


ᠨᠡᠢᠭᠡᠮ
✦ᠤᠢᠷ᠎ᠠ᠎ᠳᠦ ᠤᠯᠤᠰ᠎ᠤᠨ ᠬᠥᠭᠵᠢᠭᠦᠯᠦᠯᠲᠡ
ᠪᠠ ᠥᠭᠡᠷᠡᠴᠢᠯᠡᠯᠲᠡ᠎ᠶᠢᠨ ᠵᠥᠪᠯᠡᠯ᠂ ᠤᠯᠤᠰ᠎ᠤᠨ ᠡᠨᠧᠷᠭᠢ᠎ᠶᠢᠨ ᠲᠣᠪᠴᠢᠶ᠎ᠠ᠎ᠡᠴᠡ 《ᠴᠢᠯᠠᠭᠤᠨ ᠲᠣᠰᠣ᠌ ᠪᠠᠢᠭᠠᠯᠢ᠎ᠶᠢᠨ ᠰᠢᠲᠠᠮᠠᠬᠠᠢ ᠬᠡᠢ᠎ᠶᠢᠨ ᠬᠥᠭᠵᠢᠯᠲᠡ᠎ᠶᠢᠨ 〈ᠠᠷᠪᠠᠨ ᠲᠠᠪᠤᠳᠤᠭᠠᠷ
ᠲᠠᠪᠤᠨ ᠵᠢᠯ᠎ᠦᠨ ᠲᠥᠯᠦᠪᠵᠢᠭᠦᠯᠭᠡ〉》 ᠶ᠋ᠢ ᠳᠠᠷᠤᠮᠠᠯᠯᠠᠨ ᠲᠠᠷᠬᠠᠭᠠᠵᠤ᠂
2030 ᠣᠨ ᠪᠣᠯᠬᠤ᠎ᠳᠤ ᠤᠯᠤᠰ᠎ᠤᠨ ᠳᠣᠲᠣᠭᠠᠳᠤ᠎ᠶᠢᠨ
ᠴᠢᠯᠠᠭᠤᠨ ᠲᠣᠰᠣ᠌ ᠪᠠᠢᠭᠠᠯᠢ᠎ᠶᠢᠨ ᠰᠢᠲᠠᠮᠠᠬᠠᠢ ᠬᠡᠢ᠎ᠶᠢᠨ ᠬᠠᠩᠭᠠᠯᠭ᠎ᠠ᠎ᠶᠢᠨ ᠬᠡᠮᠵᠢᠶ᠎ᠡ᠎ᠶᠢ 4.4 ᠳ᠋ᠦᠩᠰᠢᠭᠤᠷ ᠲᠣᠨ ᠲᠣᠰᠣᠨ᠎ᠤ ᠲᠡᠩᠴᠡᠯ᠎ᠳᠦ ᠬᠦᠷᠭᠡᠨ᠎ᠡ
ᠭᠡᠵᠦ ᠳᠤᠷᠠᠳᠤᠨ ᠭᠠᠷᠭᠠᠪᠠ᠃
✦7 ᠰᠠᠷ᠎ᠠ᠎ᠶᠢᠨ ᠡᠴᠦᠰ ᠪᠣᠯᠲᠠᠯ᠎ᠠ᠂ ᠪᠥᠬᠥ ᠤᠯᠤᠰ᠎ᠤᠨ ᠡᠮᠴᠢᠯᠡᠭᠡᠨ᠎ᠤ
ᠪᠠᠲᠤᠯᠠᠭ᠎ᠠ᠎ᠵᠢᠨ ᠰᠠᠯᠠᠭ᠎ᠠ ᠮᠥᠴᠢᠷ ᠡᠮ ᠡᠮᠨᠡᠯᠭᠡ᠎ᠶᠢᠨ ᠪᠠᠢᠭᠤᠯᠤᠮᠵᠢ᠎ᠳᠤ ᠨᠡᠶ᠋ᠢᠲᠡ 9457.31 ᠳ᠋ᠦᠩᠰᠢᠭᠤᠷ
ᠲᠥᠭᠥᠷᠢᠭ ᠲᠠᠰᠤᠯᠤᠨ ᠥᠭᠴᠦ᠂ 75.22 ᠲᠦᠮᠡᠡ ᠡᠮ ᠡᠮᠨᠡᠯᠭᠡ᠎ᠶᠢᠨ ᠲᠣᠭᠲᠠᠮᠠᠯ ᠪᠠᠢᠭᠤᠯᠤᠮᠵᠢ᠎ᠶᠢ ᠬᠠᠮᠤᠷᠴᠤ᠂
ᠨᠢᠭᠡᠳᠦᠯᠲᠡᠢ ᠲᠥᠯᠥᠪᠯᠡᠬᠦ ᠭᠠᠵᠠᠷ ᠣᠷᠣᠨ᠎ᠤ ᠲᠣᠭᠲᠠᠮᠠᠯ ᠡᠮ ᠡᠮᠨᠡᠯᠭᠡ᠎ᠶᠢᠨ ᠪᠠᠢᠭᠤᠯᠤᠮᠵᠢ᠎ᠶᠢᠨ 90.17%
ᠶ᠋ᠢ ᠡᠵᠡᠯᠡᠵᠤ᠂ ᠴᠠᠭ ᠲᠤᠬᠠᠢ ᠳ᠋ᠤᠨᠢ ᠳ᠋ᠦᠩᠨᠡᠨ ᠪᠤᠳᠤᠬᠤ ᠣᠨ᠎ᠤ ᠬᠠᠷᠠᠯᠲᠠ ᠡᠭᠦᠷᠭᠡ᠎ᠪᠡᠨ ᠤᠷᠢᠳᠴᠢᠯᠠᠨ ᠪᠡᠶᠡᠯᠡᠭᠦᠯᠪᠡ᠃
✦17᠎ᠤ ᠡᠳᠦᠷ᠂ ᠮᠠᠨ᠎ᠤ ᠤᠯᠤᠰ ᠲᠠᠢᠶᠤᠸᠠᠨ᠎ᠤ ᠳᠠᠭᠠᠭᠤᠯᠢ ᠣᠲᠣ᠌ ᠬᠠᠷᠪᠤᠬᠤ ᠲᠥᠪ᠎ᠡᠴᠡ ᠴᠠᠩ
ᠵᠧᠩ ᠬᠣᠶᠠᠳᠤᠭᠠᠷ ᠤᠯᠠᠭᠠᠨ ᠬᠥᠯᠭᠡ ᠲᠡᠢᠷᠦᠯᠲᠦ ᠰᠤᠮᠤ᠎ᠶᠢ ᠬᠡᠷᠡᠭᠯᠡᠨ᠂ SEO
ᠳᠠᠭᠠᠭᠤᠯᠢ ᠣᠲᠣ᠌᠎ᠶᠢ ᠠᠮᠵᠢᠯᠲᠠ᠎ᠲᠠᠢ ᠬᠠᠷᠪᠤᠵᠤ᠂ ᠳᠠᠭᠠᠭᠤᠯᠢ ᠣᠲᠣ᠌
ᠵᠢᠱ᠌ᠢᠭᠰᠡᠨ ᠲᠣᠭᠣᠷᠢᠯᠲᠠ᠎ᠶᠢᠨ ᠵᠠᠮ᠎ᠳᠠᠭᠠᠨ ᠤᠷᠤᠭᠰᠢᠲᠠᠢ ᠣᠷᠣᠵᠤ᠂ ᠬᠠᠷᠪᠤᠯᠲᠠ᠎ᠶᠢᠨ ᠡᠭᠦᠷᠭᠡ ᠲᠡᠭᠦᠰ ᠠᠮᠵᠢᠯᠲᠠ
ᠣᠯᠪᠠ᠃
✦ᠡᠨᠡ ᠵᠢᠯ᠎ᠡᠴᠡ ᠨᠠᠭᠠᠰᠢ᠂ ᠮᠠᠨ᠎ᠤ ᠤᠯᠤᠰ᠎ᠤᠨ ᠰᠢᠨ᠎ᠡ ᠡᠨᠧᠷᠭᠢ᠎ᠶᠢᠨ ᠮᠠᠰᠢᠨ᠎ᠤ ᠵᠢᠵᠢᠭᠯᠡᠨ
ᠬᠤᠳᠠᠯᠳᠤᠭᠰᠠᠨ ᠨᠡᠪᠴᠢᠯᠲᠡ᠎ᠶᠢᠨ ᠨᠣᠷᠮ᠎ᠠ 4 ᠰᠠᠷ᠎ᠠ ᠳᠠᠷᠠᠭᠠᠯᠠᠨ 60% ᠶ᠋ᠢ ᠳᠠᠪᠠᠵᠤ᠂ 7 ᠰᠠᠷ᠎ᠠ᠎ᠳᠤ
65.1%᠎ᠳᠦ ᠬᠦᠷᠴᠡᠢ᠃
✦ᠣᠢᠷ᠎ᠠ᠎ᠳᠤ ᠲᠢᠶᠠᠨᠵᠢᠨ᠎ᠤ ᠪᠥᠸᠧ ᠬᠠᠢ᠎ᠶᠢᠨ ᠲᠦᠩ ᠡᠾᠦ᠋ᠢ ᠵᠣᠭᠣᠰ ᠰᠣᠯᠢᠬᠤ ᠬᠢᠵᠠᠭᠠᠷᠲᠤ
ᠺᠣᠮᠫᠠᠨᠢ᠎ᠵᠢᠨ ᠮᠠᠨᠵᠤᠤᠷᠲᠡᠬᠢ 4 ᠪᠠᠷᠢᠮᠵᠢᠶᠠᠵᠢᠭᠤᠯᠤᠭᠰᠠᠨ ᠣᠨᠴᠠ ᠵᠥᠪᠰᠢᠶᠡᠷᠡᠭᠰᠡᠨ
ᠭᠠᠳᠠᠭᠠᠳᠤ᠎ᠶᠢᠨ ᠵᠣᠭᠣᠰ ᠰᠣᠯᠢᠬᠤ ᠳᠡᠯᠭᠡᠭᠦᠷ ᠪᠦᠬᠦᠨ᠎ᠢᠶᠡᠷ᠎ᠢᠶᠡᠨ ᠡᠵᠡᠩᠨᠡᠯᠲᠡ᠎ᠪᠡᠨ ᠡᠬᠢᠯᠡᠭᠦᠯᠪᠡ᠃
✦ᠲᠦᠷᠦᠭᠦᠬᠡᠨ ᠮᠠᠨ᠎ᠤ ᠣᠷᠣᠨ 2026 ᠣᠨ᠎ᠤ ᠣᠶᠤᠨᠴᠢ ᠭᠡᠷ᠎ᠤᠨ ᠬᠡᠷᠡᠭᠰᠡᠯ ᠵᠢᠴᠢ ᠨᠠᠰᠤᠵᠢᠯ᠎ᠦᠨ ᠥᠭᠡᠷᠡᠴᠢᠯᠡᠯᠲᠡ᠎ᠳᠦ ᠲᠣᠬᠢᠷᠠᠬᠤ
ᠭᠡᠷ᠎ᠦᠨ ᠬᠡᠷᠡᠭᠰᠡᠯ ᠬᠤᠳᠠᠯᠳᠤᠨ ᠠᠪᠬᠤ᠎ᠳᠤ ᠨᠥᠬᠥᠪᠦᠷᠢ ᠥᠭᠬᠦ ᠠᠵᠢᠯᠯᠠᠭ᠎ᠠ᠎ᠶᠢ ᠰᠢᠨ᠎ᠡ ᠪᠠᠷ ᠡᠬᠢᠯᠡᠭᠦᠯᠪᠡ᠃
ᠲᠤᠰ ᠤᠳᠠᠭ᠎ᠠ᠎ᠶᠢᠨ ᠨᠥᠬᠥᠪᠦᠷᠢ᠎ᠶᠢ ᠣᠷᠣᠨ᠎ᠤ ᠬᠡᠪᠴᠢᠶᠡᠨ᠎ᠳᠠᠬᠢ ᠲᠣᠭᠲᠠᠭᠰᠠᠨ ᠲᠠᠸᠠᠷ᠎ᠢ ᠬᠤᠳᠠᠯᠳᠤᠨ ᠠᠪᠤᠭᠰᠠᠨ
ᠵᠢᠩᠬᠢᠨᠢ ᠪᠠᠷᠢᠮᠲᠠ᠎ᠲᠠᠢ ᠬᠤᠪᠢ ᠬᠥᠮᠥᠨ᠎ᠳᠤ ᠣᠯᠭᠣᠨ᠎ᠠ᠂ ᠡᠭᠦᠨ᠎ᠳᠤ ᠨᠠᠰᠤᠵᠢᠯ᠎ᠤᠨ ᠥᠭᠡᠷᠡᠴᠢᠯᠡᠯᠲᠡ᠎ᠳᠦ ᠲᠣᠬᠢᠷᠠᠬᠤ
ᠭᠡᠷ᠎ᠦᠨ ᠬᠡᠷᠡᠭᠰᠡᠯ᠎ᠦᠨ ᠨᠥᠬᠥᠪᠦᠷᠢ᠎ᠶᠢ ᠮᠠᠨ᠎ᠤ ᠣᠷᠣᠨ᠎ᠳᠤ ᠪᠠᠢᠩᠭᠤ ᠰᠠᠭᠤᠭ᠎ᠠ ᠮᠥᠷᠲᠡᠭᠡᠨ ᠪᠦᠬᠦᠯᠢ 60 ᠨᠠᠰᠤ
ᠬᠦᠷᠦᠭᠰᠡᠨ ᠬᠡᠷᠡᠭᠯᠡᠭᠴᠢ᠎ᠳᠦ ᠣᠯᠭᠣᠨ᠎ᠠ᠃
✦ᠣᠳᠣᠬᠠᠨ
ᠪᠣᠯᠲᠠᠯ᠎ᠠ ᠠᠯᠠᠱᠠ ᠠᠢᠮᠠᠭ ᠨᠡᠶ᠋ᠢᠲᠡ 622 ᠵᠦᠢᠯ᠎ᠦᠨ ᠣᠶ ᠮᠣᠳᠣ᠌ ᠡᠪᠡᠰᠦ
ᠤᠷᠭᠤᠮᠠᠯ᠎ᠢ ᠪᠠᠢᠴᠠᠭᠠᠨ ᠲᠣᠳᠣᠯᠠᠵᠤ᠂ ᠰᠢᠨ᠎ᠡ ᠲᠡᠮᠳᠡᠭᠯᠡᠯ᠎ᠦᠨ ᠳᠦᠷᠰᠦ 11 ᠵᠦᠢᠯ
( ᠥᠪᠡᠷᠲᠡᠭᠡᠨ ᠵᠠᠰᠠᠬᠤ ᠣᠷᠣᠨ᠎ᠤ ᠰᠢᠨ᠎ᠡ ᠲᠡᠮᠳᠡᠭᠯᠡᠯ 2 ᠵᠦᠢᠯ᠂
ᠠᠯᠠᠱᠠ᠎ᠶᠢᠨ ᠰᠢᠨ᠎ᠡ ᠲᠡᠮᠳᠡᠭᠯᠡᠯ 9 ᠵᠦᠢᠯ ) ᠢ ᠢᠯᠡᠷᠡᠭᠦᠯᠪᠡ᠃
ᠨᠡᠶ᠋ᠢᠲᠡ 940 ᠭᠠᠷᠤᠢ ᠬᠤᠪᠢ ᠦᠷ᠎ᠡ ᠲᠡᠭᠦᠵᠦ᠂ 1400 ᠭᠠᠷᠤᠢ
ᠬᠤᠪᠢ ᠤᠷᠭᠤᠮᠠᠯ᠎ᠤᠨ ᠵᠠᠭᠪᠤᠷ ᠦᠢᠯᠡᠳᠴᠦ᠂ ᠪᠠᠷᠢᠮᠵᠢᠶᠠᠵᠢᠭ᠍ᠰᠠᠨ ᠤᠷᠭᠤᠮᠠᠯ᠎ᠤᠨ ᠵᠠᠭᠪᠤᠷ᠎ᠤᠨ ᠲᠠᠰᠤᠭ 1᠎ᠶᠢ
ᠪᠠᠢᠭᠤᠯᠪᠠ᠃
✦ᠤᠢᠷ᠎ᠠ᠎ᠳᠤ ᠲᠦᠩᠯᠢᠶᠣᠣ ᠬᠣᠲᠠ ᠶᠢᠨ ᠲᠠᠷᠢᠶᠠᠯᠠᠩ ᠮᠠᠯ ᠠᠵᠤ ᠠᠬᠤᠢ᠎ᠶᠢᠨ ᠰᠢᠨᠵᠢᠯᠡᠬᠦ
ᠤᠬᠠᠭᠠᠨ᠎ᠦ ᠬᠦᠷᠢᠶᠡᠯᠡᠩ᠎ᠡᠴᠡ ᠡᠷᠡᠮᠡᠯᠵᠡᠭᠰᠡᠨ 2026 ᠣᠨ᠎ᠤ ᠥᠪᠥᠷ ᠮᠣᠩᠭᠣᠯ᠎ᠤᠨ ᠥᠪᠡᠷᠲᠡᠭᠡᠨ ᠵᠠᠰᠠᠬᠤ ᠣᠷᠣᠨ ᠤ ᠰᠢᠨᠵᠢᠯᠡᠬᠦ ᠤᠬᠠᠭᠠᠨ ᠲᠸᠭᠨᠢᠭ ᠮᠡᠷᠭᠡᠵᠢᠯ᠎ᠦᠨ ᠴᠢᠬᠤᠯᠠ ᠶᠡᠬᠡ ᠲᠤᠰᠬᠠᠢ ᠲᠥᠷᠥᠯ᠎ᠦᠨ
《ᠦᠷ᠎ᠡ ᠵᠢᠨ ᠴᠢᠫ》 ᠤ᠋ᠨ ᠢᠨᠵᠧᠨᠧᠷᠢᠩ᠎ᠦᠨ
ᠡᠷᠳᠡᠨᠢ ᠰᠢᠰᠢ ᠶᠢᠨ ᠦᠷ᠎ᠡ ᠪᠣᠢᠵᠢᠭᠤᠯᠬᠤ ᠲᠤᠰᠬᠠᠢ ᠲᠥᠰᠥᠯ ᠵᠥᠪᠰᠢᠶᠡᠷᠡᠭᠳᠡᠵᠦ ᠥᠪᠡᠷᠲᠡᠭᠡᠨ ᠵᠠᠰᠠᠬᠤ ᠣᠷᠣᠨ᠎ᠦ ᠲᠤᠰᠬᠠᠢ ᠪᠡᠯᠡ ᠮᠥᠩᠭᠥ᠎ᠶᠢ 1500
ᠲᠦᠮᠡᠨ ᠲᠥᠭᠥᠷᠢᠭ ᠣᠯᠪᠠ᠃
ᠠᠵᠤ ᠠᠬᠤᠢ
✦ᠤᠯᠤᠰ᠎ᠤᠨ ᠲᠣᠭ᠎ᠠ ᠪᠦᠷᠢᠳᠬᠡᠯ᠎ᠦᠨ ᠲᠣᠪᠴᠢᠶ᠎ᠠ ᠡᠨᠡ ᠵᠢᠯ᠎ᠦᠨ ᠲᠦᠷᠦᠭᠦᠦ 7 ᠰᠠᠷ᠎ᠠ᠎ᠶᠢᠨ ᠤᠯᠤᠰ ᠠᠷᠠᠳ᠎ᠤᠨ ᠠᠵᠤ ᠠᠬᠤᠢ᠎ᠶᠢᠨ ᠲᠣᠭ᠎ᠠ
ᠪᠠᠷᠢᠮᠲᠠ᠎ᠶᠢ ᠨᠡᠢᠲᠡᠯᠡᠪᠡ᠂ ᠡᠭᠦᠨ᠎ᠳᠦ ᠬᠡᠪᠴᠢᠶᠡᠵᠢᠯ᠎ᠡᠴᠡ ᠳᠡᠭᠡᠭᠰᠢᠬᠢ ᠠᠵᠤ ᠦᠢᠯᠡᠳᠪᠦᠷᠢ᠎ᠶᠢᠨ ᠨᠡᠮᠡᠭᠳᠡᠯ
ᠥᠷᠲᠡᠭ ᠠᠳᠠᠯᠢ ᠬᠤᠭᠤᠴᠠᠭᠠᠨ᠎ᠤ ᠬᠢ᠎ᠡᠴᠡ 5.3% ᠪᠠᠷ ᠨᠡᠮᠡᠭᠳᠡᠵᠦ᠂ ᠦᠢᠯᠡᠴᠢᠯᠡᠭᠡᠨ᠎ᠦ ᠦᠢᠯᠡᠰ᠎ᠦᠨ ᠦᠢᠯᠡᠳᠪᠦᠷᠢᠯᠡᠯ ᠤ᠋ᠨ ᠵᠢᠭᠠᠯᠲᠠ
ᠲᠣᠭ᠎ᠠ ᠠᠳᠠᠯᠢ ᠬᠤᠭᠤᠴᠠᠭᠠᠨ᠎ᠤ ᠬᠢ᠎ᠡᠴᠡ 4.7% ᠪᠠᠷ ᠨᠡᠮᠡᠭᠳᠡᠪᠡ᠃
ᠰᠤᠶᠤᠯ
✦ᠤᠢᠷ᠎ᠠ᠎ᠳᠦ ᠠᠩᠬᠠᠳᠤᠭᠠᠷ ᠬᠤᠭᠤᠴᠠᠭᠠᠨ᠎ᠤ ᠪᠥᠬᠥ ᠤᠯᠤᠰ᠎ᠤᠨ ᠵᠠᠯᠠᠭᠤᠴᠤᠳ ᠪᠠᠭᠠᠴᠤᠳ᠎ᠤᠨ
ᠰᠤᠷᠭᠠᠭᠤᠯᠢ᠎ᠶᠢᠨ ᠬᠦᠷᠢᠶᠡᠨ᠎ᠦ ᠪᠦᠲᠦᠭᠡᠯᠴᠢ ᠵᠦᠴᠦᠭᠡ᠎ᠵᠢᠨ ᠤᠷᠤᠯᠳᠤᠭᠠᠨ᠎ᠤ ᠦᠷ᠎ᠡ ᠳ᠋ᠦᠩ
ᠨᠡᠢᠲᠡᠯᠡᠭᠳᠡᠵᠦ᠂ ᠬᠥᠬᠡᠬᠣᠲᠠ᠎ᠶᠢᠨ ᠰᠠᠢᠬᠠᠨ ᠲᠣᠭᠣᠷᠢᠭ᠋᠎ᠤᠨ ᠵᠤᠤ ᠤᠳᠠ ᠪᠠᠭ᠎ᠠ ᠰᠤᠷᠭᠠᠭᠤᠯᠢ᠎ᠵᠢᠨ ᠵᠦᠴᠦᠭᠡ 《ᠤᠯᠠᠭᠠᠨ ᠣᠳᠣ᠌》 ᠵᠢ ᠲᠤᠭᠯᠠᠭᠰᠠᠨ 13 ᠰᠤᠷᠤᠭ᠍ᠴᠢ ᠪᠦᠬᠦ ᠤᠯᠤᠰ᠎ᠤᠨ ᠨᠢᠭᠡᠳᠦᠭᠡᠷ ᠳᠡᠰ᠎ᠤᠨ
ᠱᠠᠩᠨᠠᠯ ᠬᠦᠷᠲᠡᠪᠡ᠃
✦15 — 16 ᠤ ᠡᠳᠦᠷ ᠪᠣᠯᠲᠠᠯ᠎ᠠ᠂ ᠰᠢᠯᠢᠩᠬᠤᠲᠠ 2026 ᠣᠨ᠎ᠤ ᠪᠣᠳᠠᠰ᠎ᠤᠨ ᠪᠤᠰᠤ ᠰᠣᠶᠣᠯ᠎ᠤᠨ
ᠥᠪ᠎ᠦᠨ ᠴᠤᠭᠯᠠᠭ᠎ᠠ ᠮᠠᠢᠮᠠᠢ᠎ᠶᠢᠨ ᠠᠵᠢᠯᠯᠠᠭ᠎ᠠ ᠥᠷᠨᠢᠭᠦᠯᠪᠡ᠃
ᠲᠠᠮᠢᠷ
✦17᠎ᠤ ᠡᠳᠦᠷ᠂ ᠣᠯᠠᠨ ᠤᠯᠤᠰ᠎ᠤᠨ ᠫᠢᠩᠫᠠᠩ ᠪᠥᠮᠪᠥᠭᠡ᠎ᠶᠢᠨ ᠬᠣᠯᠪᠣᠭ᠎ᠠ ᠰᠢᠨ᠎ᠡ ᠨᠢᠭᠡ ᠬᠤᠭᠤᠴᠠᠭᠠᠨ᠎ᠤ
ᠲᠠᠮᠢᠷᠴᠢᠳ᠎ᠤᠨ ᠳᠡᠯᠡᠬᠡᠢ᠎ᠶᠢᠨ ᠨᠡᠷᠡᠰ᠎ᠦᠨ ᠵᠢᠭ᠍ᠰᠠᠭᠠᠯᠲᠠ᠎ᠶᠢ ᠨᠡᠢᠲᠡᠯᠡᠵᠦ᠂ ᠳᠤᠮᠳᠠᠳᠤ ᠤᠯᠤᠰ᠎ᠤᠨ ᠲᠠᠮᠢᠷᠴᠢᠨ
ᠸᠠᠩ ᠴᠦ ᠴᠢᠨ᠂ ᠰᠦᠨ ᠶᠢᠩ ᠱᠠ ᠲᠤᠰ ᠲᠤᠰ ᠡᠷᠡᠭᠲᠡᠢ ᠪᠠ ᠡᠮᠡᠭᠲᠡᠢ᠎ᠶᠢᠨ ᠲᠠᠩᠵᠢᠡᠷ ᠴᠣᠬᠢᠬᠤ ᠤᠷᠤᠯᠳᠤᠭᠠᠨ᠎ᠤ
ᠲᠠᠮᠢᠷᠴᠢᠨ᠎ᠤ ᠨᠢᠭᠡᠳᠦᠭᠡᠷ᠎ᠲᠦ ᠵᠢᠭᠰᠠᠭᠠᠭᠳᠠᠪᠠ᠃
✦2026 ᠣᠨ᠎ᠤ ᠤᠷᠠᠯᠢᠭ᠋᠎ᠤᠨ ᠭᠢᠮᠨᠠᠰᠲ᠋ᠢᠺ᠎ᠤᠨ ᠳᠡᠯᠡᠬᠡᠢ᠎ᠶᠢᠨ ᠮᠠᠩᠯᠠᠢ ᠰᠢᠯᠭᠠᠷᠠᠭᠤᠯᠬᠤ
ᠤᠷᠤᠯᠳᠤᠭᠠᠨ 16᠎ᠤ ᠡᠳᠦᠷ ᠭᠧᠷᠮᠠᠨ᠎ᠳᠦ ᠥᠨᠳᠥᠷᠯᠡᠵᠤ᠂ ᠳᠤᠮᠳᠠᠳᠤ ᠤᠯᠤᠰ᠎ᠤᠨ ᠲᠥᠯᠥᠭᠡᠯᠡᠭᠴᠢ᠎ᠵᠢᠨ ᠠᠩᠭᠢ 1 ᠮᠥᠩᠭᠥᠨ ᠮᠸᠲᠡᠯ᠂ 1 ᠬᠦᠷᠡᠯ ᠮᠧᠳᠠᠯ ᠭᠠᠷᠳᠠᠵᠠᠢ᠃
✦16᠎ᠤ ᠡᠳᠦᠷ᠂ ᠣᠷᠳᠣᠰ ᠬᠣᠲᠠ᠎ᠶᠢᠨ 《ᠪᠥᠬᠡ ᠳᠠᠭᠠᠪᠤᠷᠢ》
ᠬᠣᠯᠪᠣᠭᠠᠨ᠎ᠠᠴᠠ ᠡᠷᠭᠢᠯᠡᠭᠰᠡᠨ ᠭᠤᠷᠪᠠᠳᠤᠭᠠᠷ ᠤᠳᠠᠭᠠᠨ᠎ᠤ ᠣᠷᠳᠣᠰ ᠪᠥᠬᠡ᠎ᠶᠢᠨ 128 ᠬᠦᠴᠦᠲᠦ ᠪᠥᠬᠡ᠎ᠶᠢᠨ ᠪᠠᠷᠢᠯᠳᠤᠭᠠᠨ
ᠬᠠᠩᠭᠢᠨ ᠬᠣᠰᠢᠭᠤᠨ᠎ᠳᠤ ᠶᠠᠪᠤᠭᠳᠠᠪᠠ᠃
ᠳᠡᠯᠡᠬᠡᠢ
✦ᠰᠢᠨᠬᠤᠸᠠ ᠬᠤᠷᠢᠶ᠎ᠠ᠎ᠵᠢᠨ ᠮᠡᠳᠡᠭᠡᠵᠢ ᠦᠨᠳᠦᠰᠦᠯᠡᠪᠡᠯ᠂ ᠹᠢᠯᠢᠫᠢᠨᠦ ᠨᠡᠢᠰᠯᠡᠯ ᠵᠢᠴᠢ
ᠠᠷᠪᠠ ᠭᠠᠷᠤᠢ ᠮᠤᠵᠢ ᠰᠢᠷᠦᠭᠦᠨ ᠪᠣᠷᠣᠭᠠᠨ᠎ᠠᠴᠠ ᠪᠣᠯᠵᠤ ᠬᠢᠴᠢᠶᠡᠯ ᠵᠣᠭᠰᠣᠵᠤ᠂ 500 ᠭᠠᠷᠤᠢ ᠲᠦᠮᠡᠡ ᠬᠥᠮᠥᠨ
ᠭᠠᠮᠰᠢᠭ᠍ᠳᠠᠵᠠᠢ᠃
ᠦᠢᠯᠡᠴᠢᠯᠡᠭᠡ
✦ᠥᠪᠥᠷ
ᠮᠣᠩᠭᠣᠯ᠎ᠤᠨ ᠬᠢᠮᠢ᠎ᠶᠢᠨ ᠠᠵᠤ ᠦᠢᠯᠡᠳᠪᠦᠷᠢ ᠵᠢᠨ ᠠᠵᠢᠯ ᠮᠡᠷᠭᠡᠵᠢᠯ᠎ᠦᠨ ᠳᠡᠭᠡᠳᠦ ᠰᠤᠷᠭᠠᠭᠤᠯᠢ 23 ᠴᠢᠳᠠᠪᠤᠷᠢᠲᠠᠨ
ᠡᠯᠰᠡᠵᠦ ᠪᠤᠢ᠃
ᠲᠠᠨ᠎ᠤ ᠳᠤᠰᠠ᠎ᠳᠤ
✦ᠸᠢᠲ᠋ᠠᠮᠢᠨ K2 ᠨᠢ ᠶᠠᠰᠤᠨ᠎ᠤ ᠺᠠᠯᠼ᠎ᠤᠨ ᠡᠳ᠋ ᠵᠡᠷᠭᠡ ᠸᠢᠲ᠋ᠠᠮᠢᠨ K
ᠳ᠋ᠦ ᠲᠦᠰᠢᠭᠯᠡᠬᠦ ᠤᠭᠤᠷᠠᠭ᠎ᠢ ᠢᠳᠡᠪᠬᠢᠵᠢᠭᠦᠯᠵᠦ᠂ ᠺᠠᠯᠼ᠎ᠤᠨ ᠠᠷᠤᠭ
ᠶᠠᠰᠤᠨ᠎ᠳᠤ ᠬᠤᠷᠠᠮᠳᠤᠬᠤ᠎ᠶᠢ ᠠᠬᠢᠭᠤᠯᠵᠤ᠂ ᠠᠷᠤᠭ ᠶᠠᠰᠤᠨ᠎ᠤ ᠪᠦᠲᠦᠴᠡ᠎ᠶᠢ ᠨᠡᠩ ᠪᠠᠲᠤ ᠪᠡᠬᠢ᠂ ᠨᠡᠩ ᠤᠶᠠᠨ ᠬᠠᠳᠠᠨ
ᠪᠣᠯᠭᠠᠳᠠᠭ᠃ ᠡᠭᠦᠨᠵᠢᠡᠷ ᠪᠠᠷᠠᠬᠤ ᠦᠭᠡᠢ ᠪᠠᠰᠠ ᠶᠠᠰᠤ ᠡᠷᠦᠳᠡᠰᠦᠵᠢᠬᠦ ᠶᠠᠪᠤᠴᠠ᠎ᠳᠤ ᠣᠷᠣᠯᠴᠠᠵᠤ᠂ ᠺᠠᠯᠼ᠎ᠢ
ᠨᠠᠷᠢᠯᠢᠭ᠋ ᠣᠨᠣᠪᠴᠢᠲᠠᠢ ᠠᠰᠢᠭ᠍ᠯᠠᠵᠤ᠂ ᠶᠠᠰᠤᠨ᠎ᠤ ᠨᠢᠭ᠍ᠲᠠᠴᠠ ᠪᠣᠯᠣᠨ ᠶᠠᠰᠤᠨ᠎ᠤ ᠬᠦᠴᠦᠯᠡᠴᠡ᠎ᠶᠢ ᠪᠠᠲᠤᠯᠠᠬᠤ᠎ᠳᠤ
ᠠᠰᠢᠭ᠍ᠲᠠᠢ ᠪᠠᠢᠵᠤ᠂ ᠠᠷᠤᠭ ᠶᠠᠰᠤᠨ᠎ᠤ ᠡᠷᠡᠭᠦᠯ ᠮᠡᠨᠳᠦ᠎ᠶᠢ ᠬᠠᠮᠠᠭᠠᠯᠠᠬᠤ ᠴᠢᠬᠤᠯᠠ ᠰᠢᠮ᠎ᠡ ᠲᠡᠵᠢᠭᠡᠯ᠎ᠦᠨ
ᠡᠳ᠋ ᠪᠣᠯᠣᠨ᠎ᠠ᠃
ᠵᠠᠯᠭᠠᠭᠠᠳ 《ᠡᠨᠡᠷᠢᠯ᠎ᠤᠨ
ᠳᠡᠭᠡᠳᠦ ᠡᠵᠢ》 ᠬᠡᠬᠦ ᠲᠠᠭᠤᠤ ᠪᠡᠷ ᠠᠶ᠎ᠠ ᠪᠠᠷᠢᠵᠤ ᠨᠡᠪᠳᠡᠷᠡᠭᠦᠯᠬᠡ ᠪᠡᠨ
ᠵᠢᠷᠭᠠᠭᠠᠶ᠎ᠠ᠂ ᠲᠠᠬᠢᠨ ᠠᠭᠤᠯᠵᠠᠳᠠᠯ᠎ᠠ ᠪᠡᠨ ᠲᠦᠷ ᠪᠠᠶᠠᠷᠳᠠᠢ!
(ᠢᠷᠡᠯᠳᠡ᠄ ᠰᠢᠨᠬᠤᠧᠠ
ᠬᠤᠷᠢᠶᠠᠨ᠎ᠤ ᠵᠢᠷᠬᠢᠶ᠎ᠠ᠎ᠶᠢᠨ ᠲᠠᠪᠴᠠᠩ᠂ ᠠᠷᠠᠳ᠎ᠤᠨ ᠡᠳᠦᠷ᠎ᠤᠨ ᠰᠤᠨᠢᠨ᠎ᠤ ᠵᠢᠷᠬᠢᠶ᠎ᠠ᠎ᠶᠢᠨ ᠲᠠᠪᠴᠠᠩ᠂ ᠠᠵᠤ
ᠠᠬᠤᠢ ᠵᠢᠨ ᠡᠳᠦᠷ᠎ᠤᠨ ᠰᠤᠨᠢᠨ᠎ᠤ ᠵᠢᠷᠬᠢᠶ᠎ᠠ᠎ᠶᠢᠨ ᠲᠠᠪᠴᠠᠩ᠂ ᠮᠠᠨ᠎ᠤ ᠤᠷᠤᠨ᠎ᠤ ᠡᠯ᠎ᠠ ᠠᠢᠮᠠᠭ ᠬᠤᠳᠠ᠂
ᠬᠤᠰᠢᠭᠤ ᠰᠢᠶᠠᠨ᠎ᠤ ᠵᠢᠷᠬᠢᠶ᠎ᠠ᠎ᠶᠢᠨ
ᠲᠠᠪᠴᠠᠩ)