ᠪᠢᠯᠢᠭ᠎ᠤᠨ ᠤᠯᠠᠷᠢᠯ᠎ᠤᠨ ᠨᠠᠢ᠍ᠮᠠᠨ ᠰᠠᠷ᠎ᠠ᠎ᠳᠤ᠂ ᠰᠦᠩᠱᠠᠨ᠎ᠤ ᠡᠬᠡ ᠭᠠᠵᠠᠷ᠎ᠲᠤ ᠠᠯᠳᠠᠨ ᠱᠢᠷᠭᠠᠯ ᠨᠠᠷᠢᠮᠤ᠎ᠶ᠋ᠢᠨ ᠲᠦᠷᠦᠭᠦᠦ᠂ ᠡᠰᠢ ᠦᠨᠳᠦᠷ ᠡᠷᠳᠡᠨᠢ ᠱᠢᠰᠢ᠂ ᠲᠦᠬᠦᠷᠢᠭ ᠤᠯᠠᠭᠠᠨ ᠲᠥᠪᠡᠳ ᠬᠠᠰᠢ᠂ ᠱᠢᠬᠢᠷᠯᠢᠭ ᠠᠮᠲᠠᠯᠢᠭ ᠠᠯᠮᠤᠷᠠᠳ ᠁ ᠲᠠᠩᠰᠤᠭ ᠨᠠᠮᠤᠷ᠎ᠤᠨ ᠲᠡᠬᠦᠰ ᠦᠵᠡᠮᠵᠢ ᠳᠡᠯᠭᠡᠭ᠌ᠳᠡᠵᠤ᠂ ᠡᠯᠪᠡᠭ ᠬᠤᠷᠢᠶᠠᠯᠳᠠ᠎ᠶ᠋ᠢᠨ ᠠᠭᠤᠷ ᠠᠮᠢᠰᠭᠤᠯ᠎ᠢᠶᠠᠷ ᠪᠢᠯᠬᠠᠨ᠎ᠠ᠃
ᠰᠦᠩᠱᠠᠨ ᠲᠣᠭᠤᠷᠢᠭ᠎ᠤᠨ ᠮᠦ᠍ ᠵᠢᠶᠠ ᠶᠢᠩᠽᠢ ᠪᠠᠯᠭᠠᠰᠤᠨ᠎ᠤ ᠭᠤᠸᠠᠨ ᠼᠠᠩ ᠭᠸᠤ ᠲᠣᠰᠭᠤᠨ᠎ᠤ ᠮᠢᠩᠭᠠᠨ ᠮᠦ᠍ ᠨᠠᠷᠢᠮᠤ᠎ᠶ᠋ᠢᠨ ᠲᠠᠷᠢᠮᠠᠯ᠎ᠤᠨ ᠰᠠᠭᠤᠷᠢᠨ᠎ᠳᠤ᠂ ᠡᠯᠪᠡᠭ ᠬᠤᠷᠢᠶᠠᠯᠲᠠ᠎ᠪᠠᠨ ᠪᠡᠯᠬᠡᠯᠡᠬᠦ᠌ ᠠᠵᠢᠯᠯᠠᠭ᠎ᠠ ᠶᠠᠪᠤᠭ᠍ᠳᠠᠵᠤ᠂ ᠲᠣᠰᠭᠤᠨ᠎ᠤ ᠠᠷᠠᠳ ᠲᠠᠭᠤᠤ ᠠᠶᠠᠯᠤᠭᠤᠯᠤᠨ ᠪᠦᠵᠢᠭ ᠪᠦᠵᠢᠭ᠌ᠯᠡᠵᠤ᠂ ᠡᠯᠪᠡᠭ ᠬᠤᠷᠢᠶᠠᠯᠲᠠ᠎ᠶ᠋ᠢᠨ ᠪᠠᠶᠠᠷ ᠪᠠᠭ᠍ᠠᠳᠤᠯ᠎ᠢᠶᠠᠨ ᠬᠤᠪᠢᠶᠠᠯᠴᠠᠨ᠎ᠠ᠃ ᠬᠠᠷ᠎ᠠ ᠲᠣᠬᠤᠢ ᠪᠠᠯᠭᠠᠰᠤᠨ᠎ᠤ ᠪᠠᠢ ᠹᠧᠨ ᡁᠢ ᠯᠢᠦ ᠱᠢᠨᠵᠢᠯᠡᠬᠦ᠌ ᠤᠬᠠᠭᠠᠨ ᠮᠡᠷᠭᠡᠵᠢᠯ᠎ᠤᠨ ᠬᠢᠵᠠᠭᠠᠷᠲᠤ ᠺᠣᠮᠫᠠᠨᠢ᠎ᠶ᠋ᠢᠨ ᠱᠢᠭᠤᠳ ᠨᠡᠪᠲᠡᠷᠡᠭᠦᠯᠭᠡ᠎ᠶ᠋ᠢᠨ ᠳᠠᠰᠤᠭᠲᠤ᠌᠂ ᠨᠠᠷᠢᠯᠢᠭ ᠭᠤᠴᠤ᠌ ᠠᠮᠳᠠᠳᠤ ᠨᠠᠷᠢᠮᠤ᠂ ᠣᠷᠭᠠᠨᠢᠭ ᠬᠠᠷ᠎ᠠ ᠪᠤᠷᠴᠠᠭ ᠵᠡᠷᠭᠡ ᠪᠣᠬᠢᠷᠲᠤᠯ ᠥᠬᠡᠶ ᠲᠠᠷᠢᠶᠠᠯᠠᠩ᠎ᠤᠨ ᠪᠦᠲᠦᠭᠡᠭ᠌ᠳᠡᠬᠦᠨ 《ᠰᠦᠯᠵᠢᠶᠡᠨ᠎ᠳᠤ ᠠᠯᠳᠠᠷᠱᠢᠭ᠍ᠰᠠᠨ》 ᠪᠠ ᠲᠠᠷᠢᠮᠠᠯ᠎ᠤᠨ ᠡᠷᠦᠬᠡ᠎ᠶ᠋ᠢᠨ ᠲᠠᠨᠢᠯᠴᠠᠭᠤᠯᠭ᠎ᠠ᠎ᠪᠠᠷ᠂ ᠨᠠᠷᠠ ᠠᠯᠳᠠᠷᠱᠢᠯ᠎ᠢᠶᠠᠨ ᠮᠠᠨᠳᠤᠭᠤᠯᠤᠨ ᠪᠦᠬᠦ᠌ ᠤᠯᠤᠰ᠎ᠤᠨ ᠬᠡᠷᠡᠭ᠌ᠯᠡᠭ᠌ᠴᠢᠳ᠎ᠤᠨ ᠬᠠᠷᠠᠭ᠎ᠠ ᠰᠠᠷᠠᠯ᠎ᠢ ᠮᠢᠯᠢᠶᠠᠨ᠎ᠠ᠃

ᠰᠦᠩᠱᠠᠨ ᠲᠣᠭᠤᠷᠢᠭ ᠴᠢᠬᠤᠯᠠ ᠠᠮᠤ ᠪᠤᠳᠠᠭᠠᠨ᠎ᠤ ᠭᠠᠷᠤᠯᠲᠠ᠎ᠶ᠋ᠢᠨ ᠣᠷᠣᠨ ᠪᠣᠯᠤᠭ᠍ᠰᠠᠨ᠎ᠤ ᠬᠤᠪᠢ᠎ᠳᠤ᠂ ᠡᠨᠡ ᠵᠢᠯ ᠠᠮᠤ ᠪᠤᠳᠠᠭᠠᠨ᠎ᠤ ᠦᠶᠯᠡᠳᠪᠦᠷᠢᠯᠡᠯ᠎ᠢ ᠦᠷᠭᠦᠯᠵᠢᠯᠡᠨ ᠠᠳᠭᠤᠭ᠍ᠰᠠᠨ᠎ᠢᠶᠠᠷ ᠠᠮᠤ ᠪᠤᠳᠠᠭᠠᠨ᠎ᠤ ᠲᠠᠷᠢᠮᠠᠯ᠎ᠤᠨ ᠲᠠᠯᠠᠪᠠᠶ 12.97 ᠲᠦᠮᠡᠨ ᠾᠧᠺᠲ᠋ᠠᠷ᠎ᠲᠤ ᠬᠦᠷᠴᠡᠶ᠃ ᠡᠭᠦᠨ᠎ᠳᠤ ᠡᠷᠳᠡᠨᠢ ᠱᠢᠰᠢ 5.47 ᠲᠦᠮᠡᠨ ᠾᠧᠺᠲ᠋ᠠᠷ᠂ ᠨᠠᠷᠢᠮᠤ 3.75 ᠲᠦᠮᠡᠨ ᠾᠧᠺᠲ᠋ᠠᠷ᠂ ᠡᠯᠳᠡᠪ ᠪᠤᠷᠴᠠᠭ 2.28 ᠲᠦᠮᠡᠨ ᠾᠧᠺᠲ᠋ᠠᠷ᠂ ᠲᠥᠮᠥᠰᠥ᠍ 0.25 ᠲᠦᠮᠡᠨ ᠾᠧᠺᠲ᠋ᠠᠷ ᠬᠦᠷᠴᠦ᠍᠂ ᠤᠳᠤ ᠲᠡᠭᠦᠵᠦ᠍ ᠬᠤᠷᠢᠶᠠᠬᠤ ᠱᠠᠲᠤᠨ᠎ᠳᠠᠭᠠᠨ ᠣᠷᠣᠭ᠍ᠰᠠᠨ ᠪᠦᠬᠡᠳ 10 ᠰᠠᠷ᠎ᠠ᠎ᠶ᠋ᠢᠨ ᠰᠡᠬᠦᠯᠴᠢ ᠪᠤᠯᠳᠠᠯ᠎ᠠ ᠨᠠᠮᠤᠷ᠎ᠤᠨ ᠬᠤᠷᠢᠶᠠᠯᠲᠠ᠎ᠶ᠋ᠢᠨ ᠠᠵᠢᠯ᠎ᠢᠶᠠᠨ ᠳᠠᠭᠤᠰᠭᠠᠬᠤ᠎ᠪᠠᠷ ᠱᠠᠯᠠᠪᠳᠠᠵᠤ ᠪᠠᠢᠨ᠎ᠠ᠃
ᠳ᠋ᠠ ᠮᠢᠶᠣᠣ ᠪᠠᠯᠭᠠᠰᠤᠨ᠎ᠤ ᠲᠢᠶᠠᠨ ᠢ ᠯᠦᠩ ᠲᠣᠰᠭᠤᠨ᠎ᠳᠤ ᠬᠦᠷᠬᠦ᠌᠎ᠳᠤ᠂ ᠰᠡᠷᠢᠬᠦᠨ ᠬᠦᠯᠠᠮᠵᠢ᠎ᠳᠠᠬᠢ ᠲᠥᠪᠡᠳ ᠬᠠᠰᠢ ᠪᠤᠯᠪᠠᠰᠤᠷᠠᠵᠤ ᠵᠠᠬ᠎ᠠ ᠳᠡᠯᠭᠡᠭᠦᠷ᠎ᠲᠤ ᠭᠠᠷᠬᠤ ᠪᠤᠯᠪᠠ᠃ ᠬᠦᠷᠢᠶᠡᠯᠡᠩ ᠲᠣᠭᠤᠷᠢᠭ᠎ᠲᠤ ᠲᠠᠷᠢᠶᠠᠴᠢᠳ ᠣᠪᠣᠭᠠᠯᠠᠭ᠍ᠰᠠᠨ ᠲᠥᠪᠡᠳ ᠬᠠᠰᠢ᠎ᠶ᠋ᠢ ᠢᠯᠭᠠᠨ ᠪᠤᠭᠤᠳᠠᠯᠯᠠᠵᠤ ᠪᠠᠢᠯ᠎ᠠ᠃ ᠶᠠᠳᠠᠭᠤ ᠬᠦᠴᠢᠷᠳᠡᠯᠲᠡᠢ ᠡᠷᠦᠬᠡ ᠰᠦᠨ ᠬᠤᠩ ᠭᠠᠩ ᠡᠨᠡ ᠵᠢᠯ 3 ᠰᠡᠷᠢᠬᠦᠨ ᠬᠦᠯᠡᠮᠵᠢ᠎ᠠᠴᠠ᠎ᠪᠠᠨ 6 ᠲᠦᠮᠡ ᠭᠠᠷᠤᠢ ᠲᠥᠭᠦᠷᠢᠭ᠎ᠤᠨ ᠤᠷᠤᠯᠭ᠎ᠠ ᠤᠯᠬᠤ ᠪᠤᠯᠤᠮᠵᠢ᠎ᠲᠠᠢ᠃ ᠳ᠋ᠠ ᠮᠢᠶᠣᠣ ᠪᠠᠯᠭᠠᠰᠤᠨ᠎ᠤ 699 ᠶᠠᠳᠠᠭᠤ ᠬᠦᠴᠢᠷᠳᠡᠯᠲᠡᠢ ᠡᠷᠦᠬᠡ ᠰᠦᠨ ᠬᠤᠩ ᠭᠠᠩ᠎ᠲᠠᠢ ᠠᠳᠠᠯᠢ ᠲᠥᠪᠡᠳ ᠬᠠᠰᠢ ᠲᠠᠷᠢᠵᠦ᠍ ᠴᠢᠨᠡᠭᠡᠯᠢᠭ᠌ᠵᠢᠬᠦ᠌ ᠬᠦᠰᠡᠯ᠎ᠢᠶᠠᠨ ᠲᠡᠷᠭᠡᠯᠱᠢᠭᠦᠯᠥᠭ᠌ᠰᠡᠨ ᠪᠠᠢᠨ᠎ᠠ᠃

ᠰᠦᠩᠱᠠᠨ ᠲᠣᠭᠤᠷᠢᠭ 《ᠲᠥᠪᠯᠡᠷᠡᠭᠦᠯᠬᠦ᠂ ᠴᠤᠭ᠍ᠯᠠᠷᠠᠭᠤᠯᠬᠤ᠂ ᠡᠷᠴᠢᠮᠵᠢᠭᠦᠯᠬᠦ᠌》 ᠬᠥᠭ᠌ᠵᠢᠯᠲᠡ᠎ᠶ᠋ᠢᠨ ᠰᠡᠳᠭᠢᠮᠵᠢ᠎ᠪᠠᠷ᠂ ᠤᠷᠮᠠᠱᠢᠭᠤᠯᠬᠤ ᠪᠠ ᠬᠥᠲᠥᠯᠥᠨ ᠵᠢᠯᠣᠭᠤᠳᠭᠤ᠎ᠶ᠋ᠢ ᠬᠡᠷᠡᠭ᠌ᠵᠢᠭᠦᠯᠵᠦ᠍᠂ ᠥᠨᠳᠥᠷ ᠪᠠᠷᠢᠮᠵᠢᠶ᠎ᠠ᠎ᠪᠠᠷ ᠲᠥᠯᠥᠪᠵᠢᠭᠦᠯᠬᠦ᠂ ᠳᠡᠭᠡᠳᠤ ᠱᠢᠨᠵᠢᠯᠡᠬᠦ᠌ ᠤᠬᠠᠭᠠᠨ ᠲᠧᠭ᠌ᠨᠢᠭ ᠮᠡᠷᠭᠡᠵᠢᠯ᠎ᠤᠨ ᠳᠡᠮᠵᠢᠯᠭᠡ ᠦᠵᠡᠭᠦᠯᠬᠦ᠌ ᠮᠡᠳᠦ᠎ᠪᠠᠷ ᠳ᠋ᠠ ᠮᠢᠶᠣᠣ ᠪᠠᠯᠭᠠᠰᠤᠨ᠎ᠤ ᠭᠦᠩᠵᠦ᠎ᠶ᠋ᠢᠨ ᠳᠠᠪᠠᠭ᠎ᠠ᠂ ᠴᠢᠳᠭᠤᠯᠠᠩ ᠪᠠᠯᠭᠠᠰᠤᠨ᠎ᠤ ᠪᠠᠷᠠᠭᠤᠨ ᠠᠭᠤᠯᠠ᠂ ᠳ᠋ᠠᠩ ᠫᠦ᠋ ᠳ᠋ᠢ ᠪᠠᠯᠭᠠᠰᠤᠨ᠎ᠤ ᠱᠢᠩ ᠯᠦᠩ ᠵᠡᠷᠭᠡ ᠰᠣᠳᠣᠨ ᠵᠢᠱ᠌ᠢᠶ᠎ᠡ ᠦᠵᠡᠭᠦᠯᠬᠦ᠌ ᠠᠵᠤ ᠦᠢᠯᠡᠰ᠎ᠤᠨ ᠬᠦᠷᠢᠶᠡᠯᠡᠩ ᠲᠣᠭᠤᠷᠢᠭ᠎ᠢ ᠪᠦᠲᠦᠭᠡᠨ ᠪᠠᠢᠭᠤᠯᠵᠠᠢ᠃ ᠣᠳᠣ ᠪᠣᠯᠲᠠᠯ᠎ᠠ᠂ ᠲᠥᠬᠦᠭᠡᠷᠦᠮᠵᠢᠲᠦ ᠲᠠᠷᠢᠶᠠᠯᠠᠩ᠎ᠤᠨ ᠲᠠᠯᠠᠪᠠᠶ 40 ᠲᠦᠮᠡᠨ ᠮᠥ᠍ ᠬᠦᠷᠴᠦ᠍᠂ ᠵᠢᠯ᠎ᠳᠤ 120 ᠲᠦᠮᠡᠨ ᠲᠣᠨ ᠲᠥᠬᠦᠭᠡᠷᠦᠮᠵᠢᠲᠦ ᠢᠳᠡᠱᠢᠨ ᠨᠣᠭᠤᠭ᠎ᠠ ᠬᠤᠷᠢᠶᠠᠵᠤ ᠪᠠᠢᠨ᠎ᠠ᠃ ᠡᠯᠪᠡᠭ ᠬᠤᠷᠢᠶᠠᠯᠲᠠ᠎ᠶ᠋ᠢᠨ ᠦᠵᠡᠮᠵᠢᠳᠤ ᠵᠢᠷᠤᠭ᠎ᠢ ᠪᠠᠭ᠍ᠠᠳᠤᠨ ᠬᠠᠭᠤᠴᠢᠨ ᠬᠤᠷᠤᠭ᠎ᠠ ᠪᠠᠯᠭᠠᠰᠤᠨ᠎ᠤ ᠶᠡᠭᠡ ᠤᠯᠢᠶᠠᠰᠤ ᠲᠣᠰᠭᠤᠨ ᠬᠦ᠍ᠷᠬᠦ᠌ᠳᠤ᠂ ᠠᠳᠡᠬᠢ 123 ᠠᠯᠮᠤᠷᠠᠳ ᠨᠢᠭᠡᠨᠲᠡ ᠰᠠᠯᠠᠭ᠎ᠠ ᠨᠠᠮᠠᠭ᠎ᠠ᠎ᠪᠠᠨ ᠲᠠᠭᠠᠭᠠᠵᠤ ᠶᠠᠳᠠᠨ ᠪᠥᠭ᠌ᠴᠦᠭᠡᠨᠡᠵᠥ᠍ ᠪᠠᠢᠯ᠎ᠠ᠃
ᠵᠢᠮᠢᠰᠴᠢᠨ᠄ 《ᠡᠨᠡ ᠵᠢᠯ 123 ᠠᠯᠮᠤᠷᠠᠳ᠎ᠤᠨ ᠵᠠᠬ᠎ᠠ ᠳᠡᠯᠭᠡᠭᠦᠷ᠎ᠤᠨ ᠳᠤᠮᠳᠠᠴᠢ ᠦᠨ᠎ᠡ ᠵᠢᠩ᠎ᠳᠡᠭᠡᠨ 1.5 ᠲᠥᠭᠦᠷᠢᠭ ᠣᠷᠴᠢᠮ ᠪᠠᠢᠵᠤ᠂ ᠮᠥ᠍ ᠪᠦᠷᠢ᠎ᠶ᠋ᠢᠨ ᠣᠶ ᠵᠢᠮᠢᠰ᠎ᠤᠨ ᠴᠡᠪᠡᠷ ᠣᠷᠣᠯᠭ᠎ᠠ 5000 ᠲᠥᠭᠦᠷᠢᠭ᠎ᠢ ᠲᠠᠪᠠᠵᠤ ᠪᠤᠢ᠃ ᠭᠠᠳᠠᠷ ᠣᠷᠣᠨ᠎ᠳᠤ ᠪᠣᠷᠣᠯᠠᠭᠤᠯᠬᠤ᠎ᠠᠴᠠ ᠭᠠᠳᠠᠨ᠎ᠠ᠂ ᠲᠣᠰ ᠲᠣᠰᠭᠤᠨ ᠲᠤᠬᠠᠢ᠎ᠶ᠋ᠢᠨ ᠭᠠᠵᠠᠷ᠎ᠤᠨ ᠵᠢᠭᠤᠯᠴᠢᠯᠠᠯ᠎ᠤᠨ ᠡᠬᠢ ᠪᠠᠶᠠᠯᠢᠭ᠎ᠲᠠᠭᠠᠨ ᠲᠦᠱᠢᠭ᠌ᠯᠡᠨ᠂ ᠵᠢᠮᠢᠰ ᠲᠡᠭᠦᠬᠦ᠌ ᠵᠢᠭᠤᠯᠴᠢᠯᠠᠯ᠎ᠤᠨ ᠲᠥᠷᠥᠯ ᠵᠦᠶᠯ᠎ᠢ ᠨᠡᠭᠡᠭᠡᠨ ᠬᠥᠭ᠌ᠵᠢᠭᠦᠯᠵᠦ᠍᠂ ᠬᠤᠲᠠ᠎ᠶ᠋ᠢᠨ ᠠᠷᠠᠳ᠎ᠤᠨ ᠠᠩᠬᠠᠷᠤᠯ᠎ᠢ ᠲᠠᠲᠠᠵᠤ ᠪᠠᠢᠨ᠎ᠠ》 ᠬᠡᠵᠥ᠍ ᠲᠠᠨᠢᠯᠴᠠᠭᠤᠯᠤᠯ᠎ᠠ᠃ ᠣᠢᠷ᠎ᠠ᠎ᠶ᠋ᠢᠨ ᠵᠢᠯ᠂ ᠰᠦᠩᠱᠠᠨ ᠲᠣᠭᠤᠷᠢᠭ ᠠᠮᠢ ᠠᠬᠤᠶ᠎ᠶ᠋ᠢ ᠲᠡᠷᠢᠭᠦᠨ᠎ᠳᠤ ᠲᠠᠯᠪᠢᠵᠤ ᠪᠣᠬᠢᠷᠲᠤᠯ ᠦᠭᠡᠶ ᠬᠥᠭ᠌ᠵᠢᠯᠳᠠ᠎ᠶ᠋ᠢᠨ ᠣᠢᠯᠠᠭᠠᠭ᠍ᠳᠠᠬᠤᠨ᠎ᠢ ᠪᠠᠷᠢᠮᠲᠠᠯᠠᠵᠤ᠂ ᠠᠵᠤ ᠠᠬᠤᠢ᠎ᠶ᠋ᠢᠨ ᠤᠢ᠎ᠶ᠋ᠢᠨ ᠪᠦᠲᠦᠭᠡᠨ ᠪᠠᠢᠭᠤᠯᠤᠯᠲᠠ᠎ᠶ᠋ᠢᠨ ᠲᠥᠷᠥᠯ ᠵᠦᠶᠯ᠎ᠢ ᠶᠡᠭᠡ᠎ᠪᠠᠷ ᠬᠡᠷᠡᠭ᠌ᠵᠢᠭᠦᠯᠵᠦ᠍᠂ ᠠᠮᠢ ᠠᠬᠤᠢ᠎ᠶ᠋ᠢᠨ ᠦᠷ᠎ᠡ ᠠᠱᠢᠭ᠂ ᠠᠵᠤ ᠠᠬᠤᠢ᠎ᠶ᠋ᠢᠨ ᠦᠷ᠎ᠡ ᠠᠱᠢᠭ ᠪᠣᠯᠤᠨ ᠨᠡᠢᠭᠡᠮ᠎ᠤᠨ ᠦᠷ᠎ᠡ ᠠᠱᠢᠭ᠎ᠢ ᠡᠬᠦᠳᠪᠡ᠃ ᠬᠥᠳᠡᠭᠡ ᠲᠣᠰᠭᠤᠨ᠎ᠢ ᠬᠥᠭ᠌ᠵᠢᠭᠦᠯᠦᠨ ᠮᠠᠨᠳᠤᠭᠤᠯᠬᠤ 《ᠨᠢᠭᠡ ᠴᠠᠭᠠᠷᠢᠭ ᠨᠢᠭᠡ ᠪᠦᠰᠡ》 ᠶ᠋ᠢᠨ ᠪᠦᠲᠦᠭᠡᠨ ᠪᠠᠢᠭᠤᠯᠤᠯᠲᠠ᠂ ᠢᠩ᠎ᠤᠨ ᠭᠤᠣᠯ᠎ᠤᠨ ᠳᠡᠭᠡᠳᠤ ᠤᠷᠤᠰᠭᠠᠯ᠎ᠤᠨ ᠠᠮᠢ ᠠᠬᠤᠢ᠎ᠶ᠋ᠢᠨ ᠣᠷᠴᠢᠨ ᠲᠣᠭᠤᠷᠢᠨ᠎ᠢ ᠵᠠᠰᠠᠬᠤ ᠲᠣᠭᠤᠷᠢᠨ᠎ᠳᠤ᠂ 3.14 ᠲᠦᠮᠡᠨ ᠮᠦ᠍ ᠠᠵᠤ ᠠᠬᠤᠢ᠎ᠶ᠋ᠢᠨ ᠤᠢ᠎ᠶ᠋ᠢ ᠱᠢᠨ᠎ᠡ᠎ᠪᠠᠷ ᠪᠠᠢᠭᠤᠯᠵᠤ᠂ ᠠᠵᠤ ᠠᠬᠤᠶ᠎ᠶ᠋ᠢᠨ ᠣᠶ᠎ᠶ᠋ᠢᠨ ᠶᠡᠷᠦᠩᠬᠡᠶ ᠲᠠᠯᠠᠪᠠᠶ 13.5 ᠲᠦᠮᠡᠨ ᠮᠦ᠍᠂ ᠵᠢᠯ᠎ᠳᠤ 6.25 ᠲᠦᠮᠡᠨ ᠲᠣᠨ ᠡᠯ᠎ᠡ ᠲᠥᠷᠥᠯ᠎ᠤᠨ ᠵᠢᠮᠢᠰ ᠬᠤᠷᠢᠶᠠᠵᠤ᠂ ᠦᠢᠯᠡᠳᠭᠦᠨ᠎ᠤ ᠶᠡᠷᠦᠩᠬᠡᠶ ᠦᠷᠳᠡᠭ 2.5 ᠳ᠋ᠦᠩᠱᠢᠭᠤᠷ ᠲᠥᠭᠦᠷᠢᠭ᠎ᠢ ᠲᠠᠪᠠᠭ᠍ᠰᠠᠨ ᠪᠠᠢᠨ᠎ᠠ᠃