠ ᠳᠡᠯᠭᠡᠭᠦᠷ᠎ᠤᠨ ᠦᠨᠡᠨ᠎ᠢ ᠵᠢᠩᠲᠡᠭᠡᠨ 4.3 ᠲᠥᠭᠦᠷᠢᠭ᠎ᠢᠶᠠᠷ ᠪᠤᠳᠤᠬᠤ᠎ᠳᠤ᠂ ᠮᠦ᠍ ᠪᠦᠷᠢ᠎ᠠᠴᠠ 1300 ᠲᠥᠭᠦᠷᠢᠭ᠎ᠤᠨ ᠣᠷᠣᠯᠭ᠎ᠠ ᠣᠯᠤᠨ᠎ᠠ᠂ ᠡᠨᠡ ᠵᠢᠯ ᠴᠦ᠍ ᠪᠠᠶᠠᠨ ᠲᠠᠷᠭᠤᠨ ᠥᠩᠭᠡᠷᠡᠨ᠎ᠡ》 ᠭᠡᠵᠦ᠍ ᠪᠠᠶᠠᠷᠲᠠᠢ ᠶᠠᠷᠢᠨ᠎ᠠ᠃
ᠯᠢ ᠲᠢᠶᠧ ᠹᠧᠩ ᠨᠢᠭᠡᠨᠲᠡ 20 ᠭᠠᠷᠤᠶ ᠵᠢᠯ ᠱᠦᠭᠦᠷ ᠡᠪᠡᠰᠦ ᠳᠠᠷᠢᠵᠤ᠂ ᠱᠦᠭᠦᠷ ᠡᠪᠡᠰᠦᠨ᠎ᠤ ᠠᠵᠤ ᠦᠢᠯᠡᠰ᠎ᠨᠢ ᠲᠡᠭᠦᠨ᠎ᠤ ᠶᠠᠳᠠᠭᠤ᠎ᠠᠴᠠ ᠠᠩᠭᠢᠵᠢᠷᠠᠨ ᠪᠠᠶᠠᠵᠢᠬᠤ ᠬᠦᠰᠡᠯ ᠡᠷᠡᠮᠡᠯᠵᠡᠯ᠎ᠢ᠎ᠨᠢ ᠪᠡᠶᠡᠯᠡᠭᠦᠯᠪᠡ᠃ ᠪᠠᠭᠠᠷᠢᠨ ᠵᠡᠭᠦᠨ ᠬᠤᠱᠢᠭᠤ ᠪᠤᠯ 《ᠳᠤᠮᠳᠠᠳᠤ ᠤᠯᠤᠰ᠎ᠤᠨ ᠱᠦᠭᠦᠷ ᠡᠪᠡᠰᠦᠨ᠎ᠤ ᠨᠤᠲᠤᠭ》 ᠪᠤᠯᠤᠨ᠎ᠠ᠃ ᠠᠷᠪᠠᠨ ᠭᠤᠷᠪᠠᠨ ᠣᠪᠣᠭ᠎ᠠ ᠪᠠᠯᠭᠠᠰᠤ ᠱᠦᠭᠦᠷ ᠡᠪᠡᠰᠦᠨ᠎ᠤ ᠠᠵᠤ ᠦᠢᠯᠡᠰ᠎ᠤᠨ ᠲᠣᠮᠣ ᠪᠠᠯᠭᠠᠰᠤ ᠪᠣᠯᠤᠭ᠍ᠰᠠᠨ᠎ᠤ ᠬᠤᠪᠢ᠎ᠳᠤ ᠬᠦᠳᠡᠭᠡ ᠠᠵᠤ ᠠᠬᠤᠢ ᠬᠥᠳᠡᠭᠡ ᠲᠣᠰᠭᠤᠨ᠎ᠤ ᠶᠠᠮᠤᠨ᠎ᠳᠤ 《ᠨᠢᠭᠡᠳᠦᠭᠡᠷ ᠬᠤᠶᠠᠳᠤᠭᠠᠷ ᠭᠤᠷᠪᠠᠳᠤᠭᠠᠷ ᠠᠵᠤ ᠦᠢᠯᠡᠰ᠎ᠢ ᠠᠭᠤᠰᠤᠯᠴᠠᠭᠤᠯᠤᠨ ᠬᠥᠭ᠌ᠵᠢᠭᠦᠯᠬᠦ᠌ ᠲᠠᠷᠢᠶᠠᠯᠠᠩ ᠮᠠᠯ ᠠᠵᠤ ᠠᠬᠤᠢ᠎ᠶ᠋ᠢᠨ ᠠᠵᠤ ᠦᠢᠯᠡᠰᠵᠢᠯᠲᠡ᠎ᠶ᠋ᠢᠨ ᠵᠢᠱ᠌ᠢᠶ᠎ᠡ ᠦᠵᠡᠭᠦᠯᠬᠦ᠌ ᠬᠦᠴᠦᠷᠬᠡᠭ ᠪᠠᠯᠭᠠᠰᠤ》 ᠬᠡᠮᠡᠨ ᠦᠨᠡᠯᠡᠭ᠌ᠳᠡᠵᠦ᠍᠂ 1000 ᠲᠦᠮᠡᠨ ᠲᠥᠭᠦᠷᠢᠭ᠎ᠤᠨ ᠲᠥᠷᠥᠯ ᠵᠦᠢᠯ᠎ᠤᠨ ᠲᠡᠳᠬᠦᠮᠵᠢ᠎ᠶ᠋ᠢᠨ ᠪᠡᠯᠡ ᠮᠥᠩᠭᠦ᠌ ᠣᠯᠪᠠ᠃ ᠡᠨᠡ ᠵᠢᠯ᠂ ᠠᠷᠪᠠᠨ ᠭᠤᠷᠪᠠᠨ ᠣᠪᠣᠭ᠎ᠠ ᠪᠠᠯᠭᠠᠰᠤ 9.5 ᠲᠦᠮᠡᠨ ᠮᠦ᠍ ᠱᠦᠭᠦᠷ ᠡᠪᠡᠰᠦ ᠲᠠᠷᠢᠵᠤ᠂ ᠣᠳᠣ ᠪᠣᠯᠲᠠᠯ᠎ᠠ ᠪᠦᠬᠦ᠌ ᠪᠠᠯᠭᠠᠰᠤ᠎ᠪᠠᠷ ᠢᠶᠠᠨ 800 ᠲᠦᠮᠡᠨ ᠬᠤᠪᠢ ᠱᠦᠭᠦᠷ᠎ᠤᠨ ᠪᠦᠲᠦᠭᠡᠭ᠌ᠳᠡᠭᠦᠨ ᠦᠢᠯᠡᠳᠪᠦᠷᠢᠯᠡᠵᠦ᠍᠂ 6000 ᠭᠠᠷᠤᠶ ᠬᠥᠮᠦᠨ ᠱᠦᠭᠦᠷ ᠡᠪᠡᠰᠦ ᠲᠠᠷᠢᠬᠤ ᠪᠣᠯᠪᠠᠰᠤᠷᠠᠭᠤᠯᠬᠤ ᠪᠣᠷᠣᠯᠠᠭᠤᠯᠬᠤ ᠠᠵᠢᠯ ᠬᠢᠵᠦ᠍᠂ 1065 ᠬᠥᠮᠦᠨ᠎ᠢ ᠳᠠᠢᠴᠢᠯᠠᠨ ᠶᠠᠳᠠᠭᠤ᠎ᠠᠴᠠ ᠠᠩᠭᠢᠵᠢᠷᠠᠭᠤᠯᠵᠤ᠂ ᠲᠦᠯᠦᠪᠯᠡᠬᠦ᠌᠎ᠪᠠᠷ ᠵᠢᠯ᠎ᠤᠨ ᠡᠴᠦᠰ᠎ᠲᠤ 7.5 ᠳ᠋ᠦᠩᠱᠢᠭᠤᠷ ᠲᠥᠭᠦᠷᠢᠭ᠎ᠤᠨ ᠠᠱᠢᠭ ᠣᠷᠣᠯᠭ᠎ᠠ ᠣᠯᠬᠤ ᠪᠤᠯᠤᠨ᠎ᠠ᠃
ᠪᠦᠬᠦ᠌ ᠪᠠᠯᠭᠠᠰᠤᠨ᠎ᠳᠤ ᠱᠦᠭᠦᠷ ᠪᠣᠯᠪᠠᠰᠤᠷᠠᠭᠤᠯᠬᠤ ᠠᠵᠤ ᠠᠬᠤᠢᠯᠠᠯ 44 ᠡᠷᠦᠬᠡ᠂ ᠬᠤᠸᠠ ᠯᠠᠨ ᠱᠢᠨᠵᠢᠯᠡᠬᠦ᠌ ᠤᠬᠠᠭᠠᠨ ᠲᠧᠭ᠌ᠨᠢᠭ ᠮᠡᠷᠭᠡᠵᠢᠯ᠎ᠤᠨ ᠱᠦᠭᠦᠷ ᠡᠰᠢ ᠰᠦᠷᠡᠯ᠎ᠢ ᠬᠤᠪᠢᠷᠠᠭᠤᠯᠤᠨ ᠪᠣᠯᠪᠠᠰᠤᠷᠠᠭᠤᠯᠬᠤ ᠦᠢᠯᠡᠳᠪᠦᠷᠢ ᠪᠠ ᠯᠢᠶᠣᠤ ᡁᠢ ᠶᠦᠨ ᠱᠦᠭᠦᠷ᠎ᠤᠨ ᠪᠦᠲᠦᠭᠡᠭ᠌ᠳᠡᠬᠦᠨ᠎ᠤ ᠱᠢᠭᠤᠳ ᠡᠵᠡᠩᠨᠡᠬᠦ᠌ ᠳᠡᠯᠭᠡᠭᠦᠷ᠎ᠢ ᠪᠠᠢᠭᠤᠯᠵᠤ᠂ ᠱᠦᠭᠦᠷ ᠡᠪᠡᠰᠦᠨ᠎ᠤ ᠠᠵᠤ ᠦᠢᠯᠡᠰ᠎ᠤᠨ ᠨᠠᠮ᠎ᠤᠨ ᠪᠠᠢᠭᠤᠯᠤᠯᠲᠠ᠎ᠶ᠋ᠢᠨ ᠬᠤᠯᠪᠣᠭᠠᠲᠤ ᠴᠣᠭ᠍ᠴᠠ ᠪᠠ ᠱᠦᠭᠦᠷ ᠳᠡᠯᠭᠡᠨ ᠦᠵᠡᠭᠦᠯᠬᠦ᠌ ᠣᠷᠳᠣᠨ᠎ᠢ ᠲᠤᠰ ᠲᠤᠰ 1 ᠪᠠᠢᠭᠤᠯᠤᠨ᠂ ᠱᠦᠭᠦᠷ ᠡᠪᠡᠰᠦᠨ᠎ᠤ ᠠᠵᠤ ᠦᠢᠯᠡᠰ᠎ᠤᠨ ᠪᠦᠬᠦ᠌ ᠠᠵᠤ ᠦᠢᠯᠡᠰ᠎ᠤᠨ ᠬᠡᠯᠬᠢᠶᠡᠵᠢᠯ᠎ᠤᠨ ᠬᠥᠭ᠌ᠵᠢᠯᠲᠡ ᠶ᠋ᠢ ᠦᠨᠳᠦᠰᠦᠨᠲᠡᠭᠡᠨ ᠪᠡᠶᠡᠯᠡᠭᠦᠯᠪᠡ᠃ ᠬᠤᠢᠱᠢᠲᠡ ᠠᠷᠪᠠᠨ ᠭᠤᠷᠪᠠᠨ ᠣᠪᠣᠭ᠎ᠠ ᠪᠠᠯᠭᠠᠰᠤ ᠱᠦᠭᠦᠷ ᠡᠪᠡᠰᠦ ᠭᠡᠬᠦ᠌ ᠡᠨᠡ ᠬᠦ᠌ ᠠᠷᠠᠳ᠎ᠢ ᠪᠠᠶᠠᠵᠢᠭᠤᠯᠬᠤ ᠠᠵᠤ ᠦᠢᠯᠡᠰ᠎ᠢᠶᠠᠷ ᠪᠦᠬᠦ᠌ ᠬᠤᠱᠢᠭᠤᠨ᠎ᠤ ᠱᠦᠭᠦᠷ ᠡᠪᠡᠰᠦᠨ᠎ᠤ ᠠᠵᠤ ᠦᠢᠯᠡᠰ᠎ᠤᠨ ᠶᠡᠷᠦᠩᠬᠡᠢᠯᠡᠭ᠌ᠰᠡᠨ ᠴᠣᠭ᠍ᠴᠠ᠎ᠶ᠋ᠢ ᠠᠯᠬᠤᠮ ᠠᠯᠬᠤᠮ᠎ᠢᠶᠠᠷ ᠪᠤᠢ ᠪᠤᠯᠭᠠᠨ᠂ ᠪᠠᠭᠠᠷᠢᠨ ᠵᠡᠭᠦᠨ ᠬᠤᠱᠢᠭᠤᠨ᠎ᠤ 《ᠳᠤᠮᠳᠠᠳᠤ ᠤᠯᠤᠰ᠎ᠤᠨ ᠱᠦᠭᠦᠷ ᠡᠪᠡᠰᠤᠨ᠎ᠤ ᠨᠤᠲᠤᠭ》 ᠠᠴᠠ 《ᠳᠤᠮᠳᠠᠳᠤ ᠤᠯᠤᠰ᠎ᠤᠨ ᠱᠦᠭᠦᠷ᠎ᠤᠨ ᠨᠤᠲᠤᠭ》 ᠪᠣᠯᠭᠠᠨ ᠬᠤᠪᠢᠷᠠᠭᠤᠯᠬᠤ᠎ᠳᠤ ᠬᠦᠴᠦᠨ ᠨᠡᠮᠡᠷᠢᠯᠡᠵᠤ ᠶᠠᠪᠤᠨ᠎ᠡ᠃