ᠤᠯᠠᠭᠠᠨ ᠭᠤᠨᠵᠢ 3 ᠲᠥᠮᠡᠨ ᠲᠥᠬᠦᠷᠢᠭ᠎ᠤᠨ ᠤᠷᠤᠯᠭ᠎ᠠ ᠡᠬᠦᠳᠤᠯ᠎ᠠ
2020-10-05 09:36:15
ᠵᠣᠬᠢᠶᠠᠭ᠍ᠴᠢ᠄
v
ᠣᠩᠱᠢᠭ᠍ᠰᠠᠨ ᠣᠳᠠᠭ᠎ᠠ᠄
★★★☆☆

 9 ᠰᠠᠷ᠎ᠠ᠎ᠶ᠋ᠢᠨ 20 ᠎ᠤ ᠡᠳᠤᠷ᠂ ᠲᠡᠯᠬᠡᠷᠡᠬᠦ᠌ ᠲᠤᠯᠤᠭᠠᠨ ᠰᠠᠷ᠎ᠠ᠎ᠳᠤ ᠠᠭᠤᠯᠵᠠᠵᠥ᠍ ᠰᠤᠷᠪᠤᠯᠵᠢᠯᠠᠨ ᠲᠠᠨᠢᠯᠴᠠᠬ᠍ᠰᠠᠨ ᠪᠠᠢ ᠮᠥᠷᠡᠨ᠎ᠤ ᠨᠠᠢᠵᠠ᠎ᠶ᠋ᠢᠨ ᠲᠤᠭᠤᠷᠢᠬ᠎ᠲᠠᠭᠠᠨ ᠲᠡᠬᠦᠨ᠎ᠤ ᠪᠤᠷᠳᠤᠨ ᠲᠡᠵᠢᠭᠡᠵᠥ᠍ ᠪᠠᠢᠭ᠎ᠠ ᠭᠤᠨᠵᠢᠨ ᠥᠨᠢᠶ᠎ᠠ᠎ᠨᠢ ᠲᠥᠡᠭ᠌ᠯᠢᠶᠤᠤ ᠬᠤᠳᠠ᠎ᠶ᠋ᠢᠨ 2020 ᠤᠨ᠎ᠤ ᠥᠭᠡᠷ᠎ᠤᠨ ᠠᠳᠠᠯᠢᠳᠭᠠᠯ ᠱᠢᠯᠭᠠᠷᠠᠭᠤᠯᠤᠯᠳᠠ᠎ᠶ᠋ᠢᠨ ᠴᠤᠬ᠍ᠯᠠᠭᠠᠨ᠎ᠤ ᠰᠠᠭᠤᠷᠢ ᠡᠭᠡ ᠮᠠᠯ᠎ᠤᠨ ᠲᠤᠭᠤᠢ᠍ᠢᠯᠠᠩ᠎ᠤᠨ ᠤᠷᠤᠯᠳᠤᠭᠠᠨ᠎ᠳᠤ ᠲᠡᠷᠢᠬᠦᠯᠡᠵᠥ᠍᠂ ᠬᠤᠶᠠᠷ ᠲᠥᠮᠡᠨ ᠲᠥᠬᠦᠷᠢᠭ᠎ᠤᠨ ᠱᠠᠩᠨᠠᠯ ᠲᠤᠰᠤᠬ᠍ᠰᠠᠨ ᠪᠠᠶᠠᠷᠳᠤ ᠶᠠᠪᠤᠳᠠᠯ᠎ᠢᠶᠠᠨ ᠤᠯᠠᠨ᠎ᠳᠤ ᠲᠡᠯᠭᠡᠨ ᠥᠵᠡᠬᠦᠯᠵᠥ᠍᠂ ᠪᠠᠶᠠᠨ ᠨᠠᠮᠤᠷ᠎ᠤᠨ ᠪᠠᠶᠠᠷ ᠪᠠᠭ᠍ᠠᠳᠤᠯ᠎ᠢᠶᠠᠨ ᠨᠠᠢᠵᠠ ᠨᠠᠷ᠎ᠲᠠᠢ᠎ᠪᠠᠨ ᠬᠤᠪᠢᠶᠠᠯᠴᠠᠬ᠍ᠰᠠᠨ᠎ᠢ ᠤᠯᠵᠥ᠍ ᠬᠠᠷᠠᠯ᠎ᠠ᠃ ᠡᠨᠡ ᠬᠦ᠌ ᠬᠠᠯᠠᠭᠤᠨ ᠰᠤᠷᠠᠬ᠎ᠢᠶᠠᠷ ᠲᠡᠬᠦᠨ᠎ᠢ ᠤᠳᠠᠰᠤ᠎ᠪᠠᠷ ᠰᠤᠷᠪᠤᠯᠵᠢᠯᠠᠭ᠍ᠰᠠᠨ ᠶᠤᠮ᠃

ᠪᠠᠢ ᠮᠥᠷᠡᠨ ᠪᠤᠯ ᠲᠥᠡᠭ᠌ᠯᠢᠶᠤᠤ ᠬᠤᠳᠠ᠎ᠶ᠋ᠢᠨ ᠬᠤᠷᠴᠢᠨ ᠵᠡᠬᠦᠨ ᠭᠠᠷᠤᠨ ᠬᠤᠢᠳᠤ ᠬᠤᠱᠢᠭᠤᠨ᠎ᠤ ᠪᠠᠭᠠᠳᠠᠯ᠎ᠠ ᠰᠤᠮᠤᠨ᠎ᠤ ᠶᠡᠬᠡᠪᠤᠯᠠᠬ ᠭᠠᠴᠠᠭ᠎ᠠ᠎ᠶ᠋ᠢᠨ ᠵᠠᠯᠠᠭᠤ ᠮᠠᠯᠴᠢᠨ ᠪᠤᠯᠤᠨ᠎ᠠ᠃ ᠲᠡᠷᠡ ᠤᠳᠠᠰᠤ᠎ᠶ᠋ᠢᠨ ᠴᠠᠭᠠᠨ᠎ᠠ᠄ 《ᠮᠠᠨ᠎ᠤ ᠤᠯᠠᠭᠠᠨ ᠭᠤᠨᠵᠢ ᠨᠢᠳᠤᠨᠤᠨ ᠲᠥᠡᠭ᠌ᠯᠢᠶᠤᠤ ᠬᠤᠳᠠ᠎ᠶ᠋ᠢᠨ 2019 ᠎ᠤᠨ᠎ᠤ ᠥᠭᠡᠷ᠎ᠤᠨ ᠠᠳᠠᠯᠢᠳᠭᠠᠯ ᠱᠢᠯᠭᠠᠷᠠᠭᠤᠯᠤᠯᠳᠠ᠎ᠶ᠋ᠢᠨ ᠴᠤᠬ᠍ᠯᠠᠭᠠᠨ᠎ᠤ ᠪᠢᠷᠠᠭᠤ᠎ᠶ᠋ᠢᠨ ᠲᠠᠰ᠎ᠤᠨ ᠲᠤᠭᠤᠢ᠍ᠢᠯᠠᠩ᠎ᠳᠤ ᠨᠢᠬᠡᠳᠤᠭᠡᠷ ᠲᠡᠰ᠎ᠤᠨ ᠱᠠᠩᠨᠠᠯ ᠲᠤᠰᠴᠤ᠌᠂ ᠪᠢᠳᠠᠨ᠎ᠳᠤ 1 ᠲᠥᠮᠡᠨ ᠲᠥᠬᠦᠷᠢᠭ᠎ᠤᠨ ᠤᠷᠤᠯᠭ᠎ᠠ ᠤᠯᠭᠤᠬ᠍ᠰᠠᠨ ᠶᠤᠮ᠃ ᠡᠨᠡ ᠵᠢᠯ ᠭᠤᠷᠪᠠᠨ ᠨᠠᠰᠤᠳᠠᠢ ᠪᠤᠯᠵᠥ᠍᠂ ᠱᠢᠯᠭᠠᠷᠠᠭᠤᠯᠤᠯᠳᠠ᠎ᠳᠤ ᠤᠷᠤᠯᠴᠠᠭᠠᠳ ᠭᠤᠨᠵᠢ᠎ᠶ᠋ᠢᠨ ᠲᠡᠰ᠎ᠤᠨ ᠲᠤᠭᠤᠢ᠍ᠢᠯᠠᠩ᠎ᠳᠤ ᠨᠢᠬᠡᠳᠤᠭᠡᠷ ᠲᠡᠰ᠎ᠤᠨ ᠱᠠᠩᠨᠠᠯ ᠲᠤᠰᠴᠤ᠌ 2 ᠲᠥᠮᠡᠨ ᠲᠥᠬᠦᠷᠢᠭ᠎ᠤᠨ ᠱᠠᠩᠨᠠᠯ᠎ᠤᠨ ᠮᠥᠡᠭ᠌ᠭᠦ ᠲᠤᠰᠴᠤ᠌᠂ ᠬᠤᠶᠠᠷᠬᠠᠨ ᠵᠢᠯ᠎ᠳᠤ 3 ᠲᠥᠮᠡᠨ ᠲᠥᠬᠦᠷᠢᠭ᠎ᠤᠨ  ᠤᠷᠤᠯᠭ᠎ᠠ ᠡᠬᠦᠳᠴᠤ᠌ ᠥᠭ᠌ᠬᠦᠭ᠌ᠰᠡᠨ ᠶᠤᠮ》 ᠬᠡᠵᠤ ᠬᠥᠭ᠌ᠰᠡᠨ ᠶᠡᠷᠢᠨ᠎ᠠ᠃

ᠪᠢᠳᠠ ᠮᠠᠯᠴᠢᠨ ᠪᠠᠢ ᠮᠥᠷᠡᠨ᠎ᠲᠠᠢ ᠡᠨᠡ ᠵᠢᠯ᠎ᠤᠨ 7 ᠰᠠᠷ᠎ᠠ᠎ᠶ᠋ᠢᠨ ᠥᠶᠡᠰ ᠬᠥᠳᠡᠭᠡ ᠪᠠᠭᠤᠵᠥ᠍ ᠰᠤᠷᠪᠤᠯᠵᠢᠯᠠᠭ᠎ᠠ ᠠᠪᠬᠤ᠎ᠳᠠᠭᠠᠨ ᠲᠠᠨᠢᠯᠴᠠᠬ᠍ᠰᠠᠨ ᠶᠤᠮ᠃ ᠲᠤᠬᠠᠢ᠎ᠶ᠋ᠢᠨ ᠥᠶᠡᠰ ᠲᠡᠬᠦᠨ᠎ᠤ ᠭᠡᠷ᠎ᠲᠤᠨᠢ ᠬᠥᠷᠬᠦ᠌᠎ᠳᠤ ᠠᠳᠠᠯᠢ ᠵᠢᠰᠤᠮ᠎ᠤᠨ 30 ᠭᠠᠷᠤᠢ ᠤᠯᠠᠭᠠᠨ ᠥᠭᠡᠷ ᠤᠡᠭ᠌ᠭᠤᠴᠠ ᠲᠤᠭᠤᠷᠢᠨ ᠪᠤᠷᠳᠤᠭ᠎ᠠ ᠢᠳᠠᠵᠥ᠍ ᠪᠠᠢᠬ᠍ᠰᠠᠨ ᠶᠤᠮ᠃ ᠮᠠᠯ᠎ᠢᠶᠠᠨ ᠬᠠᠱᠢᠶᠠᠯᠡᠨ ᠲᠡᠵᠢᠭᠡᠵᠥ᠍ ᠪᠤᠷᠳᠤᠨ ᠲᠠᠷᠠᠭᠤᠯᠠᠭᠤᠯᠬᠤ ᠤᠷ᠎ᠠ ᠤᠬᠠᠭᠠᠨ᠎ᠢᠶᠠᠨ ᠨᠢᠭᠤᠯ ᠥᠬᠡᠢ ᠶᠠᠷᠢᠵᠥ᠍ ᠪᠠᠢᠬ᠍ᠰᠠᠨ ᠪᠡᠢ ᠮᠥᠷᠡᠨ᠎ᠤ ᠬᠡᠷᠬᠡᠢ ᠲᠡᠬᠦᠥᠳᠠᠭᠤᠯᠠ ᠪᠠᠢᠱᠢᠩ ᠲᠠᠭᠠᠬ᠍ᠰᠠᠨ ᠭᠡᠷᠡᠮ᠎ᠢ ᠨᠠᠭᠠᠯᠳᠤᠨ ᠵᠤᠬ᠍ᠰᠤᠭ᠎ᠠ ᠤᠯᠠᠭᠠᠨ ᠭᠤᠨᠵᠢ  ᠎ᠶ᠋ᠢ ᠵᠢᠭᠠᠨ᠄ 《ᠡᠨᠡ ᠭᠤᠨᠵᠢ ᠲᠥᠮᠡᠨ ᠲᠥᠬᠦᠷᠢᠭ᠎ᠤᠨ ᠱᠠᠩᠨᠠᠯ ᠬᠥᠷᠳᠡᠭ᠌ᠰᠡᠨ ᠶᠤᠮ᠃ ᠮᠠᠨ᠎ᠤ ᠬᠥᠮᠥᠨ ᠮᠠᠯ᠎ᠳᠤ ᠤᠨᠴᠠᠭᠠᠢ ᠬᠠᠢᠷᠠᠳᠠᠢ ᠪᠠᠭ᠍ᠠᠳᠠᠢ ᠪᠤᠯᠬᠤᠷ ᠡᠨᠡ ᠭᠤᠨᠵᠢ  ᠎ᠶ᠋ᠢ ᠲᠤᠭᠤᠯ ᠪᠠᠢᠬᠤ᠎ᠳᠤᠨᠢ ᠵᠡᠬᠦᠨ ᠭᠡᠷ᠎ᠤᠨ ᠮᠠᠯᠴᠢᠨ ᠮᠢᠩ ᠯᠥᠡᠭ᠎ᠠᠴᠠ 9800 ᠲᠥᠬᠦᠷᠢᠭ᠎ᠢᠶᠠᠷ ᠬᠤᠳᠠᠯᠳᠤᠵᠥ᠍ ᠠᠪᠤᠬ᠍ᠰᠠᠨ ᠶᠤᠮ》 ᠭᠡᠵᠤ ᠴᠢᠷᠠᠢ᠎ᠳᠠᠭᠠᠨ ᠢᠨᠢᠶᠡᠮᠰᠥᠭ᠌ᠯᠡᠯ ᠲᠤᠳᠤᠷᠠᠭᠤᠯᠤᠨ ᠲᠠᠨᠢᠯᠴᠠᠭᠤᠯᠵᠥ᠍ ᠪᠠᠢᠯ᠎ᠠ᠃ 《ᠥᠰᠭᠦ ᠮᠠᠯ᠎ᠤᠨ ᠵᠢᠰᠦ᠎ᠨᠢ ᠨᠢᠬᠡ᠂ ᠥᠬᠡᠳᠡᠯᠡᠬᠦ᠌ ᠠᠢᠯ᠎ᠤᠨ ᠥᠭᠡ᠎ᠨᠢ ᠨᠢᠬᠡ》 ᠭᠡᠳᠡᠭ᠌ᠴᠢᠯᠡᠨ ᠮᠠᠯᠴᠢᠨ ᠪᠠᠢ ᠮᠥᠷᠡᠨ᠎ᠤ᠎ᠬᠢᠨ ᠮᠠᠯ ᠬᠠᠷ᠎ᠠ᠎ᠪᠠᠨ ᠲᠤᠳᠤᠮᠳᠠᠬᠤ᠎ᠶ᠋ᠢᠨ ᠬᠠᠮᠳᠤ ᠲᠠᠷᠢᠶᠠᠨ ᠠᠵᠢᠯ᠎ᠢᠶᠠᠨ ᠴᠤ᠌ ᠬᠤᠴᠤᠷᠤᠭᠤᠯᠤᠯ ᠥᠬᠡᠢ᠎ᠪᠠᠷ ᠲᠤᠳᠤᠮᠳᠠᠵᠤ ᠭᠠᠨᠵᠤᠭ᠎ᠠ ᠲᠥᠬᠦᠷᠡᠩ ᠭᠠᠪᠱᠢᠭᠠᠢᠯᠠᠨ ᠴᠢᠨᠠᠭᠡᠯᠢᠭ ᠠᠮᠢᠳᠤᠷᠠᠯ᠎ᠢ ᠴᠤᠬ᠍ᠴᠠᠯᠠᠬᠤ ᠬᠥᠴᠥ᠍ ᠬᠥᠯᠥᠰᠥ᠎ᠶ᠋ᠢᠨ ᠬᠠᠷᠢᠭᠤ᠎ᠳᠠᠭᠠᠨ ᠵᠢᠯ᠎ᠳᠤ ᠨᠠᠭᠠᠳᠤ ᠵᠠᠬ᠎ᠠ᠎ᠳᠠᠭᠠᠨ 20 ᠲᠥᠮᠡᠨ ᠲᠥᠬᠦᠷᠢᠭ᠎ᠤᠨ ᠴᠡᠪᠡᠷ ᠤᠷᠤᠯᠭ᠎ᠠ ᠤᠯᠵᠤ ᠲᠠᠷᠭᠤᠨ ᠲᠠᠪᠠᠳᠠᠢ ᠠᠵᠤ ᠲᠦᠷᠦᠵᠤ ᠪᠠᠢᠨ᠎ᠠ᠃

 

 

ᠣᠷᠴᠢᠭᠤᠯᠤᠭ᠍ᠴᠢ᠄
ᠨᠠᠢᠷᠠᠭᠤᠯᠤᠭ᠍ᠴᠢ᠄ ᠪᠣᠣ ᠮᠧᠢ ᠷᠥᠩ
ᠲᠤᠮᠳᠠᠳᠤ ᠤᠯᠤᠰ᠎ᠤᠨ ᠮᠤᠩᠭᠤᠯ ᠬᠡᠯᠡᠡ᠎ᠤ ᠰᠤᠨᠢᠠ ᠮᠠᠳᠡᠭᠡ᠎ᠶ᠋ᠢᠨ ᠰᠦᠯᠵᠢᠶ᠎ᠠ
ᠢᠷᠡᠯᠲᠡ᠄
ᠬᠤᠪᠢᠶᠠᠯᠴᠠᠬᠤ᠄

2008-2023 © ᠳᠤᠮᠳᠠᠳᠤ ᠤᠯᠤᠰ᠎ᠤᠨ ᠮᠤᠩᠭᠤᠯ ᠬᠡᠯᠡᠨ᠎ᠤ ᠰᠤᠨᠢᠨ ᠮᠡᠳᠡᠭᠡᠨ᠎ᠤ ᠰᠦᠯᠵᠢᠶ᠎ᠡ ᠦᠮᠴᠢᠯᠡᠯ᠎ᠤᠨ ᠡᠷᠬᠡ᠎ᠲᠠᠢ

ᠵᠤᠬᠢᠶᠠᠭᠴᠢ᠎ᠶᠢᠨ ᠡᠷᠬᠡ ᠬᠠᠤᠯᠢ᠎ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ᠎ᠪᠠᠷ ᠬᠠᠭᠤᠯᠪᠤᠷᠢᠯᠠᠬᠤ᠎ᠶᠢ ᠬᠠᠲᠠᠭᠤ ᠬᠤᠷᠢᠭᠯᠠᠨ᠎ᠠ

ᠬᠠᠷᠢᠯᠴᠠᠬᠤ ᠤᠲᠠᠰᠤ᠄0471-6635435

ᠢᠮᠧᠯ᠄tn@mgyxw.net   蒙ICP备10000005号