ᠨᠢᠳᠤᠨᠤᠨ ᠮᠠᠨ᠎ᠤ ᠤᠷᠤᠨ ᠠᠷᠪᠠᠨ ᠲᠥᠷᠪᠡᠳᠥᠭᠡᠷ ᠬᠤᠭᠤᠴᠠᠭᠠᠨ᠎ᠤ ᠪᠥᠬᠦ᠌ ᠤᠯᠤᠰ᠎ᠤᠨ ᠡᠪᠤᠯ᠎ᠤᠨ ᠤᠯᠠᠷᠢᠯ᠎ᠤᠨ ᠲᠠᠮᠢᠷ᠎ᠤᠨ ᠴᠤᠬ᠍ᠯᠠᠭᠠᠨ᠎ᠤ ᠪᠡᠯᠡᠳᠭᠡᠯ ᠠᠵᠢᠯ᠎ᠢ ᠡᠷᠴᠢᠮᠳᠠᠢ ᠶᠠᠪᠤᠬ᠍ᠳᠠᠭᠤᠯᠵᠠᠢ
2020-01-07 10:16:32
ᠵᠣᠬᠢᠶᠠᠭ᠍ᠴᠢ᠄
ᠪᠤᠤ ᠥᠷᠭᠡᠨ
ᠣᠩᠱᠢᠭ᠍ᠰᠠᠨ ᠣᠳᠠᠭ᠎ᠠ᠄
★★★☆☆

      1 ᠰᠠᠷ᠎ᠠ᠎ᠶ᠋ᠢᠨ 6 ᠎ᠤ ᠥᠳᠡ᠎ᠶ᠋ᠢᠨ ᠡᠮᠥᠨ᠎ᠠ ᠬᠤᠷᠠᠯᠳᠤᠬ᠍ᠰᠠᠨ 2020 ᠤᠨ᠎ᠤ ᠪᠥᠬᠦ᠌ ᠤᠷᠤᠨ᠎ᠤ ᠪᠡᠶ᠎ᠠ᠎ᠶ᠋ᠢᠨ ᠲᠠᠮᠢᠷ᠎ᠤᠨ ᠠᠵᠢᠯ᠎ᠤᠨ ᠬᠤᠷᠠᠯ᠎ᠠᠴᠠ ᠥᠢᠯᠠᠭᠠᠬ᠍ᠰᠠᠨ᠎ᠢᠶᠠᠷ᠂ ᠨᠢᠳᠤᠨᠤᠨ ᠮᠠᠨ᠎ᠤ ᠤᠷᠤᠨ ᠠᠷᠪᠠᠨ ᠲᠥᠷᠪᠡᠳᠥᠭᠡᠷ ᠬᠤᠭᠤᠴᠠᠭᠠᠨ᠎ᠤ ᠪᠥᠬᠦ᠌ ᠤᠯᠤᠰ᠎ᠤᠨ ᠡᠪᠤᠯ᠎ᠤᠨ ᠤᠯᠠᠷᠢᠯ᠎ᠤᠨ ᠲᠠᠮᠢᠷ᠎ᠤᠨ ᠴᠤᠬ᠍ᠯᠠᠭᠠᠨ᠎ᠤ ᠪᠡᠯᠡᠳᠭᠡᠯ ᠠᠵᠢᠯ᠎ᠢ ᠡᠷᠴᠢᠮᠳᠠᠢ ᠶᠠᠪᠤᠬ᠍ᠳᠠᠭᠤᠯᠵᠠᠢ᠃ ᠡᠬᠦᠨ᠎ᠳᠤ᠂ ᠠᠷᠪᠠᠨ ᠳᠥᠷᠪᠡᠳᠦᠭᠡᠷ ᠬᠤᠭᠤᠴᠠᠭᠠᠨ᠎ᠤ ᠪᠥᠬᠦ᠌ ᠤᠯᠤᠰ᠎ᠤᠨ ᠡᠪᠦᠯ᠎ᠤᠨ ᠤᠯᠠᠷᠢᠯ᠎ᠤᠨ ᠲᠠᠮᠢᠷ᠎ᠤᠨ ᠴᠤᠭ᠍ᠯᠠᠭᠠᠨ᠎ᠤ ᠪᠡᠯᠡᠳᠭᠡᠯ ᠠᠵᠢᠯ᠎ᠤᠨ ᠤᠳᠤᠷᠢᠳᠭᠤ ᠪᠠᠢᠭᠤᠯᠤᠮᠵᠢ ᠪᠠ ᠠᠵᠢᠯ᠎ᠤᠨ ᠲᠣᠭ᠍ᠲᠠᠴᠠ᠎ᠶ᠋ᠢ ᠪᠦᠷᠢᠨᠱᠢᠭᠦᠯᠵᠦ᠍᠂ ᠨᠢᠭᠡᠳᠦᠯᠲᠡᠶ ᠲᠥᠯᠥᠪᠵᠢᠭᠦᠯᠬᠦ᠌ ᠪᠠ ᠶᠡᠷᠦᠩᠬᠡᠢᠯᠡᠨ ᠵᠣᠬᠢᠴᠠᠭᠤᠯᠬᠤ ᠠᠵᠢᠯ᠎ᠢ ᠴᠢᠩᠭᠠᠳᠭᠠᠨ᠂ 《ᠤᠷᠠᠨ ᠳᠠᠷᠬᠠᠨ᠎ᠤ ᠵᠣᠷᠢᠭ ᠰᠠᠨᠠᠭ᠎ᠠ》 ᠎ᠪᠠᠷ ᠡᠯ᠎ᠡ ᠵᠦᠶᠯ᠎ᠤᠨ ᠪᠡᠯᠡᠳᠭᠡᠯ ᠠᠵᠢᠯ᠎ᠢ ᠡᠮᠬᠢ ᠵᠢᠷᠤᠮ᠎ᠲᠠᠢ ᠪᠥᠬᠦ᠌ ᠬᠦᠴᠦᠨ᠎ᠢᠶᠠᠷ ᠲᠦᠯᠬᠢᠨ ᠠᠬᠢᠭᠤᠯᠪᠠ᠃
      ᠥᠢᠯᠠᠭᠠᠬ᠍ᠰᠠᠨ᠎ᠢᠶᠠᠷ᠂ ᠮᠠᠨ᠎ᠤ ᠤᠷᠤᠨ᠎ᠤ ᠪᠡᠶ᠎ᠠ᠎ᠶ᠋ᠢᠨ ᠲᠠᠮᠢᠷ᠎ᠤᠨ ᠬᠤᠯᠪᠤᠬ᠍ᠳᠠᠯ ᠪᠥᠬᠦᠢ ᠰᠠᠯᠠᠭ᠎ᠠ ᠮᠥᠴᠢᠷ ᠭᠠᠯ ᠪᠠᠮᠪᠠᠷ᠎ᠤᠨ ᠲᠠᠮᠵᠢᠭᠤᠯᠭ᠎ᠠ᠂ ᠲᠤᠷᠱᠢᠨ ᠱᠢᠯᠭᠠᠬᠤ ᠤᠷᠤᠯᠳᠤᠭᠠᠨ᠎ᠢ ᠡᠷᠬᠢᠯᠡᠬᠦ᠂ ᠣᠯᠠᠨ ᠲᠦᠮᠡᠨᠴᠢ ᠴᠢᠨᠠᠷᠲᠠᠶ ᠴᠠᠰᠤ ᠮᠥᠰᠥᠨ᠎ᠤ ᠲᠠᠮᠢᠷ᠎ᠤᠨ ᠬᠥᠳᠡᠯᠭᠡᠭᠡᠨ᠎ᠢ ᠥᠷᠨᠢᠭᠦᠯᠬᠦ᠌ ᠵᠡᠷᠭᠡ ᠠᠵᠢᠯᠯᠠᠭ᠎ᠠ᠎ᠨᠤᠭᠤᠳ᠎ᠲᠠᠢ ᠤᠶᠠᠯᠳᠤᠭᠤᠯᠤᠨ᠂ ᠤᠬᠠᠭᠤᠯᠭ᠎ᠠ᠎ᠶ᠋ᠢᠨ ᠠᠵᠢᠯ᠎ᠢ ᠨᠢᠭᠡᠳᠦᠯᠲᠡᠢ ᠲᠥᠯᠥᠪᠵᠢᠬᠦᠯᠥᠨ ᠠᠬᠢᠭᠤᠯᠤᠬ᠍ᠰᠠᠨ ᠪᠠᠢᠨ᠎ᠠ᠃ ᠡᠬᠦᠨ᠎ᠳᠤ᠂ ᠪᠥᠬᠦ᠌ ᠣᠷᠣᠨ᠎ᠤ ᠡᠯ᠎ᠡ ᠱᠠᠲᠤᠨ᠎ᠤ ᠡᠯ᠎ᠡ ᠵᠠᠭᠤᠴᠢᠯᠠᠭᠤᠷ᠎ᠤᠳ ᠠᠷᠪᠠᠨ ᠳᠥᠷᠪᠡᠳᠦᠭᠡᠷ ᠬᠤᠭᠤᠴᠠᠭᠠᠨ᠎ᠤ ᠪᠥᠬᠦ᠌ ᠤᠯᠤᠰ᠎ᠤᠨ ᠡᠪᠦᠯ᠎ᠤᠨ ᠤᠯᠠᠷᠢᠯ᠎ᠤᠨ ᠲᠠᠮᠢᠷ᠎ᠤᠨ ᠴᠤᠭ᠍ᠯᠠᠭᠠᠨ᠎ᠤ ᠲᠤᠬᠠᠢ ᠮᠡᠳᠡᠭᠡᠯᠡᠯ ᠤᠬᠠᠭᠤᠯᠭ᠎ᠠ᠎ᠶ᠋ᠢ ᠨᠡᠢᠳᠠ 3 ᠲᠦᠮᠡ ᠭᠠᠷᠤᠢ ᠨᠡᠢᠲᠡᠯᠡᠵᠡᠶ᠃ ᠡᠬᠦᠨ᠎ᠠᠴᠠ ᠭᠠᠳᠠᠨ᠎ᠠ᠂ ᠪᠡᠯᠡᠳᠭᠡᠯ ᠠᠵᠢᠯ ᠪᠠ ᠤᠷᠤᠯᠳᠤᠭᠠᠨ᠎ᠤ ᠲᠥᠷᠥᠯ᠎ᠢ ᠥᠨᠡᠨ ᠬᠦ᠌ ᠰᠠᠢᠳᠤᠷ ᠬᠢᠵᠥ᠍᠂ ᠨᠢᠭᠡᠨᠲᠡ ᠤᠷᠤᠯᠳᠤᠨ ᠲᠠᠭᠤᠰᠤᠬ᠍ᠰᠠᠨ 9 ᠲᠥᠷᠥᠯ᠎ᠤᠨ ᠤᠷᠤᠯᠳᠤᠭᠠᠨ᠎ᠳᠤ᠂ ᠮᠠᠨ᠎ᠤ ᠣᠷᠣᠨ᠎ᠤ ᠲᠥᠯᠥᠭᠡᠯᠡᠭ᠌ᠴᠢ᠎ᠶ᠋ᠢᠨ ᠪᠦᠯᠬᠦᠮ 6 ᠠᠯᠲᠠᠨ ᠮᠧᠳᠠᠯ᠂ 9 ᠮᠥᠩᠭᠦᠨ ᠮᠧᠳᠠᠯ᠂ 9 ᠬᠦᠷᠡᠯ ᠮᠧᠳᠠᠯ ᠭᠠᠷᠳᠠᠪᠠ; ᠭᠠᠯ ᠪᠠᠮᠪᠠᠷ᠎ᠤᠨ ᠲᠠᠮᠵᠢᠭᠤᠯᠭ᠎ᠠ᠂ ᠡᠬᠢᠯᠠᠯᠳᠠ᠎ᠶ᠋ᠢᠨ ᠶᠤᠰᠤᠯᠠᠯ᠎ᠤᠨ ᠤᠷᠢᠳᠴᠢᠯᠡᠬ᠍ᠰᠠᠨ ᠲᠤᠬ᠍ᠯᠠᠯᠳᠠ ᠵᠡᠷᠭᠡ ᠲᠤᠮᠤ ᠬᠡᠯᠪᠡᠷᠢ᠎ᠶ᠋ᠢᠨ ᠠᠵᠢᠯᠯᠠᠭ᠎ᠠ᠎ᠶ᠋ᠢ ᠨᠠᠷᠢᠨ ᠨᠢᠮᠪᠠᠶ ᠵᠣᠬᠢᠶᠠᠨ ᠪᠠᠢᠭᠤᠯᠵᠥ᠍᠂ ᠭᠠᠯ ᠪᠠᠮᠪᠠᠷ᠎ᠤᠨ ᠲᠠᠮᠵᠢᠭᠤᠯᠭ᠎ᠠ᠎ᠶ᠋ᠢᠨ ᠠᠵᠢᠯᠯᠠᠭ᠎ᠠ᠎ᠶ᠋ᠢ ᠬᠥᠯᠥᠨ ᠪᠤᠢᠷ᠎ᠤᠨ ᠣᠨᠴᠠ ᠵᠠᠷᠢᠮ ᠭᠠᠵᠠᠷ ᠣᠷᠣᠨ᠎ᠠᠴᠠ ᠪᠤᠰᠤᠳ ᠭᠠᠵᠠᠷ ᠣᠷᠣᠨ᠎ᠳᠠᠬᠢ ᠲᠠᠮᠵᠢᠭᠤᠯᠭ᠎ᠠ᠎ᠶ᠋ᠢ ᠨᠢᠭᠡᠨᠲᠡ ᠪᠡᠶᠡᠯᠡᠭᠦᠯᠪᠡ; ᠰᠦᠯᠵᠢᠶᠡᠨ ᠳᠡᠭᠡᠷᠡᠬᠢ ᠭᠠᠯ ᠪᠠᠮᠪᠠᠷ᠎ᠤᠨ ᠲᠠᠮᠵᠢᠭᠤᠯᠭ᠎ᠠ᠎ᠶ᠋ᠢᠨ ᠠᠵᠢᠯᠯᠠᠭ᠎ᠠ ᠪᠦᠬᠦ᠌ ᠤᠯᠤᠰ᠎ᠢ ᠪᠦᠷᠬᠦᠵᠦ᠍᠂ ᠣᠷᠣᠯᠴᠠᠭ᠍ᠰᠠᠨ ᠬᠥᠮᠦᠨ᠎ᠤ ᠲᠤᠭ᠎ᠠ ᠨᠢᠭᠡᠨᠲᠡ 1500 ᠲᠦᠮᠡᠨ ᠬᠥᠮᠦᠨ ᠤᠳᠠᠭ᠎ᠠ᠎ᠶ᠋ᠢ ᠳᠠᠪᠠᠵᠠᠶ; 67 ᠬᠠᠮᠲᠤᠷᠠᠯᠴᠠᠭᠠᠨ᠎ᠤ ᠠᠵᠤ ᠠᠬᠤᠢᠯᠠᠯ᠎ᠲᠠᠢ ᠬᠠᠮᠲᠤᠷᠠᠯᠴᠠᠭ᠎ᠠ ᠥᠷᠨᠢᠭᠦᠯᠵᠦ᠍᠂ ᠬᠠᠮᠲᠤᠷᠠᠯᠴᠠᠭᠠᠨ᠎ᠤ ᠪᠡᠯᠡ ᠮᠥᠡᠭ᠌ᠭᠦ ᠨᠡᠢᠲᠡ 3.27 ᠳ᠋ᠦᠩᠱᠢᠭᠤᠷ ᠲᠥᠭᠦᠷᠢᠭ᠎ᠲᠤ ᠬᠦᠷᠪᠡ; 11 ᠲᠥᠷᠥᠯ᠎ᠤᠨ 35 ᠵᠦᠢᠯ᠎ᠤᠨ ᠰᠣᠶᠣᠯ᠎ᠤᠨ ᠪᠥᠳᠥᠭᠡᠯᠴᠢ ᠪᠥᠳᠥᠭᠡᠭ᠌ᠳᠡᠬᠦᠨ᠎ᠢ ᠰᠤᠳᠤᠯᠤᠨ ᠨᠡᠭᠡᠭᠡᠵᠦ᠍᠂ ᠠᠯᠪᠠᠨ᠎ᠤ ᠲᠠᠯ᠎ᠠ᠎ᠠᠴᠠ ᠵᠥᠪᠱᠢᠶᠡᠷᠡᠭ᠌ᠰᠡᠨ ᠰᠤᠯᠠ᠎ᠪᠠᠷ ᠬᠤᠳᠠᠯᠳᠤᠬᠤ ᠪᠠᠷᠠᠭ᠎ᠠ ᠳᠡᠯᠭᠡᠭᠦᠷ᠎ᠢ 49 ᠪᠠᠢᠭᠤᠯᠵᠤ᠂ ᠠᠷᠪᠠᠨ ᠳᠥᠷᠪᠡᠳᠦᠭᠡᠷ ᠬᠤᠭᠤᠴᠠᠭᠠᠨ᠎ᠤ ᠪᠥᠬᠦ᠌ ᠤᠯᠤᠰ᠎ᠤᠨ ᠡᠪᠦᠯ᠎ᠤᠨ ᠤᠯᠠᠷᠢᠯ᠎ᠤᠨ ᠲᠠᠮᠢᠷ᠎ᠤᠨ ᠴᠤᠭ᠍ᠯᠠᠭᠠᠨ᠎ᠤ ᠨᠥᠯᠥᠭᠡᠯᠡᠬᠦ᠌ ᠬᠦᠴᠦᠨ᠎ᠢ ᠠᠯᠬᠤᠮ ᠠᠯᠬᠤᠮ᠎ᠢᠶᠠᠷ ᠳᠡᠭᠡᠭ᠌ᠰᠢᠯᠡᠭᠦᠯᠪᠡ; ᠡᠯ᠎ᠡ ᠶᠡᠷᠦᠩᠬᠡᠢᠯᠡᠭ᠌ᠰᠡᠨ ᠦᠶᠯᠡᠴᠢᠯᠡᠭᠡᠨ᠎ᠤ ᠪᠠᠲᠤᠯᠠᠭ᠎ᠠ᠎ᠶ᠋ᠢᠨ ᠠᠵᠢᠯ᠎ᠢ ᠪᠦᠬᠦ᠌ ᠲᠠᠯ᠎ᠠ᠎ᠪᠠᠷ ᠴᠢᠩᠭᠠᠳᠭᠠᠪᠠ᠃

ᠣᠷᠴᠢᠭᠤᠯᠤᠭ᠍ᠴᠢ᠄
ᠨᠠᠢᠷᠠᠭᠤᠯᠤᠭ᠍ᠴᠢ᠄ ᠪᠣᠣ ᠮᠧᠢ ᠷᠥᠩ
ᠲᠤᠮᠳᠠᠳᠤ ᠤᠯᠤᠰ᠎ᠤᠨ ᠮᠤᠩᠭᠤᠯ ᠬᠡᠯᠡᠡ᠎ᠤ ᠰᠤᠨᠢᠠ ᠮᠠᠳᠡᠭᠡ᠎ᠶ᠋ᠢᠨ ᠰᠦᠯᠵᠢᠶ᠎ᠠ
ᠢᠷᠡᠯᠲᠡ᠄
ᠬᠤᠪᠢᠶᠠᠯᠴᠠᠬᠤ᠄

2008-2023 © ᠳᠤᠮᠳᠠᠳᠤ ᠤᠯᠤᠰ᠎ᠤᠨ ᠮᠤᠩᠭᠤᠯ ᠬᠡᠯᠡᠨ᠎ᠤ ᠰᠤᠨᠢᠨ ᠮᠡᠳᠡᠭᠡᠨ᠎ᠤ ᠰᠦᠯᠵᠢᠶ᠎ᠡ ᠦᠮᠴᠢᠯᠡᠯ᠎ᠤᠨ ᠡᠷᠬᠡ᠎ᠲᠠᠢ

ᠵᠤᠬᠢᠶᠠᠭᠴᠢ᠎ᠶᠢᠨ ᠡᠷᠬᠡ ᠬᠠᠤᠯᠢ᠎ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ᠎ᠪᠠᠷ ᠬᠠᠭᠤᠯᠪᠤᠷᠢᠯᠠᠬᠤ᠎ᠶᠢ ᠬᠠᠲᠠᠭᠤ ᠬᠤᠷᠢᠭᠯᠠᠨ᠎ᠠ

ᠬᠠᠷᠢᠯᠴᠠᠬᠤ ᠤᠲᠠᠰᠤ᠄0471-6635435

ᠢᠮᠧᠯ᠄tn@mgyxw.net   蒙ICP备10000005号